ᠬᠤᠯᠤᠰᠤᠴᠢᠨ -ᠰᠢᠳᠢᠲᠦ ᠦᠯᠢᠭᠡᠷ Хүлсчин ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠯᠤᠰᠤᠴᠢᠨ -ᠰᠢᠳᠢᠲᠦ ᠦᠯᠢᠭᠡᠷ Хүлсчин

ᠬᠤᠯᠤᠰᠤᠴᠢᠨ -ᠰᠢᠳᠢᠲᠦ ᠦᠯᠢᠭᠡᠷ Хүлсчин

2023-12-28

925

ᠬᠤᠯᠤᠰᠤᠴᠢᠨ ᠤ᠋ ᠦᠯᠢᠭᠡᠷ

ᠡᠷᠲᠡ ᠤᠷᠢᠳᠤ ᠶ᠋ᠢᠨ ᠴᠠᠭ ᠲᠤ ᠬᠤᠯᠤᠰᠤᠴᠢᠨ ᠡᠷ᠎ᠡ ᠡᠬᠡᠨᠡᠷ ᠦ᠋ᠨ ᠢ᠋ᠶ᠋ᠡᠨ ᠬᠠᠮᠲᠤ ᠬᠠᠭᠤᠴᠢᠨ ᠣᠪᠣᠬᠠᠢ ᠳ᠋ᠤ᠌ ᠠᠮᠢᠳᠤᠷᠠᠨ ᠰᠠᠭᠤᠳᠠᠭ ᠪᠠᠢᠵᠠᠢ᠃ ᠥᠷᠯᠥᠭᠡ ᠪᠦᠷᠢ ᠲᠡᠷᠡ ᠪᠡᠷ ᠬᠤᠯᠤᠰᠤ ᠬᠡᠷᠴᠢᠵᠦ ᠭᠡᠷ ᠲᠦ᠍ ᠪᠡᠨ ᠠᠪᠴᠢᠷᠠᠬᠤ ᠪᠠᠷ ᠣᠢ ᠤᠷᠤᠭᠤ ᠶᠠᠪᠤᠳᠠᠭ ᠪᠠᠢᠪᠠ᠃ ᠬᠤᠯᠤᠰᠤᠴᠢᠨ ᠭᠡᠷᠭᠡᠢ ᠶ᠋ᠢᠨ ᠬᠠᠮᠲᠤ ᠬᠤᠯᠤᠰᠤ ᠪᠠᠷ ᠣᠯᠠᠨ ᠲᠥᠷᠥᠯ ᠦ᠋ᠨ ᠵᠦᠢᠯ ᠬᠢᠨ ᠵᠠᠬ᠎ᠠ ᠳᠡᠭᠡᠷ᠎ᠡ ᠵᠠᠷᠤᠳᠠᠭ ᠪᠠᠢᠵᠠᠢ ᠭᠡᠨ᠎ᠡ᠃ ᠬᠥᠭᠡᠷᠦᠬᠦᠢ ᠬᠣᠣᠰ ᠨᠢᠭᠡ ᠴᠤ᠌ ᠬᠡᠦᠬᠡᠳ ᠦᠭᠡᠢ ᠪᠠᠢᠵᠠᠢ᠂ ᠭᠡᠰᠡᠨ ᠴᠦ᠍ ᠲᠡᠳᠡ ᠠᠵᠠ ᠵᠢᠷᠭᠠᠯᠲᠠᠢ ᠠᠮᠢᠳᠤᠷᠠᠳᠠᠭ ᠪᠠᠢᠪᠠ᠃
ᠨᠢᠭᠡᠨ ᠡᠳᠦᠷ ᠣᠢ ᠳ᠋ᠤ᠌ ᠬᠤᠯᠤᠰᠤ ᠬᠡᠷᠴᠢᠵᠦ ᠪᠠᠢᠭᠠᠳ ᠬᠤᠯᠤᠰᠤᠴᠢᠨ ᠣᠢ ᠶ᠋ᠢᠨ ᠭᠣᠣᠯ ᠳ᠋ᠤ᠌ ᠨᠢᠭᠡᠨ ᠭᠣᠢᠳᠠ ᠬᠤᠯᠤᠰᠤ ᠪᠠᠢᠬᠤ ᠶ᠋ᠢ ᠬᠠᠷᠠᠪᠠ ᠭᠡᠨ᠎ᠡ᠃ ᠲᠡᠷᠡ ᠬᠤᠯᠤᠰᠤ ᠲᠡᠷᠭᠡᠯ ᠰᠠᠷᠠ ᠰᠢᠭ ᠦᠵᠡᠰᠬᠦᠯᠡᠩ ᠲᠡᠢ ᠬᠡᠷᠡᠯᠳᠦᠵᠦ ᠪᠠᠢᠯ᠎ᠠ᠃ ᠬᠤᠯᠤᠰᠤᠴᠢᠨ ᠰᠣᠨᠢᠭᠤᠴᠢ ᠨᠢᠭᠡᠨ ᠪᠠᠢᠪᠠ᠃ ᠪᠣᠯᠭᠣᠮᠵᠢᠲᠠᠢ ᠭᠡᠭᠴᠢ ᠨᠢ ᠬᠤᠯᠤᠰᠤ ᠶ᠋ᠢ ᠳᠠᠭᠠᠷᠢᠯ᠎ᠠ᠃ ᠬᠤᠯᠤᠰᠤ ᠶ᠋ᠢ ᠲᠠᠭᠠᠷᠢᠲᠠᠯ᠎ᠠ ᠬᠤᠯᠤᠰᠤᠴᠢᠨ ᠨᠢᠳᠦᠨ ᠳ᠋ᠦ᠍ ᠪᠡᠨ ᠴᠦ᠍ ᠢᠲᠡᠭᠡᠮ᠎ᠡ ᠦᠭᠡᠢ ᠵᠦᠢᠯ ᠢ᠋ ᠣᠯᠵᠤ ᠬᠠᠷᠠᠵᠠᠢ ᠭᠡᠨ᠎ᠡ᠃
—ᠠ ᠁
—ᠡᠨᠡ ᠴᠢᠨᠢ ᠥᠬᠢᠨ ᠬᠡᠦᠬᠡᠳ ᠪᠠᠢᠨ᠎ᠠ᠃
—ᠬᠤᠯᠤᠰᠤᠨ ᠳᠣᠲᠣᠷ᠎ᠠ ᠠ᠋ᠴᠠ ᠪᠢᠴᠢᠬᠠᠨ ᠥᠬᠢᠨ ᠭᠠᠷᠴᠤ ᠢᠷᠡᠪᠡ᠂ ᠬᠤᠯᠤᠰᠤᠴᠢᠨ ᠤ᠋ ᠡᠷᠡᠬᠡᠢ ᠬᠤᠷᠤᠭᠤ ᠶ᠋ᠢᠨ ᠴᠢᠨᠡᠭᠡᠨ ᠥᠬᠢᠨ ᠪᠠᠢᠯ᠎ᠠ᠂ ᠲᠡᠷᠡ ᠥᠬᠢᠨ ᠲᠡᠭᠦᠨ ᠦ᠌ ᠬᠠᠷᠠᠵᠤ ᠪᠠᠢᠭᠰᠠᠨ ᠬᠠᠮᠤᠭ ᠤ᠋ᠨ ᠬᠥᠭᠡᠷᠦᠬᠦᠨ ᠥᠬᠢᠨ ᠪᠠᠢᠵᠠᠢ᠃ ᠲᠡᠷᠡ ᠳᠠᠷᠤᠢ ᠳ᠋ᠤ᠌ ᠥᠬᠢᠨ ᠢ᠋ ᠭᠡᠷ ᠲᠦ᠍ ᠪᠡᠨ ᠠᠪᠠᠴᠢᠨ ᠡᠬᠡᠨᠡᠷ ᠲᠦ᠍ ᠪᠡᠨ ᠬᠠᠷᠠᠭᠤᠯᠬᠤ ᠪᠠᠷ ᠰᠢᠢᠳᠪᠡ᠃ ᠥᠬᠢᠨ ᠢ᠋ ᠠᠯᠠᠭᠠᠨ ᠳᠡᠭᠡᠷ᠎ᠡ ᠪᠡᠨ ᠵᠥᠭᠡᠯᠡᠨ ᠭᠡᠭᠴᠢ ᠨᠢ ᠡᠷᠭᠦᠵᠦ ᠶᠠᠭᠠᠷᠠᠵᠤ ᠲᠡᠪᠡᠳᠡᠯ ᠦᠭᠡᠢ ᠭᠡᠷ ᠦ᠋ᠨ ᠵᠦᠭ ᠠᠯᠬᠤᠪᠠ᠃ ᠥᠬᠢᠨ ᠢ᠋ ᠭᠡᠮᠲᠦᠭᠡᠬᠦ ᠦᠭᠡᠢ ᠶ᠋ᠢᠨ ᠲᠤᠯᠠᠳᠠ ᠶᠡᠬᠡᠳᠡ ᠪᠣᠯᠭᠣᠮᠵᠢᠯᠠᠵᠤ ᠪᠠᠢᠯ᠎ᠠ᠃
—ᠭᠠᠷᠤᠭᠠᠳ ᠢᠷᠡᠭᠡᠴᠢ ᠬᠠᠢᠷᠠᠲᠤ ᠮᠢᠨᠢ᠂ ᠭᠠᠷᠴᠤ ᠢᠷᠡᠭᠡᠳ ᠶᠠᠭᠤ ᠣᠯᠤᠭᠰᠠᠨ ᠢ᠋ ᠮᠢᠨᠢ ᠬᠠᠷᠠᠭᠠᠴᠢ!
— ᠶᠠᠭᠤ ᠪᠣᠯᠤᠭᠰᠠᠨ ᠢ᠋ ᠬᠡᠯᠡᠵᠦ ᠠᠯᠠᠭ᠎ᠠ ᠪᠠᠨ ᠠᠭᠠᠵᠢᠮ ᠢ᠋ᠶ᠋ᠠᠷ ᠳᠡᠯᠭᠡᠨ ᠦᠵᠡᠭᠦᠯᠦᠯ᠎ᠡ᠃ ᠲᠡᠷᠡ ᠳᠠᠷᠤᠢ ᠳ᠋ᠤ᠌ ᠭᠡᠷ ᠨᠢ ᠪᠦᠬᠦᠯᠢ ᠳ᠋ᠦ᠍ ᠪᠡᠨ ᠬᠡᠷᠡᠯᠳᠦᠬᠦ ᠨᠢ ᠲᠡᠷᠡ᠂ ᠡᠬᠡᠨᠡᠷ ᠨᠥᠬᠥᠷ ᠬᠣᠶᠠᠷ ᠠᠯᠮᠠᠢᠷᠠᠵᠤ ᠣᠷᠬᠢᠪᠠ᠃
—ᠰᠠᠷᠠ ᠰᠢᠭ᠋ ᠬᠡᠷᠡᠯᠳᠦᠵᠦ ᠪᠠᠢᠭ᠎ᠠ ᠶ᠋ᠢ ᠨᠢ ᠬᠠᠷᠠ ᠳᠠ᠂ ᠡᠨᠡ ᠥᠬᠢᠨ ᠢ᠋ ᠰᠠᠷᠠᠨᠲᠤᠶᠠᠭ᠎ᠠ ᠭᠡᠵᠦ ᠨᠡᠷᠡᠯᠡᠶ᠎ᠡ᠂
—ᠰᠠᠷᠠᠨᠲᠤᠶᠠᠭ᠎ᠠ ᠦᠵᠡᠰᠬᠦᠯᠡᠩ ᠲᠡᠢ ᠰᠠᠷᠠᠨ ᠤ᠋ ᠲᠤᠶᠠᠭ᠎ᠠ᠃
ᠡᠬᠡᠨᠡᠷ ᠨᠢ ᠠᠯᠴᠢᠭᠤᠷ ᠠᠪᠴᠢᠷᠠᠨ ᠰᠠᠷᠠᠨᠲᠤᠶᠠᠭ᠎ᠠ ᠶ᠋ᠢ ᠬᠤᠴᠢᠯ᠎ᠠ᠂ ᠥᠬᠢᠨ ᠢ᠋ ᠭᠠᠢᠬᠠᠨ ᠬᠠᠷᠠᠵᠤ ᠪᠠᠢᠲᠠᠯ᠎ᠠ ᠴᠣᠩᠬᠣ ᠪᠠᠷ ᠰᠡᠪᠰᠢᠶ᠎ᠡ ᠰᠠᠯᠬᠢ ᠣᠷᠣᠵᠤ ᠢᠷᠡᠯ᠎ᠡ᠂ ᠪᠢᠴᠢᠬᠠᠨ ᠥᠬᠢᠨ ᠭᠠᠷ ᠠ᠋ᠴᠠ ᠨᠢ ᠮᠤᠯᠲᠤᠷᠠᠨ ᠠᠭᠠᠷ ᠲᠤ ᠬᠥᠭᠡᠷᠪᠡ ᠂ ᠡᠬᠡᠨᠡᠷ ᠰᠠᠷᠠᠨᠲᠤᠶᠠᠭ᠎ᠠ ᠶ᠋ᠢ ᠭᠡᠮᠲᠦᠬᠡᠯ ᠦᠭᠡᠢ ᠪᠠᠷᠢᠬᠤ ᠭᠡᠵᠦ ᠤᠷᠤᠯᠳᠤᠵᠤ ᠪᠠᠢᠪᠠ᠃ ᠤᠳᠠᠯ ᠦᠭᠡᠢ ᠰᠠᠯᠬᠢ ᠨᠠᠮᠳᠠᠬᠤ ᠳ᠋ᠤ᠌ ᠳᠠᠪᠤᠤ ᠪᠠᠷ ᠬᠤᠴᠢᠭᠳᠠᠭᠰᠠᠨ ᠪᠢᠴᠢᠬᠠᠨ ᠥᠬᠢᠨ ᠵᠢᠷ ᠦ᠋ᠨ ᠬᠡᠮᠵᠢᠶ᠎ᠡ ᠲᠡᠢ ᠨᠢᠯᠬ᠎ᠠ ᠬᠡᠦᠬᠡᠳ ᠪᠣᠯᠵᠤ ᠬᠤᠪᠢᠷᠠᠪᠠ ᠭᠡᠨ᠎ᠡ᠃
—ᠬᠠ ᠬᠠ ᠬᠠ
—ᠡᠬᠡᠨᠡᠷ ᠨᠥᠬᠥᠷ ᠬᠣᠶᠠᠷ ᠨᠢᠭᠡ ᠨᠢᠭᠡᠨ ᠤᠷᠤᠭᠤ ᠪᠠᠨ ᠭᠠᠢᠬᠠᠨ ᠬᠠᠷᠠᠯ᠎ᠠ᠃
— ᠬᠠ ᠬᠠ ᠬᠠ ᠦ᠂ ᠪᠢᠴᠢᠬᠠᠨ ᠰᠠᠷᠠᠨᠲᠤᠶᠠᠭ᠎ᠠ ᠮᠠᠨᠢ ᠭᠠᠷ ᠲᠤ ᠪᠠᠭᠲᠠᠬᠤ ᠪᠠᠨ ᠪᠣᠯᠢᠯ᠎ᠠ ᠰᠢᠦ᠃
— ᠳᠠᠷᠠᠭ᠎ᠠ ᠶ᠋ᠢᠨ ᠥᠷᠯᠥᠭᠡ ᠨᠢ ᠬᠤᠯᠤᠰᠤᠴᠢᠨ ᠬᠤᠯᠤᠰᠤ ᠬᠡᠷᠴᠢᠬᠦ ᠪᠡᠷ ᠠᠬᠢᠨ ᠣᠢ ᠤᠷᠤᠭᠤ ᠶᠠᠪᠤᠵᠠᠢ᠂
—ᠭᠦᠦᠭ᠁
— ᠡᠩ᠁ ᠬᠡ ᠬᠡ ᠬᠡ᠂ ᠪᠢ ᠠᠪᠤᠶ᠎ᠠ!
—ᠡᠬᠡᠨᠡᠷ ᠨᠥᠬᠥᠷ ᠬᠣᠶᠠᠷ ᠨᠢᠭᠡ ᠵᠦᠢᠯ ᠢ᠋ ᠤᠬᠠᠭᠠᠷᠠᠯ᠎ᠠ᠂ ᠬᠤᠯᠤᠰᠤᠴᠢᠨ ᠤ᠋ ᠣᠯᠤᠭᠰᠠᠨ ᠰᠠᠷᠠᠨᠲᠤᠶᠠᠭ᠎ᠠ ᠲᠡᠳᠡᠨ ᠦ᠌ ᠡᠳ᠋ ᠪᠠᠶᠠᠯᠢᠭ ᠤ᠋ᠨ ᠡᠭᠦᠳᠡ ᠶ᠋ᠢ ᠨᠡᠭᠡᠭᠡᠵᠦ ᠥᠭᠴᠡᠢ᠃ ᠲᠡᠷᠡ ᠴᠠᠭ ᠠ᠋ᠴᠠ ᠬᠣᠢᠰᠢ ᠬᠤᠯᠤᠰᠤᠴᠢᠨ ᠡᠳᠦᠷ ᠪᠦᠷᠢ ᠭᠡᠷ ᠲᠦ᠍ ᠪᠡᠨ ᠡᠷᠳᠡᠨᠢ ᠶ᠋ᠢᠨ ᠴᠢᠯᠠᠭᠤ ᠠᠪᠴᠢᠷᠠᠳᠠᠭ ᠪᠣᠯᠪᠠ᠂ ᠤᠳᠠᠯ ᠦᠭᠡᠢ ᠲᠡᠳᠡ ᠮᠠᠰᠢ ᠪᠠᠶᠠᠨ ᠪᠣᠯᠤᠯ᠎ᠠ᠃ ᠲᠡᠳᠡ ᠰᠠᠷᠠᠨᠲᠤᠶᠠᠭ᠎ᠠ ᠳ᠋ᠤ᠌ ᠰᠢᠮᠡᠲᠦ ᠬᠣᠭᠣᠯᠠ ᠥᠭᠴᠦ ᠦᠨ᠎ᠡ ᠲᠡᠢ ᠲᠣᠷᠭ᠎ᠠ ᠪᠠᠷ ᠬᠢᠭᠰᠡᠨ ᠬᠤᠪᠴᠠᠰᠤ ᠡᠮᠦᠰᠦᠭᠦᠯᠳᠡᠭ ᠪᠠᠢᠪᠠ᠂ ᠣᠯᠠᠨ ᠰᠠᠷ᠎ᠠ ᠥᠩᠭᠡᠷᠡᠵᠦ ᠲᠡᠳᠡᠨ ᠦ᠌ ᠪᠢᠴᠢᠬᠠᠨ ᠥᠬᠢᠨ ᠮᠠᠰᠢ ᠬᠤᠷᠳᠤᠨ ᠥᠰᠴᠦ ᠲᠣᠮᠣ ᠪᠣᠯᠵᠤ ᠪᠠᠢᠪᠠ᠃ ᠪᠣᠭᠣᠨᠢᠬᠠᠨ ᠬᠤᠭᠤᠴᠠᠭᠠᠨ ᠤ᠋ ᠳᠣᠲᠣᠷ᠎ᠠ ᠰᠠᠷᠠᠨᠲᠤᠶᠠᠭ᠎ᠠ ᠦᠵᠡᠰᠬᠦᠯᠡᠩᠲᠡᠢ ᠵᠠᠯᠠᠭᠤ ᠪᠦᠰᠡᠭᠦᠢ ᠪᠣᠯᠵᠠᠢ᠃ ᠦᠰᠦ ᠨᠢ ᠦᠨ᠎ᠡ ᠲᠡᠢ ᠲᠣᠷᠭ᠎ᠠ ᠪᠠᠷ ᠬᠢᠭᠰᠡᠨ ᠬᠤᠪᠴᠠᠰᠤᠨ ᠠ᠋ᠴᠠ ᠴᠤ᠌ ᠵᠥᠭᠡᠯᠡᠨ ᠪᠣᠯᠤᠭᠰᠠᠨ ᠪᠠᠢᠪᠠ᠂ ᠨᠢᠳᠦ ᠨᠢ ᠣᠳᠣ ᠮᠡᠲᠦ ᠬᠡᠷᠡᠯᠳᠦᠵᠦ ᠪᠠᠢᠯ᠎ᠠ᠂ ᠠᠷᠠᠰᠤ ᠨᠢ ᠥᠳᠥ ᠠᠳᠠᠯᠢ ᠵᠥᠭᠡᠯᠡᠨ ᠪᠣᠯᠵᠠᠢ᠃ ᠢᠨᠢᠶᠡᠮᠰᠦᠭᠯᠡᠯ ᠨᠢ ᠰᠠᠷᠠᠨ ᠠ᠋ᠴᠠ ᠴᠤ᠌ ᠢᠯᠡᠭᠦᠦ ᠭᠡᠷᠡᠯ ᠰᠠᠴᠤᠷᠠᠭᠤᠯᠵᠤ ᠪᠠᠢᠯ᠎ᠠ᠃ ᠡᠨᠡ ᠳᠡᠯᠡᠬᠡᠢ ᠳᠡᠭᠡᠷᠡᠬᠢ ᠬᠠᠮᠤᠭ ᠤ᠋ᠨ ᠦᠵᠡᠰᠬᠦᠯᠡᠩᠲᠡᠢ ᠪᠦᠰᠡᠭᠦᠢ ᠪᠣᠯᠤᠭᠰᠠᠨ ᠪᠠᠢᠵᠤ ᠴᠤ᠌ ᠮᠡᠳᠡᠬᠦ ᠶᠦ᠍ᠮ᠃ ᠭᠡᠪᠡᠴᠦ ᠬᠤᠯᠤᠰᠤᠴᠢᠨ ᠥᠭᠡᠷ᠎ᠡ ᠨᠢᠭᠡᠨ ᠵᠦᠢᠯ ᠳ᠋ᠦ᠍ ᠰᠠᠨᠠᠭ᠎ᠠ ᠵᠣᠪᠠᠵᠤ ᠪᠠᠢᠯ᠎ᠠ᠂ ᠲᠣᠰᠬᠣᠨ ᠤ᠋ ᠣᠷᠣᠰᠢᠨ ᠰᠠᠭᠤᠭᠴᠢᠳ ᠲᠡᠭᠦᠨ ᠡᠴᠡ ᠭᠡᠷ ᠲᠤ ᠨᠢ ᠪᠠᠢᠭ᠎ᠠ ᠦᠵᠡᠰᠬᠦᠯᠡᠩᠲᠡᠢ ᠥᠬᠢᠨ ᠦ᠌ ᠲᠤᠬᠠᠢ ᠠᠰᠠᠭᠤᠵᠤ ᠰᠢᠯᠭᠠᠭᠠᠬᠤ ᠪᠣᠯᠵᠠᠢ᠃ ᠨᠢᠭᠡᠨ ᠣᠷᠣᠢ ᠰᠠᠷᠠᠨᠲᠤᠶᠠᠭ᠎ᠠ ᠶ᠋ᠢ ᠤᠨᠲᠠᠵᠤ ᠪᠠᠢᠬᠤ ᠵᠠᠭᠤᠷ᠎ᠠ ᠬᠤᠯᠤᠰᠤᠴᠢᠨ ᠡᠬᠡᠨᠡᠷ ᠲᠡᠢ ᠪᠡᠨ ᠶᠠᠷᠢᠯᠴᠠᠪᠠ᠃
—ᠮᠢᠨᠦ ᠰᠠᠨᠠᠭ᠎ᠠ ᠵᠣᠪᠠᠵᠤ ᠪᠠᠢᠨ᠎ᠠ᠂ ᠪᠢ ᠬᠥᠮᠦᠰ ᠲᠦ᠍ ᠥᠬᠢᠨ ᠢ᠋ ᠣᠢ ᠳ᠋ᠤ᠌ ᠭᠠᠭᠴᠠᠭᠠᠷ ᠢ᠋ᠶ᠋ᠠᠨ ᠪᠠᠢᠬᠤ ᠳ᠋ᠤ᠌ ᠨᠢ ᠣᠯᠤᠭᠰᠠᠨ᠂ ᠲᠡᠭᠡᠭᠡᠳ ᠭᠡᠷ ᠲᠡᠭᠡᠨ ᠠᠪᠴᠢᠷᠠᠵᠤ ᠠᠰᠠᠷᠠᠵᠤ ᠬᠠᠨᠳᠤᠵᠤ ᠪᠠᠢᠭ᠎ᠠ ᠭᠡᠵᠦ ᠬᠡᠯᠡᠭᠰᠡᠨ᠂ ᠬᠠᠷᠢᠨ ᠣᠳᠣ ᠥᠬᠢᠨ ᠮᠠᠨᠢ ᠨᠠᠰᠤᠨ ᠳ᠋ᠤ᠌ ᠬᠦᠷᠦᠯ᠎ᠡ ᠰᠢᠦ ᠳᠡ ᠂ ᠢᠩᠭᠢᠭᠡᠳ ᠥᠬᠢᠨ ᠦ᠌ ᠮᠢᠨᠢ ᠭᠤᠸ᠎ᠠ ᠦᠵᠡᠰᠬᠦᠯᠡᠩ ᠢ᠋ ᠱᠠᠭᠰᠢᠨ ᠮᠠᠭᠲᠠᠵᠤ ᠠᠮᠠ ᠳᠠᠮᠵᠢᠨ ᠶᠠᠷᠢᠯᠴᠠᠵᠠᠭᠠᠵᠤ ᠪᠠᠢᠨ᠎ᠠ᠃
—ᠪᠢ ᠮᠡᠳᠡᠵᠦ ᠪᠠᠢᠨ᠎ᠠ᠂ ᠪᠢᠳᠡ ᠥᠬᠢᠨ ᠢ᠋ᠶ᠋ᠡᠨ ᠡᠭᠦᠷᠢᠳᠡ ᠢᠩᠭᠢᠭᠡᠳ ᠨᠢᠭᠤᠭᠠᠳ ᠪᠠᠢᠵᠤ ᠴᠢᠳᠠᠬᠤ ᠦᠭᠡᠢ᠃
—ᠥᠷᠯᠥᠭᠡ ᠪᠣᠯᠬᠤ ᠳ᠋ᠤ᠌ ᠬᠤᠯᠤᠰᠤᠴᠢᠨ ᠭᠡᠷᠯᠡᠭᠦᠯᠬᠦ ᠪᠣᠯᠤᠭᠰᠠᠨ ᠢ᠋ᠶ᠋ᠠᠨ ᠥᠬᠢᠨ ᠳ᠋ᠦ᠍ ᠪᠡᠨ ᠬᠡᠯᠡᠪᠡ᠂ ᠣᠯᠠᠨ ᠰᠠᠢᠬᠠᠨ ᠡᠷ᠎ᠡ ᠲᠡᠭᠦᠨ ᠳ᠋ᠦ᠍ ᠭᠡᠷᠯᠡᠬᠦ ᠰᠠᠨᠠᠯ ᠲᠠᠯᠪᠢᠭᠰᠠᠨ ᠭᠡᠳᠡᠭ ᠢ᠋ ᠴᠤ᠌ ᠬᠡᠯᠡᠯ᠎ᠡ᠃
—ᠦᠭᠡᠢ ᠠᠪᠤ ᠠ᠋᠂ ᠪᠢ ᠲᠠ ᠬᠣᠶᠠᠷ ᠠ᠋ᠴᠠ ᠬᠣᠯᠠ ᠠᠮᠢᠳᠤᠷᠠᠵᠤ ᠴᠢᠳᠠᠬᠤ ᠦᠭᠡᠢ᠂ ᠶᠠᠭᠠᠬᠢᠭᠠᠳ ᠨᠠᠮ᠎ᠠ ᠶ᠋ᠢ ᠬᠣᠯᠠ ᠶᠠᠪᠤᠭᠤᠯᠬᠤ ᠭᠡᠳ ᠪᠠᠢᠭ᠎ᠠ ᠶᠤᠮ ᠪᠣᠢ?—ᠬᠠᠢᠷᠠᠲᠤ ᠥᠬᠢᠨ ᠮᠢᠨᠢ ᠳᠡ᠂ ᠠᠪᠤ ᠨᠢ ᠴᠦ᠍ ᠪᠠᠰᠠ ᠴᠢᠮ᠎ᠠ ᠠ᠋ᠴᠠ ᠬᠣᠯᠠ ᠠᠮᠢᠳᠤᠷᠠᠵᠤ ᠴᠢᠳᠠᠬᠤ ᠦᠭᠡᠢ᠂ ᠭᠡᠬᠦ ᠳᠤ ᠪᠡᠨ ᠪᠢ ᠴᠢᠮ᠎ᠠ ᠶ᠋ᠢ ᠡᠭᠦᠷᠢᠳᠡ ᠭᠡᠷ ᠲᠦ᠍ ᠪᠡᠨ ᠨᠢᠭᠤᠭᠠᠳ ᠪᠠᠢᠵᠤ ᠴᠢᠳᠠᠬᠤ ᠦᠭᠡᠢ ᠰᠢᠦ ᠳᠡ᠂ ᠪᠢ ᠴᠢᠮ᠎ᠠ ᠳ᠋ᠤ᠌ ᠬᠠᠢᠷᠠᠲᠠᠢ᠂ ᠬᠠᠢᠷ᠎ᠠ ᠪᠢᠳᠡᠨ ᠢ᠋ ᠬᠤᠪᠢ ᠪᠠᠨ ᠬᠢᠴᠢᠶᠡ ᠭᠡᠵᠦ ᠵᠢᠭᠠᠭ᠎ᠠ ᠦᠭᠡᠢ᠂ ᠪᠢ ᠴᠢᠮ᠎ᠠ ᠶ᠋ᠢ ᠭᠡᠷ ᠡᠴᠡ ᠪᠡᠨ ᠶᠠᠪᠤᠭᠤᠯᠵᠤ ᠥᠪᠡᠷ ᠦ᠋ᠨ ᠠᠮᠢᠳᠤᠷᠠᠯ ᠢ᠋ᠶ᠋ᠠᠷ ᠴᠢᠨᠢ ᠠᠮᠢᠳᠤᠷᠠᠭᠤᠯᠬᠤ ᠶᠣᠰᠣᠲᠠᠢ᠂ ᠪᠢ ᠴᠢᠮ᠎ᠠ ᠶ᠋ᠢ ᠬᠦᠴᠦᠯᠡᠵᠦ ᠲᠡᠳᠡᠨ ᠦ᠌ ᠨᠢᠭᠡ ᠲᠡᠢ ᠭᠡᠷᠯᠡ ᠭᠡᠵᠦ
ᠠᠯᠪᠠᠳᠠᠬᠤ ᠦᠭᠡᠢ᠂ ᠭᠡᠬᠦ ᠳᠤ ᠪᠡᠨ ᠶᠠᠳᠠᠵᠤ ᠲᠡᠳᠡᠨ ᠲᠡᠢ ᠠᠭᠤᠯᠵᠠᠭᠠᠳ ᠦᠵᠡᠭᠡᠴᠢ ᠳᠡ᠂ ᠲᠡᠭᠡᠬᠦ ᠤᠤ?
—ᠰᠠᠷᠠᠨᠲᠤᠶᠠᠭ᠎ᠠ ᠠᠪᠤ ᠳ᠋ᠤ᠌ ᠪᠠᠨ ᠮᠠᠰᠢ ᠶᠡᠬᠡ ᠬᠠᠢᠷᠠᠲᠠᠢ ᠤᠴᠢᠷ᠂ ᠦᠭᠡᠢ ᠭᠡᠵᠦ ᠬᠡᠯᠡᠵᠦ ᠴᠢᠳᠠᠭᠰᠠᠨ ᠦᠭᠡᠢ᠂ ᠳᠠᠷᠠᠭ᠎ᠠ ᠶ᠋ᠢᠨ ᠡᠳᠦᠷ ᠨᠢ ᠲᠠᠪᠤᠨ ᠵᠠᠯᠠᠭᠤ ᠡᠷ᠎ᠡ ᠰᠠᠷᠠᠨᠲᠤᠶᠠᠭ᠎ᠠ ᠶ᠋ᠢ ᠬᠠᠷᠠᠬᠤ ᠪᠠᠷ ᠢᠷᠡᠯ᠎ᠡ᠃ ᠲᠡᠳᠡ ᠥᠬᠢᠨ ᠡᠴᠡ ᠨᠢᠳᠦ ᠪᠡᠨ ᠰᠠᠯᠭᠠᠵᠤ ᠴᠢᠳᠠᠬᠤ ᠦᠭᠡᠢ ᠪᠠᠢᠯ᠎ᠠ᠄ ᠰᠠᠷᠠᠨᠲᠤᠶᠠᠭ᠎ᠠ ᠨᠢᠭᠤᠷ ᠲᠤ ᠪᠠᠨ ᠢᠨᠢᠶᠡᠮᠰᠦᠭᠯᠡᠯ ᠴᠤ᠌ ᠲᠤᠳᠤᠷᠠᠭᠤᠯᠤᠯ ᠦᠭᠡᠢ ᠲᠡᠳᠡᠨ ᠤᠷᠤᠭᠤ ᠬᠠᠷᠠᠵᠤ ᠶᠠᠷᠢᠶᠠᠨ ᠠ᠋ᠴᠠ ᠨᠢ ᠪᠠᠶᠠᠷᠯᠠᠵᠤ ᠪᠠᠢᠭ᠎ᠠ ᠰᠢᠨᠵᠢ ᠣᠭᠲᠣᠬᠠᠨ ᠴᠤ᠌ ᠠᠵᠢᠭᠯᠠᠭᠳᠠᠭᠰᠠᠨ ᠦᠭᠡᠢ᠃
— ᠬᠥᠮᠦᠨ ᠨᠢᠭᠡ ᠪᠦᠷ ᠨᠠᠳᠠ ᠳ᠋ᠤ᠌ ᠥᠭᠡᠷ᠎ᠡ ᠥᠭᠡᠷ᠎ᠡ ᠭᠠᠵᠠᠷ ᠠ᠋ᠴᠠ ᠥᠭᠡᠷ᠎ᠡ ᠥᠭᠡᠷ᠎ᠡ ᠵᠦᠢᠯ ᠠᠪᠴᠢᠷᠠᠨ᠎ᠠ ᠤᠤ ᠭᠡᠮᠡᠨ ᠪᠢ ᠲᠠ ᠨᠠᠷ ᠠ᠋ᠴᠠ ᠬᠦᠰᠡᠵᠦ ᠪᠠᠢᠨ᠎ᠠ᠃ ᠪᠢ ᠵᠥᠪᠬᠡᠨ ᠮᠢᠨᠦ ᠬᠦᠰᠡᠯ ᠢ᠋ ᠪᠡᠶᠡᠯᠡᠭᠦᠯᠦᠭᠰᠡᠨ ᠬᠥᠮᠦᠨ ᠲᠠᠢ ᠯᠠ ᠭᠡᠷᠯᠡᠬᠦ ᠪᠣᠯᠤᠨ᠎ᠠ᠃
—ᠴᠢ ᠬᠦᠰᠡᠪᠡᠯ ᠪᠢ ᠴᠢᠮ᠎ᠠ ᠳ᠋ᠤ᠌ ᠪᠦᠦᠳᠡᠭᠡᠷ ᠰᠠᠷᠠ ᠶ᠋ᠢ ᠠᠪᠴᠢᠷᠠᠭᠰᠠᠨ ᠴᠤ᠌ ᠴᠢᠳᠠᠨ᠎ᠠ ᠬᠠᠢᠷᠠᠲᠤ ᠮᠢᠨᠢ ᠬᠡᠯᠡᠬᠦ ᠳ᠋ᠦ᠍ ᠯᠡ ᠪᠣᠯᠤᠨ᠎ᠠ᠃
— ᠪᠢ ᠴᠢᠮ᠎ᠠ ᠳ᠋ᠤ᠌ ᠬᠣᠶᠠᠷ ᠦᠭᠡ ᠬᠡᠯᠡᠶ᠎ᠡ᠂ ᠡᠨᠳᠡ ᠡᠴᠡ ᠭᠠᠷᠴᠤ ᠦᠵᠡ ᠦᠵᠡᠰᠬᠦᠯᠡᠩᠲᠡᠢ ᠵᠠᠯᠠᠭᠤ ᠬᠠᠲᠤᠭᠲᠠᠢ ᠳ᠋ᠤ᠌ ᠴᠢᠨᠦ ᠪᠦᠦᠳᠡᠭᠡᠷ ᠰᠠᠷᠠ ᠣᠭᠲᠣᠬᠠᠨ ᠴᠤ᠌ ᠬᠡᠷᠡᠭ ᠦᠭᠡᠢ᠂ ᠬᠡᠷᠪᠡ ᠪᠦᠰᠡᠭᠦᠢ ᠬᠦᠰᠡᠬᠦ ᠯᠡ ᠶᠦ᠍ᠮ ᠪᠣᠯ ᠪᠢ ᠭᠢᠯᠲᠠᠭᠠᠨᠠᠭᠰᠠᠨ ᠣᠳᠣᠳ ᠢ᠋ ᠠᠪᠴᠢᠷᠠᠭᠰᠠᠨ ᠴᠤ᠌ ᠴᠢᠳᠠᠨ᠎ᠠ᠃
— ᠲᠡᠳᠡᠨ ᠢ᠋ ᠰᠣᠨᠣᠰᠬᠤ ᠬᠡᠷᠡᠭ ᠦᠭᠡᠢ ᠭᠦᠩᠵᠦ ᠮᠢᠨᠢ ᠪᠢ ᠴᠢᠮ᠎ᠠ ᠳ᠋ᠤ᠌ ᠳᠠᠯᠠᠢ ᠶ᠋ᠢᠨ ᠭᠦᠨ ᠡᠴᠡ ᠬᠠᠮᠤᠭ ᠤ᠋ᠨ ᠭᠢᠯᠲᠠᠭᠠᠷ ᠰᠤᠪᠤᠳ ᠢ᠋ ᠠᠪᠴᠢᠷᠠᠵᠤ ᠥᠭᠭᠦᠨ᠎ᠡ᠃
—ᠡᠩ᠂ ᠨᠠᠳᠠ ᠳ᠋ᠤ᠌ ᠰᠠᠷᠠ ᠣᠳᠣᠳ ᠳᠠᠯᠠᠢ ᠶ᠋ᠢᠨ ᠰᠤᠪᠤᠳ ᠬᠡᠷᠡᠭ ᠦᠭᠡᠢ᠂ ᠪᠢ ᠬᠥᠮᠦᠨ ᠨᠢᠭᠡᠪᠦᠷᠢ ᠡᠴᠡ ᠥᠭᠡᠷ᠎ᠡ ᠥᠭᠡᠷ᠎ᠡ ᠵᠦᠢᠯ ᠬᠦᠰᠡᠬᠦ ᠪᠣᠯᠤᠨ᠎ᠠ᠃
—ᠲᠡᠭᠡᠭᠡᠳ ᠵᠠᠯᠠᠭᠤ ᠪᠦᠰᠡᠭᠦᠢ ᠡᠬᠢᠨ ᠦ᠌ ᠵᠠᠯᠠᠭᠤ ᠪᠣᠯᠬᠤ ᠡᠨᠡᠳᠬᠡᠭ ᠯᠠᠮᠠ ᠳ᠋ᠤ᠌ ᠴᠢᠯᠠᠭᠤ ᠪᠠᠷ ᠬᠢᠭᠰᠡᠨ ᠠᠶᠠᠭ᠎ᠠ ᠠᠪᠴᠢᠷᠠᠵᠤ ᠥᠭᠬᠦ ᠶ᠋ᠢ ᠳᠠᠭᠠᠭᠠᠯᠭᠠᠵᠠᠢ᠂ —ᠭᠡᠬᠦ ᠳ᠋ᠦ᠍ ᠪᠡᠨ ᠲᠡᠷᠡ ᠠᠶᠠᠭ᠎ᠠ ᠨᠠᠳᠠ ᠠ᠋ᠴᠠ ᠢᠯᠡᠭᠦᠦ ᠬᠡᠷᠡᠯᠳᠦᠵᠦ ᠪᠠᠢᠬᠤ ᠶᠣᠰᠣᠲᠠᠢ᠃
—ᠬᠣᠶᠠᠳᠠᠬᠢ ᠵᠠᠯᠠᠭᠤ ᠳ᠋ᠤ᠌ ᠳᠣᠷᠣᠨᠠᠲᠤ ᠲᠠᠩᠭᠢᠰ ᠤ᠋ᠨ ᠬᠠᠮᠤᠭ ᠤ᠋ᠨ ᠥᠨᠳᠥᠷ ᠠᠭᠤᠯᠠᠨ ᠤ᠋ ᠣᠷᠭᠢᠯ ᠳ᠋ᠤ᠌ ᠤᠷᠭᠤᠭᠰᠠᠨ ᠮᠣᠳᠣᠨ ᠤ᠋ ᠮᠥᠴᠢᠷ ᠠᠪᠴᠢᠷᠠᠵᠤ ᠥᠭᠬᠦ ᠶ᠋ᠢ ᠳᠠᠭᠠᠭᠠᠯᠭᠠᠪᠠ ᠭᠡᠨ᠎ᠡ᠃ ᠤᠭ ᠮᠣᠳᠣᠨ ᠤ᠋ ᠦᠨᠳᠦᠰᠦ ᠨᠢ ᠮᠥᠩᠭᠥ᠂ ᠶᠡᠬᠡ ᠪᠡᠶ᠎ᠡ ᠨᠢ ᠠᠯᠲᠠ ᠪᠠᠢᠬᠤ ᠪᠥᠭᠡᠳ ᠮᠥᠴᠢᠷ ᠡᠴᠡ ᠨᠢ ᠦᠨᠡᠲᠦ ᠴᠢᠯᠠᠭᠤᠨ ᠵᠢᠮᠢᠰ ᠤᠷᠭᠤᠳᠠᠭ ᠠᠵᠢ᠃
—ᠵᠥᠪᠬᠡᠨ ᠲᠡᠷᠡ ᠮᠣᠳᠣᠨ ᠤ᠋ ᠮᠥᠴᠢᠷ ᠢ᠋ ᠨᠠᠳᠠ ᠳ᠋ᠤ᠌ ᠠᠪᠴᠢᠷᠠᠬᠤ ᠶᠣᠰᠣᠲᠠᠢ ᠰᠢᠦ᠂ ᠥᠭᠡᠷ᠎ᠡ ᠮᠣᠳᠣᠨ ᠮᠥᠴᠢᠷ ᠠᠪᠴᠢᠷᠠᠪᠠᠯ ᠨᠠᠮ᠎ᠠ ᠶ᠋ᠢ ᠦᠯᠦ ᠬᠦᠨᠳᠦᠳᠬᠡᠭᠰᠡᠨ ᠶᠠᠪᠤᠳᠠᠯ ᠪᠣᠯᠤᠨ᠎ᠠ ᠭᠡᠳᠡᠭ ᠢ᠋ ᠰᠠᠨᠠ᠃
—ᠭᠤᠷᠪᠠᠳᠠᠬᠢ ᠵᠠᠯᠠᠭᠤ ᠳ᠋ᠤ᠌ ᠬᠢᠲᠠᠳ ᠤᠷᠤᠭᠤ ᠶᠠᠪᠤᠵᠤ ᠭᠠᠯᠲᠤ ᠬᠤᠯᠤᠭᠠᠨ᠎ᠠ ᠶ᠋ᠢᠨ ᠨᠥᠮᠥᠷᠭᠡ ᠠᠪᠴᠢᠷᠠᠬᠤ ᠶ᠋ᠢ ᠳᠠᠭᠠᠭᠠᠯᠭᠠᠯ᠎ᠠ᠃ ᠬᠠᠷᠢᠨ ᠳᠥᠷᠪᠡᠳᠡᠬᠢ ᠵᠠᠯᠠᠭᠤ ᠳ᠋ᠤ᠌ ᠳᠣᠯᠣᠭᠠᠨ ᠥᠩᠭᠡ ᠶ᠋ᠢᠨ ᠭᠡᠷᠡᠯ ᠰᠠᠴᠤᠷᠠᠭᠤᠯᠳᠠᠭ ᠡᠷᠳᠡᠨᠢ ᠶ᠋ᠢᠨ ᠴᠢᠯᠠᠭᠤ ᠠᠪᠴᠢᠷᠠᠬᠤ ᠶ᠋ᠢ ᠳᠠᠭᠠᠭᠠᠯᠭᠠᠪᠠ᠃
ᠲᠤᠰ ᠡᠷᠳᠡᠨᠢ ᠶ᠋ᠢᠨ ᠴᠢᠯᠠᠭᠤ ᠨᠢ ᠯᠤᠤ ᠶ᠋ᠢᠨ ᠲᠣᠯᠣᠭᠠᠢ ᠳᠡᠭᠡᠷ᠎ᠡ ᠪᠠᠢᠳᠠᠭ ᠠᠵᠢ᠃ ᠬᠠᠷᠢᠨ ᠲᠠᠪᠤᠳᠠᠬᠢ ᠵᠠᠯᠠᠭᠤ ᠳ᠋ᠤ᠌᠄ — ᠬᠠᠷᠢᠨ ᠴᠢ ᠭᠡᠳᠡᠰᠦᠨ ᠳ᠋ᠦ᠍ ᠪᠡᠨ ᠬᠢᠰᠤᠭ᠎ᠠ ᠠᠪᠴᠤ ᠶᠠᠪᠤᠳᠠᠭ ᠬᠠᠷᠢᠶᠠᠴᠠᠢ ᠶ᠋ᠢ ᠣᠯᠵᠤ ᠨᠠᠳᠠ ᠳ᠋ᠤ᠌ ᠬᠢᠰᠤᠭ᠎ᠠ ᠶ᠋ᠢ ᠨᠢ ᠠᠪᠴᠢᠷᠠ᠁ ᠮᠠᠨ ᠤ᠋ ᠳ᠋ᠤ᠌ ᠢᠷᠡᠭᠰᠡᠨ ᠲᠠ ᠪᠦᠬᠦᠨ ᠳ᠋ᠦ᠍ ᠪᠠᠶᠠᠷᠯᠠᠯ᠎ᠠ᠃
— ᠦ᠂ ᠦ ᠬᠠᠮᠢᠭ᠎ᠠ ᠠ᠋ᠴᠠ ᠣᠯᠬᠤ ᠪᠣᠢ ?ᠬᠠᠷᠢᠨ ᠲᠡᠢᠮᠦ ᠠ᠋ ᠬᠠᠮᠢᠭ᠎ᠠ ᠠ᠋ᠴᠠ ᠬᠠᠢᠬᠤ ᠶ᠋ᠢ ᠴᠦ᠍ ᠮᠡᠳᠡᠬᠦ ᠦᠭᠡᠢ ᠪᠠᠢᠨ᠎ᠠ᠁
—ᠰᠠᠷᠠᠨᠲᠤᠶᠠᠭ᠎ᠠ ᠪᠣᠯᠤᠮᠵᠢ ᠦᠭᠡᠢ ᠵᠦᠢᠯ ᠳᠠᠭᠠᠭᠠᠯᠭᠠᠭᠰᠠᠨ ᠢ᠋ᠶ᠋ᠠᠨ ᠮᠡᠳᠡᠵᠦ ᠪᠠᠢᠪᠠ᠂ ᠢᠩᠭᠢᠵᠦ ᠪᠠᠢᠲᠠᠯ᠎ᠠ ᠠᠪᠤ ᠡᠵᠢ ᠲᠡᠢ ᠪᠡᠨ ᠨᠠᠰᠤᠨ ᠲᠤᠷᠰᠢ ᠳ᠋ᠤ᠌ ᠪᠠᠨ ᠬᠠᠮᠲᠤ ᠠᠮᠢᠳᠤᠷᠠᠬᠤ ᠤᠴᠢᠷᠲᠠᠢ ᠪᠠᠢᠯ᠎ᠠ᠃ ᠣᠯᠠᠨ ᠳᠣᠯᠣᠭ᠎ᠠ ᠬᠣᠨᠣᠭ ᠥᠩᠭᠡᠷᠡᠭᠰᠡᠨ ᠴᠦ᠍ ᠲᠠᠪᠤᠨ ᠵᠠᠯᠠᠭᠤ ᠡᠷᠭᠢᠵᠦ ᠢᠷᠡᠭᠰᠡᠨ ᠦᠭᠡᠢ᠃ ᠬᠤᠯᠤᠰᠤᠴᠢᠨ ᠡᠬᠡᠨᠡᠷ ᠲᠡᠢ ᠪᠡᠨ ᠬᠣᠶᠠᠳᠠᠬᠢ ᠵᠠᠯᠠᠭᠤ ᠳᠣᠷᠣᠨᠠᠲᠤ ᠲᠠᠩᠭᠢᠰ ᠢ᠋ ᠭᠠᠲᠤᠯᠵᠤ ᠶᠠᠪᠤᠭᠠᠳ ᠳᠠᠯᠠᠢ ᠶ᠋ᠢᠨ ᠰᠢᠭᠤᠷᠭᠠᠨ ᠳ᠋ᠤ᠌ ᠥᠷᠲᠥᠨ ᠮᠣᠳᠣᠨ ᠤ᠋ ᠮᠥᠴᠢᠷ ᠠᠪᠴᠤ ᠴᠢᠳᠠᠯ ᠦᠭᠡᠢ ᠢᠷᠡᠭᠰᠡᠨ ᠲᠤᠬᠠᠢ ᠬᠡᠯᠡᠪᠡ ᠭᠡᠨ᠎ᠡ᠃ ᠭᠤᠷᠪᠠᠳᠠᠬᠢ ᠵᠠᠯᠠᠭᠤ ᠭᠠᠯᠲᠤ ᠬᠤᠯᠤᠭᠠᠨ᠎ᠠ ᠶ᠋ᠢ ᠬᠠᠢᠵᠤ ᠶᠠᠪᠤᠭᠠᠳ ᠠᠯᠮᠠᠰ ᠲᠠᠢ ᠲᠠᠭᠠᠷᠠᠵᠤ ᠵᠣᠳᠣᠭᠤᠯᠤᠭᠰᠠᠨ ᠠᠵᠢ᠃ ᠬᠠᠷᠢᠨ ᠳᠥᠷᠪᠡᠳᠡᠬᠢ ᠵᠠᠯᠠᠭᠤ ᠯᠤᠤ ᠶ᠋ᠢ ᠣᠯᠬᠤ ᠪᠠᠷ ᠶᠠᠪᠤᠵᠤ ᠪᠠᠢᠭᠠᠳ ᠬᠠᠷᠠᠩᠭᠤᠢ ᠣᠢ ᠳ᠋ᠤ᠌ ᠣᠷᠣᠬᠤ ᠵᠥᠪᠰᠢᠶᠡᠷᠡᠯ ᠠᠪᠬᠤ ᠭᠡᠰᠡᠨ ᠪᠣᠯᠪᠠᠴᠤ ᠠᠢᠳᠠᠰ ᠲᠤ ᠪᠠᠨ ᠳᠡᠢᠯᠳᠡᠭᠡᠳ ᠪᠠᠭᠤᠵᠤ ᠥᠭᠴᠡᠢ᠃ ᠲᠠᠪᠤᠳᠠᠬᠢ ᠵᠠᠯᠠᠭᠤ ᠬᠠᠷᠢᠶᠠᠴᠠᠢ ᠶ᠋ᠢ ᠪᠠᠷᠢᠬᠤ ᠭᠡᠵᠦ ᠣᠷᠣᠯᠳᠣᠭᠰᠠᠨ ᠪᠣᠯᠪᠠᠴᠤ ᠬᠠᠷᠢᠶᠠᠴᠠᠢ ᠥᠪᠡᠷ ᠤᠷᠤᠭᠤ ᠨᠢ ᠳᠠᠭᠠᠷᠢᠵᠠᠢ ᠭᠡᠨ᠎ᠡ᠃ ᠪᠤᠴᠠᠵᠤ ᠢᠷᠡᠭᠰᠡᠨ ᠴᠣᠷᠢ ᠶ᠋ᠢᠨ ᠭᠠᠭᠴᠠ ᠵᠠᠯᠠᠭᠤ ᠡᠨᠡᠳᠬᠡᠭ ᠯᠠᠮᠠ ᠴᠢᠯᠠᠭᠤ ᠪᠠᠷ ᠬᠢᠭᠰᠡᠨ ᠠᠶᠠᠭ᠎ᠠ ᠶ᠋ᠢ ᠠᠪᠴᠢᠷᠠᠬᠤ ᠶᠣᠰᠣᠲᠠᠢ ᠪᠠᠢᠯ᠎ᠠ᠂ ᠲᠡᠭᠦᠨ ᠢ᠋ᠶ᠋ᠡᠷ ᠭᠡᠷᠡᠯᠲᠦᠭᠰᠡᠨ ᠰᠠᠢᠬᠠᠨ ᠠᠶᠠᠭ᠎ᠠ ᠠᠪᠴᠢᠷᠠᠭᠰᠠᠨ ᠴᠤ᠌ ᠰᠠᠷᠠᠨᠲᠤᠶᠠᠭ᠎ᠠ ᠠ᠋ᠴᠠ ᠢᠯᠡᠭᠦᠦ ᠬᠡᠷᠡᠯᠳᠦᠵᠦ ᠴᠢᠳᠠᠬᠤ ᠦᠭᠡᠢ ᠪᠠᠢᠪᠠ᠃
— ᠶᠠᠭᠠᠬᠢᠨ᠎ᠠ ᠳᠠ ᠂ ᠮᠠᠨ ᠤ᠋ ᠨᠤᠲᠤᠭ ᠲᠤ ᠥᠬᠢᠨ ᠲᠡᠢ ᠮᠢᠨᠢ ᠭᠡᠷᠯᠡᠵᠦ ᠴᠢᠳᠠᠬᠤ ᠬᠥᠮᠦᠨ ᠦᠨᠡᠬᠡᠷ ᠪᠠᠢᠬᠤ ᠦᠭᠡᠢ ᠶᠦᠮ ᠭᠡᠵᠢ ᠤᠤ?
—ᠲᠦᠰ ᠲᠦᠰ ᠲᠦᠰ᠁
—ᠠ᠂ ᠡᠵᠡᠨ ᠬᠠᠭᠠᠨ ᠮᠠᠨ ᠤ᠋ ᠳ᠋ᠤ᠌ ᠢᠷᠡᠯ᠎ᠡ᠂ ᠦ ᠪᠢᠳᠡ ᠮᠠᠰᠢ ᠶᠡᠬᠡ ᠪᠠᠶᠠᠷᠲᠠᠢ ᠪᠠᠢᠨ᠎ᠠ᠃
— ᠪᠢ ᠯᠡ ᠲᠠ ᠬᠣᠶᠠᠷ ᠲᠤ ᠪᠥᠬᠥᠢᠬᠦ ᠤᠴᠢᠷ ᠲᠠᠢ᠂ ᠪᠢ ᠥᠬᠢᠨ ᠳ᠋ᠦ᠍ ᠴᠢᠨᠢ ᠭᠡᠷᠯᠡᠬᠦ ᠰᠠᠨᠠᠯ ᠲᠠᠯᠪᠢᠬᠤ ᠪᠠᠷ ᠵᠣᠷᠢᠵᠤ ᠢᠷᠡᠯ᠎ᠡ᠂ ᠥᠬᠢᠨ ᠴᠢᠨᠢ ᠥᠪᠡᠷ ᠲᠡᠢ ᠨᠢ ᠭᠡᠷᠯᠡᠬᠦ ᠬᠦᠰᠡᠯ ᠲᠡᠢ ᠬᠥᠮᠦᠰ ᠡᠴᠡ ᠶᠠᠮᠠᠷ ᠵᠦᠢᠯ ᠱᠠᠭᠠᠷᠳᠠᠭᠰᠠᠨ ᠢ᠋ ᠪᠢ ᠰᠣᠨᠣᠰᠤᠭᠰᠠᠨ᠂ ᠲᠠ ᠵᠥᠪᠰᠢᠶᠡᠷᠡᠪᠡᠯ ᠪᠢ ᠥᠬᠢᠨ ᠲᠡᠢ ᠴᠢᠨᠢ ᠠᠭᠤᠯᠵᠠᠵᠤ ᠨᠠᠳᠠ ᠳ᠋ᠤ᠌ ᠶᠠᠮᠠᠷ ᠳᠠᠭᠠᠭᠠᠯᠭᠠᠪᠤᠷᠢ ᠥᠭᠬᠦ ᠶ᠋ᠢ ᠮᠠᠲᠠᠮᠠᠷ ᠪᠠᠢᠨ᠎ᠠ᠃
—ᠠ ᠶᠠᠭᠤ? ᠠ ᠪᠣᠯᠤᠯ ᠦᠭᠡᠢ ᠶᠠᠭᠠᠬᠢᠬᠤ ᠪᠣᠢ ᠂ ᠲᠠ ᠰᠠᠭᠤᠭᠠᠳ ᠬᠦᠯᠢᠶᠡᠵᠦ ᠪᠠᠢ᠂ ᠪᠢ ᠥᠬᠢᠨ ᠢ᠋ᠶ᠋ᠡᠨ ᠳᠠᠭᠤᠳᠠᠭᠠᠳ ᠢᠷᠡᠶ᠎ᠡ᠃
—ᠡᠵᠡᠨ ᠬᠠᠭᠠᠨ ᠰᠠᠷᠠᠨᠲᠤᠶᠠᠭ᠎ᠠ ᠶ᠋ᠢ ᠬᠠᠷᠠᠬᠤ ᠪᠠᠷ ᠳᠣᠭᠳᠣᠯᠤᠨ ᠬᠦᠯᠢᠶᠡᠵᠦ ᠪᠠᠢᠯ᠎ᠠ᠂ ᠪᠦᠰᠡᠭᠦᠢ ᠭᠠᠷᠴᠤ ᠢᠷᠡᠬᠦ ᠳᠤ ᠬᠠᠭᠠᠨ ᠦᠵᠡᠰᠬᠦᠯᠡᠩ ᠭᠤᠸ᠎ᠠ ᠶ᠋ᠢ ᠨᠢ ᠬᠠᠷᠠᠭᠠᠳ ᠲᠡᠭᠦᠨ ᠲᠡᠢ ᠭᠡᠷᠯᠡᠬᠦ ᠪᠡᠷ ᠰᠡᠳᠬᠢᠯ ᠰᠢᠯᠤᠭᠤᠳᠪᠠ ᠭᠡᠨ᠎ᠡ᠂ ᠭᠡᠪᠡᠴᠦ ᠰᠠᠷᠠᠨᠲᠤᠶᠠᠭ᠎ᠠ ᠳ᠋ᠤ᠌ ᠬᠡᠯᠡᠬᠦ ᠵᠦᠢᠯ ᠪᠠᠢᠯ᠎ᠠ᠃
—ᠠ ᠡᠷᠬᠢᠮ ᠳᠡᠭᠡᠳᠦᠰ ᠮᠢᠨᠢ ᠂ ᠲᠠ ᠬᠦᠰᠡᠭᠰᠡᠨ ᠪᠦᠬᠦᠨ ᠢ᠋ ᠮᠢᠨᠢ ᠥᠭᠴᠦ ᠴᠢᠳᠠᠨ᠎ᠠ ᠭᠡᠳᠡᠭ ᠢ᠋ ᠪᠢ ᠮᠡᠳᠡᠵᠦ ᠪᠠᠢᠨ᠎ᠠ ᠯᠤᠤ ᠶ᠋ᠢᠨ ᠡᠷᠳᠡᠨᠢ ᠶ᠋ᠢᠨ ᠴᠢᠯᠠᠭᠤ᠂ ᠭᠠᠯᠲᠤ ᠬᠤᠯᠤᠭᠠᠨ᠎ᠠ ᠶ᠋ᠢᠨ ᠨᠥᠮᠥᠷᠭᠡ᠂ ᠠᠯᠲᠠᠨ ᠮᠣᠳᠣᠨ ᠤ᠋ ᠮᠥᠴᠢᠷ ᠢ᠋ ᠲᠠ ᠨᠠᠳᠠ ᠳ᠋ᠤ᠌ ᠲᠦᠪᠡᠭ ᠦᠭᠡᠢᠬᠡᠨ ᠠᠪᠴᠢᠷᠠᠵᠤ ᠥᠭᠴᠦ ᠴᠢᠳᠠᠨ᠎ᠠ᠂ ᠲᠡᠢᠮᠦ ᠡᠴᠡ ᠪᠢ ᠲᠠᠨ ᠠ᠋ᠴᠠ ᠶᠡᠷᠦ ᠳ᠋ᠦ᠍ ᠪᠡᠨ ᠭᠠᠭᠴᠠᠬᠠᠨ ᠵᠦᠢᠯ ᠢ᠋ ᠯᠡ ᠬᠦᠰᠡᠮᠡᠷ ᠪᠠᠢᠨ᠎ᠠ᠂ ᠬᠥᠮᠦᠨ ᠲᠡᠢ ᠭᠡᠷᠯᠡᠮᠡᠷ ᠦᠭᠡᠢ ᠪᠠᠢᠭ᠎ᠠ ᠬᠦᠰᠡᠯ ᠢ᠋ ᠮᠢᠨᠢ ᠬᠦᠨᠳᠦᠳᠬᠡᠨ᠎ᠡ ᠤᠤ? ᠪᠠᠰᠠ ᠶᠠᠭᠠᠬᠢᠭᠠᠳ ᠭᠡᠳᠡᠭ ᠢ᠋ ᠠᠰᠠᠭᠤᠬᠤ ᠬᠡᠷᠡᠭ ᠦᠭᠡᠢ᠃
—ᠴᠢᠨᠦ ᠵᠥᠪ ᠂ ᠪᠢ ᠴᠢᠮ᠎ᠠ ᠳ᠋ᠤ᠌ ᠬᠦᠰᠡᠭᠰᠡᠨ ᠪᠦᠬᠦᠨ ᠢ᠋ ᠴᠢᠨᠢ ᠥᠭᠴᠦ ᠴᠢᠳᠠᠨ᠎ᠠ᠂ ᠴᠢ ᠡᠢᠮᠦ ᠵᠦᠢᠯ ᠬᠦᠰᠡᠵᠦ ᠪᠠᠢᠭ᠎ᠠ ᠪᠣᠯ ᠪᠢ ᠬᠦᠰᠡᠯ ᠢ᠋ ᠴᠢᠨᠢ ᠪᠡᠶᠡᠯᠡᠭᠦᠯᠬᠦ ᠪᠣᠯᠤᠨ᠎ᠠ ᠂ ᠭᠡᠬᠦ ᠳ᠋ᠦ᠍ ᠪᠡᠨ ᠬᠠᠷᠢᠭᠤ ᠳ᠋ᠤ᠌ ᠨᠢ ᠪᠢ ᠴᠢᠮ᠎ᠠ ᠠ᠋ᠴᠠ ᠨᠢᠭᠡ ᠵᠦᠢᠯ ᠭᠤᠶᠤᠵᠤ ᠪᠣᠯᠬᠤ ᠤᠤ? ᠴᠢ ᠪᠣᠯ ᠬᠦᠴᠦᠷᠬᠡᠭ ᠡᠮᠡᠭᠲᠡᠢ ᠪᠢ ᠴᠢᠨᠦ ᠨᠠᠢᠵᠠ ᠪᠣᠯᠵᠤ ᠪᠣᠯᠬᠤ ᠰᠠᠨ ᠪᠣᠯᠪᠠ ᠤᠤ?
—ᠡᠵᠡᠨ ᠬᠠᠭᠠᠨ ᠰᠠᠷᠠᠨᠲᠤᠶᠠᠭ᠎ᠠ ᠬᠣᠶᠠᠷ ᠨᠠᠢᠵᠠ ᠪᠣᠯᠵᠤ ᠪᠠᠢᠩᠭᠤ ᠶᠠᠷᠢᠯᠴᠠᠳᠠᠭ ᠪᠣᠯᠪᠠ᠃ ᠬᠤᠯᠤᠰᠤᠴᠢᠨ ᠵᠠᠯᠠᠭᠤ ᠡᠷᠡᠴᠦᠳ ᠢ᠋ ᠭᠡᠷ ᠲᠦ᠍ ᠪᠡᠨ ᠣᠷᠣᠭᠤᠯᠬᠤ ᠪᠠᠨ ᠪᠣᠯᠢᠪᠠ᠃ ᠰᠠᠷᠠᠨᠲᠤᠶᠠᠭ᠎ᠠ ᠶ᠋ᠢ ᠠᠬᠢᠵᠤ ᠰᠡᠳᠬᠢᠯ ᠢ᠋ᠶ᠋ᠡᠷ ᠤᠨᠠᠭᠠᠬᠤ ᠶ᠋ᠢ ᠬᠦᠰᠡᠭᠡ ᠦᠭᠡᠢ ᠠᠵᠢ᠃ ᠨᠢᠭᠡ ᠣᠷᠣᠢ ᠬᠤᠯᠤᠰᠤᠴᠢᠨ ᠥᠷᠥᠭᠡᠨ ᠳ᠋ᠦ᠍ ᠪᠡᠨ ᠣᠷᠣᠲᠠᠯ᠎ᠠ ᠰᠠᠷᠠᠨᠲᠤᠶᠠᠭ᠎ᠠ ᠴᠣᠩᠬᠣᠨ ᠤ᠋ ᠳᠣᠣᠷ᠎ᠠ ᠰᠠᠭᠤᠵᠤ ᠪᠠᠢᠪᠠ ᠭᠡᠨ᠎ᠡ᠃ ᠥᠬᠢᠨ ᠨᠢ ᠨᠢᠳᠦᠨ ᠳ᠋ᠦ᠍ ᠪᠡᠨ ᠨᠢᠯᠪᠤᠰᠤ ᠴᠡᠯᠡᠭᠡᠨᠡᠭᠦᠯᠦᠨ ᠰᠠᠷᠠ ᠤᠷᠤᠭᠤ ᠰᠢᠷᠲᠡᠵᠦ ᠪᠠᠢᠵᠠᠢ᠃
— ᠰᠠᠷᠠᠨᠲᠤᠶᠠᠭ᠎ᠠ ᠠ᠋᠂ ᠶᠠᠭᠠᠬᠢᠭᠠᠳ ᠣᠬᠢᠯᠠᠭ᠎ᠠ ᠪᠣᠢ? ᠥᠬᠢᠨ ᠮᠢᠨᠢ᠁
—ᠪᠢ ᠰᠥᠨᠢ ᠪᠦᠷᠢ ᠨᠢᠭᠡ ᠢᠵᠢᠯ ᠵᠡᠭᠦᠳᠦ ᠵᠡᠭᠦᠳᠦᠯᠡᠳᠡᠭ ᠪᠣᠯᠤᠯ᠎ᠠ ᠠᠪᠤ ᠠ᠋ ᠲᠠᠨ ᠤ᠋ ᠰᠡᠳᠬᠢᠯ ᠢ᠋ ᠲᠦᠭᠰᠢᠭᠡᠬᠦ ᠦᠭᠡᠢ ᠭᠡᠰᠡᠨ ᠳ᠋ᠦ᠍ ᠪᠡᠨ ᠪᠢ ᠲᠠᠨ ᠳ᠋ᠤ᠌ ᠬᠡᠯᠡᠵᠦ ᠪᠠᠢᠭ᠎ᠠ ᠦᠭᠡᠢ ᠶᠦ᠍ᠮ᠃
—ᠶᠠᠮᠠᠷ ᠵᠡᠭᠦᠳᠦ ᠶᠦ᠍ᠮ?
—ᠰᠠᠷᠠᠨ ᠤ᠋ ᠬᠥᠮᠦᠰ ᠨᠠᠮ᠎ᠠ ᠶ᠋ᠢ ᠰᠠᠷᠠ ᠤᠷᠤᠭᠤ ᠠᠪᠴᠤ ᠶᠠᠪᠤᠵᠤ ᠪᠠᠢᠨ᠎ᠠ ᠭᠡᠵᠦ ᠪᠢ ᠵᠡᠭᠦᠳᠦᠯᠡᠳᠡᠭ᠂ ᠤᠷᠢᠳᠤ ᠰᠥᠨᠢ ᠶᠠᠪᠤᠬᠤ ᠡᠳᠦᠷ ᠴᠢᠨᠢ ᠪᠣᠯᠤᠭᠰᠠᠨ ᠭᠡᠵᠦ ᠨᠠᠳᠠ ᠳ᠋ᠤ᠌ ᠨᠢᠭᠡ ᠳᠠᠭᠤ ᠬᠣᠭᠣᠯᠠᠢ ᠬᠡᠯᠡᠭᠰᠡᠨ᠂ ᠡᠨᠡ ᠰᠠᠷ᠎ᠠ ᠰᠢᠨ᠎ᠡ ᠶ᠋ᠢᠨ ᠠᠷᠪᠠᠨ ᠲᠠᠪᠤᠨ ᠳ᠋ᠤ᠌ ᠲᠡᠳᠡ ᠨᠠᠮ᠎ᠠ ᠶ᠋ᠢ ᠠᠪᠬᠤ ᠪᠠᠷ ᠢᠷᠡᠨ᠎ᠡ᠃ ᠦ᠂ ᠪᠢ ᠲᠠᠨ ᠢ᠋ ᠣᠷᠬᠢᠵᠤ ᠶᠠᠪᠤᠮᠠᠷ ᠦᠭᠡᠢ ᠪᠠᠢᠨ᠎ᠠ᠃
—ᠬᠤᠯᠤᠰᠤᠴᠢᠨ ᠰᠠᠷᠠ ᠤᠷᠤᠭᠤ ᠬᠠᠷᠠᠪᠠ᠂ ᠡᠨᠡ ᠣᠯᠠᠨ ᠰᠠᠷ᠎ᠠ ᠶ᠋ᠢᠨ ᠲᠤᠷᠰᠢ ᠠᠩᠬ᠎ᠠ ᠤᠳᠠᠭ᠎ᠠ ᠰᠠᠷᠠ ᠪᠦᠦᠳᠡᠭᠡᠷ ᠬᠠᠷᠠᠭᠳᠠᠵᠤ ᠪᠠᠢᠭ᠎ᠠ ᠶ᠋ᠢ ᠲᠡᠷᠡ ᠠᠩᠵᠠᠭᠠᠷᠠᠪᠠ ᠭᠡᠨ᠎ᠡ᠃ ᠲᠤᠶᠠᠭ᠎ᠠ ᠶ᠋ᠢ ᠨᠢ ᠬᠡᠨ ᠨᠢᠭᠡᠨ ᠬᠥᠮᠦᠨ ᠬᠤᠯᠠᠭᠠᠢᠯᠠᠭᠰᠠᠨ ᠮᠡᠲᠦ ᠬᠠᠷᠠᠭᠳᠠᠵᠤ ᠪᠠᠢᠪᠠ᠃ ᠥᠬᠢᠨ ᠳ᠋ᠦ᠍ ᠪᠡᠨ ᠰᠠᠨᠠᠭ᠎ᠠ ᠨᠢ ᠵᠣᠪᠠᠵᠤ ᠴᠠᠭ ᠠᠯᠳᠠᠯ ᠦᠭᠡᠢ ᠡᠵᠡᠨ ᠬᠠᠭᠠᠨ ᠠ᠋ᠴᠠ ᠲᠤᠰᠠᠯᠠᠮᠵᠢ ᠭᠤᠶᠤᠨ ᠵᠠᠬᠢᠶ᠎ᠠ ᠢᠯᠡᠭᠡᠵᠡᠢ᠃ ᠡᠵᠡᠨ ᠬᠠᠭᠠᠨ ᠰᠠᠷᠠᠨᠲᠤᠶᠠᠭ᠎ᠠ ᠶ᠋ᠢ ᠬᠡᠨ ᠳ᠋ᠦ᠍ ᠴᠦ᠍ ᠥᠭᠴᠦ ᠶᠠᠪᠤᠭᠤᠯᠬᠤ ᠦᠭᠡᠢ ᠭᠡᠵᠦ ᠠᠮᠠᠯᠠᠪᠠ᠃
—ᠡᠨᠡ ᠰᠠᠷ᠎ᠠ ᠶ᠋ᠢᠨ ᠰᠢᠨ᠎ᠡ ᠶ᠋ᠢᠨ ᠠᠷᠪᠠᠨ ᠲᠠᠪᠤᠨ ᠳ᠋ᠤ᠌ ᠰᠠᠷᠠᠨᠲᠤᠶᠠᠭ᠎ᠠ ᠶ᠋ᠢᠨ ᠭᠡᠷ ᠦ᠋ᠨ ᠭᠠᠳᠠᠨ᠎ᠠ ᠬᠣᠶᠠᠷ ᠮᠢᠩᠭᠠᠨ ᠴᠡᠷᠢᠭ ᠬᠠᠷᠠᠭᠤᠯ ᠳ᠋ᠤ᠌ ᠭᠠᠷᠬᠤ ᠪᠣᠯᠤᠨ᠎ᠠ᠂ ᠬᠡᠨ ᠴᠦ᠍ ᠲᠡᠭᠦᠨ ᠳ᠋ᠦ᠍ ᠬᠦᠷᠴᠦ ᠪᠣᠯᠬᠤ ᠦᠭᠡᠢ᠃
—ᠰᠢᠨ᠎ᠡ ᠶ᠋ᠢᠨ ᠠᠷᠪᠠᠨ ᠲᠠᠪᠤᠨ ᠪᠣᠯᠤᠯ᠎ᠠ᠂ ᠰᠠᠷᠠᠨᠲᠤᠶᠠᠭ᠎ᠠ ᠶ᠋ᠢᠨ ᠪᠠᠢᠰᠢᠩ ᠤ᠋ᠨ ᠭᠠᠳᠠᠨ᠎ᠠ ᠬᠠᠭᠠᠨ ᠤ᠋ ᠬᠣᠶᠠᠷ ᠮᠢᠩᠭᠠᠨ ᠴᠡᠷᠢᠭ ᠨᠤᠮᠤ ᠰᠤᠮᠤ ᠪᠠᠨ ᠪᠡᠯᠡᠳᠦᠨ ᠬᠠᠷᠠᠭᠤᠯᠳᠠᠵᠤ ᠪᠠᠢᠯ᠎ᠠ᠂ ᠡᠵᠡᠨ ᠬᠠᠭᠠᠨ ᠰᠡᠯᠡᠮ᠎ᠡ ᠪᠡᠨ ᠠᠭᠰᠠᠨ ᠥᠪᠡᠷ ᠦ᠋ᠨ ᠪᠡᠶ᠎ᠡ ᠪᠡᠷ ᠪᠠᠢᠰᠢᠩ ᠤ᠋ᠨ ᠤᠷᠲᠤ ᠵᠣᠭᠰᠣᠵᠤ ᠪᠠᠢᠪᠠ᠃ ᠬᠤᠯᠤᠰᠤᠴᠢᠨ ᠰᠠᠷᠠᠨᠲᠤᠶᠠᠭ᠎ᠠ ᠶ᠋ᠢ ᠵᠣᠭᠣᠷᠢ ᠤᠷᠤᠭᠤ ᠳᠠᠭᠠᠭᠤᠯᠵᠤ ᠣᠷᠣᠯ᠎ᠠ᠂ ᠡᠵᠢ ᠨᠢ ᠥᠬᠢᠨ ᠢ᠋ᠶ᠋ᠡᠨ ᠴᠢᠩᠭ᠎ᠠ ᠲᠡᠪᠡᠷᠢᠨ ᠰᠠᠭᠤᠵᠤ ᠪᠠᠢᠪᠠ᠂ ᠲᠡᠳᠡ ᠪᠦᠭᠦᠳᠡ ᠥᠬᠢᠨ ᠢ᠋ ᠬᠠᠮᠠᠭᠠᠯᠠᠬᠤ ᠳ᠋ᠤ᠌ ᠪᠡᠯᠡᠨ ᠪᠣᠯᠵᠠᠢ᠃ ᠭᠡᠲᠡᠯ᠎ᠡ ᠭᠡᠨᠡᠳᠲᠡ ᠲᠡᠭᠷᠢ ᠡᠴᠡ ᠲᠣᠳᠣ ᠭᠡᠷᠡᠯ ᠲᠤᠰᠬᠤ ᠨᠢ ᠲᠡᠷᠡ᠄
—ᠠ ᠁ ᠡᠨᠡ ᠴᠢᠨᠢ ᠶᠠᠭᠤ ᠪᠣᠢ? ᠨᠢᠳᠦ ᠮᠢᠨᠢ ᠶᠠᠭᠤ ᠴᠤ᠌ ᠬᠠᠷᠠᠬᠤ ᠦᠭᠡᠢ ᠪᠠᠢᠨ᠎ᠠ᠃
—ᠣᠯᠠᠨ ᠪᠢᠴᠢᠬᠠᠨ ᠳᠠᠭᠢᠨᠢ ᠪᠠᠷ ᠬᠦᠷᠢᠶᠡᠯᠡᠭᠳᠡᠭᠰᠡᠨ ᠭᠣᠶᠣᠮᠰᠣᠭ ᠰᠡᠦᠬᠡ ᠲᠡᠷᠭᠡ ᠪᠠᠭᠤᠵᠤ ᠢᠷᠡᠯ᠎ᠡ᠂ ᠲᠡᠳᠡ ᠯᠢᠮᠪᠦ ᠭᠠᠷᠭᠠᠨ ᠢᠷᠡᠵᠦ ᠴᠢᠬᠢᠨ ᠳ᠋ᠦ᠍ ᠴᠢᠮᠡᠭ ᠲᠡᠢ ᠠᠶ᠎ᠠ ᠲᠣᠭᠯᠠᠵᠤ ᠡᠬᠢᠯᠡᠪᠡ᠃ ᠭᠡᠨᠡᠳᠲᠡ ᠰᠠᠷᠠᠨᠲᠤᠶᠠᠭ᠎ᠠ ᠨᠢᠳᠦ ᠪᠡᠨ ᠠᠨᠢᠵᠤ ᠬᠥᠭᠵᠢᠮ ᠲᠣᠭᠯᠠᠵᠤ ᠪᠣᠢ ᠵᠦᠭ ᠤᠷᠤᠭᠤ ᠬᠥᠪᠦᠨ ᠶᠠᠪᠤᠪᠠ᠃ ᠵᠣᠭᠣᠷᠢᠨ ᠠ᠋ᠴᠠ ᠪᠠᠨ ᠬᠥᠪᠦᠨ ᠭᠠᠷᠴᠠᠢ᠃ ᠡᠴᠢᠭᠡ ᠡᠬᠡ ᠨᠢ ᠴᠤ᠌ ᠪᠠᠰᠠ ᠠᠷᠤ ᠠ᠋ᠴᠠ ᠨᠢ ᠭᠦᠶᠦᠨ ᠭᠠᠷᠴᠠᠢ᠃ ᠪᠢᠴᠢᠬᠠᠨ ᠳᠠᠭᠢᠨᠢ ᠨᠤᠭᠤᠳ ᠭᠢᠯᠲᠠᠭᠠᠨᠠᠭᠰᠠᠨ ᠮᠥᠩᠭᠥᠨ ᠥᠳᠥ ᠪᠡᠷ ᠰᠠᠷᠠᠨᠲᠤᠶᠠᠭ᠎ᠠ ᠳ᠋ᠤ᠌ ᠬᠦᠷᠦᠯ᠎ᠡ᠃ ᠰᠠᠷᠠᠨᠲᠤᠶᠠᠭ᠎ᠠ ᠶ᠋ᠢᠨ ᠡᠮᠦᠰᠦᠭᠰᠡᠨ ᠬᠤᠪᠴᠠᠰᠤ ᠤᠷᠲᠤ ᠬᠥᠪᠰᠥᠭᠡᠷ ᠴᠠᠭᠠᠨ ᠳᠠᠰᠢᠨᠵᠠ ᠪᠣᠯᠵᠤ ᠬᠤᠪᠢᠷᠠᠪᠠ᠃ ᠨᠢᠳᠦ ᠪᠡᠨ ᠨᠡᠭᠡᠭᠡᠨ ᠪᠠᠶᠠᠷᠲᠠᠢ ᠪᠠᠷ ᠢᠨᠢᠶᠡᠮᠰᠦᠭᠯᠡᠪᠡ᠃ ᠠᠢᠳᠠᠰ ᠨᠢ ᠦᠭᠡᠢ ᠪᠣᠯᠤᠭᠰᠠᠨ ᠪᠠᠢᠯ᠎ᠠ ᠂ ᠰᠠᠷᠠᠨᠲᠤᠶᠠᠭ᠎ᠠ ᠡᠴᠢᠭᠡ ᠡᠬᠡ ᠳᠡᠭᠡᠷ᠎ᠡ ᠪᠡᠨ ᠣᠴᠢᠨ ᠲᠡᠳᠡᠨ ᠢ᠋ ᠲᠡᠪᠡᠷᠢᠯ᠎ᠡ᠃
—ᠠᠪᠤ ᠠ᠋ ᠲᠠ ᠨᠠᠮ᠎ᠠ ᠶ᠋ᠢ ᠮᠠᠰᠢ ᠰᠠᠢᠨ ᠬᠠᠷᠠᠵᠤ ᠬᠠᠨᠳᠤᠭᠰᠠᠨ ᠭᠡᠬᠦ ᠳ᠋ᠦ᠍ ᠪᠡᠨ ᠪᠢ ᠬᠥᠮᠦᠰ ᠳᠡᠭᠡᠷ᠎ᠡ ᠪᠡᠨ ᠪᠤᠴᠠᠵᠤ ᠣᠴᠢᠵᠤ ᠡᠭᠦᠷᠭᠡ ᠪᠡᠨ ᠪᠡᠶᠡᠯᠡᠭᠦᠯᠬᠦ ᠶᠣᠰᠣᠲᠠᠢ᠃
—ᠶᠠᠭᠤ? ᠪᠢ ᠣᠢᠯᠠᠭᠠᠬᠤ ᠦᠭᠡᠢ ᠪᠠᠢᠨ᠎ᠠ᠃
—ᠪᠢ ᠳᠡᠯᠡᠬᠡᠢ ᠳᠡᠭᠡᠷ᠎ᠡ ᠪᠠᠢᠭ᠎ᠠ ᠪᠣᠯᠬᠣᠷ ᠰᠠᠷᠠ ᠪᠦᠦᠳᠡᠭᠡᠷ ᠪᠠᠢᠭ᠎ᠠ ᠶᠤᠮ ᠂ ᠪᠢ ᠪᠣᠯ ᠰᠠᠷᠠᠨ ᠤ᠋ ᠲᠤᠶᠠᠭ᠎ᠠ ᠂ ᠰᠠᠷᠠ ᠨᠠᠳᠠ ᠦᠭᠡᠢ ᠪᠡᠷ ᠡᠷᠭᠢᠭᠡᠳ ᠬᠡᠪ ᠲᠦ᠍ ᠪᠡᠨ ᠣᠷᠣᠵᠤ ᠴᠢᠳᠠᠬᠤ ᠦᠭᠡᠢ᠂ ᠪᠢ ᠪᠣᠯ ᠬᠥᠮᠦᠰ ᠢ᠋ ᠬᠠᠷᠠᠩᠭᠤᠢ ᠰᠥᠨᠢ ᠭᠡᠷᠡᠯᠲᠦᠭᠦᠯᠵᠦ ᠪᠠᠢᠳᠠᠭ ᠭᠡᠷᠡᠯ ᠭᠡᠭᠡ᠂ ᠪᠢ ᠳᠡᠯᠡᠬᠡᠢ ᠳᠡᠭᠡᠷ᠎ᠡ ᠢᠷᠡᠵᠦ ᠬᠡᠷᠡᠨ ᠬᠡᠰᠦᠭᠦᠴᠢᠯᠡᠵᠦ ᠪᠠᠢᠭᠠᠳ ᠬᠡᠨ ᠭᠡᠳᠡᠭ ᠢ᠋ᠶ᠋ᠡᠨ ᠮᠠᠷᠲᠠᠭᠰᠠᠨ ᠪᠠᠢᠵᠠᠢ᠂ ᠶᠠᠳᠠᠷᠠᠵᠤ ᠲᠤᠢᠯᠳᠠᠭᠰᠠᠨ ᠪᠠᠢᠭᠰᠠᠨ ᠤᠴᠢᠷ ᠬᠤᠯᠤᠰᠤ ᠤᠷᠤᠭᠤ ᠣᠷᠣᠵᠤ ᠠᠮᠠᠷᠠᠭᠰᠠᠨ᠂ ᠲᠡᠷᠡ ᠦᠶ᠎ᠡ ᠳ᠋ᠦ᠍ ᠲᠠ ᠨᠠᠮ᠎ᠠ ᠶ᠋ᠢ ᠣᠯᠤᠭᠰᠠᠨ᠃
—ᠴᠢ ᠵᠠᠪᠠᠯ ᠶᠠᠪᠤᠬᠤ ᠶᠣᠰᠣᠲᠠᠢ ᠭᠡᠵᠢ ᠤᠤ? ᠪᠢᠳᠡᠨ ᠢ᠋ ᠰᠠᠨᠠᠬᠤ ᠦᠭᠡᠢ ᠭᠡᠵᠢ ᠤᠤ?
—ᠡᠵᠢ ᠠ᠋ ᠪᠢ ᠰᠥᠨᠢ ᠪᠦᠷᠢ ᠲᠠᠨ ᠲᠠᠢ ᠠᠭᠤᠯᠵᠠᠬᠤ ᠪᠠᠷ ᠢᠷᠡᠬᠦ ᠪᠣᠯᠤᠨ᠎ᠠ ᠲᠡᠭᠷᠢ ᠳ᠋ᠦ᠍ ᠰᠠᠷᠠ ᠭᠠᠷᠤᠭ᠎ᠠ ᠦᠭᠡᠢ ᠦᠳᠡᠰᠢ ᠲᠠ ᠨᠠᠳᠠ ᠲᠠᠢ ᠠᠭᠤᠯᠵᠠᠬᠤ ᠦᠭᠡᠢ ᠭᠡᠰᠡᠨ ᠦᠭᠡ᠃
ᠴᠢ ᠪᠣᠯ ᠮᠢᠨᠦ ᠰᠠᠢᠨ ᠨᠠᠢᠵᠠ᠂ ᠭᠡᠬᠦ ᠳ᠋ᠦ᠍ ᠪᠡᠨ ᠪᠢ ᠣᠳᠣ ᠶᠠᠪᠤᠬᠤ ᠶᠣᠰᠣᠲᠠᠢ᠃
—ᠰᠠᠷᠠᠨᠲᠤᠶᠠᠭ᠎ᠠ ᠰᠡᠦᠬᠡ ᠲᠡᠷᠭᠡᠨ ᠳ᠋ᠦ᠍ ᠪᠡᠨ ᠰᠠᠭᠤᠵᠤ ᠳᠡᠯᠡᠬᠡᠢ ᠳᠡᠭᠡᠷᠡᠬᠢ ᠳᠣᠲᠣᠨᠣ ᠶ᠋ᠢᠨ ᠬᠥᠮᠦᠰ ᠤᠷᠤᠭᠤ ᠪᠠᠨ ᠪᠠᠶᠠᠷᠲᠠᠢ ᠪᠠᠷ ᠭᠠᠷ ᠢ᠋ᠶ᠋ᠠᠨ ᠳᠠᠯᠠᠯᠪᠠ᠃ ᠲᠡᠳᠡᠨ ᠢ᠋ ᠴᠠᠭ ᠦᠷᠭᠦᠯᠵᠢ ᠲᠩᠷᠢ ᠡᠴᠡ ᠬᠠᠷᠠᠵᠤ ᠪᠠᠢᠨ᠎ᠠ ᠭᠡᠳᠡᠭ ᠢ᠋ ᠮᠡᠳᠡᠵᠦ ᠪᠠᠢᠭᠰᠠᠨ ᠤᠴᠢᠷ ᠭᠤᠨᠢᠭᠯᠠᠬᠤ ᠦᠭᠡᠢ ᠪᠠᠢᠯ᠎ᠠ᠃ ᠰᠡᠦᠬᠡ ᠲᠡᠷᠭᠡ ᠲᠡᠭᠦᠨ ᠢ᠋ ᠰᠠᠷᠠ ᠤᠷᠤᠭᠤ ᠠᠪᠴᠤ ᠣᠳᠪᠠ᠃ ᠬᠤᠯᠤᠰᠤᠴᠢᠨ ᠨᠢᠯᠪᠤᠰᠤ ᠪᠠᠨ ᠠᠷᠴᠢᠨ ᠰᠠᠷᠠᠨᠲᠤᠶᠠᠭ᠎ᠠ ᠡᠷᠭᠢᠵᠦ ᠢᠷᠡᠬᠦ ᠶ᠋ᠢ ᠬᠦᠯᠢᠶᠡᠨ ᠵᠣᠭᠰᠣᠵᠠᠢ᠃ ᠰᠠᠷᠠᠨ ᠤ᠋ ᠲᠤᠶᠠᠭ᠎ᠠ ᠨᠢ ᠢᠷᠡᠯ᠎ᠡ ᠂ ᠲᠡᠷᠭᠡᠯ ᠰᠠᠷᠠ ᠭᠠᠷᠤᠭᠰᠠᠨ ᠪᠠᠢᠯ᠎ᠠ᠃ ᠰᠠᠷᠠ ᠮᠠᠰᠢ ᠲᠣᠳᠣ ᠬᠡᠷᠡᠯᠳᠦᠵᠦ ᠪᠠᠢᠪᠠ᠂ ᠡᠵᠡᠨ ᠬᠠᠭᠠᠨ ᠦᠯᠡᠳᠡᠭᠰᠡᠨ ᠠᠮᠢᠳᠤᠷᠠᠯ ᠳ᠋ᠤ᠌ ᠪᠠᠨ ᠬᠤᠷᠢᠮ ᠬᠢᠭᠰᠡᠨ ᠦᠭᠡᠢ ᠰᠥᠨᠢ ᠪᠦᠷᠢ ᠲᠡᠭᠦᠨ ᠢ᠋ᠶ᠋ᠡᠷ ᠰᠠᠷᠠ ᠤᠷᠤᠭᠤ ᠣᠯᠠᠨ ᠴᠠᠭ ᠰᠢᠷᠲᠡᠨ ᠨᠠᠰᠤᠨ ᠲᠤᠷᠰᠢ ᠶ᠋ᠢᠨ ᠬᠠᠢᠷᠠᠲᠤ ᠤᠷᠤᠭᠤ ᠪᠠᠨ ᠢᠨᠢᠶᠡᠮᠰᠦᠭᠯᠡᠳᠡᠭ ᠪᠠᠢᠪᠠ᠃ ᠬᠤᠯᠤᠰᠤᠴᠢᠨ ᠲᠣᠮᠣ ᠪᠠᠢᠰᠢᠩ ᠢ᠋ᠶ᠋ᠠᠨ ᠬᠠᠭᠤᠴᠢᠨ ᠵᠢᠵᠢᠭ ᠣᠪᠣᠬᠠᠢ ᠪᠠᠷ ᠰᠣᠯᠢᠵᠠᠢ᠃ ᠰᠥᠨᠢ ᠳ᠋ᠦ᠍ ᠪᠡᠨ ᠰᠠᠷᠠᠨ ᠤ᠋ ᠲᠤᠶᠠᠭ᠎ᠠ ᠶ᠋ᠢ ᠳᠡᠭᠡᠪᠦᠷ ᠦ᠋ᠨ ᠴᠤᠭᠤᠷᠬᠠᠢ ᠪᠠᠷ ᠣᠷᠣᠭᠤᠯᠬᠤ ᠴᠣᠷᠢ ᠶ᠋ᠢᠨ ᠭᠠᠭᠴᠠ ᠠᠷᠭ᠎ᠠ ᠨᠢ ᠡᠨᠡ ᠪᠠᠢᠵᠠᠢ ᠭᠡᠨ᠎ᠡ᠃ ᠬᠤᠯᠤᠰᠤᠴᠢᠨ ᠭᠡᠷᠭᠡᠢ ᠲᠡᠢ ᠪᠡᠨ ᠠᠮᠤᠷ ᠰᠠᠢᠬᠠᠨ ᠳ᠋ᠤ᠌ ᠪᠠᠨ ᠵᠢᠷᠭᠠᠵᠠᠢ᠃
(ᠲᠡᠭᠦᠰᠪᠡ)

   ᠦᠰᠦᠭ ᠠᠮᠢᠯᠠᠭᠤᠯᠤᠭᠴᠢ᠄ ᠲ· ᠲᠥᠮᠡᠨᠴᠡᠴᠡᠭ
   ᠦᠰᠦᠭ ᠬᠠᠳᠠᠭᠴᠢ᠄ ᠲᠣᠳᠣᠭᠡᠷᠡᠯ
   ᠬᠢᠨᠠᠭᠴᠢ᠄ ᠢᠷᠡᠭᠡᠳᠦᠢ᠂ ᠤᠷᠨᠨᠲᠠᠨ᠎ᠡ᠃