ᠢᠰᠦ᠋ᠰ ᠾᠷᠢᠰᠲ᠋ ᠮᠡᠨᠳᠦᠯᠡᠭᠰᠡᠨ ᠡᠳᠦᠢЕсүс Христийн мэндэлсэн Өдий ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠰᠦ᠋ᠰ ᠾᠷᠢᠰᠲ᠋ ᠮᠡᠨᠳᠦᠯᠡᠭᠰᠡᠨ ᠡᠳᠦᠢЕсүс Христийн мэндэлсэн Өдий

ᠢᠰᠦ᠋ᠰ ᠾᠷᠢᠰᠲ᠋ ᠮᠡᠨᠳᠦᠯᠡᠭᠰᠡᠨ ᠡᠳᠦᠢЕсүс Христийн мэндэлсэн Өдий

ᠠᠩᠭᠢᠯᠠᠯ:ᠲᠡᠦᠬᠡ ᠰᠣᠶᠣᠯ
2022-12-24

317

ᠢᠰᠦ᠋ᠰ ᠾᠷᠢᠰᠲ᠋ ᠮᠡᠨᠳᠦᠯᠡᠭᠰᠡᠨ ᠡᠳᠦᠢ

  ᠳᠡᠯᠡᠬᠡᠢ ᠨᠡᠢᠲᠡ ᠪᠡᠷ ᠢᠶᠡᠨ ᠨᠢᠭᠡ ᠴᠠᠭ ᠲᠣᠭᠠᠯᠠᠯ ᠲᠠᠢ ᠪᠣᠯᠤᠭᠰᠠᠨ ᠦᠶ᠎ᠡ ᠪᠣᠯ ᠴᠠᠭ ᠲᠣᠭᠠᠯᠠᠯ ᠢ ᠨᠡᠢᠲᠡ ᠶᠢᠨ ᠲᠣᠭᠠᠯᠠᠯᠡᠰᠡᠪᠡᠯ ᠮᠠᠨ ᠤ ᠡᠷᠢᠨ ᠦᠬᠡᠮᠡᠨ ᠨᠡᠷᠡᠯᠡᠵᠦ᠂ ᠲᠣᠭᠠᠴᠠᠵᠤ ᠡᠬᠢᠯᠡᠭᠰᠡᠨ ᠦᠶ᠎ᠡ ᠶᠤᠮ᠃ ᠡᠨᠡ ᠨᠢ  ᠢᠰᠦ᠋ᠰ ᠾᠷᠢᠰᠲ ᠤᠨ ᠲᠦᠷᠦᠭᠰᠡᠨ 1 ᠣᠨ ᠠᠴᠠ ᠡᠭᠦᠳᠦᠯᠲᠡᠢ ᠪᠥᠭᠡᠳ ᠬᠦᠮᠦᠨ ᠲᠥᠷᠥᠯᠬᠢᠲᠡᠨ ᠡᠨᠡ ᠦᠶᠡᠰ ᠣᠨ ᠴᠠᠭ ᠢᠶᠠᠨ ᠲᠣᠭᠠᠴᠠᠭᠠᠯᠠᠭᠰᠠᠭᠠᠷ ᠨᠢᠭᠡᠨᠲᠡ 2022 ᠵᠢᠯ ᠤᠯᠠᠷᠢᠨ ᠥᠩᠭᠡᠷᠡᠵᠡᠢ᠃ ᠾᠷᠢᠰᠲ ᠤᠨ ᠱᠠᠰᠢᠨ ᠡᠰᠡᠪᠡᠯ ᠾᠷᠢᠰᠲ ᠢᠲᠡᠭᠡᠯ ᠨᠢ ᠢᠰᠦ᠋ᠰ ᠾᠷᠢᠰᠲ ᠭᠡᠬᠦ ᠲᠩᠷᠢ ᠪᠤᠷᠬᠠᠨ ᠤ ᠬᠦᠦ᠂ ᠮᠡᠰᠢ᠍ᠶᠠᠾ ᠬᠦᠮᠦᠨ ᠲᠥᠷᠥᠯᠬᠢᠲᠡᠨ ᠢ (ᠶᠧᠸᠷᠧᠢ ᠪᠡᠷ ᠠᠪᠤᠷᠠᠭᠴᠢ) ᠠᠪᠤᠷᠠᠨ᠎ᠠ ᠭᠡᠬᠦ ᠭᠠᠭᠴᠠ ᠲᠥᠪᠲᠦ ᠢᠲᠡᠭᠡᠯ ᠢ ᠵᠢᠭᠠᠳᠠᠭ ᠢᠲᠡᠭᠡᠯ ᠪᠢᠰᠢᠷᠡᠯ ᠶᠤᠮ᠃ ᠲᠣᠭᠠᠴᠠᠭ᠎ᠠ ᠪᠠᠷ ᠨᠡᠢᠲᠡ ᠳᠡᠯᠡᠬᠡᠢ ᠶᠢᠨ 21 ᠲᠡᠷᠪᠤᠮ ᠬᠦᠮᠦᠨ ᠾᠷᠢᠰᠲ ᠢᠲᠡᠭᠡᠯ ᠢ ᠳᠠᠭᠠᠳᠠᠭ ᠪᠠ ᠡᠨᠡ ᠨᠢ ᠳᠡᠯᠡᠬᠡᠢ ᠶᠢᠨ ᠨᠡᠢᠲᠡ ᠬᠦᠮᠦᠨ ᠠᠮᠠ ᠶᠢᠨ ᠣᠷᠠᠯᠴᠠᠭ᠎ᠠ ᠪᠠᠷ 33 ᠬᠤᠪᠢ ᠶᠤᠮ᠃
    ᠾᠷᠢᠰᠲ ᠤᠨ ᠮᠡᠨᠳᠦᠯᠡᠭᠰᠡᠨ ᠦ ᠪᠠᠶᠠᠷ ᠪᠤᠶᠤ ᠵᠤᠯᠠ ᠰᠠᠷ᠎ᠠ ᠶᠢᠨ ᠪᠠᠶᠠᠷ  ᠴᠤ᠌ ᠭᠡᠵᠦ ᠨᠡᠷᠡᠯᠡᠳᠡᠭ ᠡᠨᠡᠬᠦ ᠳᠡᠯᠡᠬᠡᠢ ᠳᠠᠬᠢᠨ ᠤ ᠪᠠᠶᠠᠷ ᠢ ᠬᠦᠮᠦᠰ ᠢᠰᠦ᠋ᠰ ᠾᠷᠢᠰᠲ ᠤᠨ ᠡᠨᠡ ᠳᠡᠯᠡᠬᠡᠢ ᠳᠦ ᠮᠡᠨᠳᠦᠯᠡᠭᠰᠡᠨ ᠡᠳᠦᠷ ᠢ ᠳᠤᠷᠠᠰᠤᠨ ᠰᠠᠨᠠᠵᠤ᠂ ᠭᠡᠷ ᠪᠦᠯᠢ᠂ ᠣᠢᠷ᠎ᠠ ᠳᠣᠲᠣᠨᠣ ᠶᠢᠨ ᠬᠦᠮᠦᠰ ᠲᠡᠢ ᠪᠡᠨ ᠬᠠᠮᠲᠤ ᠲᠡᠮᠳᠡᠭᠯᠡᠳᠡᠭ᠃ ᠤᠭ ᠪᠠᠶᠠᠷ ᠢ ᠾᠷᠢᠰᠲ ᠤᠨ ᠱᠠᠰᠢᠨ ᠲᠠᠢ ᠥᠷᠥᠨ᠎ᠡ ᠳᠠᠬᠢᠨ ᠤ ᠣᠷᠣᠨ ᠨᠤᠭᠤᠳ ᠪᠣᠯᠤᠨ ᠠᠩᠭᠯᠢ ᠬᠡᠯᠡ ᠲᠡᠢ ᠤᠯᠤᠰ ᠣᠷᠣᠨ ᠨᠤᠭᠤᠳ ᠤᠨ ᠠᠷᠠᠳ ᠢᠷᠭᠡᠳ ᠥᠷᠭᠡᠨ ᠳᠡᠯᠭᠡᠷ ᠲᠡᠮᠳᠡᠭᠯᠡᠳᠡᠭ ᠪᠣᠯ ᠥᠪᠡᠷ ᠱᠠᠰᠢᠨ ᠲᠠᠢ ᠲᠡᠳᠦᠢ ᠦᠭᠡᠢ ᠱᠠᠰᠢᠨ ᠰᠢᠲᠦᠯᠭᠡ ᠦᠭᠡᠢ ᠬᠦᠮᠦᠰ ᠬᠦᠷᠲᠡᠯ᠎ᠡ ᠣᠯᠠᠨ ᠨᠡᠢᠲᠡ ᠶᠢᠨ ᠪᠠᠶᠠᠷ ᠭᠡᠳᠡᠭ ᠤᠳᠬ᠎ᠠ ᠪᠠᠷ ᠨᠢ ᠲᠡᠮᠳᠡᠭᠯᠡᠨ ᠥᠩᠭᠡᠷᠡᠭᠦᠯᠳᠡᠭ᠃
ᠾᠷᠢᠰᠲ ᠤᠨ ᠲᠥᠷᠥᠯᠲᠡ ᠶᠢ ᠬᠠᠷᠠᠭᠤᠯᠤᠭᠰᠠᠨ ᠾᠷᠢᠰᠲ ᠬᠦᠦ ᠸᠢᠳᠢᠣ᠋ ᠶᠢ ᠦᠵᠡᠨ᠎ᠡ ᠦᠦ᠃
ᠪᠤᠷᠬᠠᠨ ᠤ ᠬᠦᠦ ᠢᠰᠦ᠋ᠰ ᠲᠡᠷᠲᠡᠭᠡ ᠢᠰᠦ᠋ᠰ ᠾᠷᠢᠰᠲ ᠤᠨ ᠲᠦᠷᠦᠭᠰᠡᠨ ᠵᠢᠯ ᠦᠨ ᠡᠮᠦᠨ᠎ᠡ ᠮᠡᠨᠳᠦᠯᠡᠭᠰᠡᠨ ᠢ ᠪᠣᠯᠤᠨ ᠲᠡᠭᠦᠨ ᠦ ᠬᠦᠮᠦᠨ ᠲᠥᠷᠥᠯᠬᠢᠲᠡᠨ ᠳᠦ ᠵᠢᠭᠠᠭᠰᠠᠨ ᠰᠤᠷᠭᠠᠯ᠂ ᠭᠦᠢᠴᠡᠯᠳᠦᠭᠦᠯᠦᠭᠰᠡᠨ ᠡᠭᠦᠷᠭᠡ ᠵᠣᠷᠢᠯᠭ᠎ᠠ᠂ ᠭᠠᠷᠭᠠᠭᠰᠠᠨ ᠵᠣᠯᠢᠶᠠᠰᠤ ᠶᠢ ᠳᠤᠷᠠᠰᠤᠨ ᠲᠡᠮᠳᠡᠭᠯᠡᠬᠦ ᠨᠢ ᠡᠨᠡ ᠪᠠᠶᠠᠷ ᠤᠨ ᠭᠣᠣᠯ ᠤᠳᠬ᠎ᠠ ᠤᠴᠢᠷ ᠪᠢᠯᠡ᠃ ᠠᠷᠢᠭᠤᠨ ᠰᠠᠢᠬᠠᠨ ᠰᠡᠳᠬᠢᠯ ᠲᠠᠢ᠂ ᠪᠤᠰᠤᠳ ᠢ ᠬᠠᠢᠷᠠᠯᠠᠵᠤ᠂ ᠲᠤᠰᠠᠯᠠᠵᠤ ᠳᠡᠮᠵᠢᠨ᠂ ᠦᠢᠯᠡᠴᠢᠯᠡᠯ ᠦᠵᠡᠭᠦᠯᠵᠦ ᠠᠮᠢᠳᠤᠷᠠᠭᠰᠠᠨ ᠲᠡᠭᠦᠨ ᠦ ᠦᠯᠢᠭᠡᠷ ᠵᠢᠱᠢᠶ᠎ᠡ ᠪᠡᠷ ᠡᠳᠦᠭᠡ ᠨᠢᠭᠡ ᠨᠢᠭᠡᠨ ᠢᠶᠡᠨ ᠬᠠᠢᠷᠠᠯᠠᠬᠤ᠂ ᠪᠡᠶ᠎ᠡ  ᠪᠡᠶ᠎ᠡ᠎ᠳᠦ᠎ᠪᠡᠨ ᠠᠩᠬᠠᠷᠤᠯ ᠬᠠᠯᠠᠮᠵᠢ ᠲᠠᠯᠪᠢᠬᠤ᠂ ᠲᠤᠰᠯᠠᠨ ᠳᠡᠮᠵᠢᠬᠦ᠂ ᠨᠢᠭᠡ ᠨᠢᠭᠡᠨ ᠦ ᠬᠢ ᠪᠡᠷ ᠢᠶᠡᠨ ᠵᠣᠴᠢᠯᠠᠬᠤ᠂ ᠬᠠᠷᠢᠯᠴᠠᠨ ᠪᠡᠯᠡᠭ ᠰᠤᠯᠢᠯᠴᠠᠬᠤ ᠵᠡᠷᠭᠡ ᠰᠠᠢᠨ ᠰᠠᠢᠬᠠᠨ ᠦᠢᠯᠡᠰ᠂ ᠦᠢᠯᠡ ᠠᠵᠢᠯᠯᠠᠭᠠᠨ ᠳᠤ ᠪᠡᠶ᠎ᠡ  ᠪᠡᠶᠡᠨ ᠢᠶᠡᠨ ᠤᠷᠢᠶᠠᠯᠠᠨ ᠳᠡᠮᠵᠢᠳᠡᠭ ᠤᠯᠠᠮᠵᠢᠯᠠᠯ ᠨᠢ ᠡᠨᠡ ᠬᠦ᠌ ᠪᠠᠶᠠᠷ ᠤᠨ ᠭᠣᠣᠯ ᠮᠥᠨ ᠴᠢᠨᠠᠷ ᠶᠤᠮ᠃ ᠾᠷᠢᠰᠲ ᠤᠨ ᠱᠠᠰᠢᠨ ᠰᠢᠲᠦᠳᠡᠭ ᠮᠥᠨ ᠡᠰᠡ ᠰᠢᠲᠦᠳᠡᠭ ᠬᠦᠮᠦᠰ ᠤᠭ ᠪᠠᠶᠠᠷ ᠢ ᠲᠡᠮᠳᠡᠭᠯᠡᠬᠦ ᠳᠦ ᠪᠡᠨ ᠾᠷᠢᠰᠲ ᠤᠨ ᠮᠡᠨᠳᠦᠯᠡᠭᠰᠡᠨ ᠦ ᠪᠠᠶᠠᠷ ᠤᠨ ᠠᠭᠤᠷ ᠠᠮᠢᠰᠬᠤᠯ᠂ ᠶᠣᠰᠣ ᠵᠠᠩᠰᠢᠯ ᠤᠨ ᠨᠢᠭᠡ ᠬᠡᠰᠡᠭ ᠪᠣᠯᠭᠠᠵᠤ᠂ ᠪᠠᠶᠠᠷ ᠤᠨ ᠤᠳᠬ᠎ᠠ ᠠᠭᠤᠯᠭ᠎ᠠ ᠶᠢ ᠪᠡᠯᠭᠡᠳᠡᠭᠰᠡᠨ ᠮᠥᠩᠬᠡ ᠨᠣᠭᠣᠭᠠᠨ ᠮᠣᠳᠣ᠂ ᠣᠷᠣᠢ ᠳᠡᠭᠡᠷᠡᠬᠢ ᠣᠳᠣ᠂ ᠪᠡᠯᠡᠭ ᠰᠡᠯᠲᠡ᠂ ᠤᠯᠠᠭᠠᠨ᠂ ᠨᠣᠭᠣᠭᠠᠨ ᠴᠢᠮᠡᠭᠯᠡᠯ᠂ ᠲᠠᠶᠠᠭᠠᠨ ᠰᠢᠬᠢᠷ ᠭᠡᠬᠦ ᠮᠡᠲᠦ ᠶᠢ ᠪᠠᠶᠠᠷ ᠤᠨ ᠴᠢᠮᠡᠭᠯᠡᠯ ᠪᠣᠯᠭᠠᠨ ᠶᠠᠮᠠᠷ ᠨᠢᠭᠡ ᠪᠠᠢᠳᠠᠯ ᠢᠶᠠᠷ ᠠᠰᠢᠭᠯᠠᠳᠠᠭ ᠤᠯᠠᠮᠵᠢᠯᠠᠯ ᠲᠠᠢ᠃