ᠠᠯᠲᠠᠨ ᠵᠢᠭᠠᠰᠤᠨ ᠤ ᠦᠯᠢᠭᠡᠷ -ᠠᠮᠤᠷᠰᠠᠢᠬᠠᠨ Altan Zagasny ÜlgerАлтан Загасны Үлгэр - Жүжигчин Б. Амарсайхан _ Бүүвэй 2D _ Unitel ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠵᠢᠭᠠᠰᠤᠨ ᠤ ᠦᠯᠢᠭᠡᠷ -ᠠᠮᠤᠷᠰᠠᠢᠬᠠᠨ Altan Zagasny ÜlgerАлтан Загасны Үлгэр - Жүжигчин Б. Амарсайхан _ Бүүвэй 2D _ Unitel

ᠠᠯᠲᠠᠨ ᠵᠢᠭᠠᠰᠤᠨ ᠤ ᠦᠯᠢᠭᠡᠷ -ᠠᠮᠤᠷᠰᠠᠢᠬᠠᠨ Altan Zagasny ÜlgerАлтан Загасны Үлгэр - Жүжигчин Б. Амарсайхан _ Бүүвэй 2D _ Unitel

ᠠᠩᠭᠢᠯᠠᠯ:ᠳᠣᠮᠣᠭ ᠦᠯᠢᠭᠡᠷ
2024-01-30

2515

ᠠᠯᠲᠠᠨ ᠵᠢᠭᠠᠰᠤᠨ ᠤ ᠦᠯᠢᠭᠡᠷ


 ᠬᠥᠷᠥᠰᠥᠲᠦ ᠠᠯᠲᠠᠨ ᠳᠡᠯᠡᠬᠡᠢ ‍ᠶ᠋ᠢᠨ
 ᠬᠥᠪᠡᠭᠡ ᠬᠢᠵᠠᠭᠠᠷ ᠨᠤᠲᠤᠭ ᠲᠦ
 ᠬᠥᠬᠡ ᠴᠡᠩᠬᠡᠷ ᠳᠠᠯᠠᠢ ‍ᠶ᠋ᠢᠨ
 ᠡᠷᠬᠢ ᠢᠷᠮᠡᠭ ᠭᠠᠵᠠᠷ ᠲᠦ
 ᠡᠷᠲᠡ ᠤᠷᠢᠳᠤ ‍ᠶ᠋ᠢᠨ ᠴᠠᠭ ᠲᠦ
 ᠡᠮᠡᠭᠡᠨ ᠡᠪᠦᠭᠡᠨ ᠬᠣᠶᠠᠷ
 ᠠᠶ᠋ᠢᠯ ᠪᠣᠯᠤᠨ ᠠᠮᠢᠳᠤᠷᠠᠵᠤ
 ᠠᠵᠤ ᠲᠥᠷᠥᠨ ᠰᠠᠭᠤᠵᠠᠢ ᠃
 ᠬᠠᠷ᠎ᠠ ᠤᠰᠤᠨ ᠤᠮᠳᠠ ᠎ᠲᠠᠢ
 ᠬᠠᠳᠠ ᠴᠢᠯᠠᠭᠤᠨ ᠨᠥᠮᠥᠷᠢ ᠎ᠲᠡᠢ
 ᠭᠠᠵᠠᠷ ‍ᠤᠨ ᠠᠭᠤᠢ ‍ᠳᠤ ᠬᠣᠷᠭᠣᠳᠠᠵᠤ
 ᠭᠠᠯ ‍ᠤᠨ ᠢᠯᠴᠢᠨ ‍ᠳᠦ ᠰᠢᠲᠦᠵᠦ
 ᠭᠤᠴᠢᠨ ᠵᠢᠯ ᠲᠡᠨᠦᠵᠦ
 ᠳᠥᠴᠢᠨ ᠵᠢᠯ ᠰᠠᠭᠤᠯ᠎ᠠ ᠃
 ᠡᠪᠦᠭᠡᠨ ᠨᠢ ᠵᠢᠭᠠᠰᠤ ᠪᠠᠷᠢᠵᠤ
 ᠳᠠᠯᠠᠢ ‍ᠶ᠋ᠢᠨ ᠬᠥᠪᠡᠭᠡ ᠰᠠᠬᠢᠨ᠎ᠠ
 ᠡᠮᠡᠭᠡᠨ ᠨᠢ ᠤᠲᠠᠰᠤ ᠡᠭᠡᠷᠡᠵᠦ
 ᠭᠡᠷ ‍ᠦᠨ ᠮᠤᠬᠤᠷ ᠰᠠᠬᠢᠨ᠎ᠠ ᠃
 ᠡᠪᠦᠭᠡᠨ ᠨᠢᠭᠡ ᠡᠳᠦᠷ
 ᠳᠠᠯᠠᠢ ‍ᠶ᠋ᠢᠨ ᠬᠥᠪᠡᠭᠡᠨ ‍ᠳᠦ ᠣᠴᠢᠭᠠᠳ
 ᠲᠣᠣᠷ ‍ᠢᠶ᠋ᠠᠨ ᠤᠰᠤᠨ ‍ᠳᠤ ᠲᠠᠯᠪᠢᠵᠤ
 ᠵᠢᠭᠠᠰᠤ ᠱᠦᠭᠦᠷᠳᠡᠵᠦ ᠡᠬᠢᠯᠡᠯ᠎ᠡ᠃
 ᠠᠩᠬ᠎ᠠ ᠨᠢᠭᠡ ᠱᠦᠭᠦᠷᠳᠡᠭᠰᠡᠨ ‍ᠳᠦ
 ᠨᠢᠯᠴᠠᠭᠠᠢ ᠵᠠᠮᠠᠭ ᠭᠠᠷᠪᠠ
 ᠠᠬᠢᠭᠠᠳ ᠱᠦᠭᠦᠷᠳᠡᠭᠰᠡᠨ ‍ᠳᠦ
 ᠨᠣᠶ᠋ᠢᠲᠠᠨ ᠡᠪᠡᠰᠦ  ᠭᠠᠷᠪᠠ ᠃
 ᠠᠳᠠᠭ ᠰᠡᠭᠦᠯ ‍ᠳᠦ ᠨᠢ ᠱᠦᠭᠦᠳᠡᠯ᠎ᠡ
 ᠠᠯᠲᠠᠨ ᠵᠢᠭᠠᠰᠤ ᠪᠠᠷᠢᠬᠳᠠᠪᠠ  ᠃
 ᠠᠯᠢᠪᠠ ᠵᠢᠭᠠᠰᠤᠨ ᠠ᠋ᠴᠠ ᠣᠨᠴᠠ
 ᠠᠯᠲᠠᠨ ᠵᠢᠭᠠᠰᠤ ᠪᠣᠯᠪᠠᠯ
 ᠠᠳᠤᠭᠤᠰᠤ ᠠᠮᠢᠲᠠᠨ ᠠ᠋ᠴᠠ ᠣᠨᠴᠠ
 ᠬᠥᠮᠦᠨ ‍ᠦ ᠬᠡᠯᠡ᠎  ‍ᠶ᠋ᠢ ᠮᠡᠳᠡᠨ᠎ᠡ
 《ᠠᠮᠢ ᠠᠪᠤᠷᠠ ᠡ!》 ᠭᠡᠵᠦ
 ᠠᠯᠲᠠᠨ ᠵᠢᠭᠠᠰᠤ ᠭᠤᠶᠤᠪᠠ
 《 ᠡᠪᠦᠭᠡᠨ ᠪᠣᠯᠤᠭᠰᠠᠨ ᠠᠬ᠎ᠠ ᠮᠢᠨᠢ
 ᠥᠷᠥᠰᠢᠶᠡᠵᠦ ᠬᠠᠶ᠋ᠢᠷᠠᠯᠠ ᠨᠠᠮ᠎ᠠ ‍ᠶ᠋ᠢ
 ᠤᠷᠠᠬ᠎ᠠ ᠲᠣᠣᠷ ᠠ᠋ᠴᠠ ᠎ᠪᠠᠨ ᠮᠤᠯᠲᠤᠯᠵᠤ
 ᠤᠰᠤᠨ ‍ᠳᠤ ᠪᠤᠴᠠᠭᠠᠵᠤ ᠲᠠᠯᠪᠢᠨ᠎ᠠ ‍ᠦᠦ ?
 ᠠᠮᠢ ᠪᠡᠶ᠎ᠡ᠎  ‍ᠶ᠋ᠢᠨ᠎ ᠮᠢᠨᠢ ᠣᠷᠣᠨ ‍ᠳᠤ
 ᠠᠯᠢ ᠳᠤᠷᠠᠲᠠᠢ᠎  ‍ᠶ᠋ᠢ ᠴᠢᠨᠢ ᠦᠭᠭᠦᠨ᠎ᠡ
 ᠬᠠᠢᠷᠠᠲᠤ ᠠᠮᠢ ‍ᠶ᠋ᠢᠨ ᠮᠢᠨᠢ ᠣᠷᠣᠨ ‍ᠳᠤ
 ᠬᠠᠮᠤᠭ ᠬᠦᠰᠡᠭᠰᠡᠨ᠎ ᠢ ᠴᠢᠨᠢ ᠦᠭᠭᠦᠨ᠎ᠡ 》ᠭᠡᠵᠡᠢ
 ᠡᠨᠡ ᠦᠬᠡ ᠵᠢ ᠰᠣᠨᠣᠰᠤᠭᠠᠳ
 ᠡᠪᠣᠬᠡᠨ ᠶᠠᠬᠡ ᠰᠣᠴᠢᠪᠠ ᠃ 
 《ᠥᠰᠦᠭᠰᠡᠨ ᠲᠥᠷᠥᠭᠰᠡᠨ ᠡᠴᠠ ᠨᠠᠭᠠᠰᠢ
 ᠡᠪᠣᠬᠡᠨ ᠨᠠᠰᠤᠨ ᠪᠣᠯᠲᠠᠯ᠎ᠠ
 ᠡᠳᠦᠢ ᠶ᠋ᠢᠯ ᠦᠨ ᠳᠣᠲᠣᠷ᠎ᠠ
 ᠶ᠋ᠢᠭᠠᠰᠣ ᠪᠠᠷᠢᠵᠤ ᠠᠮᠢᠳᠤᠷᠠᠬᠤ ‍ᠳᠤ ᠎ᠪᠠᠨ 
 ᠵᠠᠮᠠᠬ ᠱᠦᠭᠦᠵᠦ ᠶᠠᠪᠣᠠᠠᠣ ‍ᠳᠤ ᠎ᠪᠠᠨ 
 ᠦᠬᠡ ᠬᠡᠯᠠᠬᠥ ᠶ᠋ᠢᠭᠠᠰᠣ ᠵᠢ 
 ᠦᠵᠩᠰᠠᠨ ᠤᠳᠠᠭ᠎ᠠ ᠪᠠᠢᠬᠤ ᠦᠬᠡᠢ ᠃
 ᠶᠠᠭᠠᠬᠢᠠᠠᠰᠠᠨ ᠬᠠᠴᠢᠨ ᠶᠠᠭᠣᠮ᠎ᠠ ᠪᠣᠢ ?
 ᠶᠠᠮᠠᠷ ᠵᠢᠭᠲᠡᠢ ᠬᠡᠷᠡᠭ ᠪᠤᠢ?》 ᠬᠡᠵᠣ
 ᠠᠵᠢᠭ ᠰᠡᠵᠢᠭ ᠲᠦᠷᠣᠵᠣ 
 ᠠᠶᠣᠠᠠᠣ ᠭᠠᠢᠬᠠᠬᠤ ᠵᠠᠷᠬᠡᠴᠠᠵᠣ
 ᠠᠯᠲᠠᠨ ᠶ᠋ᠢᠭᠠᠰᠣ ᠵᠢ ᠲᠠᠯᠪᠢᠬᠤ ‍ᠳᠤ ᠎ᠪᠠᠨ  
 《 ᠴᠢᠨᠦ ᠥᠭᠬᠦ ᠶᠠᠭᠣᠮ᠎ᠠ
 ᠨᠠᠳᠠ ‍ᠳᠦ ᠬᠡᠷᠩ ᠪᠠᠢᠬᠤ ᠦᠬᠡᠢ 
 ᠴᠢᠨᠦ ᠦᠨ᠎ᠠ ᠲᠠᠢ ᠪᠠᠶ᠎ᠠ
 ᠨᠠᠳᠠ ‍ᠳᠦ ᠣᠯᠵᠠ ᠪᠣᠯᠠᠠᠣ ᠦᠬᠡᠢ
 ᠠᠯᠲᠠᠨ ᠥᠩᠭᠡ ᠎ᠲᠡᠢ ᠶ᠋ᠢᠭᠠᠰᠣ ᠮᠢᠨᠢ 
 ᠠᠷᠢᠭᠤᠨ ᠲᠠᠯᠠᠢ ᠳᠤ ᠎ᠪᠡᠨ ᠴᠠᠩᠬᠡᠵᠣ
 ᠠᠯᠢ ᠳᠤᠷ᠎ᠠ ᠎ᠪᠠᠷ᠎  ‍ᠢᠶ᠋ᠡᠨ ᠠᠮᠢᠳᠤᠷᠠ ᠳᠠ
 ᠠᠴᠢᠲᠤ ᠲᠡᠭᠷᠢ ‍ᠳᠤ ᠦᠷᠦᠰᠢᠶᠡᠭᠳᠡᠵᠦ
 ᠠᠮᠣᠷ ᠮᠡᠨᠳᠦ ᠶᠠᠪᠣ  ᠳᠠ 》 ᠬᠡᠵᠣ
 ᠰᠠᠢᠨ ᠦᠬᠡ ᠪᠠᠨ ᠬᠡᠯᠠᠵᠣ 
 ᠰᠠᠢᠬᠠᠨ ᠢᠷᠣᠬᠡᠯ ᠶ᠋ᠢᠠᠨ ᠲᠠᠯᠪᠢᠯ᠎ᠠ ᠃
 ᠡᠪᠣᠬᠡᠨ ᠲᠡᠨᠳᠡ ᠡᠴᠠ ᠪᠣᠴᠠᠵᠣ
 ᠭᠡᠷ ᠲᠤ ᠎ᠪᠡᠨ ᠬᠠᠷᠢᠵᠤ ᠢᠷᠠᠬᠡᠣᠨ
 ᠥᠨᠥᠬᠢ ᠰᠣᠨᠢᠨ ᠶᠠᠭᠣᠮ᠎ᠠ ᠪᠠᠨ
 ᠡᠮᠠᠬᠡᠨ ‍ᠳᠦ ᠎ᠪᠡᠨ ᠶᠠᠷᠢᠵᠤ ᠬᠡᠯᠡᠪᠡ᠃
 《 ᠥᠨᠥᠳᠥᠷ ᠪᠢ ᠲᠠᠯᠠᠢ ᠡᠴᠠ
 ᠨ᠍ᠢᠬᠡ ᠶ᠋ᠢᠭᠠᠰᠣ ᠪᠠᠷᠢᠪᠠ ᠃
 ᠦᠩᠬᠡ ᠨᠢ ᠠᠯᠲᠠ ᠪᠦᠭᠡᠳ
 ᠬᠥᠮᠣᠨ ‍ᠤ ᠬᠡᠯᠠ ᠮᠡᠳᠡᠨ᠎ᠡ ᠃
 ᠠᠮᠢ ᠪᠠᠶ᠎ᠠ ᠪᠠᠨ ᠠᠪᠣᠷᠠᠵᠣ 
 ᠣᠰᠣᠨ ‍ᠳᠦ ᠲᠠᠯᠪᠢᠠᠠᠣ ᠵᠢ ᠭᠣᠶᠣᠵᠣ
 ᠠᠯᠢ ᠲᠣᠷ᠎ᠠ ᠲᠠᠢ ᠶᠠᠭᠤᠮ᠎ᠠ ᠶ᠋ᠢ 
 ᠨᠠᠳᠠ ᠥᠭᠭᠦᠶ᠎ᠡ ᠭᠡᠬᠦ ‍ᠳᠤ ᠨᠢ
 ᠠᠶᠣᠵᠣ ᠰᠠᠨᠳᠤᠷᠤᠭᠠᠳ ᠪᠢ
 ᠶᠠᠭᠣ ᠴᠤ᠌ ᠠᠪᠴᠣ ᠴᠢᠳᠠᠭᠰᠠᠨ ᠦᠬᠡᠢ 
 ᠬᠥᠬᠡᠷᠣᠬᠥᠢ ᠲᠠᠷᠠ ᠶ᠋ᠢᠭᠠᠰᠣ ᠵᠢ
 ᠲᠣᠣᠷ ᠱᠦᠭᠦᠷ ᠎ᠡᠴᠡ ᠮᠤᠯᠲᠤᠯᠵᠤ
 ᠬᠥᠬᠡ ᠳᠠᠯᠠᠢ ‍ᠳᠤ ᠨᠢ ᠲᠠᠯᠪᠢᠴᠢᠬᠠᠭᠠᠳ
 ᠪᠤᠴᠠᠭᠠᠳ ᠢᠷᠡᠯ᠎ᠡ  ᠭᠡᠵᠦ ᠭᠡᠨ᠎ᠡ ᠃
 《 ᠡᠷᠭᠢᠭᠦᠦ ᠲᠡᠨᠡᠭ ᠠᠮᠢᠲᠠᠨ 》ᠭᠡᠵᠦ
 ᠡᠮᠡᠭᠡᠨ ᠡᠪᠦᠭᠡᠨ ‍ᠢᠶ᠋ᠡᠨ ᠵᠢᠮᠡᠯᠡᠪᠡ
 《 ᠠᠯᠲᠠᠨ ᠵᠢᠭᠠᠰᠤᠨ ᠡᠴᠠ ᠶᠠᠭᠤᠮ᠎ᠠ
 ᠠᠪᠴᠤ ᠴᠢᠳᠠᠭᠰᠠᠨ ᠦᠭᠡᠢ ᠴᠢ
 ᠮᠣᠩᠬᠠᠭ ᠠᠮᠢᠲᠠᠨ ᠶᠠᠳᠠᠬᠤ ‍ᠳᠤ ᠎ᠪᠠᠨ
 ᠮᠣᠳᠣᠨ ᠲᠡᠪᠰᠢ ᠭᠤᠶᠤᠭᠰᠠᠨ ᠪᠣᠯ
 ᠮᠠᠰᠢ ᠬᠡᠷᠡᠭᠲᠡᠢ ᠪᠠᠢᠬᠤ ᠰᠠᠨ
 ᠮᠠᠨ ‍ᠤ ᠲᠡᠪᠰᠢ ᠬᠠᠭᠤᠴᠢᠷᠠᠵᠤ
 ᠬᠠᠭᠠᠷᠠᠵᠤ ᠡᠪᠳᠡᠷᠡᠭᠡᠳ ᠪᠦᠷ
 ᠬᠠᠮᠬᠠᠷᠠᠵᠤ ᠤᠨᠠᠬᠤ ᠰᠢᠬᠠᠭᠰᠠᠨ ᠰᠢᠦ 》 
 ᠡᠪᠦᠭᠡᠨ ᠭᠡᠳᠡᠷᠭᠦ ᠶᠠᠪᠤᠵᠤ
 ᠥᠨᠥᠬᠢ ᠳᠠᠯᠠᠢ ‍ᠳᠤ ᠎ᠪᠠᠨ ᠢᠷᠡᠯ᠎ᠡ
 ᠳᠠᠯᠠᠢ ‍ᠶ᠋ᠢᠨ ᠤᠰᠤ ᠮᠢᠷᠠᠯᠵᠠᠵᠤ
 ᠳᠠᠩᠴᠤ ᠰᠠᠶ᠋ᠢᠬᠠᠨ  ᠬᠠᠷᠠᠭᠳᠠᠪᠠ
 ᠠᠯᠲᠠᠨ ᠵᠢᠭᠠᠰᠤ ‍ᠶ᠋ᠢ ᠳᠠᠭᠤᠳᠠᠭᠰᠠᠨ ‍ᠳᠤ
 ᠠᠯᠲᠠᠨ ᠵᠢᠭᠠᠰᠤ ᠬᠥᠪᠦᠭᠰᠡᠭᠡᠷ
 ᠡᠮᠦᠨ᠎ᠡ ᠨᠢ ᠬᠦᠷᠴᠦ ᠢᠷᠡᠭᠡᠳ
 ᠡᠪᠦᠭᠡᠨ ᠎ᠡᠴᠡ ᠢᠩᠭᠢᠵᠦ ᠠᠰᠠᠭᠤᠪᠠ ᠃
 《 ᠬᠦᠨᠳᠦᠲᠦ ᠡᠪᠦᠭᠡᠨ ᠠᠬ᠎ᠠ ᠮᠢᠨᠢ
  ᠬᠦᠰᠡᠬᠦ ᠬᠡᠯᠡᠬᠦ ᠶᠠᠭᠤ ᠪᠠᠢᠨ᠎ᠠ ?
 ᠶᠠᠪᠤᠳᠠᠯ ᠤᠴᠢᠷ ᠶᠠᠭᠤ ᠪᠤᠢ ?
 ᠶᠠᠮᠠᠷ ᠬᠡᠷᠡᠭ ‍ᠢᠶ᠋ᠡᠷ ᠢᠷᠡᠪᠡ 
 ᠡᠪᠦᠳᠦᠭ ᠨᠤᠭᠤᠯᠵᠤ ᠮᠥᠷᠭᠥᠭᠡᠳ
 ᠡᠪᠦᠭᠡᠨ ᠬᠠᠷᠢᠭᠤ ᠬᠡᠯᠡᠵᠦ ᠭᠡᠨ᠎ᠡ
 《 ᠬᠠᠲᠤᠨ ᠳᠡᠭᠡᠳᠦ ᠵᠢᠭᠠᠰᠤ ᠮᠢᠨᠢ
 ᠬᠠᠶ᠋ᠢᠷᠠᠯᠠᠵᠤ ᠨᠠᠮ᠎ᠠ ‍ᠶ᠋ᠢ ᠥᠷᠥᠰᠢᠶᠡ
 ᠠᠯᠲᠠᠨ ᠵᠢᠭᠠᠰᠤᠨ ᠠ᠋ᠴᠠ ᠶᠠᠭᠤᠮ᠎ᠠ 
 ᠠᠪᠴᠤ ᠴᠢᠳᠠᠭᠰᠠᠨ ᠦᠭᠡᠢ ᠭᠡᠵᠦ
 ᠮᠠᠨ ‍ᠤ ᠡᠮᠡᠭᠡᠨ ᠨᠠᠮ᠎ᠠ ‍ᠶ᠋ᠢ
 ᠮᠠᠰᠢ ᠶᠡᠬᠡ ᠎ᠪᠡᠷ ᠪᠤᠷᠤᠭᠤᠰᠢᠶᠠᠵᠤ
 ᠰᠢᠨ᠎ᠡ ᠲᠡᠪᠰᠢ ᠬᠡᠷᠡᠭ ᠎ᠲᠡᠢ ᠭᠡᠵᠦ
 ᠰᠢᠷᠦᠭᠦᠨ ᠦᠭᠡ ᠬᠡᠯᠡᠵᠦ ᠪᠠᠢᠨ᠎ᠠ
 ᠡᠳ᠋ᠯᠡᠵᠦ ᠪᠠᠶ᠋ᠢᠬᠰᠠᠨ ᠲᠡᠪᠰᠢ ᠮᠠᠨᠢ
 ᠡᠪᠳᠡᠷᠡᠵᠦ ᠤᠨᠠᠬᠤ ‍ᠳᠤ ᠬᠦᠷᠦᠭᠰᠡᠨ ᠭᠡᠨ᠎ᠡ  》 
 ᠠᠯᠲᠠᠨ ᠵᠢᠭᠠᠰᠤ ᠬᠡᠯᠡᠪᠡ
 《 ᠠᠴᠢᠲᠤ ᠪᠤᠭᠤᠷᠤᠯ ᠡᠪᠦᠭᠡᠨ ᠮᠢᠨᠢ
 ᠵᠣᠷᠢᠵᠤ ᠢᠷᠡᠭᠰᠡᠨ ᠬᠡᠷᠡᠭ ᠴᠢᠨᠢ
 ᠵᠣᠪᠠᠬᠤ ᠶᠠᠭᠤᠮ᠎ᠠ ᠦᠭᠡᠢ ᠪᠦᠲᠦᠨ᠎ᠡ
 ᠡᠷᠬᠡᠲᠦ ᠲᠩᠷᠢ ‍ᠳᠦ ᠢᠲᠡᠭᠡᠵᠦ
 ᠭᠡᠷ ᠲᠤ ᠎ᠪᠡᠨ ᠬᠠᠷᠢ ᠡ ᠂ ᠡᠪᠦᠭᠡᠨ ᠮᠢᠨᠢ
 ᠡᠪᠳᠡᠷᠬᠡᠢ ᠮᠠᠭᠤ ᠲᠡᠪᠰᠢ ᠴᠢᠨᠢ
 ᠰᠢᠨ᠎ᠡ ᠲᠡᠪᠰᠢ ᠎ᠪᠡᠷ ᠰᠣᠯᠢᠭ᠍ᠳᠠᠨ᠎ᠠ 

 ᠡᠪᠦᠭᠡᠨ ᠭᠡᠷ ᠲᠤ ᠎ᠪᠡᠨ ᠢᠷᠡᠲᠡᠯ᠎ᠡ 
 ᠥᠨᠥᠬᠢ ᠵᠢᠭᠠᠰᠤᠨ ‍ᠤ ᠥᠭᠭᠦᠭᠰᠡᠨ
 ᠥᠩᠭᠡᠲᠡᠢ ᠰᠠᠶ᠋ᠢᠬᠠᠨ ᠲᠡᠪᠰᠢ
 ᠡᠮᠦᠨ᠎ᠡ ᠨᠢ ᠬᠡᠪᠲᠡᠵᠦ ᠬᠠᠷᠠᠭᠳᠠᠨ᠎ᠠ ᠃

 ᠡᠮᠡᠭᠡᠨ ᠳᠡᠷᠭᠡᠳᠡ ᠨᠢ ᠵᠣᠭᠰᠣᠭᠠᠳ
 ᠡᠯᠳᠡᠪ ‍ᠢᠶ᠋ᠡᠷ ᠬᠠᠷᠢᠶᠠᠬᠤ ᠨᠢ ᠰᠣᠨᠣᠰᠤᠭᠳᠠᠪᠠ ᠃
 《 ᠡᠷᠭᠢᠭᠦᠦ  ᠲᠡᠨᠡᠭ  ᠠᠮᠢᠲᠠᠨ ᠴᠢ
 ᠡᠨᠡ ᠲᠡᠪᠰᠢ ‍ᠶ᠋ᠢ ᠭᠤᠶᠤᠭᠰᠠᠨ ‍ᠦᠦ ?
 ᠲᠡᠪᠰᠢ ᠎ᠪᠡᠷ ᠶᠠᠭᠤ ᠬᠢᠬᠦ  ᠪᠤᠢ ?

 ᠳᠡᠮᠡᠢ ᠶᠠᠭᠤᠮ᠎ᠠ᠎ ᠵᠢ ᠠᠪᠴᠠᠢ ᠴᠢ
 ᠪᠠᠰᠠ ᠪᠤᠴᠠᠭᠠᠳ ᠶᠠᠪᠤ
 ᠪᠠᠶ᠋ᠢᠰᠢᠩ ᠭᠤᠶᠤᠭᠠᠳ ᠢᠷ᠎ᠡ 》 ᠭᠡᠵᠦ ᠭᠡᠨ᠎ᠡ ᠃
 ᠡᠪᠦᠭᠡᠨ ᠭᠡᠳᠡᠷᠭᠦ  ᠪᠤᠴᠠᠵᠤ
 ᠥᠨᠥᠬᠢ ᠳᠠᠯᠠᠢ ‍ᠳᠤ ᠎ᠪᠡᠨ ᠢᠷᠡᠯ᠎ᠡ

 ᠳᠠᠯᠠᠢ᠎ ᠶ᠋ᠢᠨ ᠤᠰᠤ ᠨᠡᠯᠢᠶᠡᠳ

 ᠳᠠᠪᠠᠯᠭᠠᠯᠠᠵᠤ ᠴᠠᠯᠭᠢᠯᠠᠵᠤ ᠪᠠᠢᠪᠠ
 ᠠᠯᠲᠠᠨ ᠵᠢᠭᠠᠰᠤ ‍ᠶ᠋ᠢ ᠳᠠᠭᠤᠳᠠᠭᠰᠠᠨ ‍ᠳᠤ
 ᠠᠯᠲᠠᠨ ᠵᠢᠭᠠᠰᠤ ᠬᠥᠪᠦᠭᠰᠡᠭᠡᠷ
 ᠡᠮᠦᠨ᠎ᠡ ᠨᠢ ᠬᠦᠷᠴᠦ ᠢᠷᠡᠭᠡᠳ 

 ᠡᠪᠦᠭᠡᠨ ᠡᠴᠡ ᠢᠩᠬᠢᠵᠦ ᠠᠰᠠᠭᠤᠪᠠ᠄

 《 ᠬᠦᠨᠳᠦᠲᠦ ᠡᠪᠦᠭᠡᠨ ᠠᠬ᠎ᠠ ᠮᠢᠨᠢ
 ᠬᠦᠷᠦᠭᠡᠳ ᠢᠷᠡᠪᠡ ‍ᠦᠦ ᠪᠠᠰᠠ
 ᠶᠠᠪᠤᠳᠠᠯ ᠤᠴᠢᠷ ᠶᠠᠭᠤ ᠪᠤᠢ ?
 ᠶᠠᠮᠠᠷ ᠬᠡᠷᠡᠭ ‍ᠢᠶ᠋ᠡᠷ ᠢᠷᠡᠪᠡ 
 ᠡᠪᠦᠳᠦᠭ ᠨᠤᠭᠤᠯᠵᠤ ᠮᠥᠷᠭᠥᠭᠡᠳ
 ᠡᠪᠦᠭᠡᠨ ᠬᠠᠷᠢᠭᠤ ᠬᠡᠯᠡᠪᠡ
 《 ᠬᠠᠲᠤᠨ ᠳᠡᠭᠡᠳᠦ ᠵᠢᠭᠠᠰᠤ ᠮᠢᠨᠢ
 ᠬᠠᠶ᠋ᠢᠷᠠᠯᠠᠵᠤ ᠨᠠᠮ᠎ᠠ ‍ᠶ᠋ᠢ ᠥᠷᠥᠰᠢᠶᠡ
 ᠮᠠᠨ ᠪ ᠡᠮᠡᠭᠡᠨ ᠠᠭᠤᠷᠯᠠᠵᠤ
 ᠮᠠᠰᠢ ᠶᠡᠬᠡ ᠎ᠪᠡᠷ ᠵᠢᠮᠡᠯᠡᠵᠦ
 ᠬᠦᠭᠰᠢᠨ ᠨᠠᠮ᠎ᠠ ‍ᠶ᠋ᠢ ᠠᠮᠠᠷᠠᠭᠠᠬᠤ ᠦᠭᠡᠢ
 ᠬᠥᠭᠡᠭᠡᠵᠦ ᠵᠠᠩᠨᠠᠭᠠᠳ ᠪᠣᠯᠬᠤ ᠦᠭᠡᠢ
 ᠪᠠᠯᠠᠢ ᠬᠡᠷᠡᠭᠦᠯᠴᠢ ᠡᠮᠡᠭᠡᠨ ‍ᠳᠦ
 ᠪᠠᠶ᠋ᠢᠰᠢᠩ ᠬᠡᠷᠡᠭᠲᠡᠢ ᠶᠤᠮ ᠭᠡᠨ᠎ᠡ ᠃ 》
 ᠠᠯᠲᠠᠨ ᠵᠢᠭᠠᠰᠤ  ᠬᠡᠯᠡᠪᠡ
 《 ᠠᠴᠢᠲᠤ ᠪᠤᠭᠤᠷᠤᠯ ᠡᠪᠦᠭᠡᠨ ᠮᠢᠨᠢ
 ᠵᠣᠷᠢᠵᠤ ᠢᠷᠡᠭᠰᠡᠨ ᠬᠡᠷᠡᠭ ᠴᠢᠨᠢ 
 ᠵᠣᠪᠠᠬᠤ ᠶᠠᠭᠤᠮ᠎ᠠ ᠦᠭᠡᠢ ᠪᠦᠲᠦᠨ᠎ᠡ
 ᠡᠷᠬᠡᠲᠦ ᠲᠩᠷᠢ ‍ᠳᠦ ᠢᠲᠡᠭᠡᠵᠦ
 ᠭᠡᠷ ᠎ᠲᠡᠭᠡᠨ ᠬᠠᠷᠢ  ! ᠡᠪᠦᠭᠡᠨ ᠮᠢᠨᠢ
 ᠡᠪᠲᠡᠷᠬᠡᠢ ᠮᠠᠭᠤ ᠭᠡᠷ ᠴᠢᠨᠢ
 ᠰᠢᠨ᠎ᠡ ᠪᠠᠶ᠋ᠢᠰᠢᠩ ‍ᠢᠶ᠋ᠠᠷ ᠰᠣᠯᠢᠭᠲᠠᠨ᠎ᠠ ᠃》
 ᠡᠪᠦᠭᠡᠨ ᠲᠡᠨᠲᠡ ᠎ᠡᠴᠡ ᠪᠤᠴᠠᠵᠤ
 ᠭᠡᠷ ᠎ᠲᠡᠭᠡᠨ  ᠬᠦᠷᠴᠦ ᠢᠷᠡᠪᠡᠯ
 ᠥᠨᠥᠬᠢ ᠮᠠᠭᠤ ᠭᠡᠷ ᠨᠢ 
 ᠣᠷᠣ ᠦᠭᠡᠢ ᠪᠣᠯᠤᠭᠰᠠᠨ ᠪᠠᠶ᠋ᠢᠵᠠᠢ
 ᠭᠡᠷ ᠪᠠᠶ᠋ᠢᠭᠰᠠᠨ ᠭᠠᠵᠠᠷ ᠲᠤ ᠨᠢ
 ᠭᠡᠭᠡᠨ ᠴᠠᠭᠠᠨ ᠥᠩᠭᠡ ᠎ᠲᠡᠢ
 ᠭᠡᠷᠡᠯ ᠣᠷᠣᠬᠤ ᠴᠣᠩᠬᠣ ᠎ᠲᠠᠢ
 ᠴᠠᠷᠠᠰᠤᠨ ᠮᠣᠲᠣᠨ ᠬᠠᠭᠠᠯᠭ᠎ᠠ ᠎ᠲᠡᠢ
 ᠴᠠᠭᠠᠨ ᠪᠠᠶ᠋ᠢᠰᠢᠩ  ᠬᠠᠷᠠᠭᠳᠠᠵᠤ ᠭᠡᠨ᠎ᠡ ᠃
 ᠡᠮᠡᠭᠡᠨ ᠴᠣᠩᠬᠣᠨ ‍ᠤ ᠳᠡᠷᠭᠡᠳᠡ
 ᠡᠷᠬᠢᠮᠰᠦᠭ ᠶᠠᠩᠵᠤ ᠎ᠪᠠᠷ ᠰᠠᠭᠤᠭᠠᠳ
 ᠬᠠᠮᠤᠭ ᠮᠠᠭᠤ ᠦᠭᠡ ᠎ᠪᠡᠷ
 ᠬᠠᠷᠢᠶᠠᠵᠤ ᠵᠠᠩᠨᠠᠵᠤ ᠪᠠᠶ᠋ᠢᠨ᠎ᠠ ᠭᠡᠨ᠎ᠡ ᠂
 《 ᠡᠷᠭᠢᠭᠦᠦ ᠲᠡᠨᠡᠭ ᠠᠮᠢᠲᠠᠨ ᠴᠢ
 ᠡᠨᠡ ᠪᠠᠶ᠋ᠢᠰᠢᠩ ‍ᠢ ᠭᠤᠶᠤᠭᠰᠠᠨ ‍ᠤᠤ ?
 ᠵᠢᠭᠠᠰᠤᠨ ‍ᠳᠤ ᠪᠤᠴᠠᠭᠠᠳ ᠣᠴᠢ 
 ᠵᠠᠯᠪᠠᠷᠢᠵᠤ ᠭᠤᠶᠤᠭᠠᠳ ᠢᠷ᠎ᠡ
 ᠶᠠᠲᠠᠭᠤ ᠲᠠᠷᠢᠶᠠᠴᠢᠨ ᠪᠠᠶ᠋ᠢᠬᠤ ‍ᠲᠤ
 ᠶᠠᠮᠠᠷ ᠵᠢᠷᠭᠠᠯ ᠪᠠᠶ᠋ᠢᠬᠤ ᠪᠤᠢ
 ᠬᠠᠷᠠᠴᠤ ᠢᠵᠠᠭᠤᠷ ‍ᠢᠶ᠋ᠠᠨ ᠰᠣᠯᠢᠵᠤ
 ᠲᠠᠶ᠋ᠢᠵᠢ ᠪᠣᠯᠬᠤ ‍ᠶ᠋ᠢ ᠬᠦᠰᠡᠨ᠎ᠡ
 ᠬᠠᠮᠵᠢᠯᠭ᠎ᠠ ᠲᠠᠷᠢᠶᠠᠴᠢᠨ ‍ᠢᠶ᠋ᠠᠨ ᠪᠠᠶ᠋ᠢᠵᠤ
 ᠨᠣᠶᠠᠨ ᠪᠣᠯᠬᠤ ‍ᠶ᠋ᠢ ᠬᠦᠰᠡᠨ᠎ᠡ 》
 ᠡᠪᠦᠭᠡᠨ ᠭᠡᠲᠡᠷᠭᠦ ᠪᠤᠴᠠᠵᠤ
 ᠥᠨᠥᠬᠢ ᠳᠠᠯᠠᠢ ‍ᠳᠤ ᠎ᠪᠠᠨ ᠢᠷᠡᠯ᠎ᠡ ᠃
 ᠳᠠᠯᠠᠢ ‍ᠶ᠋ᠢᠨ ᠤᠰᠤ ᠶᠡᠬᠡ ᠎ᠪᠡᠷ
 ᠳᠠᠪᠠᠯᠭᠠᠯᠠᠵᠤ ᠴᠠᠯᠭᠢᠯᠠᠵᠤ  ᠪᠠᠢᠪᠠ
 ᠠᠯᠲᠠᠨ ᠵᠢᠭᠠᠰᠤ ‍ᠶ᠋ᠢ ᠳᠠᠭᠤᠳᠠᠭᠰᠠᠨ ‍ᠳᠤ 
 ᠠᠯᠲᠠᠨ ᠵᠢᠭᠠᠰᠤ  ᠬᠦᠪᠦᠭᠰᠡᠭᠡᠷ
 ᠡᠮᠦᠨ᠎ᠡ ᠨᠢ ᠬᠦᠷᠴᠦ ᠢᠷᠡᠭᠡᠳ
 ᠡᠪᠦᠭᠡᠨ ᠎ᠡᠴᠡ ᠢᠩᠭᠢᠵᠦ ᠠᠰᠠᠭᠤᠯ᠎ᠠ
 《 ᠬᠦᠨᠲᠦᠲᠦ ᠡᠪᠦᠭᠡᠨ ᠠᠬ᠎ᠠ ᠮᠢᠨᠢ
 ᠬᠦᠷᠦᠭᠡᠳ ᠢᠷᠡᠪᠡ ‍ᠦᠦ ᠪᠠᠰᠠ
 ᠶᠠᠪᠤᠲᠠᠯ ᠤᠴᠢᠷ ᠶᠠᠭᠤ ᠪᠣᠢ
 ᠶᠠᠮᠠᠷ  ᠬᠡᠷᠡᠭ ᠶ᠋ᠢᠠᠷ ᠢᠷᠡᠪᠡ ?》
 ᠡᠪᠦᠳᠦᠭ ᠨᠤᠭᠤᠯᠵᠤ ᠮᠥᠷᠭᠥᠭᠡᠳ
 ᠡᠪᠦᠭᠡᠨ ᠬᠠᠷᠢᠭᠤ  ᠬᠡᠯᠡᠪᠡ
 《 ᠬᠠᠲᠤᠨ ᠳᠡᠭᠡᠳᠦ ᠵᠢᠭᠠᠰᠤ ᠮᠢᠨᠢ
 ᠬᠠᠶ᠋ᠢᠷᠠᠯᠠᠵᠤ ᠨᠠᠮ᠎ᠠ ‍ᠶ᠋ᠢ ᠥᠷᠥᠰᠢᠶᠡ
 ᠮᠠᠨ ‍ᠤ ᠡᠮᠡᠭᠡᠨ ᠠᠭᠤᠷᠯᠠᠵᠤ
 ᠮᠠᠰᠢ ᠶᠡᠬᠡ ᠎ᠪᠡᠷ ᠵᠢᠮᠡᠯᠡᠵᠤ
 ᠤᠷᠢᠳ ᠵᠠᠩᠨᠠᠭᠰᠠᠨ ᠠ᠋ᠴᠠ ᠢᠯᠡᠭᠦᠦ
 ᠤᠯᠠᠮ ᠶᠡᠬᠡ ᠎ᠪᠡᠷ ᠬᠠᠷᠢᠶᠠᠵᠤ
 ᠬᠦᠭᠰᠢᠨ ᠨᠠᠮ᠎ᠠ ‍ᠶ᠋ᠢ ᠠᠮᠠᠷᠠᠭᠠᠬᠤ ᠦᠭᠡᠢ
 ᠬᠥᠭᠡᠭᠡᠵᠦ ᠵᠠᠩᠨᠠᠭᠠᠳ ᠪᠣᠯᠬᠤ ᠦᠭᠡᠢ
 ᠨᠣᠣᠰᠣ ᠡᠭᠡᠷᠡᠲᠡᠭ᠋ ᠡᠮᠡᠭᠡᠨ ᠮᠠᠨᠢ
 ᠨᠣᠶᠠᠨ ᠪᠣᠯᠬᠤ ᠰᠠᠨᠠᠬ᠋᠎ᠠ ᠎ᠲᠠᠢ ᠭᠡᠨ᠎ᠡ
 ᠲᠠᠷᠢᠶᠠᠴᠢᠨ ᠢᠵᠠᠭᠤᠷ ‍ᠢᠶ᠋ᠠᠨ ᠰᠣᠯᠢᠵᠤ
 ᠲᠠᠶ᠋ᠢᠵᠢ ᠪᠣᠯᠬᠤ ᠬᠦᠰᠡᠯ ᠎ᠲᠡᠢ ᠭᠡᠨ᠎ᠡ ᠃》
 ᠠᠯᠲᠠᠨ ᠵᠢᠭᠠᠰᠤ  ᠬᠡᠯᠡᠪᠡ
 《 ᠠᠴᠢᠲᠤ ᠪᠤᠭᠤᠷᠤᠯ ᠡᠪᠦᠭᠡᠨ ᠮᠢᠨᠢ
 ᠵᠣᠷᠢᠵᠤ ᠢᠷᠡᠭᠰᠡᠨ ᠬᠡᠷᠡᠭ ᠴᠢᠨᠢ 
 ᠵᠣᠪᠠᠬᠤ ᠶᠠᠭᠤᠮ᠎ᠠ ᠦᠭᠡᠢ ᠪᠦᠲᠦᠨ᠎ᠡ
 ᠡᠷᠬᠡᠲᠦ ᠲᠩᠷᠢ ‍ᠶ᠋ᠢᠨ ᠥᠷᠥᠰᠢᠶᠡᠯ ‍ᠢᠶ᠋ᠡᠷ
 ᠡᠮᠡᠭᠡᠨ ᠴᠢᠨᠢ ᠬᠠᠲᠤᠨ ᠪᠣᠯᠤᠨ᠎ᠠ ᠃》
 ᠡᠪᠦᠭᠡᠨ ‍ᠢ ᠪᠤᠴᠠᠭᠠᠳ ᠢᠷᠡᠲᠡᠯ᠎ᠡ
 ᠥᠨᠲᠥᠷ ᠰᠠᠶ᠋ᠢᠬᠠᠨ ᠪᠠᠶ᠋ᠢᠰᠢᠩ
 ᠥᠷᠥᠭᠡ ᠰᠠᠶ᠋ᠢᠬᠠᠨ ᠣᠷᠲᠣᠨ
 ᠡᠮᠦᠨ᠎ᠡ ᠨᠢ ᠬᠠᠷᠠᠭᠲᠠᠵᠤ ᠭᠡᠨ᠎ᠡ ᠂
 ᠡᠨᠡ ᠰᠠᠶ᠋ᠢᠬᠠᠨ ᠣᠷᠲᠣᠨ ‍ᠳᠤ
 ᠡᠮᠡᠭᠡᠨ ᠮᠣᠷᠢᠯᠠᠵᠤ  ᠰᠠᠭᠤᠭᠠᠳ
 ᠡᠷᠬᠢᠮ ᠪᠤᠯᠠᠭᠠᠨ ᠳᠡᠪᠡᠯ ᠎ᠲᠡᠢ
 ᠡᠷᠢᠶᠡᠨ ᠬᠣᠷᠭᠣᠢ ᠮᠠᠯᠠᠭᠠᠢ ᠎ᠲᠠᠢ
 ᠡᠷᠲᠡᠨᠢ ᠰᠤᠪᠤᠳ ‍ᠢᠶ᠋ᠠᠷ ᠴᠢᠮᠡᠭᠯᠡᠭᠰᠡᠨ
 ᠡᠬᠡᠨᠡᠷ ᠪᠣᠯᠤᠭᠠᠳ ᠪᠠᠶ᠋ᠢᠵᠤ  ᠪᠠᠢᠪᠠ 
 ᠤᠲᠠᠰᠤ ᠎ᠪᠠᠷ ᠤᠷᠠᠯᠠᠵᠤ  ᠬᠢᠭᠰᠡᠨ
 ᠤᠯᠠᠭᠠᠨ ᠭᠤᠲᠤᠯ ᠡᠮᠦᠰᠦᠭᠡᠳ
 ᠤᠷᠢᠲᠤᠬᠢ ᠵᠠᠷᠤᠴᠠ ᠎ᠪᠠᠨ ᠢᠰᠬᠦᠯᠵᠦ
 ᠤᠴᠢᠷ ᠦᠭᠡᠢ ᠶᠡᠬᠡ ᠎ᠪᠡᠷ ᠵᠠᠩᠨᠠᠵᠤ  ᠪᠠᠢᠨ᠎ᠠ
 ᠠᠯᠲᠠᠨ  ᠪᠥᠯᠡᠵᠡᠭ  ᠵᠡᠭᠦᠭᠰᠡᠨ
 ᠠᠷᠪᠠᠨ ᠮᠣᠶ᠋ᠢᠨᠣᠭ ᠬᠤᠷᠤᠭᠤ ᠎ᠪᠠᠷ ‍ᠢᠶ᠋ᠠᠨ
 ᠠᠶᠠᠭᠠᠴᠢ ᠬᠡᠦᠬᠡᠨ ‍ ‍ᠦ ᠦᠰᠦ ‍ᠶ᠋ᠢ 
 ᠠᠤᠠᠬᠤᠵᠤ ᠠᠪᠤᠭᠠᠳ ᠵᠣᠲᠣᠵᠤ  ᠪᠠᠢᠨ᠎ᠠ
 ᠡᠪᠦᠭᠡᠨ ᠬᠦᠷᠴᠦ ᠢᠷᠡᠭᠡᠳ 
 ᠡᠪᠦᠳᠦᠭ ᠰᠥᠭᠥᠤᠠᠴᠦ ᠠᠢᠯᠠᠳᠬᠠᠪᠠ
 《 ᠲᠠᠶ᠋ᠢᠵᠢ ᠶ᠋ᠢᠨ ᠡᠷᠬᠢᠮ ᠬᠠᠲᠤᠨ ᠮᠢᠨᠢ
 ᠲᠠᠪᠠᠲᠠᠢ ᠮᠣᠷᠢᠯᠠᠵᠤ ᠪᠠᠶ᠋ᠢᠨ᠎ᠠ ‍ᠤᠤ ?
 ᠲᠠᠨ ‍ᠤ  ᠬᠦᠰᠡᠭᠰᠡᠨ ᠵᠦᠢᠯ
 ᠲᠠᠭᠠᠯᠠᠯ  ᠶᠣᠰᠣ ᠎ᠪᠠᠷ ᠪᠣᠯᠵᠤ
 ᠰᠠᠨᠠᠭᠰᠠᠨ ᠬᠡᠷᠡᠭ  ᠪᠦᠲᠦᠭᠰᠡᠨ ‍ᠳᠦ
 ᠰᠠᠨᠠᠬ᠋᠎ᠠ ᠰᠡᠤᠠᠬᠢᠯ ᠠᠮᠠᠷᠠᠪᠠ ‍ᠤᠤ ?》
 ᠡᠪᠦᠭᠡᠨ ‍ᠢ ᠦᠵᠡᠭᠡᠳ ᠡᠮᠡᠭᠡᠨ
 ᠥᠨᠲᠥᠷ ᠳᠠᠭᠤ ᠎ᠪᠠᠷ ᠵᠠᠩᠲᠤᠷᠴᠤ
 ᠠᠭᠲᠠ ‍ᠶ᠋ᠢᠨ ᠬᠠᠰᠢᠶ᠎ᠠ ‍ᠶ᠋ᠢ ᠰᠠᠬᠢᠵᠤ
 ᠠᠲᠤᠭᠤ ᠬᠠᠷᠢᠭᠤᠯᠬᠤ ᠎ᠪᠠᠷ ᠶᠠᠪᠤᠭᠤᠯᠤᠯ᠎ᠠ ᠃
 ᠬᠡᠲᠦᠨ ᠬᠣᠨᠣᠭ ᠥᠩᠭᠡᠷᠡᠲᠡᠯ᠎ᠡ
 ᠬᠡᠷᠡᠭ ᠲᠠᠬᠢᠭᠠᠳ ᠭᠠᠷᠤᠯ᠎ᠠ
 ᠤᠷᠢᠲᠤᠬᠢ ᠠ᠋ᠴᠠ ᠎ᠪᠠᠨ ᠡᠮᠡᠭᠡᠨ
 ᠤᠯᠠᠮ ᠢᠯᠡᠭᠦᠦ ᠳᠣᠭᠰᠢᠷᠠᠵᠤ
 ᠠᠲᠤᠭᠤᠴᠢᠨ ᠮᠠᠭᠤ ᠡᠪᠦᠭᠡᠨ ‍ᠢ
 ᠠᠪᠴᠢᠷᠠᠭᠤᠯᠵᠤ ᠪᠠᠶ᠋ᠢᠭᠠᠳ  ᠲᠤᠰᠢᠶᠠᠪᠠ ᠃
 《 ᠵᠢᠭᠠᠰᠤᠨ ‍ᠳᠤ ᠣᠴᠢᠭᠠᠳ ᠮᠥᠷᠭᠥ
 ᠵᠠᠯᠪᠠᠷᠢᠵᠤ ᠭᠤᠶᠤᠭᠠᠳ ᠢᠷ᠎ᠡ
 ᠬᠠᠷᠠᠴᠤ ᠲᠠᠷᠢᠶᠠᠴᠢᠨ ᠪᠠᠶ᠋ᠢᠭᠠᠳ
 ᠬᠠᠮᠵᠢᠯᠭᠠᠲᠤ ᠲᠠᠶ᠋ᠢᠵᠢ ᠪᠣᠯᠤᠭᠰᠠᠨ ᠶᠤᠮ
 ᠬᠠᠮᠵᠢᠯᠭᠠᠲᠤ ᠲᠠᠶ᠋ᠢᠵᠢ ᠎ᠪᠠᠨ ᠪᠣᠯᠢᠭᠠᠳ
 ᠬᠠᠭᠠᠨ ᠪᠣᠯᠬᠤ ‍ᠳᠤ ᠶᠠᠭᠠᠬᠢᠲᠠᠭ ᠶᠤᠮ
 ᠬᠠᠲᠤᠨ ᠬᠠᠭᠠᠨ ᠪᠣᠯᠤᠭᠠᠳ
 ᠬᠠᠮᠤᠭ ‍ᠢ ᠵᠠᠬᠢᠷᠬᠤ ᠬᠦᠰᠡᠯ ᠎ᠲᠡᠢ ᠭᠡᠵᠡᠢ ᠃》
 ᠥᠨᠥᠬᠢ ᠦᠭᠡ ‍ᠶ᠋ᠢ ᠰᠣᠨᠣᠰᠤᠭᠠᠳ
 ᠡᠪᠦᠭᠡᠨ ᠶᠡᠬᠡᠯ᠎ᠡ  ᠴᠣᠴᠢᠷᠳᠠᠵᠤ
 ᠰᠢᠨᠤᠯᠲᠤ ᠲᠡᠷᠡ ᠡᠮᠡᠭᠡᠨ ‍ᠳᠦ
 ᠰᠢᠭᠤᠳ ᠢᠩᠭᠢᠵᠦ  ᠬᠡᠯᠡᠪᠡ
 《 ᠬᠣᠪᠲᠣᠭ ᠰᠠᠨᠠᠬ᠋᠎ᠠ ᠬᠡᠲᠦᠷᠡᠵᠦ
 ᠬᠣᠭᠣᠰᠣᠨ ᠪᠠᠶ᠋ᠢᠭᠰᠠᠨ ‍ᠢᠶ᠋ᠠᠨ ᠮᠠᠷᠲᠠᠪᠠ ‍ᠤᠤ ?
 ᠬᠣᠭᠣᠯᠠᠨ ‍ᠳᠤ ᠶᠡᠬᠡ ᠴᠠᠤᠠᠴᠤ
 ᠭᠠᠯᠵᠠᠭᠤ ᠡᠪᠡᠤᠠᠴᠢᠨ ᠳᠤᠰᠪᠠ ‍ᠤᠤ ?
 ᠲᠡᠭᠰᠢ ᠵᠥᠪ ᠠᠯᠬᠤᠵᠤ ᠴᠢᠲᠠᠬᠤ ᠦᠭᠡᠢ ᠡᠶ᠋ᠢᠮᠦ ᠡᠮᠡᠭᠡᠨ
 ᠳᠡᠭᠡᠳᠦ ᠬᠠᠭᠠᠨ ᠪᠣᠯᠵᠤ ᠶᠠᠭᠠᠬᠢᠵᠤ ᠴᠢᠲᠠᠬᠤ ᠪᠤᠢ
 ᠳᠡᠯᠡᠬᠡᠢ ‍ᠶ᠋ᠢᠨ ᠬᠥᠮᠦᠨ ᠠᠮᠢᠲᠠᠨ ‍ᠤ  ᠡᠯᠡᠭ ᠳᠣᠭᠣᠬᠢ ᠪᠣᠯᠤᠨ᠎ᠠ
 ᠪᠦᠲᠦᠨ ᠦᠭᠡ ᠬᠡᠯᠡᠵᠦ ᠴᠢᠲᠠᠬᠤ ᠦᠭᠡᠢ ᠡᠶ᠋ᠢᠮᠦ ᠡᠮᠡᠭᠡᠨ
 ᠪᠥᠬᠥᠲᠡ ‍ᠶ᠋ᠢᠨ ᠬᠠᠭᠠᠨ ᠪᠣᠯᠵᠤ ᠶᠠᠭᠠᠬᠢᠵᠤ ᠴᠢᠲᠠᠬᠤ ᠶᠤᠮ  ᠪᠤᠢ
 ᠪᠦᠬᠦ ᠣᠯᠠᠨ ᠠᠮᠢᠲᠠᠨ ‍ᠤ ᠢᠴᠢᠭᠦᠷᠢ ᠰᠤᠨᠵᠢᠭᠤᠷᠢ ᠪᠣᠯᠤᠨ᠎ᠠ》
 ᠡᠮᠡᠭᠡᠨ ᠶᠡᠬᠡ ᠎ᠪᠡᠷ ᠠᠭᠤᠷᠯᠠᠵᠤ
 ᠡᠯᠲᠡᠪ ᠵᠦᠢᠯ ‍ᠢᠶ᠋ᠡᠷ ᠬᠠᠷᠢᠶᠠᠵᠤ
 ᠲᠠᠷᠢᠶᠠᠴᠢᠨ ᠡᠪᠦᠭᠡᠨ ‍ᠦ ᠬᠠᠴᠠᠷ ‍ᠢ
 ᠲᠠᠱ ᠭᠡᠲᠡᠯ᠎ᠡ ᠠᠯᠠᠭᠠᠲᠠᠭᠠᠳ
 ᠰᠦᠷᠡᠬᠡᠢ ᠶᠠᠩᠵᠤ ᠎ᠪᠠᠷ ᠬᠠᠷᠠᠵᠤ
 ᠰᠦᠷᠲᠡᠭᠦᠯᠵᠦ ᠪᠠᠶ᠋ᠢᠭᠠᠳ ᠲᠤᠰᠢᠶᠠᠪᠠ ᠃ 
 《 ᠲᠠᠶ᠋ᠢᠵᠢ ᠢᠵᠠᠭᠤᠷᠲᠠᠨ ᠮᠢᠨᠦ
 ᠲᠠᠭᠠᠯᠠᠯ ᠲᠤᠰᠢᠶᠠᠯ ᠬᠣᠶᠠᠷ ‍ᠢ
 ᠵᠦᠨᠦᠭ ᠮᠠᠭᠤ ᠲᠠᠷᠢᠶᠠᠴᠢᠨ
 ᠵᠥᠷᠢᠴᠡᠵᠦ ᠪᠣᠯᠲᠠᠭ ᠶᠤᠮ ‍ᠤᠤ
 ᠳᠤᠷᠠᠲᠠᠢ ᠳᠤᠷ᠎ᠠ ᠦᠭᠡᠢ ‍ᠶ᠋ᠢ ᠬᠠᠮᠢᠶᠠᠷᠬᠤ ᠦᠭᠡᠢ
 ᠲᠤᠰᠢᠶᠠᠵᠤ ᠪᠠᠶ᠋ᠢᠨ᠎ᠠ ᠴᠢᠮ᠎ᠠ ‍ᠳᠤ
 ᠳᠠᠭᠤ ᠦᠭᠡᠢ ᠶᠠᠪᠤᠬᠤ ᠦᠭᠡᠢ ᠪᠣᠯᠪᠠᠯ
 ᠴᠢᠷᠦᠭᠡᠳ ᠶᠠᠪᠤᠭᠤᠯᠤᠨ᠎ᠠ ᠴᠢᠮ᠎ᠠ ‍ᠶ᠋ᠢ ᠃》
 ᠡᠪᠦᠭᠡᠨ ᠠᠷᠬ᠋᠎ᠠ ᠶᠠᠲᠠᠵᠤ
 ᠥᠨᠥᠬᠢ ᠳᠠᠯᠠᠢ ‍ᠲᠤ ᠎ᠪᠠᠨ ᠢᠷᠡᠯ᠎ᠡ
 ᠳᠠᠯᠠᠢ ‍ᠶ᠋ᠢᠨ ᠤᠰᠤ ᠬᠠᠷᠠᠯᠠᠵᠤ
 ᠳᠠᠪᠠᠯᠭᠠᠯᠠᠵᠤ ᠴᠠᠯᠭᠢᠯᠠᠵᠤ  ᠪᠠᠢᠪᠠ
 ᠠᠯᠲᠠᠨ ᠵᠢᠭᠠᠰᠤ ‍ᠶ᠋ᠢ ᠳᠠᠭᠤᠳᠠᠭᠰᠠᠨ ‍ᠳᠤ 
 ᠠᠯᠲᠠᠨ ᠵᠢᠭᠠᠰᠤ  ᠬᠦᠪᠦᠭᠰᠡᠭᠡᠷ
 ᠡᠮᠦᠨ᠎ᠡ ᠨᠢ ᠬᠦᠷᠴᠦ ᠢᠷᠡᠭᠡᠳ
 ᠡᠪᠦᠭᠡᠨ ᠎ᠡᠴᠡ ᠢᠩᠭᠢᠵᠦ ᠠᠰᠠᠭᠤᠪᠠ ᠄
 《 ᠬᠦᠨᠲᠦᠲᠦ ᠡᠪᠦᠭᠡᠨ ᠠᠬ᠎ᠠ ᠮᠢᠨᠢ
 ᠬᠦᠷᠦᠭᠡᠳ ᠢᠷᠡᠪᠡ ‍ᠦᠦ ᠪᠠᠰᠠ
 ᠶᠠᠪᠤᠲᠠᠯ ᠤᠴᠢᠷ ᠶᠠᠭᠤ ᠪᠣᠢ
 ᠶᠠᠮᠠᠷ ᠬᠡᠷᠡᠭ ᠶ᠋ᠢᠡᠷ ᠢᠷᠡᠪᠡ ?》
 ᠡᠪᠦᠳᠦᠭ ᠨᠤᠭᠤᠯᠵᠤ ᠮᠥᠷᠭᠥᠭᠡᠳ
 ᠡᠪᠦᠭᠡᠨ ᠬᠠᠷᠢᠭᠤ ᠬᠡᠯᠡᠯ᠎ᠡ
 《ᠬᠠᠲᠤᠨ ᠳᠡᠭᠡᠳᠦ ᠵᠢᠭᠠᠰᠤ ᠮᠢᠨᠢ
 ᠬᠠᠶ᠋ᠢᠷᠠᠯᠠᠵᠤ ᠨᠠᠮ᠎ᠠ ‍ᠶ᠋ᠢ ᠥᠷᠥᠰᠢᠶᠡ
 ᠤᠷᠰᠢᠭᠲᠤ ᠮᠠᠭᠤ ᠡᠮᠡᠭᠡᠨ
 ᠠᠭᠤᠷᠯᠠᠵᠤ ᠵᠠᠩᠨᠠᠭᠠᠳ  ᠪᠣᠯᠳᠠᠭ ᠦᠭᠡᠢ
 ᠬᠠᠷᠠᠴᠤ ᠲᠠᠷᠢᠶᠠᠴᠢᠨ ᠪᠠᠶ᠋ᠢᠭᠠᠳ
 ᠬᠠᠮᠵᠢᠯᠭᠠᠲᠤ ᠲᠠᠶ᠋ᠢᠵᠢ ᠪᠣᠯᠤᠭᠰᠠᠨ ᠶᠤᠮ
 ᠬᠠᠮᠵᠢᠯᠭᠠᠲᠤ ᠲᠠᠶ᠋ᠢᠵᠢ ᠎ᠪᠠᠨ ᠪᠣᠯᠢᠭᠠᠳ 
 ᠬᠠᠭᠠᠨ ᠪᠣᠯᠬᠤ ‍ᠳᠤ ᠶᠠᠭᠠᠬᠢᠲᠠᠭ ᠶᠤᠮ
 ᠬᠠᠲᠤᠨ ᠬᠠᠭᠠᠨ ᠪᠣᠯᠤᠭᠠᠳ
 ᠬᠠᠮᠤᠭ ᠤᠯᠠᠨ ‍ᠢ ᠵᠠᠬᠢᠷᠤᠨ᠎ᠠ ᠭᠡᠨ᠎ᠡ
 ᠨᠣᠶᠠᠨ ᠵᠡᠷᠭᠡ ᠎ᠪᠡᠨ ᠭᠣᠯᠣᠵᠤ
 ᠲᠠᠶ᠋ᠢᠵᠢ ᠢᠵᠠᠭᠤᠷ ‍ᠢᠶ᠋ᠠᠨ ᠴᠢᠮᠠᠯᠠᠵᠤ
 ᠡᠷᠬᠡ ᠬᠦᠴᠦ ᠲᠡᠭᠦᠯᠲᠡᠷ 
 ᠡᠵᠡᠨ ᠬᠠᠲᠤᠨ ᠪᠣᠯᠤᠨ᠎ᠠ ᠭᠡᠵᠦ
 ᠡᠮᠡᠭᠡᠨ ᠵᠠᠩᠨᠠᠭᠠᠳ  ᠪᠤᠯᠳᠠᠭ ᠦᠭᠡᠢ》
 ᠠᠯᠲᠠᠨ ᠵᠢᠭᠠᠰᠤ  ᠬᠡᠯᠡᠪᠡ
《 ᠠᠴᠢᠲᠤ ᠪᠤᠭᠤᠷᠤᠯ ᠡᠪᠦᠭᠡᠨ ᠮᠢᠨᠢ
 ᠵᠣᠷᠢᠵᠤ  ᠢᠷᠡᠭᠰᠡᠨ  ᠬᠡᠷᠡᠭ ᠴᠢᠨᠢ
 ᠵᠣᠪᠠᠬᠤ ᠶᠠᠭᠤᠮ᠎ᠠ ᠦᠭᠡᠢ ᠪᠦᠲᠦᠨ᠎ᠡ 
 ᠡᠷᠬᠡᠲᠦ ᠲᠩᠷᠢ ᠎᠎ ‍ᠲᠦ ᠢᠲᠡᠭᠡᠵᠦ
 ᠭᠡᠷ ᠎ᠲᠡᠭᠡᠨ ᠬᠠᠷᠢ ᠠ᠋ ! ᠡᠪᠦᠭᠡᠨ ᠮᠢᠨᠢ
 ᠡᠮᠡᠭᠡᠨ ᠴᠢᠨᠢ ᠣᠲᠣᠬᠠᠨ
 ᠡᠵᠡᠨ ᠬᠠᠭᠠᠨ ᠪᠣᠯᠤᠨ᠎ᠠ 》 ᠭᠡᠵᠡᠢ᠃
 ᠡᠪᠦᠭᠡᠨ ᠨᠢ ᠪᠤᠴᠠᠭᠠᠳ ᠢᠷᠡᠬᠦ ‍ᠲᠦ
 ᠥᠨᠲᠥᠷ ᠰᠠᠶ᠋ᠢᠬᠠᠨ ᠣᠷᠲᠣᠨ
 ᠡᠮᠦᠨ᠎ᠡ ᠨᠢ ᠬᠠᠷᠠᠭᠲᠠᠵᠤ ᠭᠡᠨ᠎ᠡ
 ᠬᠠᠭᠠᠨ ‍ᠤ ᠣᠷᠲᠣᠨ ‍ᠳᠦ ᠡᠮᠡᠭᠡᠨ  ᠨᠢ
 ᠬᠠᠲᠤᠨ ᠪᠣᠯᠤᠭᠠᠳ ᠵᠠᠯᠠᠷᠠᠵᠤ  ᠪᠠᠢᠪᠠ
 ᠡᠷᠬᠡᠲᠦ ᠬᠠᠲᠤᠨ ᠪᠣᠯᠤᠭᠠᠳ
 ᠡᠵᠡᠨ ‍ᠦ ᠰᠢᠷᠡᠭᠡᠨ ‍ᠳᠦ  ᠰᠠᠭᠤᠭᠠᠳ
 ᠪᠢᠷ ᠴᠠᠭᠠᠰᠤ ᠪᠠᠷᠢᠭᠰᠠᠨ
 ᠪᠢᠴᠢᠭ᠌ ‍ᠦᠨ ᠳᠦᠰᠢᠮᠡᠳ᠎ ‍ᠢᠶ᠋ᠡᠷ ᠲᠣᠭᠣᠷᠢᠭᠤᠯᠵᠤ
 ᠪᠠᠯᠲᠠ ᠰᠦᠬᠡ ᠳᠠᠯᠠᠶ᠋ᠢᠭᠰᠠᠨ
 ᠪᠠᠭᠠᠲᠤᠷ ᠴᠡᠷᠢᠭ ‍ᠢᠶ᠋ᠡᠷ ᠬᠦᠷᠢᠶᠡᠯᠡᠭᠦᠯᠵᠤ
 ᠨᠣᠶᠠᠳ ‍ᠢᠶ᠋ᠠᠷ ᠬᠤᠨᠲᠠᠬ᠋᠎ᠠ ᠪᠠᠷᠢᠭᠤᠯᠵᠤ
 ᠳᠦᠰᠢᠮᠡᠳ ‍ᠢᠶ᠋ᠡᠷ ᠰᠥᠩ  ᠳᠦᠰᠢᠭᠦᠯᠵᠦ
 ᠳᠠᠯᠠᠢ ‍ᠶ᠋ᠢᠨ ᠴᠠᠭᠠᠨ᠎ᠠ ᠠ᠋ᠴᠠ ᠠᠪᠴᠢᠷᠠᠭᠰᠠᠨ
 ᠳᠠᠷᠠᠰᠤ ᠤᠤᠭᠤᠭᠠᠳ ᠨᠠᠷᠭᠢᠵᠤ  ᠪᠠᠢᠪᠠ᠃
 ᠠᠷᠢᠭᠤᠨ  ᠰᠠᠢᠬᠠᠨ ᠢᠳᠡᠭᠡ᠎ ‍ᠶ᠋ᠢ
 ᠠᠮᠲᠠᠯᠠᠵᠤ ᠦᠵᠡᠭᠡᠳ ᠢᠷᠪᠠᠢᠵᠤ ᠪᠠᠢᠪᠠ᠃
 ᠡᠪᠦᠭᠡᠨ ᠲᠡᠭᠦᠨ ‍ᠢ ᠬᠠᠷᠠᠭᠠᠳ
 ᠥᠪᠡᠷ ‍ᠦᠨ ᠡᠷᠬᠡ ᠦᠭᠡᠢ ᠰᠦᠷᠲᠡᠵᠦ
 ᠠᠶᠤᠮᠰᠢᠭᠲᠤ ᠬᠠᠲᠤᠨ ᠬᠠᠭᠠᠨ ‍ᠤ
 ᠠᠮᠤᠷ ‍ᠢ  ᠠᠢᠯᠠᠳᠬᠠᠨ ᠮᠦᠷᠭᠦᠯ᠎ᠡ ᠃
 《 ᠡᠷᠬᠡᠲᠦ ᠳᠡᠭᠡᠳᠦ ᠬᠠᠲᠤᠨ ᠮᠢᠨᠢ
 ᠡᠩᠬᠡ ᠮᠣᠷᠢᠯᠠᠵᠤ ᠪᠠᠶ᠋ᠢᠨ᠎ᠠ ‍ᠤᠤ ?
 ᠲᠠᠨ ‍ᠤ  ᠬᠦᠰᠡᠭᠰᠡᠨ ᠵᠦᠢᠯ
 ᠲᠠᠭᠠᠯᠠᠯ ᠶᠣᠰᠣᠭᠠᠷ ᠪᠣᠯᠵᠤ
 ᠰᠠᠨᠠᠭᠰᠠᠨ ᠬᠡᠷᠡᠭ ᠪᠦᠲᠦᠭᠰᠡᠨ ‍ᠳᠦ
 ᠰᠠᠨᠠᠬ᠋᠎ᠠ ᠰᠡᠤᠠᠬᠢᠯ ᠠᠮᠠᠷᠠᠪᠠ ‍ᠤᠤ ?》
 ᠡᠮᠡᠭᠡᠨ ᠲᠡᠷᠡ ᠡᠪᠦᠭᠡᠨ ‍ᠢ
 ᠨᠢᠲᠦ ᠎ᠪᠡᠷ ᠰᠢᠷᠪᠢᠵᠦ  ᠦᠵᠡᠭᠡᠳ
 ᠡᠷᠭᠢᠭᠦᠯᠵᠦ ᠬᠥᠭᠡᠭᠡ  ᠭᠡᠵᠦ
 ᠠᠮᠠ ᠎ᠪᠠᠷ ᠵᠠᠩᠲᠤᠷᠴᠤ ᠬᠡᠯᠡᠭᠡᠳ
 《 ᠡᠨᠡ ᠮᠠᠭᠤ ᠡᠪᠦᠭᠡᠨ 
 ᠡᠨᠲᠡ ᠶᠠᠭᠤᠨ ‍ᠲᠤ ᠢᠷᠡᠪᠡ ?
 ᠨᠢᠲᠦᠨ ‍ᠳᠦ  ᠦᠯᠦ ᠬᠠᠷᠠᠭᠳᠠᠬᠤ
 ᠴᠢᠬᠢᠨ ‍ᠳᠦ ᠦᠯᠦ  ᠳᠣᠭᠣᠯᠳᠠᠬᠤ
 ᠵᠠᠬ᠎ᠠ ᠬᠣᠯᠠ ‍ᠶ᠋ᠢᠨ ᠭᠠᠵᠠᠷ 
 ᠵᠠᠶ᠋ᠢᠯᠠᠭᠤᠯᠵᠤ ᠶᠠᠪᠤᠭᠤᠯ 》ᠭᠡᠵᠦ 
 ᠵᠠᠷᠤᠴᠠ ᠣᠯᠠᠨ ᠬᠥᠮᠦᠨ ᠳ᠋ᠡᠭᠡᠨ
 ᠵᠠᠷᠯᠢᠬ  ᠪᠠᠭᠤᠯᠤᠭᠠᠵᠤ ᠳᠤᠰᠢᠶᠠᠪᠠ᠃
 ᠣᠯᠠᠨ ᠴᠡᠷᠢᠭ  ᠳᠦᠰᠢᠮᠡᠳ ᠨᠢ
 ᠣᠮᠣᠭ ᠎ᠲᠠᠢ ᠴᠢᠩᠬ᠋᠎ᠠ ᠳᠤᠤᠭᠠᠷᠴᠤ
 ᠵᠢᠭᠠᠰᠤᠴᠢᠨ ᠮᠠᠭᠤ ᠡᠪᠦᠭᠡᠨ ‍ᠢ
 ᠵᠠᠭᠠᠮᠠᠲᠠᠵᠤ ᠪᠠᠷᠢᠵᠤ ᠠᠪᠤᠭᠠᠳ 
 ᠤᠷᠤᠭᠰᠢ ᠲᠡᠲᠡᠨ ᠨᠤᠭᠤᠴᠢᠯᠠᠵᠤ
 ᠤᠭᠤᠴᠠᠨ ᠳᠡᠭᠡᠷ᠎ᠡ ᠨᠢ ᠨᠢᠲᠤᠷᠴᠤ
 ᠭᠠᠲᠠᠨ᠎ᠠ ᠭᠠᠷᠲᠠᠯ᠎ᠠ ᠲᠦᠯᠬᠢᠪᠡ
 ᠭᠠᠵᠠᠷ ᠤᠨᠠᠲᠠᠯ᠎ᠠ ᠢᠰᠬᠦᠯᠪᠡ ᠃
 ᠬᠠᠭᠠᠯᠬ᠋᠎ᠠ ᠎ᠪᠠᠷ ᠭᠠᠷᠬᠤ ‍ᠶ᠋ᠢᠨ ᠦᠶ᠎ᠡ ‍ᠳᠦ
 ᠬᠠᠷᠠᠭᠤᠯ ‍ᠤᠨ ᠴᠠᠭᠲᠠᠬ᠋᠎ᠠ ᠲᠤᠯᠭᠠᠷᠠᠵᠤ
 ᠠᠯᠮᠠᠰ ᠰᠦᠬᠡ ᠎ᠪᠡᠨ ᠳᠠᠯᠠᠶ᠋ᠢᠭᠠᠳ
 ᠠᠷᠠᠢ ᠯᠠ ᠴᠠᠪᠴᠢᠵᠤ ᠠᠯᠠᠭᠰᠠᠨ ᠦᠭᠡᠢ
 ᠣᠷᠲᠣᠨ ᠠ᠋ᠴᠠ ᠳᠥᠩᠭᠡᠵᠦ ᠭᠠᠷᠲᠠᠯ᠎ᠠ
 ᠣᠯᠠᠨ ᠬᠥᠮᠦᠨ ᠢᠨᠢᠶᠡᠯᠲᠦᠬᠦ ᠨᠢ
 ᠶᠠᠩᠪᠠᠲᠠᠨ ᠶᠡᠬᠡᠰ ᠎ᠲᠡᠢ ᠠᠭᠤᠯᠵᠠᠬᠤ
 ᠶᠠᠮᠠᠷ ᠬᠡᠷᠡᠭ ᠎ᠲᠡᠢ ᠴᠢ
 ᠬᠢᠷᠢ ᠎ᠪᠡᠨ ᠮᠡᠲᠡᠵᠦ ᠶᠠᠪᠤ
 ᠪᠢᠷ᠎ᠠ ᠎ᠪᠠᠨ ᠮᠡᠲᠡᠵᠦ ᠡᠷᠭᠦ ᠃ 》
 ᠬᠡᠷᠡᠭ ᠲᠦᠪᠡᠭ ᠭᠠᠷᠭᠠᠯ ᠦᠭᠡᠢ
 ᠬᠡᠲᠦ ᠬᠣᠨᠣᠭ ᠪᠣᠯᠵᠤ ᠪᠠᠶ᠋ᠢᠲᠠᠯ᠎ᠠ
 ᠬᠡᠷᠡᠭᠦᠯᠴᠢ ᠮᠠᠭᠤ ᠡᠮᠡᠭᠡᠨ ‍ᠦ
 ᠬᠡᠷᠴᠡᠭᠡᠢ ᠨᠢ ᠪᠠᠰᠠ  ᠬᠦᠳᠡᠯᠦᠯ᠎ᠡ ᠃
 ᠡᠷ᠎ᠡ ᠨᠥᠬᠥᠷ ‍ᠢ ᠮᠢᠨᠢ ᠣᠯ 》ᠭᠡᠵᠦ
 ᠡᠮᠡᠭᠡᠨ ᠵᠠᠩᠲᠤᠷᠤᠨ ᠲᠤᠰᠢᠶᠠᠭᠠᠳ
 ᠣᠷᠲᠣᠨ ‍ᠤ ᠪᠠᠷ᠎ᠠ ᠪᠣᠯᠤᠭᠴᠢᠳ ‍ᠢᠶ᠋ᠠᠨ
 ᠣᠯᠠᠨ ᠲᠡᠶ᠋ᠢᠰᠢ ᠨᠢ ᠶᠠᠪᠤᠭᠤᠯᠪᠠ
 ᠡᠯᠴᠢ ᠴᠠᠭᠲᠠᠬ᠋᠎ᠠ  ᠮᠣᠷᠳᠠᠭᠠᠳ
 ᠡᠷᠢᠵᠦ ᠰᠤᠷᠠᠵᠤ ᠣᠯᠤᠭᠠᠳ
 ᠬᠠᠷᠠᠴᠤ ᠡᠪᠦᠭᠡᠨ ‍ᠢ ᠠᠪᠴᠢᠷᠠᠵᠤ
 ᠬᠠᠲᠤᠨ ᠬᠠᠭᠠᠨ ‍ᠳᠤ ᠮᠥᠷᠭᠥᠭᠦᠯᠪᠡ ᠃
 ᠡᠷᠬᠡᠲᠦ ᠬᠠᠲᠤᠨ ᠬᠠᠭᠠᠨ
 ᠡᠵᠡᠨ ‍ᠤ ᠰᠢᠷᠡᠭᠡᠨ ᠳᠡᠭᠡᠷ᠎ᠡ᠎ᠡᠴᠡ
 ᠡᠪᠦᠭᠡᠨ ᠪᠣᠯᠣᠭᠰᠠᠨ ᠨᠦᠬᠦᠷ ᠲᠡᠭᠡᠨ
 ᠦᠨᠳᠦᠷ ᠳᠠᠭᠤ ᠎ᠪᠠᠷ ᠳᠤᠰᠢᠶᠠᠵᠤ ᠭᠡᠨ᠎ᠡ᠃
 《 ᠵᠢᠭᠠᠰᠤᠨ ‍ᠳᠤ ᠣᠴᠢᠭᠠᠳ ᠮᠥᠷᠭᠥ
 ᠵᠠᠯᠪᠠᠷᠢᠵᠤ ᠭᠤᠶᠤᠭᠠᠳ ᠢᠷ᠎ᠡ
 ᠬᠥᠮᠦᠨ ‍ᠤ ᠬᠠᠭᠠᠨ ᠪᠣᠯᠤᠭᠰᠠᠨ ᠴᠤ᠌
 ᠬᠦᠰᠡᠯ ᠵᠢᠷᠭᠠᠯ ᠳᠤᠲᠠᠭᠤ ᠪᠠᠶ᠋ᠢᠨ᠎ᠠ
 ᠡᠵᠡᠨ ᠬᠠᠭᠠᠨ ᠪᠣᠯᠤᠭᠰᠠᠨ ᠴᠤ᠌
 ᠡᠷᠬᠡ ᠶᠠᠩᠪᠠ ‍ᠶ᠋ᠢ ᠴᠢᠮᠠᠯᠠᠵᠤ ᠪᠠᠶ᠋ᠢᠨ᠎ᠠ
 ᠲᠠᠩᠭᠢᠰ ᠳᠠᠯᠠᠢ ‍ᠶ᠋ᠢ ᠡᠵᠡᠯᠡᠵᠦ
 ᠲᠩᠷᠢ ᠭᠠᠵᠠᠷ ‍ᠢ ᠵᠠᠬᠢᠷᠤᠨ᠎ᠠ ᠪᠢ
 ᠠᠯᠲᠠᠨ ᠵᠢᠭᠠᠰᠤ ᠥᠪᠡᠷ ‍ᠢᠶ᠋ᠡᠨ
 ᠠᠯᠪᠠᠲᠤ ᠵᠠᠷᠤᠴᠠ ᠮᠢᠨᠢ ᠪᠣᠯᠤᠭ
 ᠶᠠᠪᠤ ᠭᠡᠰᠡᠨ ᠭᠠᠵᠠᠷ᠎ ᠲᠦ
 ᠶᠠᠪᠤᠵᠤ ᠪᠠᠶ᠋ᠢᠬ ᠲᠡᠷᠡ
 ᠵᠣᠭᠰᠣ ᠭᠡᠰᠡᠨ ᠭᠠᠵᠠᠷ᠎ ᠲᠦ
 ᠵᠣᠭᠰᠣᠵᠤ ᠪᠠᠶ᠋ᠢᠬ ᠲᠡᠷᠡ 》
 ᠡᠪᠦᠭᠡᠨ ᠡᠮᠡᠭᠡᠨ ‍ᠢ  ᠪᠤᠷᠤᠭᠤᠰᠢᠶᠠᠪᠠᠴᠤ
 ᠦᠭᠡ ᠬᠡᠯᠡᠵᠦ ᠴᠢᠲᠠᠭᠰᠠᠨ ᠦᠭᠡᠢ
 ᠲᠤᠰᠢᠶᠠᠯ ‍ᠢ ᠳᠠᠭᠠᠵᠤ ᠭᠦᠢᠴᠡᠤᠠᠬᠡᠬᠦ ᠎ᠪᠡᠷ
 ᠳᠠᠭᠤ ᠦᠭᠡᠢ ᠭᠡᠲᠡᠷᠭᠦ ᠶᠠᠪᠤᠯ᠎ᠠ ᠃
 ᠳᠠᠯᠠᠢ ‍ᠶ᠋ᠢᠨ ᠬᠥᠪᠡᠭᠡᠨ ‍ᠳᠦ ᠣᠴᠢᠪᠠᠯ
 ᠳᠠᠪᠠᠯᠭᠠᠨ ᠭᠡᠳᠡᠭ ᠤᠴᠢᠷ ᠦᠭᠡᠢ
 ᠬᠠᠷ᠎ᠠ ᠰᠠᠯᠬᠢ ᠦᠯᠢᠶᠡᠵᠦ
 ᠬᠠᠷᠠᠩᠭᠤᠢ ᠰᠢᠭᠤᠷᠬ᠋᠎ᠠ  ᠲᠠᠯᠪᠢᠵᠤ
 ᠰᠦᠷᠡᠬᠡᠢ ᠳᠣᠯᠭᠢᠶᠠᠯᠠᠨ ᠴᠠᠯᠭᠢᠯᠠᠵᠤ
 ᠰᠦᠢᠳ ᠪᠣᠯᠵᠤ ᠪᠠᠶ᠋ᠢᠨ᠎ᠠ ᠭᠡᠨ᠎ᠡ 
 ᠠᠯᠲᠠᠨ ᠵᠢᠭᠠᠰᠤ ‍ᠶ᠋ᠢ ᠳᠠᠭᠤᠳᠠᠭᠰᠠᠨ ‍ᠳᠤ
 ᠠᠯᠲᠠᠨ ᠵᠢᠭᠠᠰᠤ  ᠬᠦᠪᠦᠭᠰᠡᠭᠡᠷ
 ᠡᠮᠦᠨ᠎ᠡ ᠨᠢ ᠬᠦᠷᠴᠦ ᠢᠷᠡᠭᠡᠳ
 ᠡᠪᠦᠭᠡᠨ ᠎ᠡᠴᠡ ᠢᠩᠭᠢᠵᠦ  ᠠᠰᠠᠭᠤᠪᠠ ᠄
 《 ᠬᠦᠨᠲᠦᠲᠦ ᠡᠪᠦᠭᠡᠨ ᠠᠬ᠎ᠠ ᠮᠢᠨᠢ
 ᠬᠦᠷᠦᠭᠡᠳ ᠢᠷᠡᠪᠡ ‍ᠦᠦ ᠪᠠᠰᠠ
 ᠶᠠᠪᠤᠲᠠᠯ ᠤᠴᠢᠷ ᠶᠠᠭᠤ ᠪᠣᠢ
 ᠶᠠᠮᠠᠷ ᠬᠡᠷᠡᠭ ‍ᠢᠶ᠋ᠡᠷ ᠢᠷᠡᠪᠡ ?》
 ᠡᠪᠦᠳᠦᠭ ᠨᠤᠭᠤᠯᠵᠤ ᠮᠥᠷᠭᠥᠭᠡᠳ 
 ᠡᠪᠦᠭᠡᠨ ᠬᠠᠷᠢᠭᠤ  ᠬᠡᠯᠡᠪᠡ
 《 ᠬᠠᠲᠤᠨ ᠳᠡᠭᠡᠳᠦ ᠵᠢᠭᠠᠰᠤ ᠮᠢᠨᠢ
 ᠬᠠᠶ᠋ᠢᠷᠠᠯᠠᠵᠤ ᠨᠠᠮ᠎ᠠ ‍ᠶ᠋ᠢ ᠥᠷᠥᠰᠢᠶᠡ
 ᠤᠷᠰᠢᠭᠲᠤ ᠮᠠᠭᠤ ᠡᠮᠡᠭᠡᠨ 
 ᠠᠭᠤᠷᠯᠠᠵᠤ ᠵᠠᠩᠨᠠᠭᠠᠳ ᠪᠣᠯᠳᠠᠭ ᠦᠭᠡᠢ
 ᠬᠥᠮᠦᠨ ‍ᠤ ᠬᠠᠭᠠᠨ ᠪᠣᠯᠣᠭᠰᠠᠨ ᠴᠤ᠌
 ᠬᠦᠰᠡᠯ ᠵᠢᠷᠭᠠᠯ ᠲᠤᠲᠠᠭᠤ ᠭᠡᠨ᠎ᠡ
 ᠡᠵᠡᠨ ᠬᠠᠭᠠᠨ ᠪᠣᠯᠤᠭᠰᠠᠨ ᠴᠤ᠌
 ᠡᠷᠬᠡ ᠶᠠᠩᠪᠠ ‍ᠶ᠋ᠢ ᠴᠢᠮᠠᠯᠠᠨ᠎ᠠ ᠭᠡᠨ᠎ᠡ
 ᠲᠠᠩᠭᠢᠰ ᠳᠠᠯᠠᠢ ‍ᠶ᠋ᠢ ᠡᠵᠡᠯᠡᠵᠦ
 ᠲᠩᠷᠢ ᠭᠠᠵᠠᠷ ‍ᠢ ᠵᠠᠬᠢᠷᠤᠨ᠎ᠠ ᠭᠡᠨ᠎ᠡ
 ᠠᠯᠲᠠᠨ ᠵᠢᠭᠠᠰᠤ ᠴᠢᠮ᠎ᠠ ‍ᠶ᠋ᠢ
 ᠠᠯᠪᠠᠲᠤ ᠵᠠᠷᠤᠴᠠ ᠎ᠪᠠᠨ ᠪᠣᠯᠭᠠᠨ᠎ᠠ ᠭᠡᠨ᠎ᠡ
 ᠶᠠᠪᠤ ᠭᠡᠰᠡᠨ ᠭᠠᠵᠠᠷ ᠲᠦ
 ᠶᠠᠪᠤᠵᠤ ᠪᠠᠶ᠋ᠢᠬᠤ ᠬᠡᠷᠡᠭᠲᠡᠢ ᠭᠡᠨ᠎ᠡ
 ᠵᠣᠭᠰᠣ ᠭᠡᠰᠡᠨ ᠭᠠᠵᠠᠷ ᠲᠦ
 ᠵᠣᠭᠰᠣᠵᠤ ᠪᠠᠶ᠋ᠢᠬᠤ ᠬᠡᠷᠡᠭᠲᠡᠢ ᠭᠡᠨ᠎ᠡ 》
 ᠡᠨᠡ ᠦᠭᠡ ‍ᠶ᠋ᠢ ᠰᠣᠨᠣᠰᠤᠭᠠᠳ
 ᠡᠷᠲᠡᠨᠢᠲᠦ ᠠᠯᠲᠠᠨ ᠵᠢᠭᠠᠰᠤ
 ᠬᠠᠷᠢᠭᠤ ᠶᠠᠭᠤ᠎ ᠴᠤ᠌ ᠬᠡᠯᠡᠭᠰᠡᠨ ᠦᠭᠡᠢ
 ᠬᠠᠵᠠᠭᠤ ᠲᠡᠶ᠋ᠢᠰᠢ ᠡᠷᠭᠢᠵᠦ
 ᠰᠡᠭᠦᠯ ‍ᠢᠶ᠋ᠡᠨ ᠭᠠᠭᠴᠠ ᠰᠢᠷᠪᠠᠭᠠᠳ
 ᠭᠦᠨ ᠳᠠᠯᠠᠢ ‍ᠳᠤ ᠣᠷᠣᠴᠢᠬᠠᠪᠠ
 ᠡᠪᠦᠭᠡᠨ ᠬᠠᠷᠢᠭᠤ ᠬᠦᠯᠢᠶᠡᠵᠦ
 ᠤᠲᠠᠲᠠᠯ᠎ᠠ ᠵᠣᠭᠰᠣᠪᠠᠴᠤ
 ᠠᠯᠲᠠᠨ ᠵᠢᠭᠠᠰᠤ ᠶᠡᠷᠦ
 ᠡᠷᠭᠢᠵᠦ ᠭᠠᠷᠴᠤ  ᠢᠷᠡᠭᠰᠡᠨ ᠦᠭᠡᠢ
 ᠬᠠᠷᠢᠭᠤ ᠬᠦᠯᠢᠶᠡᠵᠦ ᠶᠠᠲᠠᠭᠠᠳ
 ᠬᠠᠷᠢᠵᠤ ᠡᠮᠡᠭᠡᠨ ᠳ᠋ᠡᠭᠡᠨ ᠢᠷᠡᠲᠡᠯ᠎ᠡ
 ᠣᠷᠲᠣ ᠬᠠᠷᠰᠢ ‍ᠶ᠋ᠢᠨ ᠵᠦᠢᠯ
 ᠣᠷᠣ ᠦᠭᠡᠢ ᠠᠯᠠᠭ᠎ᠠ ᠪᠣᠯᠵᠤ ᠭᠡᠨ᠎ᠡ
 ᠭᠠᠶ᠋ᠢᠬᠠᠵᠤ ᠪᠠᠰᠠ ᠠᠵᠢᠭᠯᠠᠲᠠᠯ᠎ᠠ
 ᠭᠠᠵᠠᠷ ᠭᠡᠷ ᠨᠢ ᠬᠠᠷᠠᠭᠲᠠᠵᠤ ᠭᠡᠨ᠎ᠡ
 ᠡᠮᠡᠭᠡᠨ ᠲᠡᠭᠦᠨ ‍ᠦ ᠡᠭᠦᠳᠡᠨ ᠎ ‍ᠳᠤ
 ᠡᠭᠡᠷᠡᠦᠯ ‍ᠢᠶ᠋ᠡᠨ ᠪᠠᠷᠢᠵᠤ ᠰᠠᠭᠤᠨ᠎ᠠ
 ᠡᠮᠡᠭᠡᠨ ‍ᠦ ᠳᠡᠷᠭᠡᠳᠡ 
 ᠡᠪᠲᠡᠷᠬᠡᠢ ᠲᠡᠪᠰᠢ ᠨᠢ ᠬᠡᠪᠲᠡᠨ᠎ᠡ ᠃

          ᠦᠰᠦᠭ ᠠᠮᠢᠯᠠᠭᠤᠯᠤᠭᠴᠢ — ᠪᠠᠯᠵᠢ
             ᠬᠢᠨᠠᠭᠴᠢ ᠪᠠᠭᠰᠢ —  ᠪᠠᠶᠠᠷᠴᠡᠴᠡᠭ