ᠡᠷᠭᠦᠨ᠎ᠡ ᠬᠤᠨ ᠤ ᠳᠣᠮᠣᠭӨргөнө хуны домог
ᠡᠷᠭᠦᠨ᠎ᠡ ᠬᠤᠨ ᠤ ᠳᠣᠮᠣᠭ
ᠡᠷᠲᠡ ᠤᠷᠢᠳᠤ ᠶ᠋ᠢᠨ
ᠴᠠᠭ ᠲᠦ ᠶᠤᠮᠰᠠᠨᠵᠠᠢ ᠃
ᠤᠮᠠᠷᠠᠲᠤ ᠶ᠋ᠢᠨ
ᠲᠠᠯ᠎ᠠ ᠨᠤᠲᠤᠭ ᠲᠦ ᠣᠯᠠᠨ ᠨᠡᠭᠦᠳᠡᠯᠴᠢᠨ ᠠᠶ᠋ᠢᠮᠠᠭ ᠨᠤᠲᠤᠭᠯᠠᠵᠤ ᠪᠠᠶ᠋ᠢᠪᠠ ᠃ ᠲᠡᠳᠡ ᠤᠰᠤ ᠪᠡᠯᠴᠢᠭᠡᠷ ᠢ
ᠳᠠᠭᠠᠨ ᠨᠡᠭᠦᠳᠡᠯᠯᠡᠨ ᠠᠮᠢᠳᠤᠷᠠᠳᠠᠭ ᠪᠠᠶ᠋ᠢᠵᠠᠢ ᠃ ᠲᠡᠳᠡᠭᠡᠷ ᠨᠡᠭᠦᠳᠡᠯᠴᠢᠨ ᠠᠶ᠋ᠢᠮᠠᠭ ᠤᠨ ᠳᠣᠲᠣᠷ᠎ᠠ
ᠮᠣᠩᠭᠣᠯ ᠭᠡᠳᠡᠭ ᠨᠢᠭᠡᠨ ᠪᠠᠭᠤᠷᠠᠢ ᠠᠶ᠋ᠢᠮᠠᠭ ᠪᠠᠶ᠋ᠢᠬᠰᠠᠨ ᠶᠤᠮ ᠃ ᠨᠢᠭᠡ ᠤᠳᠠᠭ᠎ᠠ ᠮᠣᠩᠭᠣᠯ ᠠᠶ᠋ᠢᠮᠠᠭ
ᠵᠡᠷᠭᠡᠯᠡᠳᠡᠭᠡ ᠣᠷᠣᠰᠢᠭᠠ ᠥᠭᠡᠷ᠎ᠡ ᠨᠢᠭᠡ ᠠᠶ᠋ᠢᠮᠠᠭ ᠲᠠᠢ ᠪᠠᠨ ᠡᠶ᠎ᠡ ᠡᠪᠳᠡᠷᠡᠨ ᠮᠠᠭᠤᠳᠠᠯᠴᠠᠵᠤ
ᠬᠣᠶᠠᠷ ᠡᠲᠡᠭᠡᠳ ᠢᠶ᠋ᠡᠷ ᠢᠶ᠋ᠡᠨ ᠶᠡᠬᠡ ᠠᠯᠠᠯᠳᠤᠭᠠᠨ ᠪᠣᠯᠵᠤ ᠭᠡᠨ᠎ᠡ ᠃ ᠲᠡᠷᠡ ᠠᠯᠠᠯᠳᠤᠭᠠᠨ ᠤ ᠡᠴᠦᠰ ᠲᠤ ᠮᠣᠩᠭᠣᠯ ᠠᠶ᠋ᠢᠮᠠᠭ ᠠ᠋ᠴᠠ ᠬᠣᠶᠠᠷ
ᠡᠷᠡᠭᠲᠡᠢ ᠂ ᠬᠣᠶᠠᠷ ᠡᠮᠡᠭᠲᠡᠢ ᠳᠥᠷᠪᠡᠨ ᠵᠠᠯᠠᠭᠤ ᠦᠯᠡᠳᠡᠵᠦ ᠪᠤᠰᠤᠳ ᠨᠢ ᠪᠦᠷ ᠬᠢᠳᠤᠭᠳᠠᠪᠠ ᠃ ᠠᠮᠢᠳᠤ
ᠭᠠᠷᠤᠭᠰᠠᠨ ᠳᠥᠷᠪᠡᠨ ᠵᠠᠯᠠᠭᠤ ᠵᠢᠭᠤᠲᠠᠨ ᠳᠤᠲᠠᠭᠠᠭᠰᠠᠭᠠᠷ ᠬᠥᠮᠦᠨ ᠠᠮᠢᠲᠠᠨ ᠬᠦᠷᠬᠦᠶ᠎ᠡ ᠪᠡᠷᠬᠡ ᠨᠢᠭᠡᠨ
ᠠᠭᠯᠠᠭ ᠠᠭᠤᠯᠠᠨ ᠳᠤ ᠬᠦᠷᠪᠡ ᠃ ᠡᠨᠡ ᠠᠭᠤᠯᠠᠨ ᠤ ᠳᠥᠷᠪᠡᠨ ᠲᠠᠯ᠎ᠠ ᠪᠠᠷ ᠬᠠᠯᠢᠯ ᠬᠠᠳᠠ ᠰᠦᠨᠳᠡᠷᠯᠡᠨ ᠂
ᠣᠢ ᠮᠣᠳᠣ ᠪᠦᠷᠬᠦᠭᠡᠳ ᠂ ᠠᠭᠤᠯᠠᠨ ᠳᠤ ᠣᠷᠣᠬᠤ ᠵᠠᠮ ᠬᠡᠵᠥ ᠣᠭᠲᠣᠬᠠᠨ ᠴᠤ᠌ ᠪᠠᠶ᠋ᠢᠬᠤ ᠦᠭᠡᠢ ᠂ ᠲᠡᠳᠡ
ᠳᠥᠷᠪᠡᠭᠦᠯᠡ ᠠᠮᠢ ᠵᠤᠯᠪᠠᠬᠤ ᠶ᠋ᠢᠨ ᠲᠥᠯᠥᠭᠡ ᠬᠠᠳᠠ ᠴᠢᠯᠠᠭᠤ ᠶ᠋ᠢ ᠰᠢᠯᠵᠢᠭᠦᠯᠥᠨ ᠂ ᠬᠠᠷᠭᠠᠨ᠎ᠠ
ᠰᠤᠨᠳᠤᠤ ᠶ᠋ᠢ ᠲᠠᠰᠤᠳᠠᠨ ᠂ ᠬᠠᠮᠤᠭ ᠪᠡᠷᠬᠡ ᠶ᠋ᠢ ᠲᠤᠭᠤᠯᠤᠨ ᠨᠢᠭᠡᠨ ᠵᠥᠷᠢᠭ ᠭᠠᠷᠭᠠᠵᠤ ᠠᠭᠤᠯᠠᠨ ᠳᠤ
ᠵᠢᠭᠤᠲᠠᠨ ᠣᠷᠣᠵᠠᠢ ᠃ ᠠᠭᠤᠯᠠᠨ ᠤ ᠳᠤᠮᠳᠠ ᠣᠷᠣᠪᠠᠯ ᠬᠠᠷᠢᠨ ᠥᠨᠳᠥᠷ ᠣᠭᠲᠠᠷᠭᠤᠢ ᠴᠡᠯᠮᠡᠵᠦ ᠂ ᠥᠯᠥᠩ ᠡᠪᠡᠰᠦ ᠢᠬᠴᠤᠷᠠᠨ ᠂ ᠥᠩ ᠰᠢᠮ᠎ᠡ ᠪᠦᠷᠢᠳᠦᠭᠰᠡᠨ ᠂ ᠥᠨᠢᠷ ᠰᠠᠶ᠋ᠢᠬᠠᠨ ᠲᠠᠯ᠎ᠠ ᠪᠠᠶ᠋ᠢᠬᠰᠠᠨ ᠠᠵᠢ᠃ ᠡᠨᠡ ᠭᠠᠵᠠᠷ ᠤᠨ ᠨᠡᠷ᠎ᠡ ᠶ᠋ᠢ ᠡᠷᠭᠦᠨ᠎ᠡ ᠬᠤᠨ ᠭᠡᠳᠡᠭ ᠪᠠᠶ᠋ᠢᠵᠠᠢ ᠃
ᠲᠡᠳᠡ ᠳᠥᠷᠪᠡᠭᠦᠯᠡ ᠡᠨᠡ ᠭᠠᠵᠠᠷ ᠢ ᠲᠩᠷᠢ ᠮᠠᠨ ᠳᠤ ᠬᠠᠶ᠋ᠢᠷᠠᠯᠠᠪᠠ ᠬᠡᠮᠡᠨ ᠶᠡᠬᠡᠳᠡ
ᠪᠠᠶᠠᠷᠯᠠᠵᠤ ᠂ ᠬᠣᠶᠠᠷ ᠠᠶ᠋ᠢᠯ ᠭᠡᠷ ᠪᠣᠯᠤᠯᠴᠠᠨ ᠡᠨᠳᠡ ᠨᠤᠲᠤᠭᠰᠢᠨ ᠰᠠᠭᠤᠪᠠ ᠃ ᠡᠨᠡ ᠬᠣᠶᠠᠷ ᠠᠶ᠋ᠢᠯ ᠡᠷᠦᠬᠡ ᠶ᠋ᠢᠨ
ᠨᠢᠭᠡ ᠨᠢ ᠨᠡᠭᠦᠰ ᠣᠪᠣᠭᠲᠤ ᠂
ᠨᠥᠭᠦᠭᠡ ᠨᠢ ᠬᠢᠶᠠᠨ ᠣᠪᠣᠭᠲᠤ ᠪᠣᠯᠪᠠ ᠃ ᠬᠣᠶᠠᠷ ᠣᠪᠣᠭ ᠢᠷᠭᠡᠨ ᠦ ᠬᠣᠶ᠋ᠢᠴᠢ ᠦᠶ᠎ᠡ ᠦᠷᠡᠵᠢᠨ
ᠦᠷᠡᠵᠢᠭᠰᠡᠭᠡᠷ ᠪᠠᠰᠠ ᠣᠯᠠᠨ ᠠᠶ᠋ᠢᠮᠠᠭ ᠤᠭᠰᠠᠭ᠎ᠠ ᠪᠣᠯᠤᠨ ᠰᠠᠯᠪᠤᠷᠢᠯᠠᠵᠤ ᠤᠯᠠᠮ ᠢᠶ᠋ᠠᠷ ᠡᠷᠭᠦᠨ᠎ᠡ ᠬᠤᠨ
ᠳ᠋ᠦ᠍ ᠪᠠᠭᠲᠠᠵᠤ ᠶᠠᠳᠠᠬᠤ ᠳᠤ ᠬᠦᠷᠴᠡᠢ ᠃ ᠲᠡᠭᠡᠬᠦᠯᠡᠷ ᠲᠡᠳᠡ ᠡᠨᠡ ᠪᠣᠶ᠋ᠢᠳᠠ ᠪᠥᠭᠯᠡᠭᠦᠦ ᠠᠭᠤᠯᠠᠨ
ᠠ᠋ᠴᠠ ᠭᠠᠷᠴᠤ ᠥᠷᠭᠡᠨ ᠠᠭᠤᠳᠠᠮ ᠲᠠᠯ᠎ᠠ ᠨᠤᠲᠤᠭ ᠲᠦ ᠪᠠᠨ ᠪᠤᠴᠠᠬᠤ ᠶ᠋ᠢ ᠬᠦᠰᠡᠪᠡ ᠃ ᠲᠡᠳᠡ ᠡᠪᠦᠭᠡ
ᠳᠡᠭᠡᠳᠦᠰ ᠦᠨ ᠠᠩᠬ᠎ᠠ ᠠᠭᠤᠯᠠᠨ ᠳᠤ ᠣᠷᠣᠵᠤ ᠢᠷᠡᠭᠰᠡᠨ ᠶᠠᠪᠤᠳᠠᠯ ᠢ ᠴᠡᠭᠡᠵᠢᠯᠡᠭᠰᠡᠭᠡᠷ ᠪᠣᠯᠪᠠᠴᠤ ᠂
ᠲᠡᠷᠡ ᠨᠠᠷᠢᠨ ᠵᠥᠷᠢᠭ ᠨᠢ ᠠᠯᠢ ᠬᠡᠳᠦᠶ᠋ᠢᠨ ᠡᠪᠡᠰᠦ ᠮᠣᠳᠣᠨ ᠳᠤ ᠬᠤᠴᠢᠬᠳᠠᠨ ᠬᠠᠭᠠᠭᠳᠠᠪᠠ ᠃ ᠪᠦᠭᠦᠳᠡᠭᠡᠷ
ᠠᠭᠤᠯᠠᠨ ᠠ᠋ᠴᠠ ᠴᠣᠬᠣᠮ ᠶᠠᠭᠠᠬᠢᠵᠤ ᠭᠠᠷᠬᠤ ᠠᠷᠭ᠎ᠠ ᠪᠠᠨ ᠣᠯᠬᠤ ᠦᠭᠡᠢ ᠵᠣᠪᠠᠵᠤ ᠪᠠᠶ᠋ᠢᠲᠠᠯ᠎ᠠ ᠂ ᠬᠢᠶᠠᠨ
ᠣᠪᠣᠭ ᠤᠨ ᠨᠢᠭᠡᠨ ᠡᠪᠦᠭᠡᠨ ᠠᠩᠴᠢᠨ ᠠᠭᠤᠯᠠᠨ ᠤ ᠳᠤᠮᠳᠠ ᠠ᠋ᠴᠠ ᠬᠦᠳᠡᠷ ᠬᠠᠶ᠋ᠢᠯᠤᠭᠤᠯᠵᠤ ᠪᠠᠶ᠋ᠢᠬᠰᠠᠨ
ᠭᠠᠵᠠᠷ ᠢ ᠣᠯᠵᠤ ᠦᠵᠡᠭᠡᠳ ᠣᠯᠠᠨ ᠢ ᠳᠠᠭᠠᠭᠤᠯᠤᠨ ᠠᠪᠠᠴᠢᠪᠠ ᠃ ᠪᠦᠭᠦᠳᠡᠭᠡᠷ ᠰᠢᠨᠵᠢᠵᠦ ᠦᠵᠡᠭᠡᠳ ᠬᠦᠳᠡᠷ ᠬᠠᠶ᠋ᠢᠯᠤᠭᠤᠯᠤᠨ ᠠᠭᠤᠯᠠ ᠶ᠋ᠢ ᠶᠡᠭᠦᠷᠡᠭᠦᠯᠵᠦ᠂ ᠭᠠᠷᠴᠤ ᠪᠣᠯᠬᠤ ᠨᠢᠭᠡᠨ ᠠᠷᠭ᠎ᠠ ᠶ᠋ᠢ ᠪᠣᠳᠣᠵᠤ ᠣᠯᠪᠠ ᠃ ᠡᠭᠦᠨ ᠡᠴᠡ ᠥᠭᠡᠷ᠎ᠡ ᠠᠷᠭ᠎ᠠ ᠣᠯᠳᠠᠭᠰᠠᠨ ᠦᠭᠡᠢ ᠃ ᠲᠡᠭᠡᠭᠡᠳ ᠪᠦᠭᠦᠳᠡᠭᠡᠷ ᠣᠢ ᠳᠣᠲᠣᠷ᠎ᠠ ᠠ᠋ᠴᠠ
ᠲᠦᠯᠡᠭᠡ ᠂ ᠨᠡᠭᠦᠷᠡᠰᠦ ᠴᠤᠭᠯᠠᠭᠤᠯᠤᠨ ᠂ ᠪᠠᠰᠠ ᠳᠠᠯᠠᠨ ᠦᠬᠡᠷ ᠠᠯᠠᠵᠤ ᠠᠷᠠᠰᠤ ᠶ᠋ᠢ ᠨᠢ ᠪᠢᠲᠡᠭᠦᠦ ᠪᠡᠷ ᠥᠪᠴᠢᠨ ᠂ ᠳᠠᠯᠠᠨ ᠲᠤᠯᠤᠮ ᠤᠨ ᠬᠥᠭᠡᠷᠭᠡ ᠵᠣᠬᠢᠶᠠᠪᠠ ᠃
ᠨᠢᠭᠡᠨ ᠡᠳᠦᠷ ᠪᠦᠭᠦᠳᠡᠭᠡᠷ ᠬᠤᠷᠠᠨ ᠢᠷᠡᠵᠦ ᠂ ᠴᠤᠭᠯᠠᠭᠤᠯᠤᠭᠰᠠᠨ ᠲᠦᠯᠡᠭᠡ ᠨᠡᠭᠦᠷᠡᠰᠦ ᠪᠡᠨ ᠴᠥᠮ ᠲᠡᠷᠡ ᠬᠦᠳᠡᠷ ᠬᠠᠶ᠋ᠢᠯᠤᠭᠤᠯᠵᠤ ᠪᠠᠶ᠋ᠢᠬᠰᠠᠨ ᠭᠠᠵᠠᠷ ᠲᠦ᠍ ᠣᠪᠣᠭᠠᠯᠠᠨ ᠲᠠᠯᠪᠢᠵᠤ ᠂ ᠭᠠᠯ ᠢᠶ᠋ᠠᠨ ᠬᠥᠭᠵᠢᠭᠡᠭᠡᠳ ᠂ ᠢᠳᠡ ᠬᠦᠴᠦ ᠲᠡᠢ ᠬᠡᠳᠦᠨ ᠵᠠᠭᠤᠨ ᠰᠠᠶ᠋ᠢᠨ ᠡᠷᠡᠴᠦᠦᠯ ᠳᠠᠯᠠᠨ ᠲᠤᠯᠤᠮ ᠤᠨ
ᠬᠥᠭᠡᠷᠭᠡ ᠪᠡᠷ ᠡᠳᠦᠷ ᠰᠥᠨᠢ ᠦᠭᠡᠢ ᠡᠭᠡᠯᠵᠢᠯᠡᠨ ᠬᠥᠭᠡᠷᠭᠡᠳᠡᠪᠡ ᠃ ᠬᠡᠯᠡᠪᠡᠯ ᠰᠣᠨᠢᠨ ᠳᠣᠯᠣᠭᠠᠨ
ᠳᠣᠯᠣᠭ᠎ᠠ ᠳᠥᠴᠢ ᠶᠢᠰᠦᠨ ᠬᠣᠨᠣᠭ ᠬᠥᠭᠡᠷᠭᠡᠳᠡᠭᠰᠡᠨ ᠴᠢᠨᠢ ᠬᠦᠳᠡᠷ ᠴᠢᠯᠠᠭᠤ ᠬᠠᠶ᠋ᠢᠯᠤᠨ ᠤᠷᠤᠰᠴᠤ ᠂ ᠬᠥᠬᠡ
ᠠᠭᠤᠯᠠ ᠶᠡᠭᠦᠷᠡᠨ ᠨᠤᠷᠠᠭᠠᠳ ᠲᠠᠯ᠎ᠠ ᠨᠤᠲᠤᠭ ᠨᠢᠳᠦᠨ ᠡᠮᠦᠨ᠎ᠡ ᠢᠯᠡᠷᠡᠨ ᠭᠠᠷᠴᠠᠢ ᠃ ᠲᠡᠳᠡ ᠲᠡᠰᠬᠡᠯ ᠦᠭᠡᠢ
ᠪᠠᠶᠠᠷᠯᠠᠵᠤ ᠂ ᠤᠯᠠᠮᠵᠢᠯᠠᠯᠲᠤ ᠵᠠᠩᠰᠢᠯ ᠢᠶ᠋ᠠᠷ ᠡᠭᠡᠰᠢᠭᠯᠡᠨ ᠳᠠᠭᠤᠯᠠᠵᠤ ᠂ ᠳᠡᠪᠬᠡᠴᠡᠨ
ᠪᠥᠵᠢᠭᠯᠡᠭᠰᠡᠭᠡᠷ ᠡᠷᠭᠦᠨ᠎ᠡ ᠬᠤᠨ ᠡᠴᠡ ᠭᠠᠷᠴᠤ ᠂ ᠥᠷᠭᠡᠨ ᠠᠭᠤᠳᠠᠮ ᠲᠠᠯ᠎ᠠ ᠨᠤᠲᠤᠭ ᠲᠦ ᠪᠠᠨ ᠪᠤᠴᠠᠵᠤ
ᠢᠷᠡᠭᠡᠳ ᠲᠠᠪᠠ ᠳᠠᠢ ᠰᠠᠶ᠋ᠢᠬᠠᠨ
ᠠᠮᠢᠳᠤᠷᠠᠨ ᠰᠠᠭᠤᠭᠰᠠᠨ ᠭᠡᠨ᠎ᠡ ᠃
