ᠡᠷᠢᠶᠡᠨ ᠪᠣᠭᠴᠣЭрээн богц
ᠡᠷᠢᠶᠡᠨ ᠪᠣᠭᠴᠣ
ᠡᠵᠢ ᠶᠢᠨ
ᠮᠢᠨᠢ ᠬᠦᠰᠡᠯ ᠰᠢᠩᠭᠡᠭᠰᠡᠨ
ᠠᠪᠤ ᠶᠢᠨ
ᠮᠢᠨᠢ ᠢᠷᠦᠭᠡᠯ ᠲᠣᠭᠲᠠᠭᠰᠠᠨ
ᠡᠷᠢᠶᠡᠨ
ᠪᠣᠭᠴᠣ ᠪᠠᠨ ᠪᠢ ᠬᠠᠢᠷᠠᠯᠠᠨ᠎ᠠ
ᠡᠷᠳᠡᠮ
ᠰᠤᠷᠬᠤ ᠳᠤ ᠪᠠᠨ ᠡᠭᠦᠷᠦᠭᠡᠳ ᠶᠠᠪᠤᠨ᠎ᠠ ᠃
ᠣᠢ
ᠤᠬᠠᠭᠠᠨ ᠢ ᠮᠢᠨᠢ ᠨᠡᠭᠡᠭᠡᠭᠰᠡᠨ
ᠣᠶᠤᠨ
ᠪᠢᠯᠢᠭ ᠢ ᠮᠢᠨᠢ ᠬᠤᠷᠴᠠᠯᠠᠭᠰᠠᠨ
ᠡᠷᠢᠶᠡᠨ
ᠪᠣᠭᠴᠣ ᠪᠠᠨ ᠪᠢ ᠬᠠᠢᠷᠠᠯᠠᠨ᠎ᠠ
ᠡᠷᠳᠡᠮ
ᠰᠤᠷᠬᠤ ᠳᠤ ᠪᠠᠨ ᠡᠭᠦᠷᠦᠭᠡᠳ ᠶᠠᠪᠤᠨ᠎ᠠ ᠃
ᠪᠠᠭᠰᠢ ᠶᠢᠨ
ᠮᠢᠨᠢ ᠬᠦᠰᠡᠯ ᠢ ᠬᠠᠳᠠᠭᠠᠯᠠᠭᠰᠠᠨ
ᠪᠢᠴᠢᠭ ᠤᠨ
ᠮᠢᠨᠢ ᠬᠡᠷᠡᠭᠰᠡᠯ ᠢ ᠰᠠᠪᠠᠯᠠᠭᠰᠠᠨ
ᠡᠷᠢᠶᠡᠨ
ᠪᠣᠭᠴᠣ ᠪᠠᠨ ᠪᠢ ᠬᠠᠢᠷᠠᠯᠠᠨ᠎ᠠ
ᠡᠷᠳᠡᠮ
ᠰᠤᠷᠬᠤ ᠳᠤ ᠪᠠᠨ ᠡᠭᠦᠷᠦᠭᠡᠳ ᠶᠠᠪᠤᠨ᠎ᠠ ᠃
