ᠭᠠᠯ ᠲᠠᠬᠢᠯᠭ᠎ᠠ ᠶ᠋ᠢᠨ ᠶᠣᠰᠣᠨ - ᠬᠤᠯᠪᠤᠭ᠎ᠠ Гал тахилгын ёсон - холбоо
ᠭᠠᠯ ᠲᠠᠬᠢᠯᠭ᠎ᠠ
ᠳᠡᠭᠡᠳᠦᠰ ᠦᠨ ᠠᠷᠢᠭᠤᠨ ᠭᠣᠯᠣᠮᠲᠠ ᠪᠠᠨ
ᠳᠡᠭᠡᠵᠢᠯᠡᠵᠦ ᠲᠠᠬᠢᠳᠠᠭ ᠬᠣᠷᠢᠨ ᠭᠤᠷᠪᠠᠨ
ᠳᠡᠯᠭᠡᠷ ᠪᠠᠶᠠᠨ ᠠᠮᠢᠳᠤᠷᠠᠯ ᠢᠶ᠋ᠠᠨ
ᠳᠠᠭᠠᠳᠬᠠᠵᠤ ᠮᠥᠷᠭᠥᠬᠦ ᠲᠠᠬᠢᠯᠭ᠎ᠠ ᠡ
ᠤᠬᠠᠭᠠᠨᠲᠤ ᠮᠣᠩᠭᠣᠯ ᠠᠮᠢᠳᠤᠷᠠᠯ ᠢᠶ᠋ᠠᠨ
ᠤᠯᠠᠮᠵᠢᠯᠠᠵᠤ ᠥᠪᠯᠡᠭᠰᠡᠨ ᠬᠣᠷᠢᠨ ᠭᠤᠷᠪᠠᠨ
ᠠᠯᠲᠠᠨ ᠲᠤᠯᠭ᠎ᠠ ᠶ᠋ᠢᠨ ᠭᠠᠯ ᠢᠶ᠋ᠠᠷ
ᠠᠷᠢᠭᠤᠯᠠᠵᠤ ᠰᠦᠰᠦᠭᠯᠡᠬᠦ ᠰᠢᠲᠦᠭᠡᠨ ᠡ ᠬᠥ᠋
ᠪᠣᠭᠳᠠ ᠴᠢᠩᠭᠢᠰ ᠦᠨ ᠤᠳᠤᠮ ᠤᠨ ᠬᠢᠨ
ᠬᠦᠳᠡᠷ ᠴᠢᠯᠠᠭᠤᠨ ᠤ ᠣᠴᠢ ᠶᠤᠮ ᠠ᠋
ᠪᠥᠷᠳᠡ ᠡᠬᠡ ᠶ᠋ᠢᠨ ᠤᠭᠰᠠᠭᠠᠨ ᠤ
ᠬᠡᠲᠡ ᠴᠠᠬᠢᠭᠤᠷ ᠤᠨ ᠳᠥᠯᠥ ᠶᠤᠮ ᠡ
ᠭᠠᠯ ᠭᠠᠯ ᠤᠨ ᠪᠤᠷᠬᠠᠨ ᠡ
ᠭᠡᠷ ᠭᠡᠷ ᠦᠨ ᠰᠠᠬᠢᠭᠤᠰᠤ ᠡ
ᠭᠠᠷᠬᠤ ᠨᠠᠷᠠ ᠲᠠᠢ ᠰᠠᠴᠠᠭᠤ
ᠭᠡᠷᠡᠯ ᠢᠯᠴᠢ ᠶ᠋ᠢᠨ ᠴᠠᠮᠬᠠᠭ
ᠬᠤᠪᠢ ᠬᠣᠪᠢᠨ ᠤ ᠬᠥᠭᠡᠭᠡᠴᠡᠯᠳᠦᠭᠡᠨ
ᠬᠦᠨᠳᠦᠳᠬᠡᠨ ᠲᠠᠬᠢᠬᠤ ᠵᠢᠷᠤᠮ ᠡ
ᠬᠢᠬᠦ ᠶᠣᠰᠣᠨ ᠤ ᠮᠦᠷᠳᠡᠯ ᠡ
ᠬᠥᠭᠵᠢᠯ ᠮᠠᠨᠳᠤᠯ ᠤᠨ ᠰᠤᠷᠲᠠᠬᠤᠨ ᠡ
ᠠᠰᠤᠷᠢ ᠯᠡ ᠲᠡᠭᠷᠢ ᠶ᠋ᠢᠨ ᠢᠪᠡᠭᠡᠯ ᠤᠨ
ᠠᠰᠠᠵᠤ ᠳᠦᠷᠡᠯᠵᠡᠭᠰᠡᠨ ᠴᠣᠭ ᠶᠤᠮ ᠡ
ᠠᠭᠤᠤ ᠦᠨᠳᠦᠰᠦᠲᠡᠨ ᠦ ᠬᠡᠶ᠋ᠢᠮᠤᠷᠢ ᠶ᠋ᠢᠨ
ᠠᠰᠢᠳᠠ ᠨᠠᠨᠳᠢᠩᠨᠠᠬᠤ ᠰᠣᠶᠣᠯ ᠰᠢᠦ
ᠬᠠᠶ᠋ᠢᠯᠠᠰᠤᠨ ᠮᠣᠳᠣᠨ ᠤ ᠲᠦᠯᠡᠰᠢ ᠲᠡᠢ
ᠬᠤᠲᠤᠭ ᠨᠠᠰᠤᠨ ᠤ ᠥᠯᠵᠡᠢ ᠲᠡᠢ
ᠬᠤᠯᠤᠰᠤᠨ ᠵᠠᠯᠠᠭᠠᠨ ᠴᠢᠮᠡᠭ ᠲᠡᠢ
ᠬᠤᠪᠢ ᠵᠠᠶᠠᠭ᠎ᠠ ᠶ᠋ᠢᠨ ᠳᠠᠯᠠᠯᠭ᠎ᠠ ᠲᠠᠢ
ᠲᠠᠪᠤᠨ ᠥᠩᠭᠡ ᠶ᠋ᠢᠨ ᠪᠦᠰ ᠲᠡᠢ
ᠲᠠᠶ᠋ᠢᠪᠤᠩ ᠵᠢᠷᠭᠠᠯ ᠤᠨ ᠪᠤᠶᠠᠨ ᠲᠡᠢ
ᠲᠠᠷᠭᠤᠨ ᠡᠪᠴᠢᠭᠦᠨ ᠪᠠᠷᠢᠴᠠ ᠲᠠᠢ
ᠲᠠᠩᠰᠤᠭ ᠬᠥᠷᠥᠩᠭᠡ ᠶ᠋ᠢᠨ ᠳᠠᠭᠠᠳᠬᠠᠯ ᠲᠠᠢ
ᠴᠠᠭᠠᠨ ᠢᠳᠡᠭᠡᠨ ᠦ ᠲᠠᠬᠢᠯᠭ᠎ᠠ ᠲᠠᠢ
ᠴᠢᠭᠢᠷᠠᠭ ᠡᠷᠡᠭᠦᠯ ᠦᠨ ᠳᠡᠮᠪᠡᠷᠢᠯ ᠲᠡᠢ
ᠴᠢᠪᠠᠭ᠎ᠠ ᠪᠣᠭᠣᠷᠰᠣᠭ ᠤᠨ ᠡᠷᠭᠦᠴᠡ ᠲᠡᠢ
ᠴᠢᠩ ᠦᠨᠡᠨ ᠦ ᠨᠠᠮᠠᠨᠴᠢᠯᠠᠯ ᠲᠠᠢ
ᠠᠮᠤᠰᠤ ᠪᠤᠳᠠᠭᠠᠨ ᠤ ᠢᠳᠡᠰᠢ ᠲᠡᠢ
ᠠᠮᠤᠭᠤᠯᠠᠩ ᠰᠠᠶ᠋ᠢᠬᠠᠨ ᠤ ᠵᠠᠯᠪᠠᠷᠢᠯ ᠲᠠᠢ
ᠥᠭᠡᠳᠡ ᠪᠡᠨ ᠳᠦᠷᠡᠯᠵᠡᠬᠦ ᠰᠤᠷ ᠲᠠᠢ
ᠥᠬᠢᠨ ᠲᠡᠭᠷᠢ ᠶ᠋ᠢᠨ ᠰᠠᠬᠢᠭᠤᠰᠤ ᠲᠠᠢ
