ᠴᠠᠭᠠᠨ ᠰᠠᠷ᠎ᠠ ᠬᠡᠦᠬᠡᠳ ᠦᠨ ᠳᠠᠭᠤᠤЦагаан сар хүүхдийн дуу
ᠴᠠᠭᠠᠨ ᠰᠠᠷ᠎ᠠ- ᠬᠡᠦᠬᠡᠳ ᠤᠨ ᠳᠠᠭᠤᠤ
ᠠᠶ᠎ᠠ ᠄ ᠨ ᠰᠠᠨᠵᠢᠶᠠ
ᠦᠭᠡ ᠄ ᠪ ᠳᠠᠸᠠᠰᠥ᠋ᠷᠦᠩ
ᠬᠥᠭᠵᠢᠮ ᠦᠨ ᠪᠠᠭᠰᠢ ᠄ ᠪ ᠠᠮᠤᠷᠵᠠᠶᠠᠬ᠋ᠠ
ᠬᠡᠦᠬᠡᠳ ᠤᠨ ᠳᠠᠭᠤᠤ
ᠴᠠᠭᠠᠨ ᠰᠠᠷ᠎ᠠ ᠭᠡᠵᠦ ᠡᠪᠦᠭᠡ ᠳᠡᠭᠡᠳᠦᠰ ᠦᠨ ᠪᠠᠶᠠᠷ ᠳ᠋ᠠ
ᠴᠠᠭᠠᠨ ᠰᠠᠷ᠎ᠠ ᠭᠡᠵᠦ ᠢᠷᠥᠭᠡᠯ ᠡᠷᠭᠦᠭᠰᠡᠨ ᠮᠣᠩᠭᠣᠯ ᠲᠦᠮᠡᠨ ᠦ ᠪᠠᠶᠠᠷ ᠳ᠋ᠠ
ᠴᠠᠭᠠᠨ ᠰᠠᠷ᠎ᠠ ᠭᠡᠵᠦ ᠮᠣᠷᠢᠲᠠᠨ ᠠᠷᠠᠳ ᠤᠨ ᠪᠠᠶᠠᠷ ᠳ᠋ᠠ
ᠴᠠᠭᠠᠨ ᠰᠠᠷ᠎ᠠ ᠭᠡᠵᠦ ᠠᠶ᠋ᠢᠯ ᠬᠣᠲᠠᠯᠠᠭᠠᠷ ᠠᠶ᠋ᠢᠯᠴᠢᠯᠠᠨ ᠵᠣᠯᠭᠠᠬᠤ ᠪᠠᠶᠠᠷ ᠳ᠋ᠠ
ᠴᠠᠭᠠᠨ ᠰᠠᠷ᠎ᠠ ᠪᠣᠯᠵᠤ ᠨᠢᠭᠡ ᠨᠠᠰᠤ
ᠪᠠᠷ ᠨᠡᠮᠡᠨ᠎ᠡ
ᠴᠠᠭᠠᠨ ᠰᠠᠷ᠎ᠠ ᠪᠣᠯᠵᠤ ᠤᠷᠢᠨ ᠬᠠᠪᠤᠷ ᠢᠷᠡᠨ᠎ᠡ ᠳ᠋ᠠ᠂ ᠢᠷᠡᠨ᠎ᠡ ᠳ᠋ᠠ
ᠴᠠᠭᠠᠨ ᠰᠠᠷ᠎ᠠ ᠪᠣᠯᠵᠤ ᠠᠬᠠᠨ ᠳᠡᠭᠦᠦᠰ ᠲᠡᠢ
ᠵᠣᠯᠭᠠᠨ᠎ᠠ ᠳ᠋ᠠ
ᠴᠠᠭᠠᠨ ᠰᠠᠷ᠎ᠠ ᠪᠣᠯᠵᠤ ᠠᠮᠤᠷ ᠮᠡᠨᠲᠦ
ᠪᠡᠷ ᠮᠡᠨᠲᠦᠯᠡᠨᠡ ᠳ᠋ᠠ ᠮᠡᠨᠲᠦᠯᠡᠨᠡ ᠳ᠋ᠠ
ᠡᠪᠦᠭᠡ ᠨᠠᠮ᠎ᠠ ᠶ᠋ᠢ ᠤᠷᠲᠤ ᠨᠠᠰᠤᠯᠠᠵᠤ ᠤᠲᠠᠭᠠᠨ ᠵᠢᠷᠭᠠᠭᠠᠷᠠᠢ ᠭᠡᠵᠦ ᠢᠷᠥᠭᠡᠨ᠎ᠡ
ᠤᠬᠠᠭᠠᠨ ᠲᠠᠢ ᠬᠥᠮᠦᠨ ᠪᠣᠯᠤᠨ᠎ᠠ ᠳ᠋ᠠ ᠪᠢ
ᠡᠮᠡᠭᠡ ᠨᠠᠮ᠎ᠠ ᠶ᠋ᠢ ᠤᠷᠲᠤ ᠨᠠᠰᠤᠯᠠᠵᠤ ᠤᠲᠠᠭᠠᠨ ᠵᠢᠷᠭᠠᠭᠠᠷᠠᠢ ᠭᠡᠵᠦ ᠢᠷᠥᠭᠡᠨ᠎ᠡ
ᠡᠷᠲᠡᠮ ᠲᠡᠢ ᠬᠥᠮᠦᠨ ᠪᠣᠯᠤᠨ᠎ᠠ ᠳ᠋ᠠ ᠪᠢ
ᠴᠠᠭᠠᠨ ᠰᠠᠷ᠎ᠠ ᠭᠡᠵᠦ ᠡᠪᠦᠭᠡ ᠳᠡᠭᠡᠳᠦᠰ ᠦᠨ ᠪᠠᠶᠠᠷ ᠳ᠋ᠠ
ᠴᠠᠭᠠᠨ ᠰᠠᠷ᠎ᠠ ᠭᠡᠵᠦ ᠢᠷᠥᠭᠡᠯ ᠡᠷᠭᠦᠭᠰᠡᠨ ᠮᠣᠩᠭᠣᠯ
ᠲᠦᠮᠡᠨ ᠦ ᠪᠠᠶᠠᠷ ᠳ᠋ᠠ
ᠴᠠᠭᠠᠨ ᠰᠠᠷ᠎ᠠ ᠭᠡᠵᠦ ᠮᠣᠷᠢᠲᠠᠨ ᠠᠷᠠᠳ ᠤᠨ ᠪᠠᠶᠠᠷ ᠳ᠋ᠠ
ᠴᠠᠭᠠᠨ ᠰᠠᠷ᠎ᠠ ᠭᠡᠵᠦ ᠠᠶ᠋ᠢᠯ ᠬᠣᠲᠠᠯᠠᠭᠠᠷ ᠠᠶ᠋ᠢᠯᠴᠢᠯᠠᠨ ᠵᠣᠯᠭᠠᠬᠤ ᠪᠠᠶᠠᠷ ᠳ᠋ᠠ
ᠴᠠᠭᠠᠨ ᠰᠠᠷ᠎ᠠ ᠪᠣᠯᠵᠤ ᠨᠢᠭᠡ ᠨᠠᠰᠤ
ᠪᠠᠷ ᠨᠡᠮᠡᠨ᠎ᠡ
ᠴᠠᠭᠠᠨ ᠰᠠᠷ᠎ᠠ ᠪᠣᠯᠵᠤ ᠤᠷᠢᠨ ᠬᠠᠪᠤᠷ ᠢᠷᠡᠨ᠎ᠡ ᠳ᠋ᠠ᠂ ᠢᠷᠡᠨ᠎ᠡ ᠳ᠋ᠠ
ᠴᠠᠭᠠᠨ ᠰᠠᠷ᠎ᠠ ᠪᠣᠯᠵᠤ ᠠᠬᠠᠨ ᠳᠡᠭᠦᠦᠰ ᠲᠡᠢ
ᠵᠣᠯᠭᠠᠨ᠎ᠠ ᠳ᠋ᠠ
ᠴᠠᠭᠠᠨ ᠰᠠᠷ᠎ᠠ ᠪᠣᠯᠵᠤ ᠠᠮᠤᠷ ᠮᠡᠨᠲᠦ
ᠪᠡᠷ ᠮᠡᠨᠲᠦᠯᠡᠨᠡ ᠳ᠋ᠠ ᠮᠡᠨᠲᠦᠯᠡᠨᠡ
ᠠᠪᠤ ᠨᠠᠮ᠎ᠠ ᠶ᠋ᠢ ᠤᠷᠲᠤ ᠨᠠᠰᠤᠯᠠᠵᠤ ᠤᠲᠠᠭᠠᠨ ᠵᠢᠷᠭᠠᠭᠠᠷᠠᠢ ᠭᠡᠵᠦ ᠢᠷᠥᠭᠡᠨ᠎ᠡ
ᠠᠯᠲᠠᠷ ᠲᠠᠢ ᠬᠥᠮᠦᠨ ᠪᠣᠯᠤᠨ᠎ᠠ ᠳ᠋ᠠ ᠪᠢ
ᠡᠵᠢ ᠨᠠᠮ᠎ᠠ ᠶ᠋ᠢ ᠤᠷᠲᠤ ᠨᠠᠰᠤᠯᠠᠵᠤ ᠤᠲᠠᠭᠠᠨ ᠵᠢᠷᠭᠠᠭᠠᠷᠠᠢ ᠭᠡᠵᠦ ᠢᠷᠥᠭᠡᠨ᠎ᠡ
ᠠᠵᠢᠯᠰᠠᠭ ᠬᠥᠮᠦᠨ ᠪᠣᠯᠤᠨ᠎ᠠ ᠳ᠋ᠠ ᠪᠢ
