ᠭᠠᠯ ᠤ᠋ᠨ ᠢᠷᠦᠭᠡᠯ - ᠠᠮᠤᠷᠵᠢᠷᠭᠠᠯ ᠤᠶᠠᠩᠭᠠᠯᠠᠪᠠ Галын ерөөл - Амаржаргал уянгалав
ᠭᠠᠯ ᠤ᠋ᠨ ᠢᠷᠦᠭᠡᠯ
ᠤᠸᠮ ᠰᠠᠢᠨ ᠠᠮᠤᠭᠤᠯᠠᠩ ᠲᠠᠨ ᠪᠣᠯᠲᠤᠭᠠᠢ!
ᠥᠨᠳᠥᠷ ᠬᠥᠬᠡ ᠲᠩᠷᠢ ᠶ᠋ᠢ
ᠦᠷᠭᠦᠭᠡᠨ ᠲᠡᠳᠦᠢ ᠪᠦᠬᠦᠢ ᠡᠴᠡ
ᠡᠲᠦᠭᠡᠨ ᠶᠡᠬᠡ ᠡᠬᠡ ᠶ᠋ᠢ
ᠥᠯᠮᠡᠢ ᠲᠡᠳᠦᠢ ᠪᠦᠬᠦᠢ ᠡᠴᠡ
ᠡᠭᠦᠳᠦᠨ ᠵᠠᠶᠠᠭᠠᠭᠰᠠᠨ
ᠭᠠᠯ ᠭᠠᠯᠠᠢᠬᠠᠨ ᠡᠬᠡ ᠳ᠋ᠦ᠍ᠷ
ᠥᠭᠡᠬᠦ ᠲᠣᠰᠣᠨ ᠢ᠋ ᠡᠷᠭᠦᠨᠡᠮ
ᠡᠰᠦᠭ ᠳᠡᠷᠡᠰᠦᠨ ᠢ᠋ ᠳᠤᠰᠤᠭᠠᠨᠠᠮ
ᠥᠭᠡᠳᠡᠯᠡᠬᠦ ᠶᠡᠬᠡ ᠪᠤᠶᠠᠨ ᠤ᠋ ᠳᠤᠮᠳᠠ
ᠡᠩᠬᠡ ᠵᠢᠷᠭᠠᠨ ᠵᠠᠶᠠᠭᠠᠨ ᠠᠲᠤᠭᠠᠢ᠃
ᠰᠦᠮᠪᠦᠷ ᠶᠡᠬᠡ ᠠᠭᠤᠯᠠ ᠶ᠋ᠢ
ᠳᠣᠪᠣᠨ ᠪᠠᠢᠬᠤ ᠶ᠋ᠢᠨ ᠦᠶ᠎ᠡ ᠡᠴᠡ
ᠰᠦᠨ ᠶᠡᠬᠡ ᠳᠠᠯᠠᠢ ᠶ᠋ᠢ
ᠱᠠᠯᠪᠠᠭ ᠪᠠᠢᠬᠤ ᠶ᠋ᠢᠨ ᠦᠶ᠎ᠡ ᠡᠴᠡ
ᠬᠠᠭᠠᠨ ᠡᠵᠡᠨ ᠤ᠋ ᠴᠠᠬᠢᠭᠰᠠᠨ
ᠬᠠᠲᠤᠨ ᠡᠬᠡ ᠶ᠋ᠢᠨ ᠦᠯᠢᠶᠡᠭᠰᠡᠨ
ᠬᠠᠢᠷ ᠴᠢᠯᠠᠭᠤᠨ ᠡᠬᠡ ᠲᠡᠢ
ᠬᠠᠳᠠᠨ ᠲᠡᠮᠦᠷ ᠡᠴᠢᠭᠡ ᠲᠡᠢ
ᠴᠢᠩ ᠴᠢᠯᠠᠭᠤᠨ ᠡᠬᠡ ᠲᠡᠢ
ᠴᠡᠩᠭᠡᠯ ᠲᠡᠮᠦᠷ ᠡᠴᠢᠭᠡ ᠲᠡᠢ
ᠡᠭᠦᠯᠡᠨ ᠨᠡᠪᠲᠡ ᠤᠨᠢᠶᠠᠷ ᠲᠠᠢ
ᠡᠲᠦᠭᠡᠨ ᠨᠡᠪᠲᠡ ᠢᠯᠴᠢ ᠲᠡᠢ
ᠲᠣᠷᠭᠠᠨ ᠨᠢᠭᠤᠷ ᠲᠠᠢ
ᠲᠣᠰᠣᠨ ᠴᠢᠷᠠᠢ ᠲᠠᠢ
ᠭᠠᠯ ᠭᠠᠯᠠᠢᠬᠠᠨ ᠡᠬᠡ ᠳ᠋ᠦ᠍ᠷ
ᠥᠭᠡᠬᠦ ᠲᠣᠰᠣᠨ ᠢ᠋ ᠡᠷᠭᠦᠨᠡᠮ᠃
ᠡᠰᠦᠭ ᠳᠡᠷᠡᠰᠦᠨ ᠢ᠋ ᠳᠤᠰᠤᠭᠠᠨᠠᠮ᠃
ᠥᠭᠡᠳᠡᠯᠡᠬᠦ ᠶᠡᠬᠡ ᠪᠤᠶᠠᠨ ᠤ᠋ ᠳᠤᠮᠳᠠ
ᠡᠩᠬᠡ ᠵᠢᠷᠭᠠᠨ ᠵᠠᠶᠠᠭᠠᠨ ᠠᠲᠤᠭᠠᠢ ᠂
ᠪᠤᠳᠠᠯᠠᠩ ᠤ᠋ᠨ ᠠᠭᠤᠯᠠ ᠳᠣᠪᠣᠨ ᠪᠠᠢᠬᠤ ᠶ᠋ᠢᠨ ᠦᠶ᠎ᠡ ᠡᠴᠡ
ᠪᠤᠶᠠᠨᠲᠤ ᠳᠠᠯᠠᠢ ᠶ᠋ᠢ ᠱᠠᠯᠪᠠᠭ ᠪᠠᠢᠬᠤ ᠶ᠋ᠢᠨ ᠦᠶ᠎ᠡ ᠡᠴᠡ
ᠬᠠᠮᠤᠭ ᠠᠮᠢᠲᠠᠨ ᠳ᠋ᠤ᠌ ᠴᠤᠭ᠍ᠵᠢᠯ ᠪᠣᠯᠤᠭᠰᠠᠨ
ᠤᠤᠭᠠᠨ ᠭᠠᠯᠠᠢᠬᠠᠨ ᠡᠬᠡ ᠳ᠋ᠦ᠍ᠷ
ᠬᠠᠷ᠎ᠠ ᠠᠷᠢᠬᠢ ᠶ᠋ᠢ ᠠᠶᠠᠭ᠎ᠠ ᠪᠠᠷ ᠳᠤᠰᠤᠭᠠᠨᠠᠮ
ᠬᠠᠯᠢᠮ ᠥᠭᠡᠬᠦᠨ ᠢ᠋ ᠠᠯᠠᠭ᠎ᠠ ᠪᠠᠷ ᠡᠷᠭᠦᠨᠡᠮ
ᠬᠠᠨᠠᠭᠠᠷ ᠶᠡᠬᠡ ᠪᠤᠶᠠᠨ ᠤ᠋ ᠳᠤᠮᠳᠠ
ᠡᠩᠬᠡ ᠵᠢᠷᠭᠠᠨ ᠵᠠᠶᠠᠭᠠᠨ ᠠᠲᠤᠭᠠᠢ᠃
ᠳᠠᠯᠠᠢ ᠮᠥᠷᠡᠨ ᠭᠣᠣᠯ ᠢ᠋
ᠤᠷᠤᠰᠬᠤᠢ ᠶ᠋ᠢᠨ ᠦᠶ᠎ᠡ ᠡᠴᠡ
ᠲᠠᠶᠠᠨ ᠮᠣᠩᠭᠣᠯ ᠤᠭᠰᠠᠭ᠎ᠠ ᠶ᠋ᠢ
ᠡᠭᠦᠰᠬᠦᠢ ᠶ᠋ᠢᠨ ᠦᠶ᠎ᠡ ᠡᠴᠡ
ᠰᠢᠷ᠎ᠠ ᠬᠢᠯᠭᠠᠨ᠎ᠠ ᠶ᠋ᠢᠨ ᠠᠮᠢ ᠲᠠᠢ
ᠰᠢᠷ᠎ᠠ ᠲᠣᠰᠣᠨ ᠢᠳᠡᠰᠢ ᠲᠡᠢ
ᠰᠢᠷ᠎ᠠ ᠲᠦᠷᠦᠭᠦᠲᠦ
ᠴᠠᠭᠠᠨ ᠬᠣᠨᠢᠨ ᠤ᠋ ᠲᠠᠬᠢᠯᠭ᠎ᠠ ᠲᠠᠢ
ᠤᠤᠭᠠᠨ ᠭᠠᠯᠠᠢᠬᠠᠨ ᠡᠬᠡ ᠳ᠋ᠦ᠍ᠷ
ᠥᠭᠡᠬᠦ ᠲᠣᠰᠣᠨ ᠢ᠋ ᠡᠷᠭᠦᠨᠡᠮ
ᠡᠰᠦᠭ ᠳᠡᠷᠡᠰᠦᠨ ᠢ᠋ ᠳᠤᠰᠤᠭᠠᠨᠠᠮ᠃
ᠰᠢᠯᠢ ᠰᠠᠢᠲᠤ ᠬᠥᠪᠡᠭᠦᠨ ᠲᠡᠢ ᠪᠣᠯᠭᠠᠭᠴᠢ
ᠰᠢᠪᠡᠷᠬᠡᠯ ᠰᠠᠢᠲᠤ ᠪᠡᠷᠢ ᠲᠡᠢ ᠪᠣᠯᠭᠠᠭᠴᠢ
ᠰᠢᠯᠤᠭᠤᠨ ᠰᠠᠬᠢᠨ ᠥᠬᠢᠨ ᠲᠡᠢ ᠪᠣᠯᠭᠠᠭᠴᠢ
ᠥᠬᠢᠨ ᠦᠷ᠎ᠡ ᠪᠡᠨ ᠥᠰᠬᠡᠵᠦ
ᠦᠷ᠎ᠡ ᠡᠠᠴᠢᠨᠠᠷ ᠵᠠᠯᠭᠠᠭᠤᠯᠵᠤ
ᠨᠤᠭᠤᠨ ᠦᠷ᠎ᠡ ᠪᠡᠨ ᠥᠰᠬᠡᠵᠦ
ᠨᠤᠲᠤᠭ ᠤᠰᠤ ᠪᠠᠨ ᠠᠳᠬᠤᠵᠤ
ᠲᠣᠭ᠎ᠠ ᠦᠭᠡᠢ ᠲᠣᠷᠭ᠎ᠠ ᠶ᠋ᠢ
ᠲᠣᠬᠣᠢ ᠶᠠᠳᠠᠲᠠᠯ᠎ᠠ ᠬᠠᠢᠴᠢᠯᠠᠵᠤ
ᠲᠣᠪᠴᠢ ᠪᠣᠯᠤᠨ ᠪᠦᠴᠡ ᠶ᠋ᠢ ᠨᠢ
ᠲᠣᠯᠣᠭᠠᠢ ᠡᠷᠭᠢᠲᠡᠯ᠎ᠡ ᠬᠠᠲᠠᠵᠤ
ᠡᠩ ᠦᠭᠡᠢ ᠶᠡᠬᠡ ᠲᠣᠷᠭ᠎ᠠ ᠶ᠋ᠢ
ᠡᠳᠦᠷ ᠰᠥᠨᠢ ᠦᠭᠡᠢ ᠬᠠᠢᠴᠢᠯᠠᠵᠤ
ᠡᠰᠡᠨᠢᠬᠦ ᠪᠠᠶᠠᠨ ᠤ᠋ ᠮᠥᠷ ᠢ᠋ᠶ᠋ᠡᠷ
ᠡᠩᠬᠡ ᠵᠢᠷᠭᠠᠨ ᠵᠠᠶᠠᠭᠠᠨ ᠠᠲᠤᠭᠠᠢ ᠂
ᠴᠠᠭᠠᠲᠠᠢ ᠪᠥᠬᠡ ᠶ᠋ᠢᠨ ᠴᠠᠬᠢᠭᠰᠠᠨ
ᠴᠡᠩᠭᠡᠯ ᠢᠳᠤᠭᠠᠨ ᠤ᠋ ᠦᠯᠢᠶᠡᠭᠰᠡᠨ
ᠭᠡᠷᠡᠯ ᠢ᠋ ᠢᠪᠡᠭᠡᠵᠦ
ᠭᠡᠭᠡᠨ ᠢ᠋ᠶ᠋ᠡᠷ ᠭᠡᠢᠭᠦᠯᠦᠭᠡᠳ
ᠬᠠᠯᠠᠭᠤᠨ ᠢ᠋ ᠬᠠᠢᠷᠠᠯᠠᠵᠤ
ᠬᠠᠮᠤᠭ ᠢ᠋ ᠳᠤᠯᠠᠭᠠᠯᠠᠭᠰᠠᠨ
ᠭᠠᠯ ᠭᠠᠯᠠᠢᠬᠠᠨ ᠡᠬᠡ ᠳ᠋ᠡᠭᠡᠨ
ᠥᠭᠡᠬᠦ ᠲᠣᠰᠣᠨ ᠢ᠋ ᠡᠷᠭᠦᠨᠡᠮ
ᠡᠰᠦᠭ ᠳᠡᠷᠡᠰᠦᠨ ᠢ᠋ ᠳᠤᠰᠤᠭᠠᠨᠠᠮ
ᠥᠭᠡᠳᠡᠯᠡᠬᠦ ᠶᠡᠬᠡ ᠵᠢᠷᠭᠠᠯᠠᠩ ᠢ᠋
ᠡᠨᠳᠡ ᠥᠭᠬᠦ ᠪᠣᠯᠲᠤᠭᠠᠢ ᠂ ᠂
ᠤᠷᠲᠤ ᠬᠠᠨᠴᠤᠢ ᠶ᠋ᠢ ᠪᠡᠨ
ᠤᠳᠣᠷᠢᠭᠤᠯᠤᠨ ᠪᠠᠢᠵᠤ ᠪᠠᠷᠢᠨᠠᠮ
ᠤᠭᠤᠴᠠ ᠪᠣᠯᠤᠨ ᠡᠪᠴᠢᠭᠦᠦ ᠪᠡᠷ
ᠮᠢᠯᠢᠶᠠᠨ ᠪᠠᠢᠵᠤ ᠰᠠᠭᠤᠨᠠᠮ
ᠲᠣᠷᠭᠠᠨ ᠰᠠᠢᠬᠠᠨ ᠬᠠᠨᠴᠤᠢ ᠪᠠᠨ
ᠤᠳᠣᠷᠢᠭᠤᠯᠤᠨ ᠪᠠᠢᠵᠤ ᠪᠠᠷᠢᠨᠠᠮ
ᠲᠣᠰᠣ ᠪᠣᠯᠤᠨ ᠥᠭᠡᠬᠦ ᠪᠡᠷ
ᠮᠢᠯᠢᠶᠠᠨ ᠪᠠᠢᠵᠤ ᠮᠥᠷᠭᠥᠨᠡᠮ᠃
ᠨᠠᠭᠤᠷ ᠳᠦᠭᠦᠷᠡᠩ ᠵᠣᠭᠰᠣᠬᠤ
ᠠᠳᠤᠭᠤ ᠲᠠᠢ ᠪᠣᠯᠭᠠᠭᠠᠰᠠᠢ
ᠨᠣᠶᠠᠨ ᠬᠥᠮᠦᠨ ᠢ᠋ ᠳᠠᠭᠠᠬᠤ
ᠦᠷ᠎ᠡ ᠲᠡᠢ ᠪᠣᠯᠭᠠᠭᠠᠰᠠᠢ
ᠬᠥᠲᠥᠯ ᠳᠦᠭᠦᠷᠡᠩ ᠪᠡᠯᠴᠢᠬᠦ
ᠬᠣᠨᠢ ᠲᠠᠢ ᠪᠣᠯᠭᠠᠭᠠᠰᠠᠢ
ᠬᠥᠮᠦᠨ ᠤ᠋ ᠲᠦᠷᠦᠭᠦᠨ ᠳ᠋ᠦ᠍ ᠲᠣᠭᠠᠴᠠᠭᠳᠠᠬᠤ
ᠬᠥᠪᠡᠭᠦᠨ ᠲᠡᠢ ᠪᠣᠯᠭᠠᠭᠠᠰᠠᠢ
ᠵᠠᠩ ᠰᠠᠢᠲᠤ ᠥᠬᠢᠨ ᠢ᠋ ᠴᠢᠨᠢ
ᠵᠠᠶᠠᠭᠠᠲᠤ ᠪᠣᠱᠣᠭᠠᠨ ᠳ᠋ᠤᠷ ᠴᠢᠨᠢ
ᠪᠦᠳᠦᠷᠢᠭᠦᠯᠦᠨ ᠰᠠᠭᠤᠨᠠᠮ
ᠵᠢᠷᠭᠠᠯ ᠤ᠋ᠨ ᠶᠡᠬᠡ ᠶ᠋ᠢ ᠢᠪᠡᠭᠡᠲᠦᠭᠡᠢ᠃
ᠵᠠᠵᠢᠨ ᠦᠰᠦ ᠨᠢ ᠪᠤᠭᠤᠷᠤᠯᠳᠠᠲᠠᠯᠠ
ᠵᠠᠶᠠᠭ᠎ᠠ ᠬᠤᠪᠢ ᠶ᠋ᠢ ᠨᠢ ᠳᠡᠭᠵᠢᠷᠡᠭᠦᠯᠲᠦᠭᠡᠢ!
ᠥᠯᠵᠡᠢ ᠬᠤᠲᠤᠭ ᠣᠷᠣᠰᠢᠲᠤᠭᠠᠢ
ᠬᠤᠷᠤᠢ ᠂ ᠬᠤᠷᠤᠢ ᠂ ᠬᠤᠷᠤᠢ!
ᠭᠠᠯ ᠤ᠋ᠨ ᠬᠠᠭᠠᠨ ᠮᠢᠷᠠᠨᠵᠠ ᠮᠢᠨᠦ
ᠭᠠᠯᠪᠠ ᠳ᠋ᠤᠷ ᠡᠭᠡᠯᠢᠲᠦ ᠭᠠᠯᠠᠢᠬᠠᠨ ᠮᠢᠨᠦ
ᠰᠢᠷ᠎ᠠ ᠰᠠᠢᠬᠠᠨ ᠲᠦᠷᠦᠭᠦᠲᠦ
ᠴᠠᠭᠠᠨ ᠬᠣᠨᠢᠨ ᠤ᠋ ᠡᠪᠴᠢᠭᠦᠦ ᠪᠡᠷ ᠲᠠᠬᠢᠨᠠᠮ
ᠡᠨᠡ ᠪᠦᠬᠦᠢ ᠠᠮᠢᠲᠠᠨ ᠴᠢᠨᠦ
ᠡᠨᠳᠡᠭᠦᠷᠡᠯ ᠦᠭᠡᠢ ᠪᠤᠷᠬᠠᠨ ᠤ᠋
ᠬᠤᠲᠤᠭ ᠢ᠋ ᠣᠯᠬᠤ ᠪᠣᠯᠲᠤᠭᠠᠢ
ᠪᠤᠶᠠᠨᠲᠤ ᠵᠢᠯ ᠣᠷᠣᠪᠠ
ᠪᠣᠯᠭᠠᠨ ᠤ᠋ ᠵᠢᠰᠦ ᠵᠢᠰᠦᠯᠡᠪᠡ
ᠪᠤᠷᠲᠠᠭ ᠨᠢᠭᠦᠯ ᠬᠢᠯᠢᠨᠴᠡ ᠠᠷᠢᠯᠲᠤᠭᠠᠢ
ᠪᠤᠷᠬᠠᠨ ᠪᠠᠭᠰᠢ ᠶ᠋ᠢᠨ ᠥᠷᠥᠰᠢᠶᠡᠭᠰᠡᠨ
ᠪᠤᠶᠠᠨ ᠬᠡᠰᠢᠭ ᠡᠨᠳᠡ ᠲᠣᠭᠲᠠᠲᠤᠭᠠᠢ᠃
ᠬᠠᠭᠤᠴᠢᠨ ᠵᠢᠯ ᠬᠠᠩᠭᠢᠷᠠᠰᠬᠢᠵᠤ ᠬᠠᠷᠢᠬᠤᠢ ᠳ᠋ᠤᠷ
ᠬᠠᠯᠢᠭᠤᠨ ᠤ᠋ ᠵᠢᠰᠦ ᠵᠢᠰᠦᠯᠡᠬᠦᠢ ᠳ᠋ᠦ᠍ᠷ
ᠬᠠᠷ᠎ᠠ ᠲᠡᠷᠢᠭᠦᠲᠦ ᠴᠠᠭᠠᠨ ᠬᠣᠨᠢᠨ ᠤ᠋
ᠡᠪᠴᠢᠭᠦᠨ ᠢ᠋ᠶ᠋ᠡᠷ ᠲᠠᠬᠢᠨᠠᠮ
ᠬᠠᠷᠰᠢ ᠵᠣᠪᠠᠯᠠᠩ ᠠᠷᠢᠯᠲᠤᠭᠠᠢ
ᠬᠠᠮᠤᠭ ᠡᠨᠳᠡ ᠴᠢᠳᠬᠥᠷ ᠳᠠᠷᠤᠭᠳᠠᠲᠤᠭᠠᠢ
ᠬᠠᠮᠤᠭ ᠬᠥᠮᠦᠨ ᠠᠮᠢᠲᠠᠨ ᠬᠦᠰᠡᠬᠦᠢ ᠵᠢᠷᠭᠠᠯᠠᠩ ᠢ᠋ᠶ᠋ᠠᠷ
ᠬᠠᠷᠢ ᠬᠠᠯᠠᠭᠤᠨ ᠬᠠᠮᠲᠤ ᠪᠠᠷ ᠵᠢᠷᠭᠠᠲᠤᠭᠠᠢ ᠂᠃
ᠰᠢᠨ᠎ᠡ ᠵᠢᠯ ᠰᠢᠯᠵᠢᠷᠡᠵᠦ ᠢᠷᠡᠬᠦᠢ ᠳ᠋ᠦ᠍ᠷ
ᠰᠢᠯᠦᠭᠦᠰᠦᠨ ᠵᠢᠰᠦ ᠵᠢᠰᠦᠯᠡᠬᠦᠢ ᠳ᠋ᠦ᠍ᠷ
ᠰᠢᠷ᠎ᠠ ᠲᠡᠷᠢᠭᠦᠲᠦ ᠴᠠᠭᠠᠨ ᠬᠣᠨᠢᠨ ᠤ᠋
ᠡᠪᠴᠢᠭᠦᠨ ᠢ᠋ᠶ᠋ᠡᠷ ᠲᠠᠬᠢᠨᠠᠮ
ᠰᠢᠪᠰᠢᠭ ᠵᠣᠪᠠᠯᠠᠩ ᠠᠷᠢᠯᠲᠤᠭᠠᠢ
ᠰᠢᠯᠤᠭᠤᠨ ᠰᠠᠢᠬᠠᠨ
ᠱᠠᠰᠢᠨ ᠲᠥᠷᠥ ᠬᠣᠶᠠᠷ
ᠡᠨᠳᠡ ᠲᠣᠭᠲᠠᠲᠤᠭᠠᠢ ᠃
ᠬᠡᠰᠢᠭᠲᠦ ᠵᠢᠯ ᠣᠷᠣᠬᠤᠢ ᠳ᠋ᠤᠷ
ᠬᠡᠷᠡᠮᠦᠨ ᠵᠢᠰᠦ ᠵᠢᠰᠦᠯᠡᠬᠦᠢ ᠳ᠋ᠦ᠍ᠷ
ᠭᠡᠭᠦᠬᠡᠨ ᠴᠠᠭᠠᠨ ᠬᠣᠨᠢᠨ ᠤ᠋ ᠴᠢᠨᠦ
ᠡᠪᠴᠢᠭᠦᠨ ᠢ᠋ᠶ᠋ᠡᠷ ᠲᠠᠬᠢᠨᠠᠮ
ᠬᠢᠮᠤᠷ ᠴᠢᠮᠦᠷ ᠳᠠᠷᠤᠭᠳᠠᠲᠤᠭᠠᠢ
ᠬᠡᠢ ᠬᠣᠣᠷ ᠬᠢᠵᠢᠭ ᠡᠪᠡᠳᠴᠢᠨ ᠠᠷᠢᠯᠲᠤᠭᠠᠢ
ᠬᠡᠯᠡᠬᠦᠢ ᠪᠦᠭᠦᠳᠡᠭᠡᠷ ᠵᠢᠷᠭᠠᠨ ᠰᠠᠭᠤᠲᠤᠭᠠᠢ
ᠦᠨᠡᠨ ᠵᠢᠯ ᠣᠷᠣᠪᠠ
ᠦᠨᠡᠭᠡᠨ ᠵᠢᠰᠦ ᠵᠢᠰᠦᠯᠡᠪᠡ
ᠦᠭᠦᠷᠢᠭ ᠡᠪᠡᠷᠲᠦ
ᠴᠠᠭᠠᠨ ᠬᠣᠨᠢᠨ ᠤ᠋ ᠴᠢᠨᠦ
ᠡᠪᠴᠢᠭᠦᠨ ᠢ᠋ᠶ᠋ᠡᠷ ᠲᠠᠬᠢᠨᠠᠮ
ᠦᠬᠦᠯ ᠵᠣᠪᠠᠯᠠᠩ ᠠᠷᠢᠯᠲᠤᠭᠠᠢ
ᠦᠨᠡᠬᠡᠷ ᠲᠤᠭᠤᠯᠤᠭᠰᠠᠨ
ᠦᠨᠡᠨ ᠳᠡᠭᠡᠳᠦ ᠭᠤᠷᠪᠠᠨ ᠡᠷᠳᠡᠨᠢ ᠶ᠋ᠢᠨ
ᠥᠯᠵᠡᠢ ᠬᠤᠲᠤᠭ ᠡᠨᠳᠡ ᠣᠷᠣᠰᠢᠲᠤᠭᠠᠢ
ᠬᠥᠬᠡ ᠲᠩᠷᠢ ᠶ᠋ᠢᠨ ᠳᠣᠣᠷ᠎ᠠ
ᠬᠥᠷᠥᠰᠥᠲᠦ ᠳᠡᠯᠡᠬᠡᠢ ᠶ᠋ᠢᠨ ᠳᠡᠭᠡᠷ᠎ᠡ
ᠬᠦᠢ ᠡᠯᠢᠭᠡᠨ ᠪᠦᠷᠢᠳᠴᠦ
ᠬᠦᠰᠡᠬᠦᠢ ᠵᠢᠷᠭᠠᠯᠠᠩ ᠢ᠋ᠶ᠋ᠠᠷ ᠵᠢᠷᠭᠠᠬᠤ ᠪᠣᠯᠲᠤᠭᠠᠢ᠃
ᠬᠠᠨ ᠲᠡᠭᠷᠢ ᠶ᠋ᠢᠨ ᠵᠠᠶᠠᠭ᠎ᠠ ᠪᠠᠷ ᠡᠭᠦᠳᠦᠭᠰᠡᠨ
ᠬᠠᠨ ᠡᠵᠡᠨ ᠦ᠌ ᠭᠠᠯ ᠭᠣᠯᠣᠮᠲᠠ
ᠬᠠᠮᠤᠭ ᠠᠮᠢᠲᠠᠨ ᠳ᠋ᠤᠷ
ᠥᠯᠵᠡᠢ ᠬᠤᠲᠤᠭ ᠪᠣᠯᠲᠤᠭᠠᠢ
ᠡᠷᠬᠡᠲᠦ ᠲᠡᠭᠷᠢ ᠶ᠋ᠢᠨ ᠡᠭᠡᠯᠢᠭᠡ ᠪᠡᠷ ᠡᠭᠦᠳᠦᠭᠰᠡᠨ
ᠡᠵᠡᠨ ᠪᠣᠭᠳᠠ ᠶ᠋ᠢᠨ ᠭᠠᠯ ᠭᠣᠯᠣᠮᠲᠠ
ᠡᠳᠡᠭᠡᠷ ᠪᠦᠬᠦ ᠠᠮᠢᠲᠠᠨ ᠳ᠋ᠤᠷ
ᠥᠯᠵᠡᠢ ᠬᠤᠲᠤᠭ ᠣᠷᠣᠰᠢᠲᠤᠭᠠᠢ ᠃
ᠬᠠᠢᠷ ᠴᠢᠯᠠᠭᠤᠨ ᠡᠬᠡ ᠲᠡᠢ
ᠬᠠᠳᠠᠨ ᠲᠡᠮᠦᠷ ᠡᠴᠢᠭᠡ ᠲᠡᠢ
ᠬᠠᠢᠯᠠᠰᠤᠨ ᠮᠣᠳᠣᠨ ᠠᠮᠢ ᠲᠠᠢ
ᠬᠠᠨ ᠮᠢᠷᠠᠨᠵᠠ ᠭᠠᠯᠠᠢᠬᠠᠨ ᠡᠬᠡ ᠮᠢᠨᠦ
ᠬᠠᠷ᠎ᠠ ᠠᠷᠢᠬᠢ ᠶ᠋ᠢ ᠴᠢᠨᠦ
ᠠᠶᠠᠭ᠎ᠠ ᠪᠠᠷ ᠳᠤᠰᠤᠭᠠᠨᠠᠮ
ᠬᠠᠯᠢᠮ ᠥᠭᠡᠬᠦᠨ ᠢ᠋ ᠴᠢᠨᠦ
ᠠᠯᠠᠭ᠎ᠠ ᠪᠠᠷ ᠡᠷᠭᠦᠨᠡᠮ
ᠬᠠᠯᠠᠭᠤᠨ ᠠᠮᠢ ᠮᠢᠨᠦ ᠮᠥᠩᠬᠡ ᠪᠣᠯᠵᠤ
ᠬᠠᠷᠠᠢᠬᠤ ᠪᠠᠷᠤᠢᠬᠤ ᠥᠮᠴᠢ ᠮᠢᠨᠦ
ᠡᠩᠬᠡ ᠮᠡᠨᠳᠦ
ᠬᠠᠢᠷᠠᠯᠠᠬᠤ ᠲᠠᠪᠤᠨ ᠬᠣᠰᠢᠭᠤ ᠮᠠᠯ ᠮᠢᠨᠢ
ᠡᠰᠡᠨ ᠮᠡᠲᠦ ᠥᠰᠬᠦ ᠪᠣᠯᠲᠤᠭᠠᠢ᠃
ᠭᠠᠳᠠᠨ᠎ᠠ ᠪᠠᠢᠬᠤ ᠮᠠᠯ ᠮᠢᠨᠢ
ᠭᠠᠯᠠᠭᠤᠨ ᠮᠡᠲᠦ ᠥᠰᠴᠦ
ᠭᠠᠬᠠᠢ ᠮᠡᠲᠦ ᠲᠠᠷᠭᠤᠯᠠᠵᠤ
ᠭᠠᠵᠠᠷ ᠤᠰᠤ ᠬᠣᠶᠠᠷ ᠢ᠋ ᠪᠦᠷᠬᠦᠬᠦ ᠪᠣᠯᠲᠤᠭᠠᠢ
ᠭᠠᠢᠬᠠᠮᠰᠢᠭ ᠪᠤᠷᠬᠠᠳ ᠤ᠋ᠨ ᠪᠤᠶᠠᠨ ᠬᠡᠰᠢᠭ ᠡᠨᠳᠡ ᠲᠣᠭᠲᠠᠲᠤᠭᠠᠢ᠃
ᠬᠣᠷᠮᠣᠢ ᠴᠢᠨᠦ ᠬᠤᠲᠤᠭ ᠲᠠᠢ ᠪᠣᠯᠲᠤᠭᠠᠢ
ᠲᠣᠬᠣᠢ ᠴᠢᠨᠦ ᠲᠣᠰᠣ ᠲᠠᠢ ᠪᠣᠯᠲᠤᠭᠠᠢ
ᠬᠤᠷᠤᠢ ᠬᠤᠷᠤᠢ ᠬᠤᠷᠤᠢ
ᠠᠷᠠᠮ ᠦᠰᠦᠭ ᠡᠴᠡ ᠡᠭᠦᠳᠦᠭᠰᠡᠨ
ᠠᠷᠰᠢ ᠶ᠋ᠢᠨ ᠤᠰᠤ ᠪᠠᠷ ᠪᠦᠲᠦᠭᠰᠡᠨ
ᠠᠷᠢᠭᠤᠨ ᠭᠡᠭᠡᠨ ᠴᠢᠨᠠᠷ
ᠭᠠᠯ ᠤ᠋ᠨ ᠬᠠᠭᠠᠨ ᠮᠢᠷᠠᠨᠵᠠ
ᠬᠠᠲᠠᠭᠤ ᠶ᠋ᠢ ᠵᠥᠭᠡᠯᠡᠨ ᠪᠣᠯᠭᠠᠨᠴᠢ
ᠬᠠᠷᠠᠩᠭᠤᠢ ᠶ᠋ᠢ ᠭᠡᠭᠡᠨ ᠪᠣᠯᠭᠠᠭᠴᠢ
ᠭᠠᠯ ᠤ᠋ᠨ ᠬᠠᠭᠠᠨ ᠮᠢᠷᠠᠨᠵᠠ
ᠡᠨᠡ ᠥᠯᠵᠡᠢᠲᠦ ᠡᠳᠦᠷ ᠴᠢᠨᠦ
ᠦᠨᠳᠦᠰᠦ ᠶ᠋ᠢ ᠴᠢᠨᠦ ᠳᠠᠭᠤᠳᠠᠵᠤ
ᠦᠰᠦᠭ ᠢ᠋ ᠴᠢᠨᠦ ᠳᠤᠷᠠᠳᠬᠤ ᠶ᠋ᠢᠨ
ᠰᠢᠯᠲᠠᠭᠠᠨ ᠶᠠᠭᠤ ᠪᠣᠢ ᠭᠡᠪᠡᠯ
ᠰᠣᠳᠣ ᠪᠣᠭᠳᠠ ᠶ᠋ᠢᠨ ᠰᠤᠷᠭᠠᠯ ᠪᠥᠯᠥᠭᠡ
ᠰᠤᠳᠠᠢ ᠬᠠᠲᠤᠨ ᠤ᠋ ᠦᠯᠢᠭᠡᠷ ᠪᠥᠯᠥᠭᠡ
ᠥᠭᠭᠢᠶᠡᠮᠦᠷ ᠶᠡᠬᠡ ᠪᠤᠶᠠᠨ ᠢ᠋ᠶ᠋ᠠᠷ ᠤᠴᠠᠷᠠᠭᠰᠠᠨ
ᠥᠮᠴᠢᠲᠦ ᠣᠯᠠᠨ ᠮᠠᠯ ᠢ᠋ ᠴᠢᠨᠦ ᠬᠤᠷᠢᠶᠠᠵᠤ
ᠥᠭᠡᠬᠦᠨ ᠲᠣᠰᠣ ᠪᠠᠷ ᠲᠠᠬᠢᠨᠠᠮ
ᠥᠰᠬᠦ ᠣᠯᠠᠨ ᠮᠠᠯ ᠤ᠋ᠨ ᠡᠵᠡᠨ ᠪᠣᠯᠵᠤ
ᠡᠳᠦᠷ ᠪᠦᠷᠢ ᠵᠢᠷᠭᠠᠵᠤ
ᠥᠯᠵᠡᠢ ᠬᠤᠲᠤᠭ ᠲᠣᠭᠲᠠᠲᠤᠭᠠᠢ
ᠰᠠᠪᠠ ᠶᠢᠷᠲᠢᠨᠴᠦ ᠶ᠋ᠢᠨ ᠡᠤᠠᠭᠦᠭᠦᠢ ᠡᠭᠦᠳᠦᠭᠰᠡᠨ
ᠭᠠᠯ ᠤ᠋ᠨ ᠬᠠᠭᠠᠨ ᠮᠢᠷᠠᠨᠵᠠ
ᠳᠡᠭᠡᠷ᠎ᠡ ᠬᠥᠬᠡ ᠡᠣᠭᠲᠠᠷᠭᠤᠢ ᠳ᠋ᠤᠷ ᠬᠦᠷᠦᠮ᠎ᠡ
ᠤᠯᠠᠭᠠᠨ ᠭᠡᠷᠡᠯ ᠪᠣᠯᠤᠭᠰᠠᠨ
ᠳᠣᠣᠷ᠎ᠠ ᠬᠥᠷᠥᠰᠥᠲᠦ ᠠᠯᠲᠠᠨ ᠳᠡᠯᠡᠬᠡᠢ ᠳ᠋ᠦ᠍ᠷ ᠨᠠᠪᠲᠠᠷᠠᠮᠠ
ᠠᠷᠢᠭᠤᠨ ᠴᠢᠨᠠᠷ ᠪᠣᠯᠤᠭᠰᠠᠨ
ᠭᠠᠯ ᠤ᠋ᠨ ᠬᠠᠭᠠᠨ ᠮᠢᠷᠠᠨᠵᠠ
ᠶᠡᠷᠡ ᠶᠢᠰᠦᠨ ᠲᠩᠷᠢ ᠶ᠋ᠢᠨ
ᠵᠠᠶᠠᠭ᠎ᠠ ᠪᠠᠷ ᠡᠭᠦᠳᠦᠭᠰᠡᠨ
ᠶᠢᠰᠦᠭᠡᠢ ᠡᠵᠡᠨ ᠤ᠋ ᠴᠠᠬᠢᠭᠰᠠᠨ
ᠭᠠᠯ ᠭᠣᠯᠣᠮᠲᠠ ᠮᠢᠨᠦ
ᠶᠡᠷᠦ ᠪᠦᠬᠦ ᠤᠯᠤᠰ ᠲᠤᠷ
ᠥᠯᠵᠡᠢ ᠬᠤᠲᠤᠭ ᠲᠣᠭᠲᠠᠭᠠᠲᠤᠭᠠᠢ
ᠬᠠᠨ ᠲᠩᠷᠢ ᠶ᠋ᠢᠨ ᠵᠠᠶᠠᠭ᠎ᠠ ᠪᠠᠷ ᠡᠭᠦᠳᠦᠭᠰᠡᠨ
ᠬᠠᠨ ᠪᠣᠭᠳᠠ ᠶ᠋ᠢᠨ ᠭᠠᠯ ᠭᠣᠯᠣᠮᠲᠠ ᠮᠢᠨᠦ
ᠬᠠᠮᠤᠭ ᠠᠮᠢᠲᠠᠨ ᠳ᠋ᠤᠷ
ᠥᠯᠵᠡᠢ ᠬᠤᠲᠤᠭ ᠲᠣᠭᠲᠠᠭᠠᠲᠤᠭᠠᠢ
ᠡᠷᠬᠡᠲᠦ ᠲᠩᠷᠢ ᠶ᠋ᠢᠨ ᠡᠭᠡᠯᠢ ᠪᠡᠷ ᠡᠭᠦᠳᠦᠭᠰᠡᠨ
ᠡᠵᠡᠨ ᠪᠣᠭᠳᠠ ᠶ᠋ᠢᠨ ᠭᠠᠯ ᠭᠣᠯᠣᠮᠲᠠ ᠮᠢᠨᠦ
ᠡᠨᠡ ᠪᠦᠬᠦᠢ ᠠᠮᠢᠲᠠᠨ ᠳ᠋ᠤᠷ
ᠥᠯᠵᠡᠢ ᠬᠤᠲᠤᠭ ᠣᠷᠣᠰᠢᠲᠤᠭᠠᠢ
ᠬᠤᠷᠤᠢ ᠬᠤᠷᠤᠢ ᠬᠤᠷᠤᠢ
23.1.14
ᠦᠰᠦᠭ ᠠᠮᠢᠯᠠᠭᠤᠯᠵᠤ ᠬᠠᠲᠠᠭᠰᠠᠨ ᠨᠢ ᠭᠠᠸᠠ
ᠬᠢᠨᠠᠭᠴᠢ ᠄ ᠠᠯᠲᠠᠨ ᠠᠭᠤᠯᠠ
