ᠣᠨᠢᠰᠣᠬ᠋᠎ᠠ-84 ᠳ᠋ᠦ᠍ᠭᠡᠷ ᠰᠤᠷᠭᠠᠭᠤᠯᠢ ᠶ᠋ᠢᠨ ᠬᠡᠦᠬᠡᠳ ᠤᠳОньсох-84 дүгэр сургуулийн хүүхдүүд_14.32.58
ᠣᠨᠢᠰᠤᠭ᠎ᠠ
ᠦᠭᠡ ᠄ ᠴ ᠂ ᠭᠣᠨᠴᠣᠭ
ᠠᠶ᠎ᠠ ᠄ ᠪ ᠂ ᠡᠷᠲᠡᠨᠢᠪᠠᠲᠤ/ ᠠᠯᠲᠠᠨ ᠤᠷᠤᠭ
ᠬᠠᠮᠲᠤᠯᠢᠬ
—84 ᠳ᠋ᠦ᠍ᠭᠡᠷ ᠰᠤᠷᠭᠠᠭᠤᠯᠢ ᠶ᠋ᠢᠨ ᠬᠡᠦᠬᠡᠳ ᠦ᠋ᠳ
ᠳᠠᠭᠤᠯᠠᠨ᠎ᠠ
ᠬᠣᠶᠠᠷ ᠨᠢᠲᠦ ᠶ᠋ᠢ ᠴᠢᠯᠡᠭᠡᠵᠦ ᠪᠠᠶ᠋ᠢᠲᠠᠭ
ᠬᠣᠩᠬᠣᠨ ᠳᠠᠭᠤᠨ ᠶ᠋ᠢᠠᠷ ᠰᠡᠷᠡᠭᠡᠵᠤ ᠪᠠᠶ᠋ᠢᠲᠠᠭ
ᠬᠣᠯᠠ ᠶ᠋ᠢᠨ ᠬᠣᠶᠠᠷ ᠊ᠢ ᠠᠭᠤᠯᠵᠠᠭᠤᠯᠵᠤ ᠪᠠᠶ᠋ᠢᠲᠠᠭ
ᠬᠣᠪ ᠦ᠋ᠨ ᠬᠠᠶ᠋ᠢᠷᠴᠠᠭ ᠭᠡᠳᠡᠭ ᠨᠡᠷ᠎ᠡ ᠲᠡᠢ
ᠡᠨᠡ ᠶᠠᠭᠤ ᠪᠤᠢ? ᠲᠡᠷᠡ ᠶᠠᠭᠤ ᠪᠤᠢ?
ᠳᠠᠭᠠᠭᠠᠷᠠᠢ ! ᠣᠯᠤᠭᠠᠷᠠᠢ
ᠵᠢᠷᠤᠭᠲᠤ ᠶᠤᠮ ᠤᠤ? ᠪᠢᠰᠢ ᠡ
ᠴᠠᠭ ᠶᠤᠮ ᠤᠤ? ᠪᠢᠰᠢ ᠡ
ᠲᠠᠭᠠᠬᠤ ᠶᠤᠮ ᠤᠤ? ᠴᠢᠲᠠᠬᠤ ᠶᠤᠮ ᠤᠤ?
ᠵᠠ ᠂ ᠪᠠᠶ᠋ᠢᠵᠤ ᠪᠠᠶ᠋ᠢᠭᠠᠷᠠᠢ ᠨᠠᠭᠠᠲᠤᠬᠢ
ᠴᠢᠨᠢ ᠶᠠᠭᠤ ᠶᠤᠮ ᠪᠣᠯ ᠡ
ᠠ ᠂ ᠨᠠᠭᠠᠲᠤᠬᠢ ᠴᠢᠨᠢ ᠭᠠᠷ ᠤᠲᠠᠰᠤ ᠪᠢᠰᠢ
ᠦᠦ ᠂ ᠲᠡᠶ᠋ᠢᠮᠦ ᠡ
ᠠᠶ᠋ᠢᠷᠠᠭ ᠰᠢᠭ᠋ ᠱᠤᠤᠭᠢᠭᠠᠳ ᠪᠠᠶ᠋ᠢᠲᠠᠭ
ᠠᠶᠠᠭᠠᠨ ᠳᠤ ᠬᠢᠪᠡᠯ ᠦᠰᠦᠷᠦᠭᠡᠳ ᠪᠠᠶ᠋ᠢᠲᠠᠭ
ᠠᠷᠢᠶᠠᠲᠠᠨ ᠰᠢᠭ᠋ ᠠᠷᠬᠢᠷᠠᠭᠤᠯᠵᠤ ᠪᠠᠶ᠋ᠢᠲᠠᠭ
ᠠᠪᠤ ᠡᠵᠢ ᠨᠤᠭᠦᠳ ᠬᠣᠷᠢᠭᠠᠳ
ᠪᠠᠶ᠋ᠢᠲᠠᠭ
ᠡᠨᠡ ᠶᠠᠭᠤ ᠪᠤᠢ? ᠲᠡᠷᠡ ᠶᠠᠭᠤ ᠪᠤᠢ?
ᠳᠠᠭᠠᠭᠠᠷᠠᠢ! ᠣᠯᠤᠭᠠᠷᠠᠢ!
ᠪᠣᠷᠣᠬ᠋᠎ᠠ ᠶᠤᠮ ᠤᠤ? ᠪᠢᠰᠢ ᠡ ᠂
ᠠᠷᠰᠯᠠᠨ ᠶᠤᠮ ᠤᠤ? ᠪᠢᠰᠢ ᠡ
ᠲᠠᠭᠠᠬᠤ ᠶᠤᠮ ᠤᠤ? ᠴᠢᠲᠠᠬᠤ ᠶᠤᠮ ᠤᠤ?
ᠵᠠ ᠂ ᠪᠠᠶ᠋ᠢᠵᠤ ᠪᠠᠶ᠋ᠢᠭᠠᠷᠠᠢ ᠨᠠᠭᠠᠲᠤᠬᠢ
ᠴᠢᠨᠢ ᠶᠠᠭᠤ ᠶᠤᠮ ᠪᠣᠯ ᠡ
ᠠ ᠂ ᠨᠠᠭᠠᠲᠤᠬᠢ ᠴᠢᠨᠢ ᠭᠠᠵᠠ ᠲᠠᠢ ᠤᠮᠲᠠᠭᠠᠨ
ᠶᠤᠮ ᠪᠢᠰᠢ ᠦᠦ ᠂ ᠲᠡᠶ᠋ᠢᠮᠦ ᠠ᠋
ᠲᠡᠰᠢᠭᠦᠷ ᠰᠢᠭ᠌ ᠶ᠋ᠢᠡᠨ ᠭᠤᠯᠭᠤᠭᠠᠳ ᠪᠠᠶ᠋ᠢᠲᠠᠭ
ᠲᠡᠭᠡᠭᠰᠡᠨ ᠬᠢᠷᠢᠨ᠎ᠡ ᠥᠩᠬᠦᠷᠢᠭᠡᠳ ᠪᠠᠶ᠋ᠢᠲᠠᠭ
ᠳᠡᠭᠰᠢᠬᠡᠨ ᠵᠠᠮ ᠳᠡᠭᠡᠷ᠎ᠡ ᠬᠤᠷᠲᠤᠯᠠᠭᠠᠳ ᠪᠠᠶ᠋ᠢᠲᠠᠭ
ᠲᠡᠭᠡᠭ ᠲᠡᠢ ᠵᠠᠮ ᠳᠡᠭᠡᠷ᠎ᠡ ᠭᠠᠴᠢᠭᠠᠳ ᠪᠠᠶ᠋ᠢᠲᠠᠭ
ᠡᠨᠡ ᠶᠠᠭᠤ ᠪᠤᠢ? ᠲᠡᠷᠡ ᠶᠠᠭᠤ ᠪᠤᠢ?
ᠳᠠᠭᠠᠭᠠᠷᠠᠢ! ᠣᠯᠤᠭᠠᠷᠠᠢ!
ᠰᠺᠢᠲᠪᠣᠷᠳ᠋ ᠶᠤᠮ ᠤᠤ? ᠪᠢᠰᠢ
ᠡ
ᠰᠺᠦᠲᠸᠷ ᠶᠤᠮ ᠤᠤ? ᠪᠢᠰᠢ ᠂
ᠵᠠ ᠂ ᠪᠠᠶ᠋ᠢᠵᠤ ᠪᠠᠶ᠋ᠢᠭᠠᠷᠠᠢ ᠨᠠᠭᠠᠲᠤᠬᠢ
ᠴᠢᠨᠢ ᠶᠠᠭᠤ ᠶᠤᠮ ᠪᠣᠯ ᠡ
ᠠ ᠂ ᠨᠠᠭᠠᠲᠤᠬᠢ ᠴᠢᠨᠢ ᠷᠣᠯᠯᠢᠻ ᠶᠤᠮ ᠪᠢᠰᠢ
ᠦᠦ ᠂ ᠲᠡᠶ᠋ᠢᠮᠦ ᠠ᠋
ᠡᠷᠭᠢᠨ ᠲᠣᠭᠣᠷᠢᠨ ᠶ᠋ᠢᠡᠨ ᠠᠵᠢᠵᠤ ᠬᠠᠷᠠᠪᠠᠯ
ᠡᠪᠯᠡᠭᠦᠯᠵᠤ ᠬᠡᠯᠡᠬᠦ ᠣᠨᠢᠰᠣᠬ᠋᠎ᠠ ᠪᠠᠶ᠋ᠢᠲᠠᠭ
ᠥᠪᠡᠷ ᠶ᠋ᠢᠡᠨ ᠤᠷᠠᠨ ᠶ᠋ᠢᠠᠷ ᠵᠣᠬᠢᠶᠠᠵᠤ ᠴᠢᠲᠠᠪᠠᠯ
ᠥᠷᠥᠬᠡᠯ ᠪᠤᠰᠤᠳ ᠶ᠋ᠢᠠᠷ ᠲᠠᠭᠠᠭᠠᠯᠭᠠᠵᠤ ᠪᠣᠯᠲᠠᠭ
ᠡᠨᠡ ᠶᠠᠭᠤ ᠪᠤᠢ? ᠲᠡᠷᠡ ᠶᠠᠭᠤ ᠪᠤᠢ?
ᠳᠠᠭᠠᠭᠠᠷᠠᠢ! ᠣᠯᠤᠭᠠᠷᠠᠢ!
ᠳᠠᠭᠠᠭᠠᠷᠠᠢ! ᠣᠯᠤᠭᠠᠷᠠᠢ!
