ᠬᠡᠦᠬᠡᠳ ᠮᠣᠷᠢ ᠬᠣᠶᠠᠷХүүхэд морь хоёр-clip huuhed mori 2
ᠬᠡᠦᠬᠡᠳ ᠮᠣᠷᠢ ᠬᠣᠶᠠᠷ
ᠦᠭᠡ ᠄ ᠰ · ᠮᠥᠩᠬᠡᠴᠡᠴᠡᠭ
ᠠᠶ᠎ᠠ ᠄ ᠪᠠᠰᠠᠩᠳᠣᠷᠵᠢ
ᠳᠡᠷᠪᠡᠰ ᠳᠡᠷᠪᠡᠰᠬᠢᠨ ᠳᠥᠷᠪᠡᠨ ᠲᠤᠭᠤᠷᠠᠢ ᠨᠢ ᠡ
ᠳᠡᠨᠵᠢᠭᠡᠨᠡᠨ ᠲᠡᠩᠴᠡᠭᠰᠡᠨ ᠮᠣᠷᠢᠨ ᠤ ᠬᠦᠦ
ᠳᠡᠯᠡᠬᠡᠢ ᠳ᠋ᠦ᠍ ᠭᠠᠭᠴᠠᠬᠠᠨ ᠳᠠᠬᠢ ᠶ᠋ᠢᠨ ᠤᠳᠤᠮ
ᠳᠡᠭᠡᠪᠦᠷ ᠴᠡᠩᠬᠡᠷ ᠲᠡᠭᠷᠢ ᠶ᠋ᠢᠨ ᠬᠦᠯᠦᠭ ᠡ
ᠪᠠᠷᠠᠨ ᠤ ᠭᠠᠵᠠᠷ ᠠ᠋ᠴᠠ ᠰᠤᠭᠤᠷᠠᠵᠤ ᠲᠠᠰᠤᠷᠠᠭᠰᠠᠨ
ᠪᠠᠭ᠎ᠠ ᠠ᠋ᠴᠠ ᠪᠠᠨ ᠤᠷᠤᠯᠳᠤᠭᠰᠠᠨ ᠬᠡᠦᠬᠡᠳ ᠮᠣᠷᠢ ᠬᠣᠶᠠᠷ ᠡ
ᠵᠢᠷᠪᠢᠰ ᠵᠢᠷᠪᠢᠰᠬᠢᠨ ᠡᠷᠭᠢᠵᠦ ᠬᠠᠷᠠᠭᠠᠳ
ᠵᠡᠷᠭᠡᠴᠡᠭᠡ ᠮᠣᠷᠢᠳ ᠠ᠋ᠴᠠ ᠰᠤᠭᠤᠷᠠᠵᠤ ᠭᠠᠷᠤᠭᠠᠳ
ᠬᠠᠮᠢᠭᠠᠭᠤᠷ ᠳᠠᠪᠬᠢᠬᠤ ᠬᠤᠷᠳᠤ ᠶ᠋ᠢ ᠲᠠᠨᠢᠭᠰᠠᠨ
ᠬᠠᠰᠢᠷ ᠤᠶᠠᠭᠠᠴᠢ ᠶ᠋ᠢᠨ ᠵᠠᠬᠢᠶᠠᠰᠤ ᠬᠠᠳᠠᠭᠠᠰᠤᠲᠠᠢ
ᠪᠠᠷᠠᠨ ᠤ ᠭᠠᠵᠠᠷ ᠠ᠋ᠴᠠ
ᠰᠤᠭᠤᠷᠠᠵᠤ ᠲᠠᠰᠤᠷᠠᠭᠰᠠᠨ
ᠪᠠᠭ᠎ᠠ ᠠ᠋ᠴᠠ ᠪᠠᠨ ᠤᠷᠤᠯᠳᠤᠭᠰᠠᠨ ᠬᠡᠦᠬᠡᠳ ᠮᠣᠷᠢ ᠬᠣᠶᠠᠷ ᠡ
ᠰᠣᠷᠲᠣᠰ ᠰᠣᠷᠲᠣᠰᠬᠢᠨ ᠴᠢᠮᠡᠭᠡ ᠴᠢᠩᠨᠠᠭᠠᠳ
ᠰᠡᠷᠭᠦᠯᠡᠩ ᠬᠡᠦᠬᠡᠳ ᠦᠨ ᠬᠢᠩᠭᠤ
ᠰᠠᠯᠬᠢᠨ ᠠ᠋ᠴᠠ ᠤᠷᠢᠲᠠᠵᠤ ᠳᠠᠪᠬᠢᠵᠤ ᠢᠷᠡᠳᠡᠭ
ᠰᠠᠮᠰᠠ ᠱᠠᠷᠭᠢᠷᠠᠭᠤᠯᠤᠭᠰᠠᠨ ᠮᠣᠷᠢ ᠮᠢᠨᠢ ᠡ
ᠪᠠᠷᠠᠨ ᠤ ᠭᠠᠵᠠᠷ ᠠ᠋ᠴᠠ ᠰᠤᠭᠤᠷᠠᠵᠤ ᠲᠠᠰᠤᠷᠠᠭᠰᠠᠨ
ᠪᠠᠭ᠎ᠠ ᠠ᠋ᠴᠠ ᠪᠠᠨ ᠤᠷᠤᠯᠳᠤᠭᠰᠠᠨ ᠬᠡᠦᠬᠡᠳ ᠮᠣᠷᠢ ᠬᠣᠶᠠᠷ ᠡ
ᠪᠠᠷᠠᠨ ᠤ ᠭᠠᠵᠠᠷ ᠠ᠋ᠴᠠ ᠰᠤᠭᠤᠷᠠᠵᠤ ᠲᠠᠰᠤᠷᠠᠭᠰᠠᠨ
ᠪᠠᠭ᠎ᠠ ᠠ᠋ᠴᠠ ᠪᠠᠨ ᠤᠷᠤᠯᠳᠤᠭᠰᠠᠨ ᠬᠡᠦᠬᠡᠳ ᠮᠣᠷᠢ ᠬᠣᠶᠠᠷ ᠡ
ᠬᠡᠦᠬᠡᠳ ᠮᠣᠷᠢ ᠬᠣᠶᠠᠷ ᠡ
