ᠬᠦᠷᠡᠭᠴᠢ ᠦᠨᠢᠶ᠎ᠡХүрэгч үнээ
ᠬᠦᠷᠡᠭᠴᠢ ᠦᠨᠢᠶ᠎ᠡ
ᠡᠷᠲᠡ ᠤᠷᠢᠳᠤ ᠶᠢᠨ ᠴᠠᠭ ᠲᠤ ᠰᠠᠶ᠋ᠢᠨ ᠰᠠᠨᠠᠭ᠎ᠠ ᠲᠠᠢ ᠡᠪᠦᠭᠡᠨ ᠡᠮᠡᠭᠡᠨ ᠬᠣᠶᠠᠷ ᠪᠠᠶ᠋ᠢᠵᠠᠢ ᠃ ᠨᠢᠭᠡᠨ ᠡᠳᠦᠷ ᠡᠪᠦᠭᠡᠨ ᠨᠢ ᠠᠭᠤᠯᠠᠨ ᠳᠤ ᠶᠠᠪᠤᠵᠤ ᠪᠠᠶ᠋ᠢᠲᠠᠯ᠎ᠠ ᠦᠬᠦᠮᠡᠷ ᠪᠣᠯᠣᠭᠰᠠᠨ ᠱᠠᠭᠠᠵᠠᠭᠠᠢ ᠲᠠᠭᠠᠷᠠᠵᠤ ᠭᠡᠨ᠎ᠡ ᠃ ᠦᠵᠡᠭᠰᠡᠨ ᠴᠢᠨᠢ ᠬᠣᠭᠣᠯᠠᠢ ᠳᠤ ᠨᠢ ᠶᠠᠰᠤ ᠲᠡᠭᠡᠭᠯᠡᠴᠢᠬᠡᠭᠰᠡᠨ ᠪᠠᠶ᠋ᠢᠵᠠᠢ᠃ ᠡᠪᠦᠭᠡᠨ ᠶᠠᠰᠤ ᠶ᠋ᠢ ᠨᠢ ᠠᠪᠴᠤ ᠬᠠᠶᠠᠭᠰᠠᠨ ᠳᠤ ᠱᠠᠭᠠᠵᠠᠭᠠᠢ ᠲᠣᠩ ᠶᠡᠬᠡ ᠪᠠᠶᠠᠷᠯᠠᠪᠠ ᠃ ᠱᠠᠭᠠᠵᠠᠭᠠᠢ ᠡᠪᠦᠭᠡᠨ ᠤ ᠠᠴᠢ ᠶ᠋ᠢ ᠬᠠᠷᠢᠭᠤᠯᠠᠬᠤ ᠶᠢᠨ ᠲᠥᠯᠥᠭᠡ ᠮᠠᠷᠭᠠᠰᠢ ᠨᠢ ᠨᠢᠭᠡ ᠬᠦᠷᠡᠭᠴᠢ ᠦᠨᠢᠶ᠎ᠡ ᠠᠪᠴᠢᠷᠠᠵᠤ ᠥᠭᠴᠡᠢ ᠃ ᠱᠠᠭᠠᠵᠠᠭᠠᠢ ᠡᠪᠦᠭᠡᠨ ᠡᠮᠡᠭᠡᠨ ᠬᠣᠶᠠᠷᠲᠤ᠌᠄ 《 < ᠬᠦᠷᠡᠭᠴᠢ ᠦᠨᠢᠶ᠎ᠡ ᠢᠪᠢᠯᠦᠭᠡᠴᠢ > ᠭᠡᠵᠦ ᠬᠡᠯᠡᠪᠡᠯ ᠬᠥᠨᠥᠭ ᠰᠦ᠋ ᠪᠠᠭᠤᠨ᠎ᠠ ᠃ ᠳᠠᠷᠠᠭᠠᠴᠢ ᠪᠠᠷ ᠭᠠᠴᠢᠭᠳᠠᠪᠠᠯ <ᠱᠠᠭᠠᠵᠠᠭᠠᠢ ᠮᠢᠨᠢ ᠱᠠᠭ ᠱᠠᠭ >ᠭᠡᠪᠡᠯ ᠪᠢ ᠢᠷᠡᠴᠢᠬᠡᠨ᠎ᠡ ᠰᠢᠦ ! 》 ᠭᠡᠳ ᠨᠢᠰᠤᠨ ᠣᠳᠴᠠᠢ᠃ ᠬᠦᠷᠡᠭᠴᠢ ᠦᠨᠢᠶ᠎ᠡ ᠨᠢ ᠦᠨᠡᠬᠡᠷ ᠰᠠᠭᠠᠭᠠᠳ ᠪᠠᠷᠠᠬᠤ ᠥᠬᠡᠢ ᠰᠦ᠋ ᠲᠡᠢ ᠶᠤᠮᠰᠠᠨᠵᠠᠢ ᠃ ᠲᠡᠭᠡᠭᠡᠳ ᠡᠪᠦᠭᠡᠨ ᠡᠮᠡᠭᠡᠨ ᠬᠣᠶᠠᠷ ᠡᠯᠪᠡᠭ ᠲᠣᠬᠢᠲᠠᠢ ᠠᠮᠢᠳᠤᠷᠠᠳᠠᠭ ᠪᠣᠯᠵᠠᠢ ᠃ ᠨᠢᠭᠡᠨ ᠡᠳᠦᠷ ᠬᠠᠷᠭᠢᠰ ᠨᠣᠶᠠᠨ ᠦᠨᠢᠶ᠎ᠡ ᠶ᠋ᠢ ᠨᠢ ᠪᠤᠯᠢᠶᠠᠵᠤ ᠠᠪᠠᠴᠢᠪᠠ ᠃ ᠡᠪᠦᠭᠡᠨ ᠡᠮᠡᠭᠡᠨ ᠬᠣᠶᠠᠷ ᠭᠠᠴᠢᠭᠳᠠᠬᠤ ᠳᠤ ᠪᠠᠨ 《 ᠱᠠᠭᠠᠵᠠᠭᠠᠢ ᠮᠢᠨᠢ ᠱᠠᠭ ᠱᠠᠭ ! 》 ᠭᠡᠵᠦ ᠳᠠᠭᠤᠳᠠᠭᠰᠠᠨ ᠳᠤ ᠳᠣᠣᠷ᠎ᠠ ᠪᠠᠨ ᠬᠦᠷᠦᠭᠡᠳ ᠢᠷᠡᠵᠡᠢ ᠃ ᠱᠠᠭᠠᠵᠠᠭᠠᠢ ᠣᠴᠢᠷ ᠢ ᠨᠢ ᠰᠣᠨᠣᠰᠤᠭᠰᠠᠨ ᠢᠶ᠋ᠠᠨ ᠲᠠᠲᠠᠨ ᠳᠤ ᠨᠢᠭᠡ ᠰᠢᠳᠠᠮ ᠥᠭᠭᠦᠭᠡᠳ ᠄ 《 ᠡᠭᠦᠨ ᠢ ᠬᠠᠷᠭᠢᠰ ᠨᠣᠶᠠᠨ ᠤ ᠳᠤ ᠠᠪᠤᠭᠠᠳ ᠣᠴᠢ ᠃ ᠰᠢᠳᠠᠮ ᠢᠶ᠋ᠠᠨ ᠬᠠᠭᠠᠯᠭᠠᠨ ᠤ ᠬᠢᠨᠢ ᠬᠠᠵᠠᠭᠤ ᠳᠦ ᠲᠠᠯᠪᠢᠭᠠᠳ < ᠰᠢᠲᠠᠮ ᠮᠢᠨᠢ ᠲᠢᠱ ᠲᠢᠱ > ᠭᠡᠵᠦ ᠬᠡᠯᠡᠭᠡᠷᠡᠢ 》ᠭᠡᠪᠡ ᠃ ᠡᠪᠦᠭᠡᠨ ᠵᠠᠬᠢᠭᠰᠠᠨ ᠶᠣᠰᠣᠭᠠᠷ ᠨᠢ ᠬᠢᠪᠠ ᠃ ᠲᠡᠭᠡᠬᠦ ᠳᠤ ᠬᠠᠷᠭᠢᠰ ᠨᠣᠶᠠᠨ ᠪᠠᠰᠠ ᠯᠠ ᠰᠠᠶ᠋ᠢᠨ ᠶᠠᠭᠤᠮ᠎ᠠ ᠪᠠᠶ᠋ᠢᠬ᠎ᠠ ᠭᠡᠵᠦ ᠪᠣᠳᠣᠵᠠᠢ ᠃《 ᠰᠢᠳᠠᠮ ᠮᠢᠨᠢ ᠲᠢᠱ ᠲᠢᠱ 》 ᠭᠡᠰᠡᠨ ᠳᠤ ᠥᠨᠥᠬᠢ ᠰᠢᠳᠠᠮ ᠨᠢ ᠭᠡᠨᠡᠳᠲᠡ ᠬᠡᠢ ᠡᠷᠭᠢᠯᠳᠦᠨ ᠪᠣᠰᠴᠤ ᠢᠷᠡᠭᠡᠳ ᠬᠠᠷᠭᠢᠰ ᠨᠣᠶᠠᠨ ᠢ ᠰᠢᠳᠠᠮᠳᠠᠵᠠᠢ ᠃ ᠨᠣᠶᠠᠨ ᠳᠤᠲᠠᠭᠠᠬᠤ ᠳᠤ ᠰᠢᠳᠠᠮ ᠨᠡᠬᠡᠵᠦ ᠣᠴᠢᠭᠠᠳ ᠵᠣᠳᠣᠭᠠᠳ ᠯᠠ ᠪᠠᠶ᠋ᠢᠵᠠᠢ ᠭᠡᠨ᠎ᠡ ᠃ ᠬᠠᠷᠭᠢᠰ ᠨᠣᠶᠠᠨ ᠤ ᠰᠢᠳᠦ ᠨᠢ ᠪᠤᠯᠭᠤᠷᠠᠪᠠ ᠂ ᠴᠢᠬᠢ ᠨᠢ ᠰᠠᠳᠠᠷᠠᠪᠠ ᠂ ᠪᠥᠭᠰᠡ ᠨᠢ ᠬᠠᠪᠤᠳᠪᠠ ᠃ ᠬᠠᠷᠭᠢᠰ ᠨᠣᠶᠠᠨ ᠠᠷᠭ᠎ᠠ ᠪᠤᠰᠤ ᠬᠦᠷᠡᠭᠴᠢ ᠦᠨᠢᠶ᠎ᠡ ᠶ᠋ᠢ ᠨᠢ ᠡᠪᠦᠭᠡᠨ ᠡᠮᠡᠭᠡᠨ ᠳᠤ ᠪᠤᠴᠠᠭᠠᠵᠤ ᠥᠭᠭᠦᠭᠰᠡᠨ ᠳᠤ ᠲᠡᠷᠡ ᠰᠢᠳᠠᠮ ᠰᠠᠶᠢ ᠵᠣᠳᠣᠬᠤ ᠪᠠᠨ ᠪᠣᠯᠢᠵᠤ ᠭᠡᠨ᠎ᠡ ᠃
