ᠳᠡᠯᠭᠡᠷᠡ ᠴᠡᠴᠡᠭ ᠮᠢᠨᠢДэлгэр цэцэг минь ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠯᠭᠡᠷᠡ ᠴᠡᠴᠡᠭ ᠮᠢᠨᠢДэлгэр цэцэг минь

ᠳᠡᠯᠭᠡᠷᠡ ᠴᠡᠴᠡᠭ ᠮᠢᠨᠢДэлгэр цэцэг минь

2022-12-29

290

ᠳᠡᠯᠭᠡᠷᠡ ᠴᠡᠴᠡᠭ ᠮᠢᠨᠢ

ᠡᠵᠢ ᠲᠠ ᠡᠭᠦᠨ ‍ᠢ ᠬᠠᠷᠠᠭᠠᠴᠢ

ᠡᠵᠢ ‍ᠳᠦ ᠎ᠪᠡᠨ ᠪᠠᠶᠠᠷ ‍ᠢᠶ᠋ᠠᠨ ᠪᠡᠯᠡᠭᠯᠡᠬᠦ ᠭᠡᠳ
ᠡᠩᠬᠦᠷᠡᠶ᠋ᠢᠯᠡᠵᠦ ᠤᠷᠭᠤᠭᠤᠯᠤᠭᠰᠠᠨ
ᠡᠩ ᠦᠭᠡᠢ ᠰᠠᠶ᠋ᠢᠬᠠᠨ ᠠᠯᠲᠠᠨᠵᠤᠯᠠ ᠠ᠋
ᠳᠡᠯᠭᠡᠷᠡ ᠴᠡᠴᠡᠭ ᠮᠢᠨᠢ
ᠳᠡᠯᠡᠬᠡᠢ ᠳᠦᠭᠦᠷᠡᠩ ᠤᠷᠭᠤᠭᠠᠷᠠᠢ
ᠠᠩᠬᠢᠯᠤᠭᠤᠨ ᠴᠡᠴᠡᠭ ᠮᠢᠨᠢ
ᠠᠯᠲᠠᠨ ᠨᠠᠷᠠ ‍ᠶ᠋ᠢ ᠱᠦᠷᠭᠦᠭᠡᠷᠡᠢ
ᠨᠠᠮ᠎ᠠ ‍ᠶ᠋ᠢ ᠲᠠ ᠴᠡᠴᠡᠭ ᠭᠡᠳ
ᠨᠠᠭᠠᠳᠤᠨ ᠲᠣᠭᠯᠠᠬᠤ ᠪᠣᠯᠭᠠᠨ ‍ᠳᠤ ᠎ᠪᠠᠨ
ᠨᠠᠨᠳᠢᠨ ᠴᠡᠴᠡᠭ ᠭᠡᠳᠡᠭ
ᠨᠡᠭᠡᠷᠡᠨ ᠪᠢ ᠴᠡᠴᠡᠭ ᠶᠤᠮ ‍ᠤᠤ
 ᠳᠠᠭᠢᠯᠲᠠ
ᠡᠵᠢ ᠎ ᠡ ᠂ ᠪᠢ ᠴᠡᠴᠡᠭ ᠶᠤᠮ ᠪᠣᠯ
ᠡᠭᠦᠨ ‍ᠢ ᠴᠤ᠌ ᠥᠪᠡᠷ ‍ᠢ ᠎ᠪᠡᠨ ᠴᠤ᠌
ᠲᠠᠨ ‍ᠳᠤ ᠎ᠪᠠᠨ ᠪᠡᠯᠡᠭᠯᠡᠶ᠎ᠡ
ᠲᠠ ᠴᠤ᠌ ᠪᠠᠰᠠ ᠴᠡᠴᠡᠭ ᠶᠤᠮ ᠰᠢᠦ
 ᠳᠠᠭᠢᠯᠲᠠ