ᠲᠡᠨᠡᠭ ᠬᠦᠦ ᠶᠢᠨ ᠦᠯᠢᠭᠡᠷТэнэг хүүгийн үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠨᠡᠭ ᠬᠦᠦ ᠶᠢᠨ ᠦᠯᠢᠭᠡᠷТэнэг хүүгийн үлгэр

ᠲᠡᠨᠡᠭ ᠬᠦᠦ ᠶᠢᠨ ᠦᠯᠢᠭᠡᠷТэнэг хүүгийн үлгэр

ᠠᠩᠭᠢᠯᠠᠯ:ᠳᠣᠮᠣᠭ ᠦᠯᠢᠭᠡᠷ
2023-01-04

957

ᠲᠡᠨᠡᠭ᠌ ᠬᠦᠦ ᠶ᠋ᠢᠨ ᠦᠯᠢᠭᠡᠷ

    ᠡᠷᠲᠡ ᠤᠷᠢᠲᠤ ᠶ᠋ᠢᠨ ᠴᠠᠭ  ᠲᠤ ᠤᠰᠤ ᠲᠣᠰᠣ ᠢᠯᠭᠠᠲᠠᠭ ᠦᠭᠡᠢ ᠤᠬᠠᠭᠠᠨ ᠮᠠᠭᠤ ᠲᠠᠢ ᠬᠦᠦ ᠪᠠᠶ᠋ᠢᠵᠠᠢ ᠭᠡᠨ᠎ᠡ ᠃
    ᠠᠶ᠋ᠢᠯ ᠬᠣᠲᠠᠯᠠ ᠶ᠋ᠢᠨ ᠬᠢᠨ ᠬᠦᠦ ᠶ᠋ᠢᠨ ᠤᠬᠠᠭᠠᠨ ᠮᠠᠭᠤ ᠲᠠᠢ ᠶ᠋ᠢ ᠠᠮᠠ ᠪᠤᠯᠢᠶᠠᠯᠲᠤᠨ ᠱᠣᠣᠯᠠᠵᠤ ᠶᠠᠷᠢᠯᠴᠠᠲᠠᠭ ᠪᠠᠶ᠋ᠢᠵᠠᠢ ᠃
    ᠵᠠᠯᠬᠠᠭᠤ ᠬᠣᠶ᠋ᠢᠷᠭᠣ ᠨᠢ ᠳᠡᠩᠳᠡᠭᠰᠡᠨ ᠲᠡᠨᠡᠭ᠌ ᠬᠦᠦ ᠳᠠᠩᠴᠤ ᠨᠢᠭᠡ ᠣᠯᠢᠬ ᠲᠠᠢ ᠠᠮᠢᠲᠤᠷᠠᠵᠤ ᠴᠢᠲᠠᠲᠠᠭ ᠦᠭᠡᠢ ᠪᠠᠶ᠋ᠢᠵᠤ ᠳ᠋ᠠ ᠃
ᠲᠡᠭᠡᠭᠡᠳ ᠨᠢᠭᠡ ᠡᠲᠦᠷ ᠬᠦᠦ ᠪᠣᠲᠣᠵᠤ ᠭᠡᠨ᠎ᠡ ᠃ ᠤᠯᠤᠰ ᠠᠮᠢᠲᠠᠨ ᠰᠠᠶ᠋ᠢᠬᠠᠨ ᠠᠮᠢᠲᠤᠷᠠᠭᠠᠳ ᠪᠠᠶ᠋ᠢᠬᠤ  ᠳᠤ ᠤᠩᠬᠢᠶ᠎ᠠ ᠦᠭᠡᠢ ᠪᠢ ᠯᠡ ᠢᠩᠭᠢᠵᠦ ᠶᠠᠪᠤᠬᠤ ᠶᠤᠮ ᠳ᠋ᠠ ᠂ ᠡᠲᠦᠢ ᠬᠦᠷᠲᠡᠯ᠎ᠡ ᠥᠭᠡᠲᠡ ᠲᠠᠢ ᠣᠯᠢᠬ ᠲᠠᠢ ᠠᠮᠢᠲᠤᠷᠠᠭᠰᠠᠨ ᠦᠭᠡᠢ ᠃ ᠥᠪᠡᠷ ᠦ᠋ᠨ ᠮᠠᠭᠤ ᠠ᠋ᠴᠠ ᠪᠣᠯᠪᠠ ‍ᠦᠦ ? ᠥᠷᠥᠭᠡᠯ ᠪᠤᠰᠤᠳ ᠠ᠋ᠴᠠ ᠪᠣᠯᠪᠠ ‍ᠤᠤ ? ᠦᠭᠡᠢ ᠶᠡᠷᠦ ᠨᠢ ᠦᠵᠡᠮᠦᠷᠢᠴᠢ ᠲᠥᠯᠭᠡᠴᠢ ᠳᠡᠭᠡᠷ᠎ᠡ ᠣᠴᠢᠵᠤ ᠠᠰᠠᠭᠤᠲᠠᠭ  ᠬᠡᠷᠡᠭᠭᠡᠵᠦ ᠰᠢᠢᠲᠦᠭᠡᠳ ᠠᠯᠤᠰ ᠬᠣᠯᠠ ᠶ᠋ᠢᠨ ᠠᠶᠠᠨ ᠵᠠᠮ  ᠳᠤ ᠭᠠᠷᠴᠠᠢ ᠃
    ᠥᠨᠲᠥᠷ ᠠᠭᠤᠯᠠᠰ  ᠢ ᠳᠠᠪᠠᠵᠤ ᠥᠷᠭᠡᠨ ᠭᠣᠣᠯ  ᠢ ᠭᠠᠲᠤᠯᠤᠭᠰᠠᠭᠠᠷ ᠡᠲᠦᠷ ᠰᠥᠨᠢ ᠦᠭᠡᠢ ᠶᠠᠪᠤᠯ᠎ᠠ ᠃   ᠪᠦᠲᠦᠯ ᠦᠭᠡᠢ ᠨᠠᠲᠠ  ᠳᠤ ᠪᠦᠲᠦᠵᠦ ᠪᠠᠶ᠋ᠢᠬ᠋᠎ᠠ ᠴᠤ᠌ ᠶᠠᠭᠤᠮ᠎ᠠ ᠠᠯᠠᠬ᠋᠎ᠠ ᠂ ᠴᠢᠲᠠᠬᠤ ᠦᠭᠡᠢ ᠮᠡᠲᠡᠬᠦ ᠦᠭᠡᠢ ᠴᠤ᠌ ᠭᠡᠯ᠎ᠡ ᠴᠢᠲᠠᠲᠠᠭ ᠶᠤᠮ ᠰᠢᠭ᠋ ᠯᠡ ᠵᠢᠤᠠᠬᠦᠨ᠎ᠡ ᠳ᠋ᠠ ᠭᠡᠵᠦ ᠶᠠᠪᠤᠭᠠᠳ ᠵᠠᠮ ᠳ᠋ᠠᠭᠠᠨ ᠨᠢᠭᠡ ᠥᠯᠥᠨ ᠬᠥᠬᠡ ᠴᠢᠨᠣ᠎ᠠ ᠲᠡᠢ ᠲᠠᠭᠠᠷᠠᠯᠲᠤᠵᠠᠢ ᠃
   ᠬᠠᠪᠢᠷᠬ᠋᠎ᠠ ᠰᠦᠪᠡᠭᠡ ᠨᠢ ᠨᠡᠶ᠋ᠢᠯᠡᠴᠢᠬᠡᠭᠰᠡᠨ ᠬᠠᠲᠠᠩᠬᠢᠷᠲᠤᠵᠤ ᠲᠤᠷᠠᠭᠰᠠᠨ ᠴᠢᠨᠣ᠎ᠠ ᠲᠡᠨᠡᠭ᠌ ᠬᠦᠦ ᠶ᠋ᠢ ᠬᠠᠷᠠᠭᠠᠳ ᠄ ᠰᠠᠶ᠋ᠢᠨ ᠶᠠᠪᠤᠵᠤ ᠪᠠᠶ᠋ᠢᠨ᠎ᠠ ‍ᠤᠤ ? ᠬᠦᠦ ᠮᠢᠨᠢ ᠵᠠ ᠂ ᠲᠡᠭᠡᠭᠡᠳ ᠬᠠᠮᠢᠬ᠋᠎ᠠ ᠠ᠋ᠴᠠ ᠪᠠᠨ ᠬᠠᠮᠢᠬ᠋᠎ᠠ ᠬᠦᠷᠬᠦ ᠭᠡᠵᠦ ᠶᠠᠪᠤᠨ᠎ᠠ ᠳ᠋ᠠ ? ᠭᠡᠵᠦ ᠠᠰᠠᠭᠤᠵᠠᠢ ᠃ ᠲᠡᠨᠡᠭ᠌ ᠬᠦᠦ ᠴᠦ᠍ ᠬᠠᠷᠢᠭᠤ  ᠳᠤ ᠨᠢ ᠡᠲᠦᠢ ᠪᠣᠯᠲᠠᠯ᠎ᠠ ᠥᠭᠡᠲᠡ ᠲᠡᠢ ᠣᠯᠢᠬ ᠲᠠᠢ ᠠᠮᠢᠲᠤᠷᠠᠭᠰᠠᠨ ᠦᠭᠡᠢ ᠃ ᠥᠪᠡᠷ ᠦ᠋ᠨ ᠪᠤᠷᠤᠭᠤ ᠠ᠋ᠴᠠ ᠪᠣᠯᠪᠠ ‍ᠤᠤ ? ᠥᠷᠥᠭᠡᠯ ᠪᠤᠰᠤᠳ ᠠ᠋ᠴᠠ ᠪᠣᠯᠪᠠ ‍ᠤᠤ ? ᠦᠵᠡᠮᠦᠷᠢᠴᠢ  ᠳᠤ ᠣᠴᠢᠵᠤ ᠠᠰᠠᠭᠤᠬᠤ ᠪᠠᠷ ᠶᠠᠪᠤᠵᠤ ᠪᠠᠶ᠋ᠢᠨ᠎ᠠ ᠳ᠋ᠠ ᠭᠡᠵᠦ ᠦᠨᠡᠨ ᠤᠴᠢᠷ ᠶ᠋ᠢᠡᠨ ᠬᠡᠯᠡᠵᠡᠢ ᠃
   ᠡᠲᠦᠢ ᠪᠣᠯᠲᠠᠯ᠎ᠠ ᠴᠠᠲᠤᠨ᠎ᠠ ᠭᠡᠳᠡᠭ  ᠢ ᠦᠵᠡᠭᠡ ᠦᠭᠡᠢ ᠯᠡ ᠶᠠᠪᠤᠨ᠎ᠠ ᠃ ᠦᠭᠡᠢ ᠶᠠᠭᠠᠬᠢᠪᠠᠯ ᠬᠣᠲᠣᠭᠣᠲᠣ ᠭᠡᠲᠡᠰᠦ ᠪᠡᠨ ᠳᠦᠭᠦᠷᠭᠡᠭᠡᠳ ᠬᠣᠩᠰᠢᠶᠠᠷ ᠶ᠋ᠢᠠᠨ ᠲᠣᠰᠣᠲᠣᠲᠠᠯ᠎ᠠ ᠴᠠᠤᠠᠴᠤ ᠨᠢᠭᠡ ᠪᠣᠯᠬᠤ ᠪᠣᠯ ᠭᠡᠳᠡᠭ  ᠢ ᠴᠢ ᠦᠵᠡᠮᠦᠷᠢᠴᠢ ᠡᠴᠡ ᠨᠢᠭᠡ ᠠᠰᠠᠭᠤᠭᠠᠳ ᠥᠭᠭᠦᠭᠡᠴᠢ ᠳ᠋ᠠ ᠭᠡᠵᠦ ᠥᠨᠥᠬᠢ ᠴᠢᠨᠣ᠎ᠠ ᠭᠤᠶᠤᠯ᠎ᠠ ᠃
    ᠠᠰᠠᠭᠤᠭᠠᠳ ᠢᠷᠡᠶ᠎ᠡ ᠂ ᠠᠰᠠᠭᠤᠭᠠᠳ ᠢᠷᠡᠶ᠎ᠡ ᠃ ᠦᠭᠡ ᠶᠠᠮᠠᠷ ᠡᠭᠦᠷᠦᠭᠦᠯᠬᠦ ᠪᠢᠰᠢ ᠳ᠋ᠠ ᠭᠡᠭᠰᠡᠭᠡᠷ ᠲᠡᠨᠡᠭ᠌ ᠬᠦᠦ ᠴᠠᠭᠠᠰᠢ ᠪᠠᠨ ᠶᠠᠪᠤᠯ᠎ᠠ ᠃
   ᠪᠦᠲᠦᠯ ᠦᠭᠡᠢ ᠬᠦᠦ ᠨᠠᠲᠠ  ᠳᠤ ᠪᠦᠲᠦᠵᠦ ᠪᠠᠶ᠋ᠢᠬ᠋᠎ᠠ ᠴᠤ᠌ ᠶᠠᠭᠤᠮ᠎ᠠ ᠠᠯᠠᠬ᠋᠎ᠠ ᠃ ᠴᠢᠲᠠᠬᠤ ᠦᠭᠡᠢ ᠮᠡᠲᠡᠬᠦ ᠦᠭᠡᠢ ᠴᠦ᠍ ᠭᠡᠯ᠎ᠡ ᠴᠢᠲᠠᠲᠠᠭ ᠶᠤᠮ ᠰᠢᠭ᠋ ᠯᠡ ᠵᠢᠤᠠᠬᠦᠨ᠎ᠡ ᠳ᠋ᠠ ᠃ ᠢᠩᠭᠢᠭᠡᠳ ᠥᠨᠲᠥᠷ ᠠᠭᠤᠯᠠᠰ  ᠢ ᠳᠠᠪᠠᠵᠤ ᠥᠷᠭᠡᠨ ᠭᠣᠣᠯ  ᠢ ᠭᠠᠲᠤᠯᠤᠭᠰᠠᠭᠠᠷ ᠡᠪᠡᠰᠦ ᠨᠣᠭᠣᠬ᠋᠎ᠠ ᠲᠡᠭᠰᠢᠷᠡᠭᠰᠡᠨ ᠰᠠᠶ᠋ᠢᠬᠠᠨ ᠲᠠᠯ᠎ᠠ  ᠳᠤ ᠢᠷᠡᠯ᠎ᠡ ᠃
   ᠦᠭᠡᠢ ᠲᠡᠨᠲᠡ ᠨᠢᠭᠡ ᠰᠠᠶ᠋ᠢᠬᠠᠨ ᠪᠦᠰᠡᠭᠦᠢ ᠬᠣᠨᠢ ᠬᠠᠷᠢᠭᠤᠯᠤᠭᠠᠳ ᠶᠠᠪᠤᠵᠤ ᠪᠠᠶ᠋ᠢᠨ᠎ᠠ ᠭᠡᠨ᠎ᠡ ᠃
    ᠵᠠᠯᠠᠭᠤ ᠪᠦᠰᠡᠭᠦᠢ ᠲᠡᠨᠡᠭ᠌ ᠬᠦᠦ ᠶ᠋ᠢ ᠬᠠᠷᠠᠴᠢᠬᠠᠭᠠᠳ ᠮᠡᠨᠲᠦ ᠤᠰᠤ ᠮᠡᠲᠡᠯᠴᠡᠨ ᠬᠠᠮᠢᠬ᠋᠎ᠠ ᠬᠦᠷᠴᠦ ᠶᠠᠪᠤᠬ᠋᠎ᠠ ᠶ᠋ᠢ ᠨᠢ ᠠᠰᠠᠭᠤᠵᠤ ᠭᠡᠨ᠎ᠡ ᠃
    ᠲᠡᠨᠡᠭ᠌ ᠬᠦᠦ ᠴᠦ᠍ ᠄ ᠡᠲᠦᠢ ᠪᠣᠯᠲᠠᠯ᠎ᠠ ᠥᠭᠡᠲᠡ ᠲᠡᠢ ᠣᠯᠢᠬ ᠲᠠᠢ ᠠᠮᠢᠲᠤᠷᠠᠭᠰᠠᠨ ᠦᠭᠡᠢ ᠃
ᠥᠪᠡᠷ ᠦ᠋ᠨ ᠪᠤᠷᠤᠭᠤ ᠠ᠋ᠴᠠ ᠪᠣᠯᠪᠠ ‍ᠤᠤ ? ᠥᠷᠥᠭᠡᠯ ᠪᠤᠰᠤᠳ ᠠ᠋ᠴᠠ ᠪᠣᠯᠪᠠ ‍ᠤᠤ ? ᠦᠵᠡᠮᠦᠷᠢᠴᠢ  ᠳᠤ ᠣᠴᠢᠵᠤ ᠠᠰᠠᠭᠤᠲᠠᠭ  ᠬᠡᠷᠡᠭ ᠭᠡᠳ ᠯᠡ ᠠᠯᠤᠰ ᠬᠣᠯᠠ ᠶ᠋ᠢᠨ ᠵᠠᠮ  ᠳᠤ ᠭᠠᠷᠤᠭᠠᠳ ᠶᠠᠪᠤᠵᠤ ᠪᠠᠶ᠋ᠢᠬ᠋᠎ᠠ ᠬᠥᠮᠦᠨ ᠳ᠋ᠠ ᠪᠢ ᠭᠡᠵᠡᠢ ᠃
   ᠪᠦᠰᠡᠭᠦᠢ ᠴᠦ᠍ ᠡᠳ᠋ ᠬᠥᠷᠥᠩᠭᠡ ᠡᠯᠪᠡᠭ᠋ ᠪᠠᠶ᠋ᠢᠯ᠎ᠠ ᠭᠡᠳ ᠡᠨᠡ ᠨᠠᠰᠤᠨ ᠳ᠋ᠠᠭᠠᠨ ᠵᠢᠷᠭᠠᠯ ᠶᠡᠷᠦ ᠦᠵᠡᠭᠰᠡᠨ ᠦᠭᠡᠢ ᠂ ᠠᠵᠠ ᠵᠢᠷᠭᠠᠯ ᠬᠡᠵᠢᠶ᠎ᠡ ᠢᠷᠡᠬᠦ ᠶ᠋ᠢ ᠠᠰᠠᠭᠤᠭᠠᠳ ᠢᠷᠡᠭᠡᠷᠡᠢ ᠃ ᠲᠡᠷᠡ ᠦᠵᠡᠮᠦᠷᠢᠴᠢ ᠡᠴᠡ ᠪᠡᠨ ᠭᠡᠵᠦ ᠭᠤᠶᠤᠯ᠎ᠠ ᠃
   ᠲᠡᠨᠡᠭ᠌ ᠬᠦᠦ ᠴᠦ᠍ ᠄ ᠠᠰᠠᠭᠤᠭᠠᠳ ᠢᠷᠡᠶ᠎ᠡ ᠂ ᠠᠰᠠᠭᠤᠭᠠᠳ ᠢᠷᠡᠶ᠎ᠡ ᠃ ᠦᠭᠡ ᠶᠠᠮᠠᠷ ᠡᠭᠦᠷᠦᠭᠦᠯᠬᠦ ᠪᠢᠰᠢ ᠳ᠋ᠠ ᠭᠡᠭᠰᠡᠭᠡᠷ ᠲᠣᠯᠣᠭᠠᠢ ᠳᠣᠬᠢᠨ ᠢᠨᠢᠶᠡᠮᠰᠦᠭᠯᠡᠭᠡᠳ ᠵᠠᠮ ᠶ᠋ᠢᠠᠨ ᠬᠥᠭᠡᠭᠡᠨ ᠴᠠᠭᠠᠰᠢ ᠶᠠᠪᠤᠵᠠᠢ ᠃
   ᠪᠦᠲᠦᠯ ᠦᠭᠡᠢ ᠬᠦᠦ ᠨᠠᠲᠠ  ᠳᠤ ᠪᠦᠲᠦᠵᠦ ᠪᠠᠶ᠋ᠢᠬ᠋᠎ᠠ ᠴᠦ᠍ ᠶᠠᠭᠤᠮ᠎ᠠ ᠠᠯᠠᠬ᠋᠎ᠠ ᠂ ᠴᠢᠲᠠᠬᠤ ᠦᠭᠡᠢ ᠮᠡᠲᠡᠬᠦ ᠦᠭᠡᠢ ᠭᠡᠯ᠎ᠡ  ᠴᠤ᠌ ᠴᠢᠲᠠᠲᠠᠭ ᠶᠤᠮ ᠰᠢᠭ᠋ ᠯᠡ ᠵᠢᠤᠠᠬᠦᠨ᠎ᠡ ᠳ᠋ᠠ ᠃ ᠢᠩᠭᠢᠭᠡᠳ ᠴᠠᠭᠠᠰᠢ ᠪᠠᠨ ᠶᠠᠪᠤᠵᠤ ᠪᠠᠶ᠋ᠢᠭᠠᠳ ᠨᠠᠪᠴᠢ ᠨᠠᠬᠢᠶ᠎ᠠ ᠦᠭᠡᠢ ᠨᠢᠭᠡ ᠨᠢᠴᠦᠭᠦᠨ ᠬᠤᠪᠠᠬᠠᠢ ᠮᠣᠲᠣ ᠲᠠᠢ ᠲᠠᠭᠠᠷᠠᠯᠲᠤᠯ᠎ᠠ ᠭᠡᠨ᠎ᠡ ᠃
   ᠵᠤᠨ ᠪ ᠳᠡᠯᠭᠡᠷ ᠴᠠᠭ ᠪᠠᠶ᠋ᠢᠵᠤ ᠪᠠᠶ᠋ᠢᠲᠠᠯ᠎ᠠ ᠨᠣᠭᠣᠭᠠᠨ ᠨᠠᠪᠴᠢ ᠴᠦ᠍ ᠦᠭᠡᠢ ᠨᠢᠴᠦᠭᠦᠨ ᠮᠣᠲᠣ ᠶ᠋ᠢ ᠬᠠᠷᠠᠭᠠᠳ ᠲᠡᠨᠡᠭ᠌ ᠬᠦᠦ ᠭᠠᠶ᠋ᠢᠬᠠᠨ ᠵᠣᠭᠰᠣᠯ᠎ᠠ ᠃
   ᠲᠡᠭᠡᠲᠡᠯ᠎ᠡᠦᠭᠡᠢ ᠣᠲᠣ ᠨᠠᠷᠠᠨ ᠲᠠᠯ᠎ᠠ  ᠳᠤ ᠪᠠᠶ᠋ᠢᠵᠤ ᠪᠠᠶ᠋ᠢᠬ᠋᠎ᠠ ᠮᠥᠷᠲᠡᠯ᠎ᠡ ᠪᠡᠨ ᠨᠠᠪᠴᠢ ᠴᠡᠴᠡᠭ ᠶᠡᠷᠦ ᠤᠷᠭᠤᠬᠤ ᠦᠭᠡᠢ ᠶᠤᠮ ᠃ ᠤᠰᠤ ᠤᠨᠲᠤᠷᠬ᠋᠎ᠠ ᠶ᠋ᠢᠨ ᠳᠡᠷᠭᠡᠳᠡ ᠤᠷᠭᠤᠲᠠᠭ ᠮᠥᠷᠲᠡᠯ᠎ᠡ ᠪᠡᠨ ᠤᠨᠠᠭᠠᠨ ᠪᠡᠶ᠎ᠡ ᠮᠢᠨᠢ ᠬᠠᠲᠠᠭᠠᠳ ᠪᠠᠶ᠋ᠢᠬᠤ ᠶᠤᠮ ᠭᠡᠵᠦ ᠮᠣᠲᠣ ᠭᠣᠮᠣᠲᠠᠯᠯᠠᠨ ᠪᠠᠶ᠋ᠢᠬᠤ ᠶ᠋ᠢ ᠲᠡᠨᠡᠭ᠌ ᠬᠦᠦ ᠰᠣᠨᠣᠰᠤᠭᠠᠳ ᠄ ᠡᠲᠦᠢ ᠪᠣᠯᠲᠠᠯ᠎ᠠ ᠣᠯᠢᠬ ᠲᠠᠢ ᠥᠭᠡᠲᠡ ᠲᠡᠢ ᠠᠮᠢᠲᠤᠷᠠᠭᠰᠠᠨ ᠦᠭᠡᠢ ᠂ ᠥᠪᠡᠷ ᠦ᠋ᠨ ᠪᠤᠷᠤᠭᠤ ᠠ᠋ᠴᠠ ᠪᠣᠯᠪᠠ ‍ᠤᠤ ? ᠥᠷᠥᠭᠡᠯ ᠪᠤᠰᠤᠳ ᠡᠴᠡ ᠪᠣᠯᠪᠠ ‍ᠤᠤ ? ᠦᠵᠡᠮᠦᠷᠢᠴᠢ ᠳᠡᠭᠡᠷ᠎ᠡ ᠣᠴᠢᠵᠤ ᠠᠰᠠᠭᠤᠬᠤ ᠪᠠᠷ ᠶᠠᠪᠤᠵᠤ ᠪᠠᠶ᠋ᠢᠨ᠎ᠠ ᠃ ᠠᠰᠠᠭᠤᠯᠭᠠᠵᠤ ᠬᠡᠯᠡᠭᠦᠯᠬᠦ ᠵᠦᠢᠯ ᠪᠠᠶ᠋ᠢᠪᠠᠯ ᠠᠮᠠ ᠳᠠᠮᠵᠢᠭᠤᠯᠤᠭᠠᠳ ᠥᠭ᠌ᠴᠦ ᠪᠣᠯᠤᠨ᠎ᠠ ᠰᠢᠦ ᠭᠡᠰᠡᠨ  ᠳᠤᠦᠭᠡᠢ ᠶᠠᠭᠠᠬᠢᠪᠠᠯ ᠨᠠᠪᠴᠢ ᠮᠥᠴᠢᠷ ᠨᠢ ᠨᠠᠶ᠋ᠢᠭᠤᠭᠰᠠᠨ ᠰᠠᠶ᠋ᠢᠬᠠᠨ ᠮᠣᠲᠣ ᠪᠣᠯᠬᠤ ᠪᠣᠯ ? ᠦᠭᠡᠢ ᠲᠡᠷᠡ ᠮᠡᠷᠭᠡᠨ ᠦᠵᠡᠮᠦᠷᠢᠴᠢ ᠡᠴᠡ ᠪᠡᠨ ᠨᠢᠭᠡ ᠠᠰᠠᠭᠤᠭᠠᠳ ᠢᠷᠡᠭᠡᠴᠢ ᠳ᠋ᠠ ᠭᠡᠵᠡᠢ ᠃ ᠠᠰᠠᠭᠤᠭᠠᠳ ᠢᠷᠡᠶ᠎ᠡ ᠂ ᠠᠰᠠᠭᠤᠭᠠᠳ ᠢᠷᠡᠶ᠎ᠡ ᠃ ᠦᠭᠡ ᠶᠠᠮᠠᠷ ᠡᠭᠦᠷᠦᠭᠦᠯᠬᠦ ᠪᠢᠰᠢ ᠳ᠋ᠠ  ᠭᠡᠭ᠌ᠰᠡᠭᠡᠷ ᠲᠡᠨᠡᠭ᠌ ᠬᠦᠦ ᠴᠠᠭᠠᠰᠢ ᠪᠠᠨ ᠶᠠᠪᠤᠯ᠎ᠠ ᠃
    ᠲᠡᠨᠡᠭ᠌ ᠬᠦᠦ ᠴᠦ᠍ ᠴᠠᠭᠠᠰᠢ ᠪᠠᠨ ᠶᠠᠪᠤᠭᠰᠠᠭᠠᠷ ᠵᠣᠷᠢᠬᠰᠠᠨ ᠭᠠᠵᠠᠷ ᠶ᠋ᠢᠠᠨ ᠬᠦᠷᠴᠦ ᠮᠡᠷᠭᠡᠨ ᠦᠵᠡᠮᠦᠷᠢᠴᠢ ᠲᠡᠢ ᠠᠭᠤᠯᠵᠠᠵᠤ ᠭᠡᠨ᠎ᠡ ᠃
    ᠮᠡᠷᠭᠡᠨ ᠦᠵᠡᠮᠦᠷᠢᠴᠢ ᠲᠡᠨᠡᠭ᠌ ᠬᠦᠦ ᠶ᠋ᠢ ᠬᠠᠷᠠᠭᠠᠳ ᠄ ᠵᠠ ᠂ ᠵᠠᠯᠠᠭᠤ ᠬᠦᠦ ᠬᠠᠮᠢᠬ᠋᠎ᠠ ᠠ᠋ᠴᠠ ᠬᠠᠮᠢᠬ᠋᠎ᠠ ᠬᠦᠷᠬᠦ ᠪᠡᠷ ᠶᠠᠪᠤᠵᠤ ᠪᠠᠶ᠋ᠢᠨ᠎ᠠ ᠳ᠋ᠠ ? ᠭᠡᠵᠦ ᠠᠰᠠᠭᠤᠯ᠎ᠠ ᠃
    ᠲᠡᠨᠡᠭ᠌ ᠬᠦᠦ ᠄  ᠡᠲᠦᠢ ᠪᠣᠯᠲᠠᠯ᠎ᠠ ᠥᠭᠡᠲᠡ ᠲᠠᠢ ᠣᠯᠢᠬ ᠲᠡᠢ ᠠᠮᠢᠲᠤᠷᠠᠭᠰᠠᠨ ᠦᠭᠡᠢ ᠂ ᠥᠪᠡᠷ ᠦ᠋ᠨ ᠪᠤᠷᠤᠭᠤ ᠠ᠋ᠴᠠ ᠪᠣᠯᠪᠠ ‍ᠤᠤ ? ᠥᠷᠥᠭᠡᠯ ᠪᠤᠰᠤᠳ ᠡᠴᠡ ᠪᠣᠯᠪᠠ ‍ᠤᠤ ? ᠦᠵᠡᠮᠦᠷᠢᠴᠢ ᠲᠠᠨ ᠠ᠋ᠴᠠ ᠠᠰᠠᠭᠤᠬᠤ ᠯᠠ ᠭᠡᠵᠦ ᠢᠷᠡᠯ᠎ᠡ ᠭᠡᠬᠦ  ᠳᠤ ᠨᠢ ᠦᠵᠡᠮᠦᠷᠢᠴᠢ ᠲᠡᠨᠡᠭ᠌ ᠬᠦᠦ ᠶ᠋ᠢ ᠢᠨᠢᠶᠡᠮᠰᠦᠭᠯᠡᠨ ᠬᠠᠷᠠᠭᠠᠳ ᠄ ᠥᠭᠡᠲᠡᠯᠡᠬᠦ ᠬᠤᠪᠢ ᠵᠠᠶᠠᠬ᠋᠎ᠠ ᠥᠪᠡᠷ  ᠲᠦ ᠴᠢᠨᠢ ᠪᠠᠶ᠋ᠢᠨ᠎ᠠ ᠃ ᠵᠣᠯ ᠵᠢᠷᠭᠠᠯ  ᠢ ᠴᠢ ᠵᠠᠮ ᠳ᠋ᠠᠭᠠᠨ ᠣᠯᠬᠤ ᠪᠣᠯᠤᠨ᠎ᠠ ᠭᠡᠵᠡᠢ ᠃
    ᠲᠡᠨᠡᠭ᠌ ᠬᠦᠦ ᠴᠦ᠍ ᠪᠠᠶᠠᠷᠯᠠᠭᠰᠠᠨ ᠲᠠᠯᠠᠷᠬᠠᠭᠰᠠᠨ ᠶ᠋ᠢᠠᠨ ᠴᠦ᠍ ᠬᠡᠯᠡᠭᠡᠳ ᠴᠢᠨᠣ᠎ᠠ ᠂ ᠵᠠᠯᠠᠭᠤ ᠪᠦᠰᠡᠭᠦᠢ ᠂ ᠮᠣᠲᠣ ᠭᠤᠷᠪᠠ ᠶ᠋ᠢᠨ ᠵᠠᠬᠢᠬᠰᠠᠨ  ᠢ ᠠᠰᠠᠭᠤᠭᠠᠳ ᠭᠡᠷ ᠦ᠋ᠨ ᠵᠦᠭ ᠪᠠᠶᠠᠷ ᠬᠥᠷ ᠲᠡᠢ ᠪᠤᠴᠠᠵᠠᠢ ᠃
   ᠵᠠᠮ ᠳᠤ ᠪᠠᠨ ᠲᠡᠷᠡ ᠥᠭᠡᠲᠡᠯᠡᠬᠦ ᠬᠤᠪᠢ ᠵᠠᠶᠠᠬ᠋᠎ᠠ ᠥᠪᠡᠷ ᠶ᠋ᠢᠡᠨ ᠢᠷᠡᠬᠦ ᠡᠴᠡ ᠬᠣᠶ᠋ᠢᠰᠢ ᠥᠩᠭᠡᠷᠡᠭ᠌ᠰᠡᠨ ᠠᠮᠢᠲᠤᠷᠠᠯ ᠶ᠋ᠢᠠᠨ ᠮᠠᠷᠲᠠᠵᠤ ᠣᠷᠬᠢᠨ᠎ᠠ ᠡ ᠂ ᠵᠣᠯ ᠵᠢᠷᠭᠠᠯ ᠵᠠᠮ ᠠ᠋ᠴᠠ ᠣᠯᠲᠠᠬᠤ ᠠ᠋ᠴᠠ ᠬᠣᠶ᠋ᠢᠰᠢ ᠵᠣᠪᠠᠬᠤ ᠶᠠᠭᠤᠮ᠎ᠠ ᠦᠭᠡᠢ ᠰᠠᠶ᠋ᠢᠬᠠᠨ ᠠᠮᠢᠲᠤᠷᠠᠨ᠎ᠠ ᠭᠡᠵᠦ ᠳᠠᠭᠤᠯᠠᠭᠰᠠᠭᠠᠷ ᠶᠠᠪᠤᠯ᠎ᠠ ᠃

   ᠢᠩᠭᠢᠵᠦ ᠶᠠᠪᠤᠭᠰᠠᠭᠠᠷ ᠮᠣᠲᠣ ᠲᠠᠢ ᠲᠠᠭᠠᠷᠠᠯᠲᠤᠯ᠎ᠠ ᠃ ᠮᠣᠲᠣ ᠴᠦ᠍ ᠄ ᠵᠠ ᠂ ᠲᠡᠨᠡᠭ᠌ ᠬᠦᠦ ᠮᠢᠨᠢ ᠂ ᠮᠡᠷᠭᠡᠨ ᠦᠵᠡᠮᠦᠷᠢᠴᠢ ᠨᠠᠮ᠎ᠠ ᠶ᠋ᠢ ᠶᠠᠭᠠᠬᠢᠪᠠᠯ ᠰᠠᠭᠯᠠᠭᠠᠷ ᠨᠠᠪᠴᠢ ᠲᠠᠢ ᠰᠠᠶ᠋ᠢᠬᠠᠨ ᠮᠣᠲᠣ ᠪᠣᠯᠤᠨ᠎ᠠ ᠭᠡᠵᠦ ᠪᠠᠶ᠋ᠢᠨ᠎ᠠ ᠳ᠋ᠠ ? ᠭᠡᠬᠦ  ᠳᠤ ᠲᠡᠨᠡᠭ᠌ ᠬᠦᠦ ᠄ ᠦᠨᠲᠦᠰᠦ ᠶ᠋ᠢᠨ ᠳᠣᠣᠷ᠎ᠠ ᠴᠢᠨᠢ ᠦᠨᠡᠲᠦ ᠡᠷᠲᠡᠨᠢ ᠪᠠᠶ᠋ᠢᠨ᠎ᠠ ᠭᠡᠨ᠎ᠡ ᠃ ᠪᠤᠯᠠᠬ᠋᠎ᠠ ᠲᠠᠢ ᠲᠡᠷᠡ ᠡᠷᠲᠡᠨᠢ ᠪᠤᠯᠠᠭ ᠱᠠᠩᠲᠠ  ᠳᠤ ᠬᠦᠷᠭᠡᠬᠦ ᠦᠭᠡᠢ ᠪᠠᠶ᠋ᠢᠬ᠋᠎ᠠ ᠤᠴᠢᠷ ᠠ᠋ᠴᠠ ᠮᠣᠲᠣ ᠴᠢᠮ᠎ᠠ ᠶ᠋ᠢ ᠬᠠᠲᠠᠵᠤ ᠭᠠᠩᠲᠠᠭᠰᠠᠨ ᠪᠠᠶ᠋ᠢᠨ᠎ᠠ ᠭᠡᠵᠦ ᠪᠠᠶ᠋ᠢᠨ᠎ᠠ ᠃ ᠭᠡᠬᠦ  ᠳᠤ ᠨᠢ ᠢᠱᠢ ᠁ ᠲᠡᠨᠡᠭ᠌ᠬᠡᠨ ᠬᠦᠦ ᠮᠢᠨᠢ ᠳ᠋ᠠ ᠂ ᠪᠤᠯᠠᠬ᠋᠎ᠠ ᠲᠠᠢ ᠲᠡᠷᠡ ᠡᠷᠲᠡᠨᠢ ᠶ᠋ᠢ ᠪᠣᠰᠢᠭᠤᠬᠠᠨ ᠤᠬᠤᠭᠠᠳ ᠠᠪᠴᠢᠬᠠᠭᠠᠴᠢ ᠴᠢ ᠂ ᠠᠯᠲᠠ ᠮᠥᠩᠭᠥ ᠲᠡᠢ ᠪᠣᠯᠤᠭᠠᠳ ᠪᠠᠶᠠᠵᠢᠪᠠᠯ ᠠᠮᠢᠲᠤᠷᠠᠯ  ᠳᠤ ᠴᠢᠨᠢ  ᠬᠡᠷᠡᠭ ᠪᠣᠯᠬᠤ ᠪᠤᠰᠤ ‍ᠦᠦ ! ᠭᠡᠰᠡᠨ  ᠳᠤ ᠲᠡᠨᠡᠭ᠌ ᠬᠦᠦ ᠄ ᠥᠭᠡᠲᠡᠯᠡᠬᠦ ᠬᠤᠪᠢ ᠵᠠᠶᠠᠬ᠋᠎ᠠ ᠥᠪᠡᠷ ᠶ᠋ᠢᠡᠨ ᠢᠷᠡᠬᠦ ᠡᠴᠡ ᠬᠣᠶ᠋ᠢᠰᠢ ᠥᠩᠭᠡᠷᠡᠭ᠌ᠰᠡᠨ ᠠᠮᠢᠲᠤᠷᠠᠯ ᠶ᠋ᠢᠠᠨ ᠮᠠᠷᠲᠠᠵᠤ ᠣᠷᠬᠢᠭᠠᠳ ᠂ ᠵᠣᠯ ᠵᠢᠷᠭᠠᠯ  ᠢ ᠪᠢ ᠵᠠᠮ ᠠ᠋ᠴᠠ ᠪᠠᠨ ᠣᠯᠴᠢᠬᠠᠭᠠᠳ ᠵᠣᠪᠠᠬᠤ ᠶᠠᠭᠤᠮ᠎ᠠ ᠦᠭᠡᠢ ᠰᠠᠶ᠋ᠢᠬᠠᠨ ᠠᠮᠢᠲᠤᠷᠠᠬᠤ ᠪᠠᠶ᠋ᠢᠲᠠᠯ᠎ᠠ ᠪᠤᠯᠠᠬ᠋᠎ᠠ ᠲᠠᠢ ᠠᠯᠲᠠ ᠶ᠋ᠢ ᠤᠬᠤᠵᠤ ᠪᠡᠶ᠎ᠡ ᠪᠡᠨ ᠵᠣᠪᠠᠭᠠᠬᠤ ᠶ᠋ᠢᠨ  ᠬᠡᠷᠡᠭ ᠶᠠᠭᠤ ᠪᠠᠶ᠋ᠢᠨ᠎ᠠ ᠭᠡᠴᠢᠬᠡᠭᠡᠳ ᠴᠠᠭᠠᠰᠢ ᠪᠠᠨ ᠶᠠᠪᠤᠭᠠᠳ ᠥᠭᠴᠡᠢ ᠃
   ᠥᠨᠲᠥᠷ ᠠᠭᠤᠯᠠᠰ  ᠢ ᠳᠠᠪᠠᠵᠤ ᠥᠷᠭᠡᠨ ᠭᠣᠣᠯ  ᠢ ᠭᠠᠲᠤᠯᠤᠭᠰᠠᠭᠠᠷ ᠡᠪᠡᠰᠦ ᠨᠣᠭᠣᠬ᠋᠎ᠠ ᠲᠡᠭ᠌ᠰᠢᠷᠡᠭ᠌ᠰᠡᠨ ᠲᠠᠯ᠎ᠠ ᠭᠠᠵᠠᠷ ᠢᠷᠡᠯ᠎ᠡ ᠃

   ᠥᠨᠥᠬᠢ ᠰᠠᠶ᠋ᠢᠬᠠᠨ ᠪᠦᠰᠡᠭᠦᠢ ᠴᠦ᠍ ᠲᠡᠨᠡᠭ᠌ ᠬᠦᠦ ᠶ᠋ᠢ ᠬᠠᠷᠠᠭᠠᠳ ᠪᠠᠶᠠᠷᠯᠠᠨ ᠲᠣᠰᠴᠤ ᠄ ᠵᠠ ᠂ ᠲᠡᠭᠡᠭᠡᠳ ᠨᠠᠮ᠎ᠠ ᠶ᠋ᠢ ᠶᠠᠭᠠᠬᠢᠪᠠᠯ ᠠᠵᠠ ᠵᠢᠷᠭᠠᠯ ᠲᠠᠢ ᠠᠮᠢᠲᠤᠷᠠᠨ᠎ᠠ ᠭᠡᠵᠦ ᠪᠠᠶ᠋ᠢᠨ᠎ᠠ ? ᠭᠡᠵᠦ ᠠᠰᠠᠭᠤᠯ᠎ᠠ ᠃ ᠲᠡᠨᠡᠭ᠌ ᠬᠦᠦ ᠨᠢᠲᠦ ᠪᠡᠨ ᠣᠨᠢᠢᠯᠭᠠᠨ ᠰᠢᠲᠦ ᠪᠡᠨ ᠢᠷᠵᠠᠶ᠋ᠢᠯᠭᠠᠨ ᠢᠨᠢᠶᠡᠭᠡᠳ  ᠬᠢ ᠁ ᠬᠢ ᠁ ᠬᠠᠨᠢ ᠢᠵᠢᠯᠢ ᠲᠡᠢ ᠪᠣᠯᠪᠠᠯ ᠴᠢᠮ᠎ᠠ ᠶ᠋ᠢ ᠬᠠᠶ᠋ᠢᠬᠰᠠᠨ ᠠᠵᠠ ᠵᠢᠷᠭᠠᠯ ᠶ᠋ᠢᠠᠨ ᠣᠯᠤᠨ᠎ᠠ ᠡ ᠭᠡᠵᠦ ᠪᠠᠶ᠋ᠢᠨ᠎ᠠ ᠯᠠ  ᠭᠡᠰᠡᠨ  ᠳᠤ ᠵᠠᠯᠠᠭᠤ ᠪᠦᠰᠡᠭᠦᠢ ᠄ ᠡᠷ᠎ᠡ ᠨᠥᠬᠥᠷ ᠮᠢᠨᠢ ᠪᠣᠯᠤᠭᠠᠴᠢ ᠳ᠋ᠠ ᠂ ᠡᠨᠲᠡ ᠪᠡᠨ ᠬᠣᠶᠠᠭᠤᠯᠠ ᠪᠠᠨ ᠰᠠᠶ᠋ᠢᠬᠠᠨ ᠠᠮᠢᠲᠤᠷᠠᠶ᠎ᠠ ᠯᠠ ᠳ᠋ᠠ ᠭᠡᠵᠦ ᠲᠡᠨᠡᠭ᠌ ᠬᠦᠦ ᠡᠴᠡ ᠭᠤᠶᠤᠪᠠ ᠃ ᠬᠥ ᠬᠥ ᠁ ᠥᠭᠡᠲᠡᠯᠡᠬᠦ ᠬᠤᠪᠢ ᠵᠠᠶᠠᠬ᠋᠎ᠠ ᠥᠪᠡᠷ ᠶ᠋ᠢᠡᠨ ᠢᠷᠡᠬᠦ ᠡᠴᠡ ᠬᠣᠶ᠋ᠢᠰᠢ ᠥᠩᠭᠡᠷᠡᠭ᠌ᠰᠡᠨ ᠠᠮᠢᠲᠤᠷᠠᠯ ᠶ᠋ᠢᠠᠨ ᠮᠠᠷᠲᠠᠵᠤ ᠣᠷᠬᠢᠨ᠎ᠠ ᠡ ᠂ ᠵᠣᠯ ᠵᠢᠷᠭᠠᠯ ᠵᠠᠮ ᠳᠤ ᠮᠢᠨᠢ ᠪᠠᠶ᠋ᠢᠬ᠋᠎ᠠ ᠪᠣᠯᠬᠣᠷ ᠵᠣᠪᠠᠬᠤ ᠶᠠᠭᠤᠮ᠎ᠠ ᠦᠭᠡᠢ ᠰᠠᠶ᠋ᠢᠬᠠᠨ ᠠᠮᠢᠲᠤᠷᠠᠬᠤ ᠪᠣᠯᠤᠨ᠎ᠠ ᠃ ᠬᠡᠩ ᠁ ᠡᠨᠲᠡ ᠦᠯᠡᠲᠡᠵᠦ ᠴᠢᠮ᠎ᠠ ᠲᠠᠢ ᠰᠠᠭᠤᠬᠤ ᠡᠷᠭᠢᠭᠦᠦ ᠲᠡᠨᠡᠭ᠌ ᠪᠢ ᠪᠢᠰᠢ ᠡ ᠭᠡᠴᠢᠬᠡᠭᠡᠳ ᠵᠠᠮ ᠶ᠋ᠢᠠᠨ ᠬᠥᠭᠡᠭᠡᠭᠡᠳ ᠴᠠᠭᠠᠰᠢ ᠪᠠᠨ ᠶᠠᠪᠤᠵᠠᠢ ᠃
    ᠥᠭᠡᠲᠡᠯᠡᠬᠦ ᠬᠤᠪᠢ ᠵᠠᠶᠠᠬ᠋᠎ᠠ ᠥᠪᠡᠷ ᠶ᠋ᠢᠡᠨ ᠢᠷᠡᠬᠦ ᠡᠴᠡ ᠬᠣᠶ᠋ᠢᠰᠢ ᠥᠩᠭᠡᠷᠡᠭ᠌ᠰᠡᠨ ᠠᠮᠢᠲᠤᠷᠠᠯ ᠶ᠋ᠢᠠᠨ ᠮᠠᠷᠲᠠᠵᠤ ᠣᠷᠬᠢᠨ᠎ᠠ ᠡ ᠃ ᠵᠣᠯ ᠵᠢᠷᠭᠠᠯ ᠵᠠᠮ ᠠ᠋ᠴᠠ ᠣᠯᠲᠠᠬᠤ ᠠ᠋ᠴᠠ ᠬᠣᠶ᠋ᠢᠰᠢ ᠵᠣᠪᠠᠬᠤ ᠶᠠᠭᠤᠮ᠎ᠠ ᠦᠭᠡᠢ ᠰᠠᠶ᠋ᠢᠬᠠᠨ ᠠᠮᠢᠲᠤᠷᠠᠨ᠎ᠠ ᠡ  !
     ᠢᠩᠭᠢᠭᠡᠳ ᠴᠠᠭᠠᠰᠢ ᠶᠠᠪᠤᠭᠰᠠᠭᠠᠷ ᠪᠠᠢᠭᠠᠳ ᠥᠨᠥᠬᠢ ᠥᠯᠥᠨ ᠬᠥᠬᠡ ᠴᠢᠨᠣ᠎ᠠ ᠲᠠᠢ ᠲᠠᠭᠠᠷᠠᠯᠲᠤᠵᠤ ᠭᠡᠨ᠎ᠡ ᠃
     ᠴᠢᠨᠣ᠎ᠠ ᠤᠷᠢᠲᠤ ᠤᠷᠢᠲᠤᠬᠢ ᠠ᠋ᠴᠠ ᠤᠯᠠᠮ ᠴᠤ᠌ ᠪᠦᠷ ᠡᠴᠡᠭ᠌ᠰᠡᠨ ᠲᠡᠨᠡᠭ᠌ ᠬᠦᠦ ᠶ᠋ᠢ ᠵᠠᠮ ᠳᠡᠭᠡᠷ᠎ᠡ ᠬᠦᠯᠢᠶᠡᠭᠡᠳ ᠰᠠᠭᠤᠵᠤ ᠪᠠᠢᠨ᠎ᠠ ᠭᠡᠨ᠎ᠡ ᠰᠢᠦ ᠃ ᠴᠢᠨᠣ᠎ᠠ ᠄ ᠵᠠ ᠂ ᠲᠡᠭᠡᠭᠡᠳ ᠰᠠᠶ᠋ᠢᠨ ᠶᠠᠪᠤᠵᠤ ᠢᠷᠡᠪᠡ ‍ᠦᠦ ? ᠲᠡᠨᠡᠭ᠌ ᠬᠦᠦ ᠮᠢᠨᠢ ᠠ᠋  ᠰᠠᠶ᠋ᠢᠨ ᠶᠠᠪᠤᠵᠤ ᠢᠷᠡᠯ᠎ᠡ 》 《 ᠵᠠ ᠂ ᠲᠡᠭᠡᠭᠡᠳ ᠮᠡᠷᠭᠡᠨ ᠦᠵᠡᠮᠦᠷᠢᠴᠢ ᠨᠠᠮ᠎ᠠ ᠶ᠋ᠢ ᠶᠠᠭᠠᠬᠢᠪᠠᠯ ᠥᠯᠥᠰᠬᠦ ᠦᠭᠡᠢ ᠠᠮᠢᠲᠤᠷᠠᠨ᠎ᠠ ᠭᠡᠵᠦ ᠪᠠᠶ᠋ᠢᠨ᠎ᠠ ᠳ᠋ᠠ ?  ᠡᠩ ᠁ 》 《 ᠮᠡᠷᠭᠡᠨ ᠦᠵᠡᠮᠦᠷᠢᠴᠢ ᠴᠢᠮ᠎ᠠ ᠶ᠋ᠢ ᠤᠰᠤ ᠲᠣᠰᠣ ᠢᠯᠭᠠᠲᠠᠭ ᠦᠭᠡᠢ ᠲᠡᠨᠡᠭ᠌ ᠊ᠢ ᠢᠲᠡᠪᠡᠯ ᠲᠠᠬᠢᠵᠤ ᠥᠯᠥᠰᠬᠦ ᠦᠭᠡᠢ ᠭᠡᠵᠦ ᠬᠡᠯᠡᠭᠰᠡᠨ ᠭᠡᠵᠡᠢ ᠃
    ᠢᠩᠭᠢᠭᠡᠳ ᠬᠦᠦ ᠴᠢᠨᠣ᠎ᠠ  ᠳᠤ ᠵᠠᠮ  ᠳᠤ ᠲᠣᠬᠢᠶᠠᠯᠲᠤᠭᠰᠠᠨ ᠶᠠᠪᠤᠲᠠᠯ ᠶ᠋ᠢᠠᠨ ᠨᠢᠭᠡ ᠨᠢᠭᠡ ᠦᠭᠡᠢ ᠶᠠᠷᠢᠵᠤ ᠥᠭᠭᠦᠯ᠎ᠡ ᠭᠡᠨ᠎ᠡ ᠃
ᠲᠡᠨᠡᠭ᠌ ᠬᠦᠦ ᠶ᠋ᠢᠨ ᠶᠠᠷᠢᠶ᠎ᠠ ᠶ᠋ᠢ ᠬᠥᠬᠡ ᠴᠢᠨᠣ᠎ᠠ ᠠᠩᠬᠠᠷᠤᠯ ᠲᠠᠢ ᠨᠢ ᠠᠷᠬ᠋᠎ᠠ ᠦᠭᠡᠢ ᠰᠣᠨᠣᠰᠴᠤ ᠳᠠᠭᠤᠰᠤᠭᠠᠳ ᠠᠮᠠ ᠪᠠᠨ ᠠᠩᠭᠠᠶ᠋ᠢᠨ ᠠᠷᠵᠠᠶ᠋ᠢᠲᠠᠯ᠎ᠠ ᠢᠨᠢᠶᠡᠵᠦ ᠭᠠᠷᠤᠯ᠎ᠠ ᠃ ᠬᠡ ᠁ ᠬᠡ ᠁ ᠬᠡ ᠁ ᠡᠨᠡ ᠬᠣᠷᠸ᠋᠎ᠠ ᠳᠡᠭᠡᠷ᠎ᠡ ᠤᠰᠤ ᠲᠣᠰᠣ ᠢᠯᠭᠠᠲᠠᠭ ᠦᠭᠡᠢ ᠲᠡᠨᠡᠭ᠌ ᠭᠡᠪᠡᠯ ᠴᠢ ᠯᠡ ᠪᠠᠶ᠋ᠢᠨ᠎ᠠ ᠰᠢᠦ ᠳ᠋ᠡ ᠭᠡᠵᠦ ᠬᠡᠯᠡᠴᠢᠬᠡᠭᠡᠳ ᠭᠠᠭᠴᠠᠬᠠᠨ ᠡᠮᠬᠦᠭᠡᠳ ᠵᠠᠯᠭᠢᠴᠢᠬᠠᠵᠤ ᠭᠡᠨ᠎ᠡ ᠃
    ᠬᠡ ᠁ᠬᠡ ᠁ᠬᠡ ᠁