ᠮᠣᠩᠭᠣᠯ ᠵᠠᠩᠵᠤᠨ ᠳᠠᠮᠳᠢᠨᠰᠦ᠋ᠷᠦᠩМонгол жанжин дамдинсүрэн ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠠᠩᠵᠤᠨ ᠳᠠᠮᠳᠢᠨᠰᠦ᠋ᠷᠦᠩМонгол жанжин дамдинсүрэн

ᠮᠣᠩᠭᠣᠯ ᠵᠠᠩᠵᠤᠨ ᠳᠠᠮᠳᠢᠨᠰᠦ᠋ᠷᠦᠩМонгол жанжин дамдинсүрэн

ᠠᠩᠭᠢᠯᠠᠯ:ᠲᠡᠦᠬᠡ ᠰᠣᠶᠣᠯ
2022-12-28

335

     ᠣᠯᠠᠨ᠎ᠠ ᠡᠷᠭᠦᠭᠳᠡᠭᠰᠡᠨ ᠮᠣᠩᠭᠣᠯ ᠤᠯᠤᠰ ᠦ᠋ᠨ ᠲᠠᠪᠤᠨ ᠵᠠᠮ  ‍ᠤᠨ ᠶᠡᠬᠡ ᠴᠡᠷᠢᠭ ‍ᠦᠨ ᠬᠤᠰᠢᠭᠤᠴᠢ ᠠᠩᠬᠢ ‍ᠶ᠋ᠢᠨ ᠵᠠᠩᠵᠤᠨ ᠳᠠᠮᠳᠢᠨᠰᠦ᠋ᠷᠦᠩ ᠎ᠡᠴᠡ ᠨᠠᠷᠠᠨ ᠭᠡᠷᠡᠯᠲᠦ ᠲᠦᠮᠡᠨ ᠨᠠᠰᠤᠲᠤ ᠪᠣᠭᠳᠠ ᠡᠵᠡᠨ ‍ᠳᠦ ᠠᠢᠯᠠᠳᠬᠠᠬᠤ ᠠᠨᠤ ᠭᠡᠭᠡᠨ ‍ᠢᠶ᠋ᠡᠷ ᠲᠣᠯᠢᠯᠠᠬᠤ ᠠᠵᠢᠶᠠᠮᠤ  ᠄ ᠪᠢᠳᠡ ᠬᠦᠷᠦᠭᠰᠡᠨ ᠭᠠᠵᠠᠷ  ᠪᠦᠷᠢ ‍ᠳᠦ ᠎ᠪᠡᠨ ᠢᠷᠭᠡᠨ ᠤᠯᠤᠰ ‍ᠤᠨ ᠴᠡᠷᠢᠭ ‍ᠢ ᠢᠯᠠᠪᠠ ᠃ ᠢᠷᠭᠡᠨ ᠤᠯᠤᠰ ᠠᠷᠭ᠎ᠠ ᠦᠭᠡᠢ ᠬᠡᠯᠡᠯᠴᠡᠭᠡᠷ ᠬᠢᠬᠦ  ᠳᠤ ᠬᠦᠷᠦᠯ᠎ᠡ ᠃ ᠲᠡᠳᠡᠨ ‍ᠦ ᠲᠥᠯᠥᠭᠡᠯᠡᠭᠴᠢ ᠬᠡᠯᠡᠯᠴᠡᠭᠡᠷ ᠬᠢᠬᠦ ᠭᠡᠵᠦ ᠢᠷᠡᠭᠡᠳ ᠬᠡᠷᠪᠡ ᠢᠷᠭᠡᠨ ᠤᠯᠤᠰ ‍ᠢ ᠲᠠᠭᠠᠪᠠᠯ ᠶᠡᠬᠡ ᠽᠦᠩᠲ᠋ᠦ᠋ᠩ ᠥᠪᠡᠷ ‍ᠦᠨ ᠪᠡᠶ᠎ᠡ ᠎ᠪᠡᠷ ‍ᠢᠶ᠋ᠠᠨ ᠢᠷᠡᠵᠦ ᠸᠠᠩ ᠵᠡᠷᠭᠡ ‍ᠶ᠋ᠢ ᠣᠯᠭᠣᠵᠤ ᠶᠣᠰᠣ ‍ᠶ᠋ᠢ ᠭᠦᠢᠴᠡᠳᠬᠡᠨ ᠤᠭᠲᠤᠬᠤ ᠪᠣᠯᠤᠨ᠎ᠠ ᠭᠡᠯ᠎ᠡ ᠪᠢ ᠲᠡᠳᠡᠨ ‍ᠳᠦ  ᠰᠠᠶ᠋ᠢᠨ ᠡᠷ᠎ᠡ ᠬᠣᠶᠠᠷ ᠲᠥᠷᠥ ‍ᠳᠦ ᠵᠢᠳᠭᠦᠳᠡᠭ ᠦᠭᠡᠢ ᠂ ᠰᠠᠶ᠋ᠢᠨ ᠡᠮ᠎ᠡ ᠬᠣᠶᠠᠷ ᠡᠷ᠎ᠡ ‍ᠳᠦ ᠣᠴᠢᠳᠠᠭ ᠦᠭᠡᠢ  ᠭᠡᠳ ᠮᠢᠨᠦ ᠪᠡᠶ᠎ᠡ ᠠᠯᠳᠠᠷᠲᠤ ᠮᠣᠩᠭᠣᠯ ᠤᠯᠤᠰ ‍ᠤᠨ ᠸᠠᠩ  ᠪᠥᠯᠥᠭᠡ ᠃ ᠪᠢ ᠶᠠᠭᠤᠨ ‍ᠳᠤ ᠪᠤᠰᠤᠳ ‍ᠤᠨ ᠬᠡᠷᠬᠡᠮ ᠵᠡᠷᠭᠡ ‍ᠳᠦ ᠭᠣᠷᠢᠳᠠᠵᠤ ᠬᠥᠮᠦᠨ ‍ᠦ ᠨᠡᠷ᠎ᠡ ‍ᠳᠦ ᠰᠢᠨᠤᠨ᠎ᠠᠭᠡᠵᠦ  ᠬᠡᠯᠡᠭᠰᠡᠨ ‍ᠳᠦ ᠠᠷᠭ᠎ᠠ ᠦᠭᠡᠢ ᠲᠡᠳᠡ ᠠᠮᠠ ᠎ᠪᠠᠨ ᠲᠠᠭᠯᠠᠭᠤᠯᠤᠨ ᠪᠤᠴᠠᠯ᠎ᠠ ᠃  ᠬᠠᠷᠢᠨ ᠰᠥᠨᠢᠳ ‍ᠦᠨ ᠴᠡᠷᠢᠭ ᠦ᠋ᠨ ᠬᠢᠯᠢ  ᠳᠤ ᠪᠠᠶ᠋ᠢᠯᠳᠤᠵᠤ ᠪᠠᠶ᠋ᠢᠭ᠎ᠠ  ᠨᠠᠰᠤᠠᠠᠠᠷᠪᠢᠵᠢᠬᠤ ᠵᠠᠩᠵᠤᠨ ᠢᠷᠭᠡᠨ ᠤᠯᠤᠰ ‍ᠤᠨ ᠠᠷᠭ᠎ᠠ ‍ᠳᠤ ᠪᠠᠷᠢᠬᠳᠠᠵᠤ ᠂ ᠪᠡᠭᠡᠵᠢᠩ ‍ᠦᠨ ᠵᠠᠰᠠᠭ ᠲᠤ᠌ ᠪᠠᠭᠤᠵᠤ ᠥᠭᠭᠦᠯ᠎ᠡ ᠃

    ᠮᠠᠩᠯᠠᠢ ᠪᠠᠭᠠᠲᠤᠷ ᠳᠠᠮᠳᠢᠨᠰᠦ᠋ᠷᠦᠩ1871 ᠣᠨ ‍ᠳᠤ ᠪᠠᠷᠭᠤ ‍ᠶ᠋ᠢᠨ ᠰᠢᠯᠤᠭᠤᠨ ᠴᠠᠭᠠᠨ ᠬᠤᠰᠢᠭᠤᠨ ‍ᠳᠤ ᠲᠥᠷᠥᠭᠰᠡᠨ  ᠃ ᠮᠣᠩᠭᠣᠯ ‍ᠤᠨ ᠲᠤᠰᠠᠭᠠᠷ ᠲᠣᠭᠲᠠᠨᠢᠯ ‍ᠤᠨ ᠲᠥᠯᠥᠭᠡ  ᠲᠡᠮᠡᠴᠡᠭᠴᠢ ᠂ ᠬᠣᠪᠲᠣ ‍ᠶ᠋ᠢ ᠴᠢᠯᠥᠭᠡᠯᠡᠬᠦ ᠪᠠᠶ᠋ᠢᠯᠳᠤᠭᠠᠨ ᠂  ᠥᠪᠥᠷ ᠮᠣᠩᠭᠣᠯ ‍ᠢ ᠴᠢᠯᠥᠭᠡᠯᠡᠬᠦ  ᠲᠠᠪᠤᠨ ᠵᠠᠮ ‍ᠤᠨ ᠪᠠᠶ᠋ᠢᠯᠳᠤᠭᠠᠨ ‍ᠢ ᠮᠠᠩᠯᠠᠶ᠋ᠢᠯᠠᠨ ᠤᠳᠤᠷᠢᠳᠤᠭᠰᠠᠨ ᠵᠠᠩᠵᠤᠨ1921 ᠤᠨ ‍ᠳᠤ ᠭᠠᠮᠢᠩ ‍ᠤᠨ ᠱᠣᠷᠣᠩ ‍ᠳᠤ ᠪᠣᠰᠤᠭ᠎ᠠ ᠎ᠪᠠᠷ ‍ᠢᠶ᠋ᠠᠨ ᠨᠥᠭᠴᠢᠭᠰᠡᠨ  ᠃ ᠴᠠᠭᠠᠨ ᠬᠡᠷᠡᠮ ᠬᠦᠷᠲᠡᠯ᠎ᠡ ᠠᠷᠤ ᠥᠪᠥᠷ ᠪᠠᠷᠭᠤ ᠮᠣᠩᠭᠣᠯ᠎ᠢ ᠨᠢᠭᠡᠳᠬᠡᠨ ᠮᠠᠨᠳᠤᠭᠤᠯᠬᠤ ᠨᠢ ᠪᠢᠳᠡᠨ ‍ᠦ ᠡᠪᠦᠭᠡ ᠳᠡᠭᠡᠳᠦᠰ ‍ᠦᠨ ᠳᠥᠷᠪᠡᠨ ᠵᠢᠷᠠᠨ ‍ᠤ ᠮᠥᠷᠥᠭᠡᠳᠦᠯ ᠪᠢᠯᠡ ᠃ ᠬᠡᠷᠪᠡ ᠡᠨᠡ ᠤᠶ᠋ᠢᠯᠡᠰ ‍ᠢ ᠭᠦᠢᠴᠡᠳᠬᠡᠪᠡᠯ ᠴᠢᠩᠭᠢᠰ ᠬᠠᠭᠠᠨ ‍ᠤ ᠡᠮᠦᠨ᠎ᠡ ᠨᠢᠭᠤᠷ ᠪᠠᠷᠳᠠᠮ ᠡᠪᠦᠳᠦᠭ  ᠰᠥᠭᠥᠳᠦᠮᠦᠢ ᠃ ᠡᠭᠦᠨ ‍ᠦ ᠲᠤᠯᠠᠳᠠ ᠵᠠᠭᠤᠷᠠᠳᠤ ᠎ᠪᠠᠷ ᠦᠬᠦᠪᠡᠴᠦ ᠬᠠᠷᠠᠮᠰᠠᠬᠤ ᠵᠦᠢᠯ  ᠦᠭᠡᠢ ᠃

    ᠪᠦᠭᠦᠳᠡ ᠬᠠᠭᠠᠨᠲᠤ ᠮᠣᠩᠭᠣᠯ ᠤᠯᠤᠰ ‍ᠤᠨ ᠲᠠᠪᠤᠨ ᠵᠠᠮ ᠦ᠋ᠨ ᠪᠠᠶ᠋ᠢᠯᠳᠤᠭᠠᠨ ‍ᠢ ᠡᠴᠦᠰᠯᠡᠭᠦᠯᠬᠦ ‍ᠶ᠋ᠢᠨ ᠲᠤᠯᠠᠳᠠ ᠣᠷᠣᠰ ᠬᠢᠲᠠᠳ ᠬᠣᠶᠠᠷ ᠤᠯᠤᠰ ᠬᠣᠭᠣᠷᠣᠨᠳᠣ ᠪᠠᠨ ᠬᠣᠣᠪᠢᠯᠲᠤᠨ ᠡᠪᠰᠡᠵᠦ ᠰᠢᠬᠠᠮᠳᠠᠭᠤᠯᠤᠭᠰᠠᠨ  ᠠ᠋ᠴᠠ ᠮᠣᠩᠭᠣᠯ  ‍ᠤᠨ ᠲᠠᠯ᠎ᠠ ᠴᠡᠷᠢᠭ ᠶ᠋ᠢᠠᠨ ᠡᠭᠡᠭᠦᠯᠦᠨ ᠳᠠᠲᠠᠯ᠎ᠠ  ᠃ ᠣᠷᠣᠰ ‍ᠤᠨ ᠲᠠᠯ᠎ᠠ ᠠ᠋ᠴᠠ ᠵᠡᠪᠰᠡᠭ ‍ ᠨᠡᠶ᠋ᠢᠯᠡᠭᠦᠯᠬᠦ ᠠ᠋ᠴᠠ ᠲᠦᠳᠡᠭᠡᠯᠵᠡᠭᠰᠡᠨ ᠪ ᠬᠠᠷᠢᠭᠤ ‍ᠳᠤ 1912 ᠣᠨ ᠪᠮᠣᠩᠭᠣᠯ ᠣᠷᠣᠰ ‍ᠤᠨ  ᠭᠡᠷ᠎ᠡ  ᠎ᠪᠠᠷ ᠳᠤᠮᠳᠠᠳᠤ ᠢᠷᠭᠡᠨ ᠤᠯᠤᠰ ᠬᠦᠯᠢᠶᠡᠨ ᠵᠥᠪᠰᠢᠶᠡᠷᠡᠵᠦ ᠂ ᠮᠣᠩᠭᠣᠯ ᠦ᠋ᠨ ᠠᠥ᠋ᠲ᠋ᠣᠨᠣᠮᠢᠲᠤ ᠡᠷᠬᠡ ‍ᠶ᠋ᠢ ᠬᠦᠨᠳᠦᠳᠬᠡᠬᠦ ᠶ᠋ᠢ ᠱᠠᠭᠠᠷᠳᠠᠯ᠎ᠠ ᠃

    ᠡᠨᠡ ᠵᠠᠬᠢᠳᠠᠯ ‍ᠢ  ᠶᠡᠬᠡ ᠴᠠᠭᠠᠨ ᠬᠡᠷᠡᠮ ‍ᠦᠨ  ᠳᠡᠷᠭᠡᠳᠡ ᠠ᠋ᠴᠠ ᠥᠴᠢᠪᠡ ‍ ᠃ ᠪᠣᠭᠳᠠ ᠡᠵᠡᠨ  ᠲᠠ ᠪᠣᠯᠭᠣᠭᠠᠨ ᠰᠣᠶᠣᠷᠬᠠᠨ᠎ᠠ ‍ᠤᠤ᠃