ᠠᠷᠢᠬᠢᠨ ᠳᠠᠭᠤᠤ- ᠣᠷᠳᠣᠰ ᠠᠷᠠᠳ ᠤᠨ ᠳᠠᠭᠤᠤАрхин дуу - Ордос ардын дуу
ᠠᠷᠢᠬᠢᠨ ᠤ ᠳᠠᠭᠤᠤ
ᠣᠷᠳᠣᠰ ᠠᠷᠠᠳ ᠤᠨ ᠳᠠᠭᠤᠤ
ᠠᠷᠢᠬᠢᠨ
ᠳᠠᠭᠤᠤ
ᠯᠣᠩᠬᠣᠨ ᠳᠣᠲᠣᠷ᠎ᠠ ᠪᠠᠨ ᠪᠠᠢᠬᠤᠢ ᠳ᠋ᠤ᠌
ᠨᠣᠮᠣᠬᠠᠨ ᠬᠠᠷ᠎ᠠ ᠠᠷᠢᠬᠢ ᠯᠠ ᠪᠠᠢᠨ᠎ᠠ
ᠯᠣᠩᠬᠣᠨ ᠠᠴᠠ ᠪᠠᠨ ᠭᠠᠷᠬᠤᠢ ᠳ᠋ᠤ᠌
ᠳᠣᠭᠰᠢᠨ ᠬᠠᠷ᠎ᠠ
ᠠᠷᠢᠬᠢ ᠯᠠ ᠪᠠᠢᠨ᠎ᠠ
ᠦᠢᠯᠡᠰ ᠲᠠᠨ ᠳ᠋ᠤ᠌ ᠪᠠᠨ ᠰᠠᠢᠨ ᠬᠠᠢ
ᠠᠶᠠᠰ ᠮᠠᠨ ᠳ᠋ᠤ᠌ ᠪᠠᠨ ᠰᠠᠢᠨ ᠬᠠᠢ
ᠠᠢᠯᠠᠳᠬᠠᠵᠤ ᠪᠠᠷᠢᠶ᠎ᠠ ᠬᠥ ᠬᠥ
ᠠᠢᠯᠠᠳᠬᠠᠵᠤ ᠪᠠᠷᠢᠶ᠎ᠠ ᠬᠥ ᠬᠦᠢ
ᠪᠦᠷᠬᠦᠬᠡᠷ ᠳᠣᠲᠣᠷ᠎ᠠ ᠪᠠᠨ
ᠪᠠᠢᠬᠤᠢ ᠳ᠋ᠤ᠌
ᠪᠦᠯᠢᠶᠡᠨ ᠬᠠᠷ᠎ᠠ ᠠᠷᠢᠬᠢ ᠯᠠ ᠪᠠᠢᠨ᠎ᠠ
ᠪᠦᠭᠦᠳᠡ ᠲᠠᠨ ᠳ᠋ᠤ᠌ ᠪᠠᠨ ᠪᠠᠷᠢᠬᠤᠢ ᠳ᠋ᠤ᠌
ᠲᠣᠭᠰᠢᠨ ᠬᠠᠷ᠎ᠠ
ᠠᠷᠢᠬᠢ ᠯᠠ ᠪᠠᠢᠨ᠎ᠠ
( ᠳᠠᠬᠢᠯᠲᠠ )
ᠬᠠᠨ ᠲᠡᠭᠷᠢ ᠶ᠋ᠢᠨ ᠤᠨᠤᠭ᠎ᠠ
ᠨᠢ
ᠬᠠᠵᠠᠭᠠᠷ ᠲᠠᠢ ᠪᠠᠨ ᠪᠠᠢᠬᠤ ᠶᠣᠰᠣ ᠲᠠᠢ
ᠬᠠᠭᠠᠨ ᠴᠢᠩᠭᠢᠰ ᠦ᠋ᠨ ᠡᠮᠦᠨ᠎ᠡ
ᠰᠥᠭᠥᠳᠴᠦ ᠪᠠᠢᠬᠤ ᠶᠣᠰᠣ ᠲᠠᠢ
( ᠲᠠᠬᠢᠯᠲᠠ )
ᠳᠤᠭᠤᠢ ᠶᠣ᠌ ᠮᠠᠯᠠᠭᠠᠢ
ᠴᠢᠨᠢ
ᠳᠤᠬᠤᠨ ᠳᠡᠭᠡᠷ᠎ᠡ ᠪᠡᠨ ᠪᠠᠢᠨ᠎ᠠ
ᠳᠤᠨᠳᠠᠭᠤᠷ ᠶᠣ᠌ ᠰᠠᠨᠠᠭ᠎ᠠ
ᠴᠢᠨᠢ
ᠴᠡᠭᠡᠵᠢᠨ ᠳᠣᠲᠣᠷ᠎ᠠ ᠪᠠᠢᠨ᠎ᠠ
ᠳᠤᠭᠤᠢ ᠶᠣ᠌ ᠨᠣᠮᠣᠬᠠᠨ ᠨᠤᠮᠤᠨᠳᠠᠯᠠᠢ
ᠨᠣᠮᠣᠬᠠᠨ ᠰᠢᠯᠤᠭᠤᠨ ᠢ᠋ᠶ᠋ᠠᠷ ᠢ᠋ᠶ᠋ᠠᠨ
ᠨᠠᠢᠷᠯᠠᠨ ᠰᠠᠭᠤᠬᠤ ᠶᠤᠮ ᠳᠠ
ᠰᠠᠢᠪᠤᠷ ᠯᠣᠨᠳᠣᠨ ᠬᠤᠸᠠᠷ
ᠰᠠᠢᠬᠢ ᠶᠣ᠌ ᠯᠣᠷᠵᠣᠣ ᠶ᠋ᠢ ᠴᠢᠨᠢ
ᠳᠤᠷᠠᠳᠪᠠᠯ ᠶᠠᠭᠤ ᠪᠠᠢᠨ᠎ᠠ ᠳᠠ
ᠳᠤᠷᠠᠳᠪᠠᠯ ᠳᠤᠷᠠᠳᠤᠭ ᠲᠠ
ᠳᠠᠭᠤᠯᠠᠵᠤ ᠪᠠᠢᠭᠠᠳ ᠨᠠᠢᠷᠯᠠᠵᠤ ᠪᠠᠢᠭᠠᠳ
ᠳᠤᠷ᠎ᠠ ᠶ᠋ᠢ ᠴᠢᠨᠢ ᠠᠪᠤᠶ᠎ᠠ ᠬᠥ
ᠠᠷᠤ ᠳ᠋ᠤ᠌ ᠪᠠᠨ ᠰᠤᠢᠷᠢᠭᠰᠠᠨ ᠠᠯᠴᠢᠭᠤᠷ ᠢ᠋ ᠪᠡᠨ
ᠠᠮᠠᠷᠠᠭ ᠴᠢᠮ᠎ᠠ ᠳ᠋ᠤ᠌ ᠪᠠᠨ ᠣᠷᠬᠢᠭᠠᠳ ᠶᠠᠪᠤᠶ᠎ᠠ
ᠠᠪᠠᠯᠢ ᠨᠥᠬᠥᠷ ᠮᠢᠨᠢ ᠠᠰᠠᠭᠤᠨ ᠰᠤᠷᠠᠪᠠᠯ
ᠠᠳᠤᠭᠤᠨ ᠳ᠋ᠤ᠌ ᠪᠠᠨ ᠶᠠᠪᠤᠵᠤ ᠪᠠᠢᠭᠠᠳ ᠭᠡᠭᠡᠯᠡ ᠭᠡᠶ᠎ᠡ ᠲᠠ ᠬᠥ
( ᠳᠠᠬᠢᠯᠲᠠ )
ᠰᠠᠢᠪᠤᠷ ᠯᠣᠨᠳᠣᠨ ᠬᠤᠸᠠᠷ
ᠰᠠᠢᠪᠤᠷ ᠯᠣᠨᠳᠣᠨ ᠬᠤᠸᠠᠷ
ᠳᠤᠷ᠎ᠠ ᠶ᠋ᠢ ᠴᠢᠨᠢ ᠠᠪᠤᠶ᠎ᠠ ᠬᠥ
ᠦᠰᠦᠭ ᠬᠠᠲᠠᠵᠤ ᠠᠮᠢᠯᠠᠭᠤᠯᠤᠭᠠᠴᠢ
᠄ ᠬᠠᠷᠬᠠᠳᠠᠨ ᠷ · ᠴᠢᠷᠮᠠᠢᠯᠳᠤ
ᠬᠢᠨᠠᠭᠴᠢ ᠄ ᠠᠯᠳᠠᠠᠠᠭᠤᠯᠠ
