ᠠᠯᠲᠠᠨ ᠠᠶᠠᠭ᠎ᠠ - ᠪᠤᠷᠢᠶᠠᠳ ᠠᠷᠠᠳ ᠤᠨ ᠦᠯᠢᠭᠡᠷАлтан аяга - Буриад ардын үлгэр Бүүвэй 2D _ Unitel ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠠᠶᠠᠭ᠎ᠠ - ᠪᠤᠷᠢᠶᠠᠳ ᠠᠷᠠᠳ ᠤᠨ ᠦᠯᠢᠭᠡᠷАлтан аяга - Буриад ардын үлгэр Бүүвэй 2D _ Unitel

ᠠᠯᠲᠠᠨ ᠠᠶᠠᠭ᠎ᠠ - ᠪᠤᠷᠢᠶᠠᠳ ᠠᠷᠠᠳ ᠤᠨ ᠦᠯᠢᠭᠡᠷАлтан аяга - Буриад ардын үлгэр Бүүвэй 2D _ Unitel

ᠠᠩᠭᠢᠯᠠᠯ:ᠳᠣᠮᠣᠭ ᠦᠯᠢᠭᠡᠷ
2023-01-28

743

ᠠᠯᠲᠠᠨ ᠠᠶᠠᠭ᠎ᠠ

             ᠪᠤᠷᠢᠶᠠᠳ ᠠᠷᠠᠳ ᠤ᠋ᠨ ᠦᠯᠢᠭᠡᠷ 

          ᠡᠷᠲᠡ ᠤᠷᠢᠳᠤ ᠶ᠋ᠢᠨ ᠴᠠᠭ ᠲᠤ᠌ ᠰᠠᠨᠠᠳ ᠭᠡᠳᠡᠭ ᠨᠢᠭᠡᠨ ᠬᠠᠭᠠᠨ ᠪᠠᠢᠵᠠᠢ᠃ ᠬᠠᠭᠠᠨ ᠰᠠᠨᠠᠳ ᠬᠠᠮᠤᠭ ᠠᠷᠠᠳ ᠤ᠋ᠨ ᠢ᠋ᠶ᠋ᠠᠨ ᠬᠠᠮᠲᠤ ᠤᠰᠤ ᠪᠡᠯᠴᠢᠭᠡᠷ ᠰᠠᠢᠲᠠᠢ ᠰᠠᠢᠬᠠᠨ ᠭᠠᠵᠠᠷ ᠨᠡᠭᠦᠬᠦ ᠪᠡᠷ ᠰᠢᠢᠳᠴᠡᠢ᠃ ᠨᠡᠭᠦᠨ ᠣᠴᠢᠬᠤ ᠭᠠᠵᠠᠷ ᠨᠢ ᠲᠤᠩ ᠬᠣᠯᠠ ᠭᠡᠨ᠎ᠡ᠃ ᠶᠡᠬᠡ ᠨᠡᠭᠦᠳᠡᠯ ᠦ᠋ᠨ ᠡᠮᠦᠨ᠎ᠡ ᠬᠠᠭᠠᠨ《 ᠬᠥᠭᠰᠢᠨ ᠬᠥᠮᠦᠰ ᠢ᠋ ᠦᠯᠡᠳᠡᠭᠡ》 ᠭᠡᠵᠦ ᠲᠤᠰᠢᠶᠠᠵᠠᠢ᠃
         《 ᠬᠥᠭᠰᠢᠴᠦᠳ ᠵᠠᠮ ᠳ᠋ᠤ᠌ ᠰᠠᠭᠠᠳ ᠪᠣᠯᠤᠨ᠎ᠠ᠃ ᠨᠢᠭᠡ ᠴᠦ᠍ ᠬᠥᠭᠰᠢᠨ ᠬᠥᠮᠦᠨ ᠢ᠋ ᠠᠪᠴᠤ ᠶᠠᠪᠤᠬᠤ ᠦᠭᠡᠢ᠂ ᠮᠢᠨᠦ ᠦᠭᠡ᠎ᠶᠢ ᠵᠥᠷᠢᠴᠡᠭᠰᠡᠨ ᠬᠥᠮᠦᠨ ᠢ᠋ ᠬᠠᠲᠠᠭᠤ ᠰᠢᠢᠳᠬᠡᠨ᠎ᠡ!》 ᠭᠡᠵᠦ ᠵᠠᠷᠯᠢᠭᠳᠠᠵᠠᠢ᠃ ᠬᠥᠮᠦᠰ ᠲᠦ᠍ ᠬᠡᠳᠦᠢᠴᠢᠨᠡᠭᠡᠨ ᠬᠡᠴᠡᠭᠦᠦ ᠪᠠᠢᠭᠰᠠᠨ ᠴᠦ᠍ ᠬᠠᠭᠠᠨ ᠤ᠋ ᠪᠠᠨ ᠵᠠᠷᠯᠢᠭ ᠢ᠋ ᠵᠥᠷᠢᠴᠡᠵᠦ ᠵᠢᠷᠦᠬᠡᠯᠡᠭᠰᠡᠨ ᠦᠭᠡᠢ᠃ ᠠᠷᠠᠳ ᠣᠯᠠᠨ ᠨᠢ ᠬᠠᠭᠠᠨ ᠠ᠋ᠴᠠ ᠪᠠᠨ ᠮᠠᠰᠢ ᠶᠡᠬᠡ ᠠᠶᠤᠳᠠᠭ ᠪᠠᠢᠵᠠᠢ᠃ ᠵᠥᠪᠬᠡᠨ ᠵᠠᠯᠠᠭᠤ ᠡᠷ᠎ᠡ ᠴᠡᠷᠡᠨ ᠯᠡ ᠬᠥᠭᠰᠢᠨ ᠡᠴᠢᠭᠡ ᠪᠡᠨ ᠦᠯᠡᠳᠡᠭᠡᠰᠡ ᠦᠭᠡᠢ᠃ ᠡᠴᠢᠭᠡ ᠪᠡᠨ ᠲᠣᠮᠣ ᠪᠣᠭᠴᠣᠨ ᠳ᠋ᠤ᠌ ᠬᠢᠭᠡᠳ ᠬᠠᠭᠠᠨ ᠳ᠋ᠤ᠌ ᠴᠦ᠍ ᠬᠡᠨ ᠳ᠋ᠦ᠍ ᠴᠦ᠍ ᠮᠡᠳᠡᠭᠳᠡᠬᠦ ᠦᠭᠡᠢ ᠪᠡᠷ ᠰᠢᠨ᠎ᠡ ᠭᠠᠵᠠᠷ ᠠᠪᠠᠴᠢᠨ᠎ᠠ ᠭᠡᠵᠦ ᠰᠢᠢᠳᠴᠡᠢ᠃ ᠲᠡᠭᠡᠭᠡᠳ ᠲᠡᠨᠳᠡ ᠶᠠᠭᠤ ᠪᠣᠯᠪᠠᠯ ᠪᠣᠯᠤᠭ ᠭᠡᠵᠦ ᠪᠣᠳᠣᠵᠠᠢ᠁
      ᠬᠠᠭᠠᠨ ᠰᠠᠨᠠᠳ ᠬᠠᠮᠤᠭ ᠠᠷᠠᠳ ᠤ᠋ᠨ ᠢ᠋ᠶ᠋ᠠᠨ ᠬᠠᠮᠲᠤ ᠡᠬᠡ ᠰᠦᠷᠦᠭ ᠢ᠋ᠶ᠋ᠡᠨ ᠳᠠᠭᠤᠨ ᠡᠮᠦᠨ᠎ᠡ ᠡᠴᠡ ᠬᠣᠢᠲᠤ ᠵᠦᠭ ᠢ᠋ ᠴᠢᠭᠯᠡᠨ ᠠᠯᠤᠰ ᠨᠤᠲᠤᠭ ᠢ᠋ ᠵᠣᠷᠢᠨ ᠶᠡᠬᠡ ᠨᠡᠭᠦᠳᠡᠯ ᠦ᠋ᠨ ᠵᠠᠮ ᠳ᠋ᠤ᠌ ᠪᠠᠨ ᠭᠠᠷᠴᠠᠢ᠃ ᠴᠡᠷᠡᠨ ᠦ᠌ ᠡᠴᠢᠭᠡ ᠴᠦ᠍ ᠮᠣᠷᠢᠨ ᠤ᠋ ᠨᠢᠷᠤᠭᠤᠨ ᠳ᠋ᠤ᠌ ᠲᠣᠬᠣᠭᠰᠠᠨ ᠲᠣᠮᠣ ᠪᠣᠭᠴᠣᠨ ᠳ᠋ᠤ᠌ ᠨᠢᠭᠤᠭᠳᠠᠨ ᠰᠠᠭᠤᠭᠠᠳ ᠪᠠᠰᠠ ᠯᠠ ᠨᠡᠭᠦᠳᠡᠯᠴᠢᠳ ᠲᠡᠢ ᠴᠣᠭ ᠶᠠᠪᠤᠵᠤ ᠪᠠᠢᠵᠠᠢ᠃ ᠴᠡᠷᠡᠨ ᠡᠴᠢᠭᠡ ᠪᠡᠨ ᠬᠥᠮᠦᠨ ᠠᠮᠢᠲᠠᠨ ᠠ᠋ᠴᠠ ᠳᠠᠯᠳᠠᠭᠤᠷ ᠬᠣᠭᠣᠯᠠᠯᠠᠵᠤ ᠤᠮᠳᠠᠯᠠᠨ᠂ ᠬᠠᠷᠠᠩᠭᠤᠢ ᠰᠥᠨᠢ ᠪᠣᠭᠴᠣᠨ ᠠ᠋ᠴᠠ ᠨᠢ ᠭᠠᠷᠭᠠᠨ ᠪᠡᠶ᠎ᠡ ᠶ᠋ᠢᠨ ᠬᠢᠨᠢ ᠴᠢᠯᠡᠭᠡ ᠶ᠋ᠢ ᠭᠠᠷᠭᠠᠨ ᠶᠠᠪᠤᠭᠰᠠᠭᠠᠷ ᠪᠠᠢᠵᠠᠢ ᠭᠡᠨ᠎ᠡ᠃ ᠲᠡᠭᠡᠵᠦ ᠶᠠᠪᠤᠭᠰᠠᠭᠠᠷ ᠲᠡᠳᠡ ᠨᠢᠭᠡ ᠶᠡᠬᠡ ᠲᠠᠩᠭᠢᠰ ᠤ᠋ᠨ ᠵᠠᠬ᠎ᠠ ᠳ᠋ᠤ᠌ ᠢᠷᠡᠵᠡᠢ᠃ ᠬᠠᠭᠠᠨ ᠰᠠᠨᠠᠳ《 ᠡᠨᠳᠡ ᠬᠣᠨᠣᠭᠯᠠᠶ᠎ᠠ》 ᠭᠡᠵᠡᠢ᠃
      ᠬᠠᠭᠠᠨ ᠤ᠋ ᠨᠢᠭᠡ ᠲᠦᠰᠢᠮᠡᠯ ᠲᠠᠩᠭᠢᠰ ᠤ᠋ᠨ ᠡᠷᠭᠢ ᠳ᠋ᠦ᠍ ᠵᠣᠭᠰᠣᠵᠤ ᠪᠠᠢᠭᠠᠳ ᠭᠡᠨᠡᠳᠲᠡ ᠲᠠᠩᠭᠢᠰ ᠳᠣᠲᠣᠷ᠎ᠠ ᠶᠠᠮᠠᠷ ᠨᠢᠭᠡᠨ ᠶᠠᠭᠤᠮ᠎ᠠ ᠭᠢᠯᠠᠯᠵᠠᠬᠤ ᠶ᠋ᠢ ᠣᠯᠵᠤ ᠬᠠᠷᠠᠵᠠᠢ᠃ ᠳᠠᠬᠢᠨ ᠬᠢᠨᠠᠮᠠᠭᠠᠢᠯᠠᠨ ᠬᠠᠷᠠᠪᠠᠯ ᠡᠨᠡ ᠨᠢ ᠮᠠᠰᠢ ᠭᠣᠶᠣᠮᠰᠣᠭ ᠬᠡᠯᠪᠡᠷᠢ ᠲᠡᠢ ᠠᠯᠲᠠᠨ ᠠᠶᠠᠭ᠎ᠠ ᠪᠣᠯᠬᠤ ᠶ᠋ᠢ ᠦᠵᠡᠵᠡᠢ᠃ ᠲᠡᠭᠡᠭᠡᠳ ᠬᠠᠭᠠᠨ ᠳ᠋ᠤ᠌ ᠪᠠᠨ ᠣᠴᠢᠵᠤ ᠲᠠᠩᠭᠢᠰ ᠤ᠋ᠨ ᠢᠷᠣᠭᠠᠷ ᠲᠤ᠌ ᠦᠨᠡᠲᠦ ᠠᠯᠲᠠᠨ ᠠᠶᠠᠭ᠎ᠠ ᠬᠡᠪᠲᠡᠵᠦ ᠪᠠᠢᠨ᠎ᠠ ᠭᠡᠵᠦ ᠬᠡᠯᠡᠵᠡᠢ᠃
          ᠬᠠᠭᠠᠨ ᠰᠠᠨᠠᠳ ᠰᠢᠭᠤᠳ ᠯᠠ《 ᠠᠯᠲᠠᠨ ᠠᠶᠠᠭ᠎ᠠ ᠶ᠋ᠢ ᠠᠪᠴᠢᠷᠠ 》 ᠭᠡᠵᠦ ᠲᠤᠰᠢᠶᠠᠵᠠᠢ᠃ ᠭᠡᠲᠡᠯ᠎ᠡ ᠥᠪᠡᠷ ᠦ᠋ᠨ ᠬᠦᠰᠡᠯ ᠢ᠋ᠶ᠋ᠡᠷ ᠲᠠᠩᠭᠢᠰ ᠤ᠋ᠨ ᠢᠷᠣᠭᠠᠷ ᠤᠷᠤᠭᠤ ᠱᠤᠮᠪᠠᠬᠤ ᠬᠥᠮᠦᠨ ᠣᠯᠳᠠᠭᠰᠠᠨ ᠦᠭᠡᠢ᠃ ᠲᠡᠭᠡᠬᠦ ᠳ᠋ᠦ᠍ ᠬᠠᠭᠠᠨ ᠰᠢᠪᠠᠭ᠎ᠠ ᠲᠠᠲᠠᠶ᠎ᠠ ᠭᠡᠵᠦ ᠲᠤᠰᠢᠶᠠᠭᠠᠳ ᠡᠬᠢᠯᠡᠭᠡᠳ ᠨᠢᠭᠡ ᠬᠥᠮᠦᠨ ᠲᠠᠩᠭᠢᠰ ᠤᠷᠤᠭᠤ ᠱᠤᠮᠪᠠᠵᠠᠢ ᠭᠡᠨ᠎ᠡ᠃ ᠲᠡᠷᠡ ᠬᠥᠮᠦᠨ ᠡᠷᠭᠢᠵᠦ ᠭᠠᠷᠴᠤ ᠢᠷᠡᠭᠰᠡᠨ ᠦᠭᠡᠢ᠃ ᠢᠩᠭᠢᠭᠡᠳ ᠬᠣᠶᠠᠳᠠᠬᠢ᠂ ᠭᠤᠷᠪᠠᠳᠠᠬᠢ᠂ ᠳᠥᠷᠪᠡᠳᠡᠬᠢ ᠭᠡᠳ ᠣᠯᠠᠨ ᠬᠥᠮᠦᠨ ᠥᠨᠳᠥᠷ ᠡᠷᠭᠢ ᠳᠡᠭᠡᠷ᠎ᠡ ᠡᠴᠡ ᠤᠰᠤ ᠤᠷᠤᠭᠤ ᠦᠰᠦᠷᠴᠡᠢ᠃ ᠢᠩᠭᠢᠭᠰᠡᠭᠡᠷ ᠰᠠᠨᠠᠳ ᠬᠠᠭᠠᠨ ᠤ᠋ ᠣᠯᠠᠨ ᠢᠷᠭᠡᠳ ᠲᠠᠩᠭᠢᠰ ᠤ᠋ᠨ ᠢᠷᠣᠭᠠᠷ ᠲᠤ᠌ ᠠᠮᠢ ᠪᠠᠨ ᠠᠯᠳᠠᠪᠠ᠃
ᠬᠠᠷᠢᠨ ᠴᠢᠪᠳᠡᠭ ᠰᠡᠳᠬᠢᠯᠲᠦ ᠰᠤᠪᠢᠳᠠᠭ ᠬᠠᠭᠠᠨ  ᠰᠠᠨᠠᠭᠰᠠᠨ ᠠ᠋ᠴᠠ ᠪᠠᠨ ᠪᠤᠴᠠᠭᠰᠠᠨ ᠦᠭᠡᠢ ᠂ ᠬᠠᠭᠠᠨ ᠤ᠋ ᠵᠠᠷᠯᠢᠭ ᠢ᠋ᠶ᠋ᠠᠷ ᠳᠤᠭᠤᠯᠭᠠᠪᠤᠷᠢᠲᠠᠢ ᠠᠷᠠᠳ ᠤ᠋ᠳ ᠨᠢ ᠨᠢᠭᠡ ᠨᠢᠭᠡ ᠪᠡᠷ ᠢ᠋ᠶ᠋ᠡᠨ ᠠᠷᠤ ᠠᠷᠤ ᠠ᠋ᠴᠠ ᠪᠠᠨ ᠤᠰᠤ ᠤᠷᠤᠭᠤ ᠣᠷᠣᠵᠤ ᠦᠬᠦᠭᠰᠡᠭᠡᠷ ᠪᠠᠢᠵᠠᠢ᠃
ᠲᠡᠭᠡᠲᠡᠯ᠎ᠡ ᠵᠠᠯᠠᠭᠤ ᠡᠷ᠎ᠡ ᠴᠡᠷᠡᠨ ᠦ᠌ ᠤᠰᠤ ᠤᠷᠤᠭᠤ ᠣᠷᠣᠬᠤ ᠡᠭᠡᠯᠵᠢ ᠪᠣᠯᠵᠠᠢ᠃ ᠴᠡᠷᠡᠨ ᠡᠴᠢᠭᠡ ᠶ᠋ᠢᠨ ᠢ᠋ᠶ᠋ᠡᠨ ᠳᠡᠷᠭᠡᠳᠡ ᠢᠷᠡᠨ ᠡᠴᠢᠭᠡ ᠲᠡᠢ ᠪᠡᠨ ᠰᠠᠯᠬᠤ ᠶᠣᠰᠣ ᠬᠢᠵᠦ᠄
《ᠡᠴᠢᠭᠡ ᠮᠢᠨᠢ ᠪᠠᠶᠠᠷᠲᠠᠢ! ᠲᠠ ᠪᠢᠳᠡ ᠬᠣᠶᠠᠷ ᠤ᠋ᠨ ᠰᠠᠯᠬᠤ ᠴᠠᠭ ᠪᠣᠯᠵᠠᠢ》 ᠭᠡᠬᠦ ᠳ᠋ᠦ᠍ ᠡᠴᠢᠭᠡ ᠨᠢ ᠶᠠᠭᠤ ᠪᠣᠯᠤᠭᠰᠠᠨ᠂ ᠶᠠᠭᠠᠬᠢᠭᠰᠠᠨ ᠢ᠋ ᠠᠰᠠᠭᠤᠵᠠᠢ᠃
        ᠴᠡᠷᠡᠨ᠄《 ᠲᠠᠩᠭᠢᠰ ᠤ᠋ᠨ ᠢᠷᠣᠭᠠᠷ ᠲᠤ᠌ ᠪᠠᠢᠭ᠎ᠠ ᠠᠯᠲᠠᠨ ᠠᠶᠠᠭ᠎ᠠ ᠶ᠋ᠢ ᠠᠪᠬᠤ ᠪᠠᠷ ᠤᠰᠤ ᠤᠷᠤᠭᠤ ᠣᠷᠣᠬᠤ ᠮᠢᠨᠦ ᠡᠭᠡᠯᠵᠢ ᠪᠣᠯᠤᠯ᠎ᠠ᠂ ᠤᠷᠢᠳᠤ ᠨᠢ ᠣᠷᠣᠭᠰᠠᠨ ᠬᠥᠮᠦᠰ ᠡᠴᠡ ᠬᠡᠨ ᠨᠢ  ᠴᠦ᠍ ᠡᠷᠭᠢᠵᠦ ᠭᠠᠷᠴᠤ ᠢᠷᠡᠭᠡ ᠦᠭᠡᠢ᠂ ᠲᠡᠢᠮᠦ ᠡᠴᠡ ᠪᠢ ᠴᠦ᠍ ᠡᠷᠭᠢᠵᠦ ᠢᠷᠡᠬᠦ ᠦᠭᠡᠢ ᠪᠢᠵᠡ᠃ ᠬᠠᠷᠢᠨ ᠲᠠᠨ ᠢ᠋ ᠡᠨᠳᠡ ᠡᠴᠡ ᠣᠯᠤᠭᠠᠳ ᠬᠠᠭᠠᠨ ᠤ᠋ ᠵᠠᠷᠤᠴᠠ ᠨᠠᠷ ᠠᠯᠠᠴᠢᠬᠠᠨ᠎ᠠ ᠳᠠ》 ᠭᠡᠪᠡ᠃ ᠡᠪᠦᠭᠡᠨ ᠡᠴᠢᠭᠡ ᠨᠢ ᠡᠨᠡ ᠪᠦᠭᠦᠳᠡ ᠶ᠋ᠢ ᠰᠣᠨᠣᠰᠤᠭᠠᠳ᠄
         《 ᠠᠢ᠂ ᠲᠠ ᠨᠠᠷ ᠢᠩᠭᠢᠭᠡᠳ ᠴᠥᠮ ᠢ᠋ᠶ᠋ᠡᠷ ᠢ᠋ᠶ᠋ᠡᠨ ᠤᠰᠤᠨ ᠳ᠋ᠤ᠌ ᠵᠢᠪᠴᠦ ᠦᠬᠦᠭᠡᠳ ᠬᠡᠨ ᠴᠦ᠍ ᠠᠯᠲᠠᠨ ᠠᠶᠠᠭ᠎ᠠ ᠶ᠋ᠢ ᠠᠪᠴᠢᠷᠠᠵᠤ ᠴᠢᠳᠠᠬᠤ ᠦᠭᠡᠢ ᠳᠡ᠃ ᠠᠯᠲᠠᠨ ᠠᠶᠠᠭ᠎ᠠ ᠲᠠᠩᠭᠢᠰ ᠤ᠋ᠨ ᠢᠷᠣᠭᠠᠷ ᠲᠤ᠌ ᠪᠢᠰᠢ ᠬᠠᠷᠢᠨ ᠲᠡᠷᠡ ᠠᠭᠤᠯᠠᠨ ᠤ᠋ ᠣᠷᠣᠢ ᠳ᠋ᠤ᠌ ᠪᠠᠢᠭ᠎ᠠ ᠶᠤᠮ᠃ ᠲᠠᠩᠭᠢᠰ ᠤ᠋ᠨ ᠵᠠᠬ᠎ᠠ ᠳ᠋ᠤ᠌ ᠪᠠᠢᠭ᠎ᠠ ᠥᠨᠳᠥᠷ ᠠᠭᠤᠯᠠ ᠶ᠋ᠢ ᠬᠠᠷᠠᠵᠤ ᠪᠠᠢᠨ᠎ᠠ ᠤᠤ? ᠲᠠ ᠨᠠᠷ ᠤ᠋ᠨ ᠬᠠᠷᠠᠭᠰᠠᠨ ᠴᠢᠨᠢ ᠵᠥᠪᠬᠡᠨ ᠤᠰᠤᠨ ᠳ᠋ᠤ᠌ ᠲᠤᠰᠤᠭᠰᠠᠨ ᠲᠤᠰᠬᠠᠯ ᠳᠦᠷᠰᠦ ᠨᠢ ᠪᠠᠢᠬᠤ ᠦᠭᠡᠢ ᠶᠣᠣ ᠂ ᠲᠠ ᠨᠠᠷ ᠶᠠᠭᠠᠬᠢᠭᠠᠳ ᠡᠨᠡ ᠲᠤᠬᠠᠢ ᠪᠣᠳᠣᠭᠰᠠᠨ ᠦᠭᠡᠢ ᠪᠣᠢ?》 ᠭᠡᠪᠡ᠃
         《 ᠲᠡᠭᠡᠪᠡᠯ ᠪᠢ ᠣᠳᠣ ᠶᠠᠭᠠᠬᠢᠬᠤ ᠪᠣᠢ?》 ᠭᠡᠵᠦ ᠴᠡᠷᠡᠨ ᠢ᠋ ᠠᠰᠠᠭᠤᠬᠤ ᠳ᠋ᠤ᠌ ᠡᠴᠢᠭᠡ ᠨᠢ᠄
          《 ᠠᠭᠤᠯᠠᠨ ᠳ᠋ᠤ᠌ ᠠᠪᠠᠷᠢᠵᠤ ᠭᠠᠷᠤᠭᠠᠳ ᠠᠯᠲᠠᠨ ᠠᠶᠠᠭ᠎ᠠ ᠶ᠋ᠢ ᠬᠠᠭᠠᠨ ᠳ᠋ᠤ᠌ ᠠᠪᠴᠢᠷᠠ᠂ ᠠᠯᠲᠠᠨ ᠠᠶᠠᠭ᠎ᠠ ᠶ᠋ᠢ ᠣᠯᠬᠤ ᠳ᠋ᠤ᠌ ᠠᠮᠠᠷᠬᠠᠨ᠂ ᠬᠣᠯᠠ ᠠ᠋ᠴᠠ ᠭᠢᠯᠠᠯᠵᠠᠭᠠᠳ ᠬᠠᠷᠠᠭᠳᠠᠭᠠᠳ ᠪᠠᠢᠨ᠎ᠠ᠃ ᠲᠡᠭᠡᠬᠦ ᠳ᠋ᠡᠭᠡᠨ ᠠᠶᠠᠭ᠎ᠠ ᠠᠪᠠᠷᠢᠵᠤ ᠭᠠᠷᠴᠤ ᠪᠣᠯᠤᠮ᠎ᠠ ᠦᠭᠡᠢ ᠡᠭᠴᠡ ᠬᠠᠳᠠᠨ ᠳᠡᠭᠡᠷ᠎ᠡ ᠪᠠᠢᠵᠤ ᠮᠠᠭᠠᠳ ᠦᠭᠡᠢ ᠂ ᠲᠡᠢᠮᠦ ᠪᠣᠯ ᠴᠢ ᠬᠠᠵᠠᠭᠤ ᠪᠠᠷ ᠨᠢ ᠶᠠᠪᠤᠵᠤ ᠪᠠᠢᠭ᠎ᠠ ᠶᠠᠩᠭᠢᠷ ᠤ᠋ᠳ ᠢ᠋ ᠥᠷᠭᠥᠭᠡ᠂ ᠶᠠᠩᠭᠢᠷ ᠢᠮᠠᠭ᠎ᠠ ᠨᠤᠭᠤᠳ ᠭᠦᠶᠦᠳᠡᠯ ᠳᠤᠮᠳᠠ ᠪᠠᠨ ᠠᠶᠠᠭ᠎ᠠ ᠶ᠋ᠢ ᠤᠨᠠᠭᠠᠴᠢᠬᠠᠨ᠎ᠠ᠃ ᠬᠠᠷᠢᠨ ᠴᠢ ᠬᠠᠷᠠᠩᠭᠤᠢ ᠬᠠᠪᠴᠢᠯ ᠤᠷᠤᠭᠤ ᠤᠨᠠᠬᠤ ᠠ᠋ᠴᠠ ᠤᠷᠢᠲᠠᠵᠤ ᠪᠠᠷᠢᠵᠤ ᠠᠪᠤᠨ᠎ᠠ ᠰᠢᠦ》 ᠭᠡᠵᠦ ᠡᠴᠢᠭᠡ ᠨᠢ ᠵᠢᠭᠠᠨ ᠥᠭᠴᠡᠢ᠃ ᠴᠡᠷᠡᠨ ᠲᠡᠷᠡ ᠳᠠᠷᠤᠢᠬᠠᠨ ᠠᠭᠤᠯᠠ ᠥᠭᠡᠳᠡ ᠶᠠᠪᠤᠵᠠᠢ᠃
ᠠᠭᠤᠯᠠ ᠥᠭᠡᠳᠡ ᠠᠪᠠᠷᠢᠬᠤ ᠳ᠋ᠤ᠌ ᠬᠡᠴᠡᠭᠦᠦ ᠪᠠᠢᠯ᠎ᠠ᠃ ᠴᠡᠷᠡᠨ ᠪᠤᠲᠠ ᠪᠤᠷᠭᠠᠰᠤ᠂ ᠬᠤᠷᠴᠠ ᠴᠢᠯᠠᠭᠤᠨ ᠠ᠋ᠴᠠ ᠲᠠᠲᠠᠵᠤ ᠴᠢᠩᠭᠠᠭᠠᠨ ᠨᠢᠭᠤᠷ ᠭᠠᠷ ᠢ᠋ᠶ᠋ᠠᠨ ᠰᠢᠯᠪᠤᠯᠵᠤ᠂ ᠬᠤᠪᠴᠠᠰᠤ ᠬᠤᠨᠠᠷ ᠢ᠋ᠶ᠋ᠠᠨ ᠤᠷᠠᠵᠠᠢ᠃ ᠲᠡᠭᠡᠭᠡᠳ ᠶᠡᠬᠡ ᠥᠨᠳᠥᠷ ᠲᠦ᠍ ᠠᠪᠠᠷᠢᠵᠤ ᠭᠠᠷᠤᠭᠰᠠᠨ ᠬᠣᠢᠨ᠎ᠠ ᠪᠠᠨ ᠨᠢᠭᠡ ᠭᠠᠷᠴᠤ ᠪᠣᠯᠤᠮ᠎ᠠ ᠦᠭᠡᠢ ᠬᠠᠳᠠᠨ ᠳᠡᠭᠡᠷ᠎ᠡ ᠭᠣᠶᠣᠮᠰᠣᠭ ᠠᠯᠲᠠᠨ ᠠᠶᠠᠭ᠎ᠠ ᠪᠠᠢᠬᠤ ᠶ᠋ᠢ ᠣᠯᠵᠤ ᠬᠠᠷᠠᠵᠠᠢ᠃ ᠲᠡᠷᠡ ᠬᠠᠳᠠᠨ ᠳ᠋ᠤ᠌ ᠠᠪᠠᠷᠢᠬᠤ ᠶ᠋ᠢᠨ ᠠᠷᠭ᠎ᠠ ᠦᠭᠡᠢ ᠪᠣᠯᠵᠠᠢ! ᠲᠡᠭᠡᠬᠦ ᠪᠡᠷ ᠨᠢ ᠡᠴᠢᠭᠡ ᠶ᠋ᠢᠨ ᠢ᠋ᠶ᠋ᠡᠨ ᠵᠢᠭᠠᠭᠰᠠᠨ ᠢ᠋ᠶ᠋ᠠᠷ ᠶᠠᠩᠭᠢᠷ ᠭᠠᠷᠴᠤ ᠢᠷᠡᠬᠦ ᠶ᠋ᠢ ᠬᠦᠯᠢᠶᠡᠨ ᠰᠠᠭᠤᠭᠰᠠᠭᠠᠷ ᠪᠠᠢᠪᠠ᠃ ᠤᠳᠠᠭᠠᠨ ᠴᠦ᠍ ᠬᠦᠯᠢᠶᠡᠭᠰᠡᠨ ᠦᠭᠡᠢ᠂ ᠬᠡᠳᠦᠨ ᠶᠠᠩᠭᠢᠷ ᠬᠠᠳᠠᠨ ᠳᠡᠭᠡᠷ᠎ᠡ ᠭᠠᠷᠤᠭᠠᠳ ᠢᠷᠡᠵᠡᠢ ᠭᠡᠨ᠎ᠡ᠃ ᠶᠠᠩᠭᠢᠷ ᠤ᠋ᠳ ᠲᠠᠢᠪᠤᠩ ᠵᠣᠭᠰᠣᠭᠠᠳ ᠳᠣᠭᠣᠭᠰᠢ ᠬᠠᠷᠠᠵᠤ ᠪᠠᠢᠪᠠ᠃ ᠴᠡᠷᠡᠨ ᠪᠠᠢᠳᠠᠭ  ᠢ᠋ᠶ᠋ᠠᠷ ᠢ᠋ᠶ᠋ᠠᠨ ᠴᠢᠩᠭ᠎ᠠ ᠬᠠᠰᠬᠢᠷᠲᠠᠯ᠎ᠠ ᠶᠠᠩᠭᠢᠷ ᠤ᠋ᠳ ᠠᠶᠤᠨ ᠰᠣᠴᠢᠨ ᠬᠠᠳᠠᠨ ᠳᠡᠭᠡᠭᠦᠷ ᠬᠠᠷᠠᠢᠯᠳᠤᠨ ᠭᠦᠶᠦᠯᠳᠦᠵᠦ ᠠᠯᠲᠠᠨ ᠠᠶᠠᠭ᠎ᠠ  ᠴᠦ᠍ ᠳᠣᠷᠭᠢᠶᠠᠨ ᠳ᠋ᠤ᠌ ᠨᠢ ᠤᠨᠠᠴᠢᠬᠠᠯ᠎ᠠ ᠭᠡᠨ᠎ᠡ᠃ ᠠᠶᠠᠭ᠎ᠠ ᠥᠩᠬᠥᠷᠢᠨ ᠤᠨᠠᠮᠠᠭᠴᠠ ᠴᠡᠷᠡᠨ ᠰᠠᠮᠪᠠᠭᠠᠴᠢᠯᠠᠨ ᠰᠢᠭᠦᠷᠡᠨ ᠠᠪᠤᠪᠠ᠃ ᠲᠡᠭᠡᠭᠡᠳ ᠶᠡᠬᠡ ᠯᠡ ᠰᠡᠳᠬᠢᠯ ᠬᠠᠩᠭᠠᠮᠵᠢᠲᠠᠢ  ᠪᠠᠶᠠᠷᠲᠠᠢ ᠪᠠᠷ ᠠᠭᠤᠯᠠᠨ ᠠ᠋ᠴᠠ ᠪᠠᠭᠤᠵᠤ ᠬᠠᠭᠠᠨ ᠳ᠋ᠤ᠌ ᠪᠠᠨ ᠠᠯᠲᠠᠨ ᠠᠶᠠᠭ᠎ᠠ ᠶ᠋ᠢ ᠠᠪᠠᠴᠢᠵᠤ ᠥᠭᠴᠡᠢ᠃ ᠬᠠᠭᠠᠨ ᠨᠢ᠄
        《 ᠴᠢ ᠡᠨᠡ ᠠᠶᠠᠭ᠎ᠠ ᠶ᠋ᠢ ᠲᠠᠩᠭᠢᠰ ᠤ᠋ᠨ ᠢᠷᠣᠭᠠᠷ ᠠ᠋ᠴᠠ ᠶᠠᠭᠠᠬᠢᠵᠤ ᠠᠪᠤᠪᠠ?》 ᠭᠡᠵᠡᠢ᠃
        《 ᠪᠢ ᠡᠨᠡ ᠠᠶᠠᠭ᠎ᠠ ᠶ᠋ᠢ ᠲᠠᠩᠭᠢᠰ ᠠ᠋ᠴᠠ ᠪᠢᠰᠢ᠂ ᠲᠡᠷᠡ ᠥᠨᠳᠥᠷ ᠠᠭᠤᠯᠠ ᠶ᠋ᠢᠨ ᠣᠷᠣᠢ ᠳᠡᠭᠡᠷ᠎ᠡ ᠡᠴᠡ ᠠᠪᠴᠢᠷᠠᠯ᠎ᠠ᠃ ᠤᠰᠤᠨ ᠳ᠋ᠤ᠌ ᠵᠥᠪᠬᠡᠨ ᠳᠦᠷᠰᠦ ᠨᠢ ᠯᠡ ᠬᠠᠷᠠᠭᠳᠠᠵᠤ ᠪᠠᠢᠭᠰᠠᠨ ᠶᠤᠮ》 ᠭᠡᠪᠡ᠃
        《 ᠬᠡᠨ ᠴᠢᠮ᠎ᠠ ᠳ᠋ᠤ᠌ ᠶ᠋ᠢ ᠵᠢᠭᠠᠵᠤ ᠥᠭᠪᠡ?》
        《ᠥᠪᠡᠷ ᠢ᠋ᠶ᠋ᠡᠨ ᠪᠣᠳᠣᠵᠤ ᠮᠡᠳᠡᠭᠰᠡᠨ》 ᠭᠡᠵᠦ ᠴᠡᠷᠡᠨ ᠬᠠᠷᠢᠭᠤᠯᠬᠤ ᠳ᠋ᠤ᠌ ᠬᠠᠭᠠᠨ  ᠴᠦ᠍ ᠥᠭᠡᠷ᠎ᠡ ᠶᠠᠭᠤᠮ᠎ᠠ ᠠᠰᠠᠭᠤᠭᠰᠠᠨ ᠦᠭᠡᠢ᠃
        ᠮᠠᠷᠭᠠᠰᠢ ᠨᠢ ᠬᠠᠭᠠᠨ ᠬᠠᠮᠤᠭ ᠠᠷᠠᠳ ᠤ᠋ᠨ ᠢ᠋ᠶ᠋ᠠᠨ ᠬᠠᠮᠲᠤ ᠴᠠᠭᠠᠰᠢ ᠨᠡᠭᠦᠵᠦ ᠭᠡᠨ᠎ᠡ᠂ ᠲᠡᠳᠡ ᠶᠠᠪᠤᠭᠰᠠᠭᠠᠷ ᠪᠠᠢᠭᠠᠳ ᠨᠢᠭᠡ ᠶᠡᠬᠡ ᠥᠷᠭᠡᠨ ᠴᠤᠯᠤ ᠳ᠋ᠤ᠌ ᠢᠷᠡᠵᠡᠢ᠂ᠨᠠᠷᠠ ᠬᠤᠷᠴᠠ ᠪᠠᠷ ᠰᠢᠷᠠᠵᠤ ᠡᠪᠡᠰᠦ ᠨᠣᠭᠣᠭ᠎ᠠ ᠭᠠᠩᠳᠠᠨ ᠣᠢᠷ᠎ᠠ ᠣᠷᠴᠢᠨ ᠳ᠋ᠤ᠌ ᠭᠣᠣᠯ ᠤ᠋ᠨ ᠤᠰᠤ ᠶᠡᠷᠦ ᠬᠠᠷᠠᠭᠳᠠᠬᠤ ᠦᠭᠡᠢ ᠪᠠᠢᠯ᠎ᠠ᠃ ᠬᠥᠮᠦᠨ ᠮᠠᠯ ᠤᠮᠳᠠᠭᠠᠰᠤᠨ ᠴᠠᠩᠭᠠᠵᠤ᠂ ᠬᠠᠭᠠᠨ ᠤ᠋ ᠲᠤᠰᠢᠶᠠᠯ ᠢ᠋ᠶ᠋ᠠᠷ ᠬᠥᠮᠦᠰ ᠬᠡᠳᠦᠨ ᠲᠠᠢᠰᠢ ᠪᠠᠨ ᠶᠠᠪᠤᠭᠠᠳ ᠤᠰᠤ ᠣᠯᠬᠤ ᠦᠭᠡᠢ᠂ ᠡᠷᠭᠢᠨ ᠲᠣᠭᠣᠷᠢᠨ ᠳ᠋ᠤ᠌ ᠬᠠᠲᠠᠵᠤ ᠬᠠᠭᠠᠷᠠᠭᠰᠠᠨ ᠬᠠᠭᠤᠷᠠᠢ ᠭᠠᠵᠠᠷ ᠠ᠋ᠴᠠ ᠥᠭᠡᠷ᠎ᠡ ᠶᠠᠭᠤ ᠴᠦ᠍ ᠪᠠᠢᠬᠤ ᠦᠭᠡᠢ ᠪᠠᠢᠯ᠎ᠠ᠃ ᠬᠥᠮᠦᠰ ᠠᠶᠤᠮᠰᠢᠭᠲᠤ ᠭᠠᠩ ᠭᠠᠴᠢᠭ ᠲᠤ᠌ ᠠᠪᠲᠠᠨ ᠶᠠᠭᠠᠬᠢᠬᠤ᠂ ᠶᠠᠭᠤ ᠬᠢᠬᠦ ᠪᠡᠨ ᠮᠡᠳᠡᠬᠦ ᠦᠭᠡᠢ ᠪᠣᠯᠪᠠ᠁
        ᠴᠡᠷᠡᠨ ᠡᠴᠢᠭᠡ ᠶ᠋ᠢᠨ ᠢ᠋ᠶ᠋ᠡᠨ ᠳᠡᠷᠭᠡᠳᠡ ᠰᠡᠮᠬᠡᠨ ᠣᠴᠢᠵᠤ᠄
        《 ᠤᠰᠤ ᠦᠭᠡᠢ ᠣᠳᠣ ᠶᠠᠭᠠᠬᠢᠬᠤ ᠪᠣᠢ?ᠬᠥᠮᠦᠨ ᠮᠠᠯ ᠦᠭᠡᠢ ᠴᠥᠮ ᠬᠠᠲᠠᠵᠤ ᠦᠬᠦᠬᠦ ᠨᠢ 》ᠭᠡᠵᠦ ᠠᠰᠠᠭᠤᠵᠠᠢ᠃ ᠡᠪᠦᠭᠡᠨ᠄
       《 ᠭᠤᠨᠵᠢᠨ ᠦᠨᠢᠶ᠎ᠡ ᠶ᠋ᠢ ᠳᠠᠭᠠᠭᠠᠳ ᠶᠠᠪᠤ᠂ ᠲᠡᠭᠡᠭᠡᠳ ᠨᠢᠭᠡ ᠭᠠᠵᠠᠷ ᠣᠴᠢᠵᠤ ᠵᠣᠭᠰᠣᠭᠠᠳ ᠦᠨᠦᠷᠯᠡᠨ᠎ᠡ᠃ ᠲᠡᠷᠡ ᠭᠠᠵᠠᠷ ᠢ᠋ ᠨᠢ ᠣᠬᠣ》 ᠭᠡᠵᠡᠢ᠃ ᠴᠡᠷᠡᠨ ᠨᠢᠭᠡ ᠭᠤᠨᠵᠢ ᠭᠠᠷᠭᠠᠭᠠᠳ ᠲᠠᠯ᠎ᠠ ᠤᠷᠤᠭᠤ ᠬᠥᠭᠡᠭᠡᠴᠢᠬᠡᠭᠰᠡᠨ ᠴᠢᠨᠢ ᠶᠠᠪᠤᠵᠤ ᠶᠠᠪᠤᠵᠤ ᠨᠢᠭᠡ ᠭᠠᠵᠠᠷ ᠣᠴᠢᠭᠠᠳ ᠬᠠᠯᠠᠭᠤᠨ ᠭᠠᠵᠠᠷ ᠢ᠋ ᠦᠨᠦᠷᠯᠡᠯ᠎ᠡ ᠭᠡᠨ᠎ᠡ᠃
《 ᠡᠨᠳᠡ ᠣᠬᠣᠭᠠᠷᠠᠢ》 ᠭᠡᠵᠦ ᠴᠡᠷᠡᠨ ᠬᠡᠯᠡᠲᠡᠯ᠎ᠡ ᠬᠥᠮᠦᠰ ᠴᠦ᠍ ᠶᠠᠭᠠᠷᠠᠨ ᠤᠬᠤᠪᠠᠯ ᠨᠢᠭᠡ ᠶᠡᠬᠡ ᠪᠤᠯᠠᠭ ᠤᠨᠳᠤᠷᠤᠨ ᠣᠷᠭᠢᠯᠵᠠᠢ᠃ ᠴᠡᠪᠡᠷ ᠬᠦᠢᠲᠡᠨ ᠲᠤᠩᠭᠠᠯᠠᠭ ᠤᠰᠤ ᠭᠠᠵᠠᠷ ᠳᠡᠯᠡᠬᠡᠢ ᠶ᠋ᠢ ᠤᠮᠳᠠᠭᠠᠯᠠᠨ ᠬᠥᠮᠦᠨ ᠮᠠᠯ ᠦᠭᠡᠢ ᠴᠠᠩᠭᠠᠭ᠎ᠠ ᠪᠠᠨ ᠲᠠᠢᠯᠵᠤ ᠰᠡᠷᠭᠦᠨ ᠰᠠᠬᠢᠪᠠ᠃
        ᠬᠠᠭᠠᠨ ᠰᠠᠨᠠᠳ᠂ ᠴᠡᠷᠡᠨ ᠢ᠋ ᠳᠠᠭᠤᠳᠠᠨ᠄《 ᠴᠢ ᠡᠢᠮᠦ ᠬᠠᠭᠤᠷᠠᠢ ᠭᠠᠵᠠᠷ ᠬᠠᠮᠢᠭ᠎ᠠ ᠨᠢ ᠪᠤᠯᠠᠭ ᠪᠠᠢᠭ᠎ᠠ ᠶ᠋ᠢ ᠶᠠᠭᠠᠬᠢᠵᠤ ᠮᠡᠳᠡᠪᠡ?》 ᠭᠡᠵᠦ ᠠᠰᠠᠭᠤᠬᠤ ᠳ᠋ᠤ᠌ ᠴᠡᠷᠡᠨ᠄《 ᠰᠢᠨᠵᠢ ᠲᠡᠮᠳᠡᠭ ᠢ᠋ᠶ᠋ᠡᠷ ᠨᠢ ᠣᠯᠤᠭᠰᠠᠨ》 ᠭᠡᠵᠡᠢ᠃ ᠲᠡᠭᠡᠭᠡᠳ ᠲᠡᠳᠡ ᠴᠠᠭᠠᠰᠢ ᠪᠠᠨ ᠨᠡᠭᠦᠭᠰᠡᠭᠡᠷ ᠣᠯᠠᠨ ᠡᠳᠦᠷ ᠦ᠋ᠨ ᠳᠠᠷᠠᠭ᠎ᠠ ᠨᠢᠭᠡ ᠳᠠᠪᠠᠭᠠᠨ ᠳᠡᠭᠡᠷ᠎ᠡ ᠪᠠᠭᠤᠳᠠᠯᠯᠠᠭᠠᠳ ᠪᠠᠢᠲᠠᠯ᠎ᠠ ᠰᠥᠨᠢᠵᠢᠨ ᠪᠣᠷᠣᠭᠠᠨ ᠣᠷᠣᠵᠤ ᠭᠠᠯ ᠢ᠋ ᠨᠢ ᠤᠨᠲᠠᠷᠠᠭᠠᠴᠢᠬᠠᠵᠠᠢ᠃ ᠨᠡᠭᠦᠳᠡᠯᠴᠢᠳ ᠶᠠᠭᠠᠬᠢᠵᠤ ᠎ᠴᠦ᠍ ᠣᠷᠣᠯᠳᠣᠭᠠᠳ ᠭᠠᠯ ᠢ᠋ᠶ᠋ᠠᠨ ᠠᠰᠠᠭᠠᠵᠤ ᠴᠢᠳᠠᠭᠰᠠᠨ ᠦᠭᠡᠢ᠃ ᠲᠠᠭᠠᠷᠠᠵᠤ ᠨᠣᠷᠤᠭᠰᠠᠨ ᠬᠥᠮᠦᠰ ᠶᠠᠭᠠᠬᠢᠬᠤ ᠪᠠᠨ ᠮᠡᠳᠡᠬᠦ ᠦᠭᠡᠢ ᠰᠠᠨᠳᠤᠷᠤᠯᠳᠤᠵᠤ ᠪᠠᠢᠭᠰᠠᠨ ᠢ᠋ᠶ᠋ᠠᠨ ᠬᠣᠯᠠ ᠶ᠋ᠢᠨ ᠨᠢᠭᠡ ᠠᠭᠤᠯᠠᠨ ᠳᠡᠭᠡᠷ᠎ᠡ ᠭᠠᠯ ᠭᠠᠷᠴᠤ ᠪᠠᠢᠬᠤ ᠶ᠋ᠢ ᠬᠠᠷᠠᠵᠠᠢ᠃
       ᠬᠠᠭᠠᠨ ᠰᠠᠨᠠᠳ᠄《 ᠶᠠᠪᠤᠵᠤ ᠭᠠᠯ ᠠᠪᠴᠢᠷᠠ》 ᠭᠡᠮᠡᠨ ᠵᠠᠷᠯᠢᠭ ᠪᠠᠭᠤᠯᠭᠠᠵᠤ ᠠᠷᠠᠳ ᠣᠯᠠᠨ ᠴᠦ᠍ ᠬᠠᠭᠠᠨ ᠤ᠋ ᠵᠠᠷᠯᠢᠭ ᠢ᠋ ᠪᠡᠶᠡᠯᠡᠭᠦᠯᠬᠦ ᠪᠡᠷ ᠡᠭᠡᠯᠵᠢᠯᠡᠨ ᠶᠠᠪᠤᠵᠠᠢ᠃ ᠲᠡᠳᠡ ᠴᠥᠮ ᠯᠡ ᠥᠳᠬᠡᠨ ᠭᠠᠵᠤᠷ᠎ᠠ ᠮᠣᠳᠣᠨ ᠤ᠋ ᠳᠣᠣᠷ᠎ᠠ ᠭᠠᠯ ᠲᠦᠯᠡᠨ ᠰᠠᠭᠤᠵᠤ ᠪᠠᠢᠭ᠎ᠠ ᠠᠩᠴᠢᠨ ᠢ᠋ ᠣᠯᠵᠤ ᠲᠡᠨᠳᠡ ᠡᠴᠡ ᠠᠰᠠᠵᠤ ᠪᠠᠢᠭ᠎ᠠ ᠴᠤᠴᠠᠯᠢ ᠠᠪᠤᠭᠰᠠᠨ ᠪᠣᠯᠪᠠᠴᠤ ᠬᠡᠨ ᠨᠢ  ᠴᠦ᠍ ᠭᠠᠯ ᠠᠪᠴᠢᠷᠠᠵᠤ ᠴᠢᠳᠠᠭᠰᠠᠨ ᠦᠭᠡᠢ᠃ ᠴᠤᠴᠠᠯᠢ ᠨᠢ ᠵᠠᠮ ᠳ᠋ᠤ᠌ ᠪᠠᠨ ᠪᠣᠷᠣᠭᠠᠨ ᠳ᠋ᠤ᠌ ᠴᠣᠬᠢᠭᠳᠠᠨ ᠤᠨᠲᠠᠷᠠᠴᠢᠬᠠᠭᠠᠳ ᠪᠠᠢᠵᠠᠢ ᠭᠡᠨ᠎ᠡ᠃
        ᠬᠠᠭᠠᠨ ᠠᠭᠤᠷᠯᠠᠨ ᠭᠠᠯ ᠳ᠋ᠤ᠌ ᠶᠠᠪᠤᠭᠠᠳ ᠠᠪᠴᠢᠷᠠᠵᠤ ᠴᠢᠳᠠᠭ᠎ᠠ ᠦᠭᠡᠢ ᠬᠥᠮᠦᠨ ᠪᠣᠯᠭᠠᠨ ᠢ᠋ ᠰᠢᠢᠳᠬᠡᠬᠦ ᠶᠠᠯ᠎ᠠ ᠲᠣᠭᠲᠠᠭᠠᠵᠠᠢ᠃ ᠴᠡᠷᠡᠨ ᠦ᠌ ᠶᠠᠪᠤᠬᠤ ᠡᠭᠡᠯᠵᠢ ᠪᠣᠯᠪᠠ᠃ ᠴᠡᠷᠡᠨ᠂ ᠡᠴᠢᠭᠡ ᠶ᠋ᠢᠨ ᠢ᠋ᠶ᠋ᠡᠨ ᠳᠡᠷᠭᠡᠳᠡ ᠣᠴᠢᠨ᠄
《 ᠣᠳᠣ ᠶᠠᠭᠠᠬᠢᠬᠤ ᠪᠣᠢ? ᠠᠭᠤᠯᠠᠨ ᠠ᠋ᠴᠠ ᠡᠨᠳᠡ ᠬᠦᠷᠲᠡᠯ᠎ᠡ ᠭᠠᠯ ᠢ᠋ᠶ᠋ᠠᠨ ᠶᠠᠭᠠᠬᠢᠵᠤ ᠤᠨᠲᠠᠷᠠᠭᠠᠬᠤ ᠦᠭᠡᠢ ᠠᠪᠴᠢᠷᠠᠬᠤ ᠪᠣᠢ?》 ᠭᠡᠵᠦ ᠠᠰᠠᠭᠤᠬᠤ ᠳ᠋ᠤ᠌ ᠡᠪᠦᠭᠡᠨ᠄
《 ᠠᠰᠠᠵᠤ ᠪᠠᠢᠭ᠎ᠠ ᠴᠤᠴᠠᠯᠢ ᠶ᠋ᠢ ᠪᠢᠲᠡᠭᠡᠢ ᠠᠪ᠂ ᠵᠠᠮ ᠳ᠋ᠤ᠌ ᠪᠠᠨ ᠠᠰᠠᠵᠤ ᠳᠠᠭᠤᠰᠤᠨ᠎ᠠ᠂ᠡᠰᠡᠬᠦᠯ᠎ᠡ ᠪᠣᠷᠣᠭᠠᠨ ᠳ᠋ᠤ᠌ ᠴᠣᠬᠢᠭᠤᠯᠴᠢᠬᠠᠨ᠎ᠠ! ᠨᠢᠭᠡ ᠰᠠᠪᠠ ᠠᠪᠤᠭᠠᠳ ᠶᠠᠪᠤ᠂ ᠲᠡᠭᠡᠭᠡᠳ ᠰᠠᠪᠠᠨ ᠳ᠋ᠤ᠌ ᠪᠠᠨ ᠠᠰᠠᠵᠤ ᠪᠠᠢᠭ᠎ᠠ ᠤᠯᠠᠭᠠᠨ ᠨᠡᠭᠦᠷᠡᠰᠦ ᠳᠦᠭᠦᠷᠡᠩ ᠬᠢᠭᠡᠳ ᠢᠷ᠎ᠡ᠃ ᠲᠡᠷᠡ ᠴᠢᠨᠢ ᠯᠡ ᠭᠠᠯ ᠪᠣᠯᠤᠨ᠎ᠠ》 ᠭᠡᠵᠡᠢ᠃
        ᠴᠡᠷᠡᠨ ᠡᠴᠢᠭᠡ ᠶ᠋ᠢᠨ ᠢ᠋ᠶ᠋ᠡᠨ ᠵᠢᠭᠠᠭᠰᠠᠨ ᠢ᠋ᠶ᠋ᠠᠷ ᠲᠣᠮᠣ ᠰᠠᠪᠠ ᠪᠠᠷ ᠳᠦᠭᠦᠷᠡᠩ ᠤᠯᠠᠭᠠᠨ ᠨᠡᠭᠦᠷᠡᠰᠦ ᠠᠪᠴᠢᠷᠠᠵᠤ ᠭᠠᠯ ᠠᠰᠠᠭᠠᠬᠤ ᠳ᠋ᠤ᠌ ᠬᠥᠮᠦᠰ ᠴᠥᠮ ᠪᠠᠶᠠᠷᠯᠠᠨ ᠬᠤᠪᠴᠠᠰᠤ ᠬᠤᠨᠠᠷ ᠢ᠋ᠶ᠋ᠠᠨ ᠬᠠᠲᠠᠭᠠᠨ ᠳᠤᠯᠠᠭᠠᠴᠠᠵᠤ ᠬᠣᠭᠣᠯᠠ ᠤᠮᠳᠠ ᠪᠠᠨ ᠬᠢᠵᠦ ᠢᠳᠡᠵᠡᠭᠡᠵᠡᠢ᠃
     ᠬᠠᠭᠠᠨ᠂ ᠬᠡᠨ ᠭᠠᠯ ᠠᠪᠴᠢᠷᠠᠭᠰᠠᠨ ᠢ᠋ ᠮᠡᠳᠡᠭᠡᠳ ᠴᠡᠷᠡᠨ ᠢ᠋ ᠳᠠᠭᠤᠳᠠᠨ ᠵᠠᠩᠨᠠᠵᠠᠢ᠃
《 ᠴᠢ ᠶᠠᠭᠠᠬᠢᠵᠤ ᠲᠡᠭᠡᠵᠦ ᠠᠪᠴᠢᠷᠠᠬᠤ ᠶ᠋ᠢ ᠮᠡᠳᠡᠵᠦ ᠪᠠᠢᠭᠰᠠᠨ ᠶᠤᠮ ᠪᠢᠵᠡ᠂ ᠶᠠᠭᠠᠬᠢᠭᠠᠳ ᠡᠳᠦᠢ ᠪᠣᠯᠲᠠᠯ᠎ᠠ ᠬᠡᠯᠡᠬᠦ ᠦᠭᠡᠢ ᠪᠠᠢᠭᠰᠠᠨ ᠶᠤᠮ ᠪᠣᠢ?》
      《 ᠪᠢ ᠥᠪᠡᠷ ᠢ᠋ᠶ᠋ᠡᠨ ᠮᠡᠳᠡᠬᠦ ᠦᠭᠡᠢ ᠪᠠᠢᠭᠰᠠᠨ᠁》
       《 ᠲᠡᠭᠡᠭᠡᠳ ᠴᠢ ᠶᠠᠭᠠᠬᠢᠵᠤ ᠮᠡᠳᠡᠭᠰᠡᠨ ᠶᠦᠮ ᠪᠣᠢ?》ᠬᠠᠭᠠᠨ ᠴᠡᠷᠡᠨ ᠢ᠋ ᠤᠳᠠᠭᠠᠨ ᠱᠠᠯᠠᠵᠤ ᠵᠠᠩᠨᠠᠭᠰᠠᠭᠠᠷ ᠪᠠᠢᠭᠠᠳ ᠦᠨᠡᠨ ᠢ᠋ ᠨᠢ ᠬᠡᠯᠡᠭᠦᠯᠵᠡᠢ᠃
       《 ᠡᠴᠢᠭᠡ ᠶ᠋ᠢᠨ ᠢ᠋ᠶ᠋ᠡᠨ ᠵᠥᠪᠯᠡᠭᠰᠡᠨ ᠢ᠋ᠶ᠋ᠡᠷ ᠯᠡ ᠪᠢ ᠲᠠᠨ ᠤ᠋ ᠵᠠᠷᠯᠢᠭ ᠢ᠋ ᠪᠡᠶᠡᠯᠡᠭᠦᠯᠵᠦ ᠪᠠᠢᠭᠰᠠᠨ》 ᠭᠡᠵᠡᠢ᠃
       《 ᠡᠴᠢᠭᠡ ᠴᠢᠨᠢ ᠬᠠᠮᠢᠭ᠎ᠠ ᠪᠠᠢᠨ᠎ᠠ?》
《 ᠡᠴᠢᠭᠡ ᠪᠡᠨ ᠪᠢ ᠵᠠᠮ ᠲᠤᠷᠰᠢ ᠲᠣᠮᠣ ᠪᠣᠭᠴᠣᠨ ᠳᠣᠲᠣᠷ᠎ᠠ ᠰᠠᠭᠤᠯᠭᠠᠭᠠᠳ ᠨᠢᠭᠤᠭᠠᠳ ᠶᠠᠪᠤᠭᠰᠠᠨ ᠶᠤᠮ》 ᠭᠡᠬᠦ ᠳ᠋ᠦ᠍ ᠬᠠᠭᠠᠨ᠄《 ᠡᠴᠢᠭᠡ ᠪᠡᠨ ᠠᠪᠴᠢᠷᠠ》 ᠭᠡᠵᠦ ᠲᠤᠰᠢᠶᠠᠭᠠᠳ᠄
       《 ᠥᠨᠥᠳᠥᠷ ᠡᠴᠡ ᠬᠣᠢᠰᠢ ᠬᠠᠭᠤᠴᠢᠨ ᠵᠠᠷᠯᠢᠭ ᠢ᠋ᠶ᠋ᠠᠨ ᠪᠢ ᠥᠭᠡᠷᠡᠴᠢᠯᠡᠯ᠎ᠡ ᠃ ᠡᠪᠦᠭᠡᠳ ᠬᠥᠭᠰᠢᠳ ᠪᠢᠳᠡᠨ ᠳ᠋ᠦ᠍ ᠲᠡᠭᠡᠭᠡᠷ᠎ᠡ ᠰᠠᠭᠠᠳ ᠪᠣᠯᠬᠤ ᠦᠭᠡᠢ ᠶᠦᠮ ᠪᠠᠢᠨ᠎ᠠ᠃ ᠲᠡᠳᠡ ᠠᠮᠢᠳᠤᠷᠠᠯ ᠤ᠋ᠨ ᠶᠡᠬᠡ ᠲᠤᠷᠰᠢᠯᠭ᠎ᠠ᠂ ᠮᠡᠳᠡᠯᠭᠡ᠂ ᠮᠡᠷᠭᠡᠨ ᠤᠬᠠᠭᠠᠨ ᠲᠠᠢ ᠶᠤᠮ᠃ ᠡᠢᠮᠦ ᠡᠴᠡ ᠡᠭᠦᠨ ᠡᠴᠡ ᠬᠣᠢᠰᠢ᠂ ᠪᠤᠤ ᠨᠢᠭᠤᠭᠲᠤᠨ᠂ ᠪᠢᠳᠡᠨ ᠲᠡᠢ ᠴᠣᠭ ᠶᠠᠪᠤ》 ᠭᠡᠵᠡᠢ᠃ ᠢᠩᠭᠢᠭᠡᠳ ᠪᠦᠭᠦᠳᠡ ᠡᠩᠬᠡ ᠲᠤᠩᠬ᠎ᠠ ᠠᠮᠤᠷ ᠰᠠᠢᠬᠠᠨ ᠵᠢᠷᠭᠠᠭᠠᠰᠠ ᠶᠤᠮ ᠭᠡᠳᠡᠭ᠃   

   ᠦᠰᠦᠭ ᠠᠮᠢᠯᠠᠭᠤᠯᠤᠭᠴᠢ᠄ ᠤᠤᠭᠠᠨᠵᠢᠳ
   ᠬᠢᠨᠠᠭᠴᠢ᠄ ᠠᠯᠲᠠᠨᠴᠢᠮᠡᠭ