ᠠᠪᠲᠠᠢ ᠬᠠᠨАбтай хан
ᠵᠠᠯᠠᠢᠷ ᠤᠨ ᠬᠤᠩ
ᠲᠠᠢᠵᠢ ᠶ᠋ᠢᠨ ᠭᠤᠲᠤᠭᠠᠷ ᠬᠥᠪᠡᠭᠦᠨ ᠤᠬᠤᠨᠤᠬᠤ ᠦᠢᠵᠡᠩ ᠨᠣᠶᠠᠨ ᠤ ᠣᠲᠤᠭ ᠰᠡᠯᠡᠩᠭᠡ ᠮᠥᠷᠦᠨᠡ ᠪᠦᠬᠦᠢ ᠳᠤᠷ
᠄ ᠮᠣᠳᠤᠨ ᠪᠠᠷᠰ ᠵᠢᠯ ᠳᠤᠷ ᠡᠴᠡᠩᠬᠡᠨ ᠵᠣᠷᠢᠭᠲᠤ ᠬᠠᠲᠤᠨ ᠡᠴᠡ ᠨᠢᠭᠡᠨ ᠬᠡᠦᠬᠡᠨ ᠨᠢᠷᠠᠢᠯᠠᠪᠠᠰᠤ ᠬᠣᠮᠤᠬᠤᠢ
ᠬᠤᠷᠤᠭᠤᠨ ᠠᠨᠤ ᠬᠠᠷ᠎ᠠ ᠴᠢᠰᠤᠲᠠᠢ ᠲᠥᠷᠦᠭᠰᠡᠨ ᠪᠤᠶᠤ ᠄ ᠨᠢᠷᠠᠢ ᠶᠢ ᠠᠨᠤ ᠠᠪᠠᠲᠠᠢ ᠬᠡᠮᠡᠨ ᠨᠡᠷᠡᠢᠳᠪᠡᠢ ᠄
ᠲᠡᠨᠳᠡ ᠡᠴᠡ ᠠᠷᠪᠠᠨ ᠳᠥᠷᠪᠡᠨ ᠨᠠᠰᠤᠨ ᠡᠴᠡ ᠪᠠᠨ ᠬᠣᠷᠢᠨ ᠳᠣᠯᠤᠭᠠᠨ ᠬᠦᠷᠲᠡᠯ᠎ᠡ ᠦᠷᠭᠦᠯᠵᠢᠳᠡ ᠳᠠᠢᠰᠤᠨ ᠤ
ᠦᠢᠯᠡ ᠦᠢᠯᠡᠯᠡᠳᠴᠦ ᠄ ᠬᠠᠷᠢ ᠳᠠᠢᠰᠤᠨ ᠢ ᠥᠪᠡᠷ ᠤᠨ ᠡᠷᠬᠡ ᠳᠤᠷ ᠢᠶᠡᠨ ᠣᠷᠤᠭᠤᠯᠵᠤ ᠄ ᠬᠠᠮᠤᠭ ᠠᠬ᠎ᠠ
ᠳᠡᠭᠦᠦᠰ ᠢᠶᠡᠨ ᠥᠪᠡᠷ ᠡᠴᠡ ᠢᠯᠭᠠᠯ ᠦᠭᠡᠢ ᠲᠡᠳᠬᠦᠵᠦ ᠄ ᠬᠠᠮᠤᠭ ᠠᠬᠢ ᠲᠦᠰᠢᠶᠡᠲᠦ ᠬᠠᠭᠠᠨ ᠬᠡᠮᠡᠨ ᠴᠣᠯᠤ
ᠡᠷᠭᠦᠭᠳᠡᠵᠦ ᠶᠡᠬᠡᠳᠡ ᠠᠯᠳᠠᠷᠰᠢᠪᠠᠢ ᠅
ᠬᠠᠯᠬ᠎ᠠ ᠶ᠋ᠢᠨ
ᠠᠪᠲᠠᠢ ᠬᠠᠨ ᠨᠢᠭᠡᠨ ᠤᠳᠠᠭ᠎ᠠ ᠬᠡᠷᠦᠯᠦᠨ ᠤ ᠡᠬᠢ ᠬᠡᠨᠲᠡᠢ ᠨᠢᠷᠤᠭᠤᠨ ᠳᠤ ᠠᠪᠠ ᠬᠣᠮᠣᠷᠭ᠎ᠠ ᠬᠢᠵᠦ᠂ ᠣᠯᠠᠨ
ᠬᠠᠨᠳᠠᠭᠠᠢ ᠠᠩᠨᠠᠵᠠᠢ᠃ ᠲᠡᠷᠡ ᠰᠥᠨᠢ ᠳᠤ ᠪᠡᠨ ᠬᠠᠷ᠎ᠠ ᠳᠠᠷᠤᠵᠤ᠂ ᠥᠷᠭᠦᠭᠡᠨ ᠳᠤ ᠨᠢ ᠪᠠᠭᠠᠪᠠᠭᠠᠢ ᠣᠷᠣᠵᠤ
ᠢᠷᠡᠭᠡᠳ ᠥᠪᠡᠷ ᠢ ᠨᠢ ᠨᠤᠬᠤᠵᠤ ᠪᠠᠢᠨ᠎ᠡ ᠭᠡᠵᠦ ᠵᠡᠭᠦᠳᠦᠯᠡᠵᠡᠢ᠃ ᠥᠷᠯᠥᠭᠡ ᠨᠢ 《ᠪᠢ ᠮᠠᠰᠢ ᠣᠯᠠᠨ ᠠᠮᠢᠲᠠᠨ
ᠬᠥᠨᠥᠭᠡᠭᠰᠡᠨ ᠡᠴᠡ ᠠᠭᠤᠯᠠ ᠶ᠋ᠢᠨ ᠰᠠᠪᠳᠠᠭ ᠤᠳ ᠬᠢᠯᠢᠩᠨᠡᠭᠰᠡᠨ ᠪᠤᠶᠤ》 ᠬᠡᠮᠡᠭᠡᠳ ᠶᠠᠭ ᠠᠮᠢᠳᠤ ᠮᠣᠷᠢᠨ ᠤ ᠬᠡᠮᠵᠢᠶ᠎ᠡ ᠲᠡᠢ ᠮᠥᠩᠭᠥᠨ ᠮᠣᠷᠢ ᠬᠢᠯᠭᠡᠵᠦ᠂
ᠬᠡᠷᠦᠯᠦᠨ ᠮᠥᠷᠡᠨ ᠤ ᠪᠠᠷᠠᠭᠤᠨ ᠡᠷᠭᠢ ᠳᠤ᠂ ᠠᠭᠤᠯᠠ ᠶ᠋ᠢᠨ ᠣᠷᠣᠢ ᠳᠤ ᠵᠠᠯᠠᠭᠰᠠᠨ ᠪᠠᠢᠨ᠎ᠡ᠃ ᠲᠡᠷᠡ ᠴᠠᠭ
ᠡᠴᠡ ᠮᠥᠨᠥᠬᠢ ᠠᠭᠤᠯᠠ ᠶᠢ ᠮᠥᠩᠭᠥᠨ ᠮᠣᠷᠢᠲᠤ ᠭᠡᠵᠦ ᠨᠡᠷᠡᠢᠳᠬᠦ ᠪᠣᠯᠵᠠᠢ᠃ ᠠᠪᠲᠠᠢ ᠬᠠᠨ 1570᠍ ᠊ᠭᠠᠳ ᠣᠨ ᠤ ᠦᠶ᠎ᠡ ᠳᠤ ᠲᠦᠮᠡᠳ ᠤᠨ
ᠠᠯᠲᠠᠨ ᠬᠠᠨ ᠭᠤᠷᠪᠠᠳᠤᠭᠠᠷ ᠳᠠᠯᠠᠢ ᠯᠠᠮᠠ ᠰᠣᠳᠨᠠᠮᠵᠠᠮᠴᠤ ᠯᠤᠭ᠎ᠠ ᠠᠭᠤᠯᠵᠠᠯᠳᠤᠭᠰᠠᠨ ᠢ ᠳᠠᠭᠤᠯᠠᠭᠠᠳ 《ᠲᠡᠭᠦᠨ ᠲᠡᠢ ᠣᠴᠢᠵᠤ ᠠᠭᠤᠯᠵᠠᠰᠤᠭᠠᠢ᠃ ᠪᠢᠳᠡᠨ ᠳᠤ ᠲᠠᠭᠠᠲᠠᠢ ᠪᠤᠰᠤ ᠠᠪᠠᠰᠤ ᠪᠢᠳᠡ ᠳᠠᠢᠲᠤᠨᠡ》
ᠭᠡᠵᠦ ᠦᠭᠦᠯᠡᠵᠡᠢ᠃ ᠵᠠᠷᠢᠮ ᠡᠬᠢ ᠰᠤᠷᠪᠤᠯᠵᠢ ᠠᠪᠲᠠᠢ ᠬᠠᠨ ᠢ
ᠰᠣᠳᠨᠠᠮᠵᠠᠮᠴᠤ ᠲᠠᠢ 1577 ᠣᠨ ᠳᠤ
ᠠᠭᠤᠯᠵᠠᠭᠰᠠᠨ ᠭᠡᠬᠦ᠂ ᠵᠠᠷᠢᠮ ᠡᠬᠢ ᠰᠤᠷᠪᠤᠯᠵᠢ 1580 ᠣᠨ ᠤ ᠦᠶ᠎ᠡ ᠳᠤ ᠠᠭᠤᠯᠵᠠᠭᠰᠠᠨ ᠭᠡᠳᠡᠭ ᠪᠠᠢᠨ᠎ᠡ᠃ ᠴᠠᠭᠠᠨ ᠯᠢᠩᠬᠤ᠎ᠠ ᠶ᠋ᠢᠨ
ᠡᠷᠢᠬᠡ ᠰᠤᠳᠤᠷ ᠲᠤ ᠲᠡᠳᠡᠨ ᠢ ᠰᠤᠭ ᠨᠤᠲᠤᠭ ᠪᠤᠶᠤ ᠬᠥᠬᠡ ᠨᠠᠭᠤᠷ (ᠴᠢᠨᠢᠬᠠᠢ) ᠣᠷᠴᠢᠮ ᠳᠤ ᠠᠭᠤᠯᠵᠠᠭᠰᠠᠨ
ᠭᠡᠳᠡᠭ ᠪᠠᠢᠨ᠎ᠡ᠃ ᠠᠩᠬ᠎ᠠ ᠤᠴᠠᠷᠠᠭᠰᠠᠨ ᠡᠳᠦᠷ ᠨᠢ ᠲᠤᠬᠠᠢ ᠶ᠋ᠢᠨ ᠰᠠᠷ᠎ᠠ ᠶ᠋ᠢᠨ ᠪᠢᠲᠡᠭᠦᠨ ᠤ ᠡᠳᠦᠷ ᠪᠠᠢᠭᠰᠠᠨ ᠢᠶᠠᠷ
ᠠᠪᠲᠠᠢ ᠬᠠᠨ ᠳᠠᠯᠠᠢ ᠯᠠᠮᠠ ᠳᠤ ᠬᠠᠷ᠎ᠠ ᠬᠠᠳᠠᠭ ᠪᠠᠷᠢᠵᠠᠢ᠃ ᠮᠠᠷᠭᠠᠰᠢ ᠥᠷᠯᠥᠭᠡ ᠨᠢ ᠰᠢᠨ᠎ᠡ ᠶ᠋ᠢᠨ
ᠨᠢᠭᠡᠨ ᠳᠤ ᠴᠠᠭᠠᠨ ᠬᠠᠳᠠᠭ ᠪᠠᠷᠢᠵᠤ᠂ ᠬᠦᠨᠳᠦᠳᠬᠡᠭᠰᠡᠨ ᠭᠡᠨ᠎ᠡ᠃ ᠡᠭᠦᠨ ᠢ ᠳᠠᠯᠠᠢ ᠯᠠᠮᠠ
ᠰᠣᠳᠨᠠᠮᠵᠠᠮᠴᠤ 《ᠤᠷᠢᠳᠤ ᠲᠠᠨ ᠤ ᠦᠢᠯᠡᠳᠦᠭᠰᠡᠨ ᠠᠷᠪᠠᠨ ᠬᠠᠷ᠎ᠠ
ᠨᠢᠭᠦᠯ ᠠᠷᠢᠯᠵᠤ᠂ ᠡᠳᠦᠭᠡ ᠲᠠᠨ ᠤ ᠠᠷᠪᠠᠨ ᠴᠠᠭᠠᠨ ᠪᠤᠶᠠᠨ ᠳᠡᠯᠭᠡᠷᠡᠬᠦ ᠴᠠᠭ ᠪᠣᠯᠤᠯ᠎ᠡ》 ᠭᠡᠵᠦ ᠪᠡᠯᠭᠡᠰᠢᠶᠡᠵᠡᠢ᠃ ᠳᠠᠯᠠᠢ ᠯᠠᠮᠠ ᠠᠪᠲᠠᠢ ᠬᠠᠨ ᠳᠤ ᠪᠤᠷᠬᠠᠨ ᠪᠠᠭᠰᠢ ᠶ᠋ᠢᠨ
ᠳᠤᠷᠠᠰᠬᠠᠯᠲᠤ ᠵᠦᠢᠯ᠂ ᠰᠢᠲᠦᠭᠡᠨ ᠪᠠᠷᠢᠮᠠᠯ ᠬᠥᠷᠥᠭ ᠰᠣᠶᠣᠷᠬᠠᠭᠠᠳ᠂ 《ᠲᠠᠨ ᠤ ᠡᠵᠡᠮᠰᠢᠯ ᠨᠤᠲᠤᠭ ᠲᠤ ᠣᠷᠬᠣᠨ ᠭᠣᠣᠯ ᠭᠡᠳᠡᠭ ᠭᠠᠵᠠᠷ ᠪᠠᠢᠨ᠎ᠡ᠃ ᠲᠠ ᠲᠡᠨᠳᠡ
ᠥᠯᠵᠡᠢ ᠪᠡᠯᠭᠡ ᠲᠡᠢ ᠭᠠᠵᠠᠷ ᠣᠯᠵᠤ ᠰᠣᠩᠭᠣᠭᠠᠳ ᠳᠤᠭᠠᠩ ᠪᠠᠢᠭᠤᠯᠤᠭᠠᠷᠠᠢ》 ᠭᠡᠵᠦ ᠵᠠᠬᠢᠵᠠᠢ᠃ ᠬᠠᠷᠢᠨ ᠣᠷᠳᠣᠰ ᠤᠨ ᠰᠠᠭᠠᠨ ᠰᠡᠴᠡᠨ ᠬᠤᠩ ᠲᠠᠢᠵᠢ ᠶ᠋ᠢᠨ 1663 ᠣᠨ ᠳᠤ ᠵᠣᠬᠢᠶᠠᠭᠰᠠᠨ ᠡᠷᠳᠡᠨᠢ ᠶ᠋ᠢᠨ ᠲᠣᠪᠴᠢ
(УБ 1960) ᠬᠡᠮᠡᠬᠦ ᠲᠡᠦᠬᠡᠨ ᠳᠤ
ᠡᠨᠡ ᠠᠭᠤᠯᠵᠠᠯᠲᠠ ᠶ᠋ᠢᠨ ᠤᠯᠤᠰ ᠲᠥᠷᠥ ᠶ᠋ᠢᠨ ᠠᠭᠤᠯᠭ᠎ᠠ ᠶᠢ ᠲᠣᠪᠣᠢᠯᠭᠠᠨ ᠲᠡᠮᠳᠡᠭᠯᠡᠵᠡᠢ᠃ ᠬᠠᠯᠬ᠎ᠠ ᠶ᠋ᠢᠨ
ᠠᠪᠲᠠᠢ ᠭᠠᠯᠵᠠᠭᠤ ᠬᠡᠮᠡᠬᠦ ᠲᠠᠢᠵᠢ ᠮᠥᠷᠭᠥᠨ ᠢᠷᠡᠵᠦ ᠡᠳ᠋ ᠠᠭᠤᠷᠠᠰᠤ ᠶᠢ ᠪᠠᠷᠢᠭᠰᠠᠨ ᠳᠤ ᠬᠦᠰᠡᠭᠰᠡᠨ
ᠰᠡᠳᠬᠢᠯ ᠮᠡᠲᠦ ᠶᠢ ᠨᠢ ᠨᠣᠮ ᠢᠶᠠᠷ ᠭᠡᠢᠪᠡᠢ᠃ ᠲᠡᠷᠡ ᠬᠠᠭᠠᠨ ᠢ ᠡᠨᠡ 《ᠮᠢᠨᠦ ᠪᠤᠷᠬᠠᠨ ᠡᠴᠡ ᠨᠢᠭᠡᠨ ᠪᠤᠷᠬᠠᠨ ᠠᠪ》 ᠬᠡᠮᠡᠭᠰᠡᠨ ᠳᠤ
ᠸᠴᠢᠷᠪᠠᠨᠢ ᠶ᠋ᠢᠨ ᠬᠥᠷᠥᠭ ᠲᠣᠬᠢᠶᠠᠯᠳᠤᠵᠤ ᠲᠡᠭᠦᠨ ᠢ ᠠᠪᠤᠪᠠᠢ᠃ (274 ᠳᠤᠭᠡᠷ ᠲᠠᠯ᠎ᠡ) ᠲᠡᠨᠳᠡ ᠡᠴᠡ ᠬᠠᠷᠢᠬᠤᠢ ᠳᠤ ᠪᠠᠨ 《ᠨᠠᠳᠠ ᠳᠤ ᠨᠢᠭᠡᠨ ᠳᠡᠭᠡᠳᠦ ᠣᠴᠢᠷ ᠨᠡᠷ᠎ᠠ ᠲᠡᠢ ᠬᠠᠭᠠᠨ ᠴᠣᠯᠠ ᠰᠣᠶᠣᠷᠬ᠎ᠠ》
ᠬᠡᠮᠡᠨ ᠠᠢᠯᠠᠳᠬᠠᠭᠰᠠᠨ ᠳᠤ 《ᠲᠠᠨ ᠤ
ᠮᠣᠩᠭᠣᠯ ᠤᠨ ᠲᠥᠷᠥ ᠳᠤ ᠬᠠᠷᠰᠢ ᠪᠣᠯᠤᠭᠤᠵᠢᠨ》 ᠬᠡᠮᠡᠪᠡᠰᠦ
ᠨᠡᠬᠡᠵᠦ ᠳᠠᠬᠢᠨ ᠠᠢᠯᠠᠳᠬᠠᠭᠰᠠᠨ ᠳᠤ ᠳᠠᠯᠠᠢ ᠯᠠᠮᠠ ᠣᠴᠢᠷᠠᠢ ᠬᠠᠭᠠᠨ ᠬᠡᠮᠡᠨ ᠴᠣᠯᠠ ᠥᠭᠴᠦᠬᠦᠢ᠃ (275 ᠳᠤᠭᠡᠷ ᠲᠠᠯ᠎ᠡ)
ᠡᠷᠳᠡᠨᠢᠵᠤᠤ ᠬᠡᠢᠳ ᠢ ᠡᠭᠦᠰᠬᠡᠭᠰᠡᠨ ᠨᠢ
ᠠᠪᠲᠠᠢ
ᠬᠠᠨ ᠡᠷᠲᠡᠨ ᠤ ᠬᠠᠷᠠᠬᠣᠷᠣᠮ ᠬᠣᠲᠠ ᠶ᠋ᠢᠨ ᠲᠤᠭᠤᠷᠢᠨ ᠳᠡᠭᠡᠷ᠎ᠠ ᠳᠤᠭᠠᠩ ᠪᠠᠢᠭᠤᠯᠵᠤ᠂ ᠳᠠᠯᠠᠢ ᠯᠠᠮᠠ ᠶ᠋ᠢᠨ
ᠰᠣᠶᠣᠷᠬᠠᠭᠰᠠᠨ ᠳᠤᠷᠠᠰᠬᠠᠯᠲᠤ ᠰᠢᠲᠦᠭᠡᠨ ᠢ ᠵᠠᠯᠠᠬᠤ ᠪᠠᠷ ᠭᠠᠵᠠᠷ ᠰᠣᠩᠭᠣᠵᠠᠢ᠃ ᠲᠡᠷᠡ ᠪᠡᠷ 1585 ᠣᠨ ᠳᠤ ᠬᠥᠬᠡ
ᠬᠣᠲᠠ ᠡᠴᠡ ᠰᠦᠮ᠎ᠡ ᠪᠠᠢᠭᠤᠯᠬᠤ ᠳᠤ ᠲᠤᠰᠠᠯᠠᠭᠤᠯᠬᠤ ᠪᠠᠷ ᠬᠤᠸᠠᠷᠠᠭ ᠤᠷᠢᠵᠤ ᠢᠷᠡᠭᠦᠯᠵᠡᠢ᠃ ᠭᠡᠬᠦ ᠳᠤ ᠪᠡᠨ
ᠲᠡᠷᠡ ᠨᠢ ᠭᠡᠯᠦᠭᠫᠠ ᠶᠣᠰᠣᠨ ᠤ ᠬᠤᠸᠠᠷᠠᠭ ᠪᠢᠰᠢ ᠬᠠᠷᠢᠨ ᠰᠠᠵᠢ ᠶ᠋ᠢᠨ ᠶᠣᠰᠣᠨ ᠤ ᠬᠤᠸᠠᠷᠠᠭ ᠪᠠᠢᠵᠠᠢ᠃
ᠡᠷᠳᠡᠨᠢᠵᠤᠤ ᠬᠡᠢᠳ ᠤᠨ ᠠᠩᠬᠠᠨ ᠤ ᠰᠦᠮ᠎ᠡ ᠪᠣᠯᠬᠤ ᠲᠡᠷᠡ ᠳᠤᠭᠠᠩ ᠢ 1586 ᠣᠨ ᠳᠤ ᠪᠠᠷᠢᠵᠤ ᠳᠠᠭᠤᠰᠤᠭᠰᠠᠨ ᠳᠤ ᠲᠡᠷᠬᠡᠦ ᠰᠠᠵᠢ ᠶ᠋ᠢᠨ
ᠬᠤᠸᠠᠷᠠᠭ 《ᠳᠠᠯᠠᠢ ᠯᠠᠮᠠ ᠬᠡᠮᠡᠬᠦ ᠢᠨᠦ ᠵᠠᠨᠷᠠᠢᠰᠢᠭ ᠪᠣᠸᠠᠳᠾᠢᠰᠠᠲ ᠯᠢᠩᠬᠤ᠎ᠠ ᠶ᠋ᠢᠨ
ᠬᠤᠪᠢᠯᠭᠠᠨ᠂ ᠬᠠᠮᠤᠭ ᠡᠴᠡ ᠭᠠᠢᠬᠠᠮᠰᠢᠭᠲᠤ ᠭᠡᠭᠡᠨ ᠸᠴᠢᠷᠳᠠᠷ᠎ᠠ ᠯᠠᠮᠠ ᠪᠢᠯᠡ》 ᠬᠡᠮᠡᠵᠡᠢ᠃ ᠲᠡᠭᠦᠨ ᠡᠴᠡ ᠬᠣᠢᠰᠢ
ᠠᠪᠲᠠᠢ ᠬᠠᠨ ᠳᠠᠬᠢᠨ ᠳᠠᠯᠠᠢ ᠯᠠᠮᠠ ᠳᠤ ᠪᠠᠷᠠᠭᠠᠯᠬᠠᠬᠤ ᠪᠠᠷ ᠮᠣᠷᠳᠠᠭᠰᠠᠨ ᠪᠠᠢᠨ᠎ᠡ᠃ ᠠᠪᠲᠠᠢ ᠬᠠᠨ
ᠪᠣᠯᠤᠨ ᠲᠡᠭᠦᠨ ᠤ ᠪᠠᠷ᠎ᠠ ᠪᠣᠯᠤᠭᠴᠢᠳ ᠤᠨ ᠵᠠᠮ ᠳᠤ ᠨᠤᠲᠤᠭ ᠤᠨ ᠬᠦᠮᠦᠰ ᠤᠴᠠᠷᠠᠵᠤ ᠬᠠᠷᠪᠤᠯᠴᠠᠭᠠᠳ
ᠵᠢᠭᠤᠲᠠᠭᠰᠠᠨ ᠪᠠᠢᠨ᠎ᠡ᠃ ᠲᠡᠳᠡ ᠳᠠᠯᠠᠢ ᠯᠠᠮᠠ ᠰᠣᠳᠨᠠᠮᠵᠠᠮᠴᠤ ᠳᠡᠭᠡᠷ᠎ᠠ ᠣᠴᠢᠭᠠᠳ 《ᠬᠠᠯᠬ᠎ᠠ ᠶ᠋ᠢᠨ ᠠᠪᠲᠠᠢ ᠬᠠᠭᠠᠨ ᠭᠡᠳᠡᠭ ᠬᠦᠮᠦᠨ ᠪᠢᠳᠡᠨ ᠢ ᠬᠠᠷᠪᠤᠵᠤ
ᠰᠢᠷᠬᠠᠲᠤᠭᠤᠯᠤᠯᠡ》 ᠭᠡᠵᠦ ᠭᠣᠮᠣᠳᠠᠯᠯᠠᠵᠠᠢ᠃ ᠳᠠᠯᠠᠢ ᠯᠠᠮᠠ 《ᠲᠡᠷᠡ ᠠᠪᠲᠠᠢ ᠬᠠᠭᠠᠨ ᠬᠡᠮᠡᠬᠦ ᠨᠢ ᠸᠴᠢᠷᠪᠠᠨᠢ ᠶ᠋ᠢᠨ ᠬᠤᠪᠢᠯᠭᠠᠨ ᠤᠴᠢᠷ ᠡᠴᠡ
ᠲᠡᠭᠦᠨ ᠳᠤ ᠪᠤᠤ ᠬᠣᠣᠷ ᠬᠦᠷᠭᠡ》 ᠭᠡᠵᠡᠢ᠃ ᠳᠠᠯᠠᠢ ᠯᠠᠮᠠ ᠠᠪᠲᠠᠢ
ᠬᠠᠨ ᠢ ᠤᠭᠲᠤᠬᠤ ᠡᠯᠴᠢ ᠲᠥᠯᠥᠭᠡᠯᠡᠭᠴᠢᠳ ᠢ ᠢᠯᠡᠭᠡᠭᠰᠡᠨ ᠪᠣᠯᠪᠠᠴᠤ ᠠᠪᠲᠠᠢ ᠬᠠᠨ ᠲᠡᠳᠡᠨ ᠢ ᠦᠯᠦ ᠬᠠᠢᠬᠤᠷᠠᠵᠤ
ᠰᠢᠭᠤᠳ ᠳᠠᠯᠠᠢ ᠯᠠᠮᠠ ᠶ᠋ᠢᠨ ᠵᠦᠭ ᠵᠠᠯᠠᠷᠠᠵᠠᠢ᠃ ᠳᠠᠯᠠᠢ ᠯᠠᠮᠠ ᠲᠥᠪᠡᠳ ᠡᠯᠴᠢ ᠨᠠᠷ ᠤᠨ ᠢᠶᠠᠨ
ᠠᠭᠠᠯᠠᠭᠴᠢ ᠳᠤ 《ᠲᠠ ᠨᠠᠷ ᠢ ᠠᠪᠲᠠᠢ ᠬᠠᠨ ᠤ ᠰᠦᠷ ᠲᠦ
ᠳᠠᠷᠤᠭᠳᠠᠨ ᠪᠤᠴᠠᠵᠤ ᠢᠷᠡᠬᠦ ᠳᠤ ᠪᠢ ᠬᠦᠷᠲᠡᠯ᠎ᠡ ᠶᠡᠬᠡ ᠠᠶᠤᠭᠰᠠᠨ ᠰᠢᠦ》 ᠭᠡᠵᠡᠢ᠃
ᠠᠪᠲᠠᠢ
ᠬᠠᠨ ᠳᠠᠯᠠᠢ ᠯᠠᠮᠠ ᠰᠣᠳᠨᠠᠮᠵᠠᠮᠴᠤ ᠳᠤ ᠬᠦᠨᠳᠦ ᠲᠡᠢ ᠪᠡᠯᠡᠭ ᠠᠷᠪᠢᠨ ᠶᠡᠬᠡ ᠶᠢ ᠪᠠᠷᠢᠭᠠᠳ 《ᠲᠠᠨ ᠤ ᠵᠠᠬᠢᠭᠰᠠᠨ ᠢᠶᠠᠷ
ᠪᠢ ᠬᠠᠯᠬ᠎ᠠ ᠳᠤ ᠰᠦᠮ᠎ᠡ ᠪᠠᠷᠢᠭᠤᠯᠤᠯᠡ᠃ ᠡᠳᠦᠭᠡ ᠲᠠ ᠡᠴᠢᠵᠦ ᠰᠦᠮ᠎ᠡ ᠶᠢ ᠠᠷᠢᠭᠤᠰᠬᠠᠵᠤ ᠠᠳᠢᠰᠯᠠᠵᠤ
ᠠᠵᠢᠶᠠᠮᠤ》 ᠭᠡᠵᠡᠢ᠃ ᠳᠠᠯᠠᠢ ᠯᠠᠮᠠ ᠨᠠᠰᠤ ᠳᠡᠭᠡᠷ᠎ᠠ ᠭᠠᠷᠤᠭᠰᠠᠨ
ᠲᠤᠯᠠ ᠣᠴᠢᠵᠤ ᠴᠢᠳᠠᠬᠤ ᠦᠭᠡᠢ᠂ 《ᠬᠠᠷᠢᠨ ᠠᠪᠲᠠᠢ ᠬᠠᠨ ᠲᠠ ᠰᠦᠮ᠎ᠡ ᠪᠡᠨ
ᠠᠳᠢᠰᠯᠠᠬᠤ ᠡᠳᠦᠷ ᠢᠶᠡᠨ ᠲᠣᠪᠯᠠᠭᠠᠳ ᠬᠠᠷᠢᠵᠤ ᠪᠠᠢ᠃ ᠪᠢ ᠲᠡᠷᠡ ᠡᠳᠦᠷ ᠨᠢ ᠠᠯᠢ ᠪᠠᠢᠭ᠎ᠠ
ᠭᠠᠵᠠᠷ ᠠᠴᠠ ᠪᠠᠨ ᠵᠢᠨᠯᠠᠪᠯᠠᠶᠡ》 ᠭᠡᠵᠡᠢ᠃ ᠲᠡᠷᠡ ᠵᠢᠯ ᠳᠠᠯᠠᠢ ᠯᠠᠮᠠ
ᠬᠥᠬᠡ ᠬᠣᠲᠠ ᠳᠤ ᠵᠠᠯᠠᠷᠠᠵᠤ ᠰᠤᠷᠭᠠᠯ ᠲᠠᠯᠪᠢᠵᠤ ᠪᠠᠢᠵᠠᠢ᠃ ᠠᠪᠲᠠᠢ ᠬᠠᠨ 《ᠳᠡᠭᠡᠳᠦ ᠶ᠋ᠢᠨ ᠨᠣᠮ ᠢ ᠳᠡᠯᠭᠡᠷᠡᠭᠦᠯᠵᠦ ᠴᠢᠳᠠᠬᠤ ᠰᠠᠢᠨ ᠯᠠᠮᠠ ᠵᠢᠭᠠᠵᠤ ᠥᠭᠭᠦᠨ᠎ᠡ
ᠦ᠋ᠦ》 ᠭᠡᠵᠦ ᠠᠢᠯᠠᠳᠬᠠᠵᠠᠢ᠃ ᠳᠠᠯᠠᠢ ᠯᠠᠮᠠ ᠠᠪᠲᠠᠢ ᠬᠠᠨ ᠢ 《ᠲᠠ ᠥᠪᠡᠷ ᠢᠶᠡᠨ ᠬᠤᠸᠠᠷᠠᠭ ᠤᠳ ᠲᠠᠢ ᠶᠠᠷᠢᠯᠴᠠᠭᠠᠳ ᠰᠣᠩᠭᠣᠵᠤ ᠠᠪᠤᠭᠠᠳ ᠶᠠᠪᠤ》
ᠭᠡᠵᠡᠢ᠃
ᠨᠣᠮ ᠤᠨ ᠪᠠᠭᠰᠢ ᠶ᠋ᠢᠨ ᠡᠷᠢᠯ ᠳᠤ
ᠲᠡᠨᠳᠡ ᠡᠴᠡ
ᠠᠪᠲᠠᠢ ᠬᠠᠨ ᠬᠠᠯᠬ᠎ᠠ ᠳᠤ ᠱᠠᠰᠢᠨ ᠳᠡᠯᠭᠡᠷᠡᠭᠦᠯᠬᠦ ᠪᠠᠭᠰᠢ ᠯᠠᠮᠠ ᠣᠯᠬᠤ ᠪᠠᠷ ᠰᠢᠭᠤᠳ ᡀᠠᠰᠠ ᠬᠣᠲᠠ ᠶᠢ ᠵᠣᠷᠢᠭᠰᠠᠨ ᠠᠵᠢ᠃
ᠠᠪᠲᠠᠢ ᠬᠠᠨ ᡀᠠᠰᠠ ᠳᠤ ᠣᠴᠢᠭᠠᠳ ᠨᠢᠭᠡᠨ ᠳᠤᠭᠠᠩ ᠳᠤ ᠣᠷᠣᠭᠠᠳ ᠡᠩᠨᠡᠨ ᠰᠠᠭᠤᠭᠰᠠᠨ ᠬᠤᠸᠠᠷᠠᠭ ᠤᠳ ᠤᠨ
ᠬᠠᠮᠤᠭ ᠤᠨ ᠴᠠᠭᠠᠨ᠎ᠡ ᠪᠠᠢᠭ᠎ᠠ ᠨᠢᠭᠡᠨ ᠯᠠᠮᠠ ᠶᠢ ᠬᠠᠷᠠᠭᠠᠳ ᠰᠡᠳᠬᠢᠯ ᠨᠢ ᠮᠠᠰᠢᠳᠠ ᠲᠠᠲᠠᠭᠳᠠᠭᠰᠠᠨ ᠭᠡᠨ᠎ᠡ᠃
ᠠᠪᠲᠠᠢ ᠲᠡᠷᠡ ᠯᠠᠮᠠ ᠤᠷᠤᠭᠤ ᠣᠴᠢᠭᠠᠳ 《ᠲᠠ ᠬᠠᠯᠬ᠎ᠠ ᠳᠤ ᠣᠴᠢᠵᠤ ᠳᠡᠭᠡᠳᠦ ᠶ᠋ᠢᠨ ᠨᠣᠮ ᠵᠢᠭᠠᠵᠤ ᠥᠭᠭᠦᠭᠡᠴᠢ》 ᠭᠡᠵᠡᠢ᠃ ᠭᠡᠲᠡᠯ᠎ᠡ ᠲᠡᠷᠡ ᠯᠠᠮᠠ 《ᠪᠢ ᠡᠨᠡ
ᠨᠠᠰᠤᠨ ᠳᠤ ᠪᠠᠨ ᠣᠴᠢᠵᠤ ᠠᠮᠵᠢᠬᠤ ᠤᠢᠭᠡᠢ᠃ ᠬᠣᠢᠳᠤ ᠨᠠᠰᠤᠨ ᠳᠤ ᠪᠠᠨ ᠣᠴᠢᠶᠡ》 ᠭᠡᠵᠡᠢ᠃ ᠲᠡᠷᠡ ᠨᠢ ᠵᠣᠨᠠᠩ (Jonang) ᠶᠣᠰᠣᠨ ᠤ ᠳᠠᠷᠠᠨᠠᠲᠾᠠ (Taranatha) ᠯᠠᠮᠠ ᠪᠠᠢᠭᠰᠠᠨ ᠭᠡᠳᠡᠭ᠃ ᠭᠡᠲᠡᠯ᠎ᠡ ᠡᠨᠡ ᠦᠢᠯᠡ ᠶᠠᠪᠤᠳᠠᠯ
ᠴᠠᠭ ᠬᠤᠭᠤᠴᠠᠭᠠᠨ ᠤ ᠬᠤᠪᠢ ᠳᠤ ᠲᠡᠳᠦᠢᠯᠡᠨ ᠲᠠᠭᠠᠷᠠᠳᠠᠭ ᠦᠭᠡᠢ᠃ ᠤᠴᠢᠷ ᠨᠢ ᠳᠠᠷᠠᠨᠠᠲᠾᠠ 1575 ᠣᠨ ᠤ ᠦᠶ᠎ᠡ ᠳᠤ
ᠮᠡᠨᠳᠦᠯᠡᠭᠰᠡᠨ ᠲᠤᠯᠠ ᠠᠪᠲᠠᠢ ᠬᠠᠨ ᠢ 1586 ᠣᠨ ᠳᠤ ᡀᠠᠰᠠ ᠳᠤ ᠣᠴᠢᠬᠤ ᠳᠤ ᠬᠡᠦᠬᠡᠳ ᠢᠶᠡᠷ ᠢᠶᠡᠨ ᠪᠠᠢᠭᠰᠠᠨ ᠪᠠᠢᠵᠤ ᠲᠠᠭᠠᠷᠠᠨ᠎ᠡ᠃
ᠠᠪᠲᠠᠢ ᠬᠠᠨ ᠤ ᠲᠥᠪᠡᠳ ᠲᠦ ᠠᠶᠠᠯᠠᠭᠰᠠᠨ ᠲᠡᠦᠬᠡ ᠶ᠋ᠢᠨ ᠨᠡᠯᠢᠶᠡᠳ ᠬᠡᠰᠡᠭ ᠨᠢ ᠳᠣᠮᠣᠭ ᠤᠨ ᠰᠢᠨᠵᠢ ᠲᠡᠢ
ᠪᠣᠯᠤᠭᠰᠠᠨ ᠪᠠᠢᠬᠤ ᠮᠠᠭᠠᠳ ᠲᠠᠢ᠃ ᠪᠠᠰᠠ ᠨᠢᠭᠡᠨ ᠳᠣᠮᠣᠭ ᠲᠤ ᠳᠠᠷᠠᠨᠠᠲᠾᠠ ᠯᠠᠮᠠ ᠶᠡᠬᠡ ᠬᠣᠱᠣᠩ ᠱᠣᠭᠴᠢ
ᠬᠦᠮᠦᠨ ᠪᠠᠢᠭᠰᠠᠨ ᠪᠠ ᠱᠠᠪᠢ ᠨᠠᠷᠠᠲᠤ ᠪᠠᠨ ᠨᠣᠮ ᠠᠢᠯᠠᠳᠴᠤ ᠪᠠᠢᠭᠠᠳ 《ᠵᠠ᠂ ᠵᠠ᠂ ᠪᠢ ᠬᠣᠢᠳᠤ ᠨᠠᠰᠤᠨ ᠳᠤ ᠪᠠᠨ
ᠬᠠᠮᠢᠭ᠎ᠠ ᠲᠥᠷᠦᠳᠡᠭ ᠶᠤᠮ ᠪᠢᠯᠡ?》 ᠭᠡᠵᠦ ᠬᠣᠱᠣᠩᠨᠠᠵᠠᠢ᠃ ᠭᠡᠲᠡᠯ᠎ᠡ ᠮᠣᠩᠭᠣᠯ ᠡᠴᠡ ᠣᠴᠢᠵᠤ ᠰᠤᠷᠤᠯᠴᠠᠵᠤ ᠪᠠᠢᠭᠰᠠᠨ
ᠨᠢᠭᠡᠨ ᠱᠠᠪᠢ ᠨᠢ 《ᠪᠠᠭᠰᠢ ᠊ᠠ᠋᠂ ᠲᠠ ᠮᠣᠩᠭᠣᠯ ᠳᠤ ᠲᠥᠷᠥ ᠯᠠ
ᠳ᠋ᠡ!》 ᠭᠡᠵᠦ ᠴᠢᠩ ᠰᠡᠳᠬᠢᠯ ᠡᠴᠡ ᠪᠡᠨ ᠭᠤᠶᠤᠭᠰᠠᠨ ᠭᠡᠨ᠎ᠡ᠃
ᠳᠠᠷᠠᠨᠠᠲᠾᠠ ᠯᠠᠮᠠ ᠠᠪᠲᠠᠢ ᠬᠠᠨ ᠤ ᠠᠴᠢ ᠥᠨᠳᠥᠷ ᠭᠡᠭᠡᠨ ᠵᠠᠨᠠᠪᠠᠽᠠᠷ ᠤᠨ ᠳᠦᠷᠢ ᠪᠡᠷ ᠬᠠᠯᠬ᠎ᠠ ᠳᠤ
ᠵᠠᠯᠠᠷᠠᠭᠰᠠᠨ ᠢᠶᠠᠷ ᠲᠡᠷᠡ ᠢᠷᠦᠭᠡᠯ ᠪᠡᠶᠡᠯᠡᠭᠰᠡᠨ ᠪᠢᠯᠡ᠃ ᠭᠡᠬᠦ ᠳᠤ ᠪᠡᠨ ᠳᠠᠷᠠᠨᠠᠲᠾᠠ ᠵᠠᠩᠴᠢ
ᠬᠠᠯᠬᠤ ᠠᠴᠠ ᠪᠠᠨ ᠡᠮᠦᠨ᠎ᠡ ᠮᠣᠩᠭᠣᠯ ᠳᠤ ᠵᠠᠯᠠᠷᠠᠵᠤ᠂ ᠬᠡᠳᠦ ᠬᠡᠳᠦᠨ ᠬᠡᠢᠳ ᠪᠠᠢᠭᠤᠯᠤᠭᠠᠳ 1634 ᠣᠨ ᠳᠤ ᠨᠠᠰᠤ ᠪᠠᠷᠠᠭᠰᠠᠨ ᠲᠡᠦᠬᠡ ᠲᠡᠢ
ᠠᠵᠡᠢ᠃ ᠳᠣᠮᠣᠭ ᠲᠤ ᠪᠠᠰᠠ ᠠᠪᠲᠠᠢ ᠬᠠᠨ ᠳᠠᠯᠠᠢ ᠯᠠᠮᠠ ᠶᠢ ᠬᠠᠯᠬ᠎ᠠ ᠳᠤ ᠵᠠᠯᠠᠷᠠᠬᠤ ᠶᠢ ᠠᠢᠯᠠᠳᠬᠠᠬᠤ ᠳᠤ
《ᠪᠢ ᠣᠳᠣ ᠣᠴᠢᠵᠤ ᠴᠢᠳᠠᠬᠤ ᠦᠭᠡᠢ ᠴᠤ᠌ ᠬᠣᠵᠢᠮ ᠲᠠᠨ ᠤ ᠨᠤᠲᠤᠭ ᠲᠤ ᠠᠭᠤᠯᠵᠠᠨᠡ》 ᠭᠡᠵᠦ ᠠᠢᠯᠠᠳᠤᠭᠰᠠᠨ ᠭᠡᠨ᠎ᠡ᠃ ᠠᠪᠲᠠᠢ ᠬᠠᠨ ᠳᠠᠯᠠᠢ ᠯᠠᠮᠠ ᠲᠠᠢ ᠶᠠᠷᠢᠯᠴᠠᠭᠰᠠᠨ ᠢᠶᠠᠷ
ᠰᠦᠮ᠎ᠡ ᠪᠡᠨ ᠠᠳᠢᠰᠯᠠᠬᠤ ᠶᠣᠰᠣᠯᠠᠯ ᠦᠢᠯᠡᠳᠬᠦ ᠦᠶ᠎ᠡ ᠪᠡᠷ ᠳᠠᠯᠠᠢ ᠯᠠᠮᠠ ᠶ᠋ᠢᠨ ᠪᠠᠢᠭ᠎ᠠ ᠵᠦᠭ ᠡᠴᠡ
ᠠᠷᠪᠠᠢ ᠪᠠᠷ ᠪᠣᠷᠣᠭ᠎ᠠ ᠣᠷᠣᠭᠰᠠᠨ ᠭᠡᠳᠡᠭ᠃ ᠲᠡᠨᠳᠡ ᠡᠴᠡ ᠬᠠᠯᠬ᠎ᠠ ᠨᠤᠲᠤᠭ ᠲᠤ ᠠᠷᠪᠠᠢ ᠲᠦᠭᠡᠮᠡᠯ
ᠪᠣᠯᠤᠭᠰᠠᠨ ᠭᠡᠬᠦ ᠳᠣᠮᠣᠭ ᠲᠠᠢ ᠠᠵᠤ᠃ ᠵᠠᠷᠢᠮ ᠳᠣᠮᠣᠭ ᠲᠤ ᠴᠡᠴᠡᠭ ᠢᠶᠡᠷ ᠬᠤᠷ᠎ᠠ ᠣᠷᠣᠭᠰᠠᠨ ᠭᠡᠳᠡᠭ᠃
ᠲᠡᠭᠦᠨ ᠡᠴᠡ ᠬᠣᠢᠰᠢ ᠠᠪᠲᠠᠢ ᠬᠠᠨ ᠬᠠᠷᠠᠬᠣᠷᠣᠮ ᠤᠨ ᠪᠠᠭᠤᠷᠢᠨ ᠳᠤ ᠳᠠᠬᠢᠨ ᠬᠡᠳᠦ ᠬᠡᠳᠦᠨ ᠰᠦᠮ᠎ᠡ ᠶᠢ ᠪᠠᠢᠭᠤᠯᠵᠠᠢ᠃
ᠬᠣᠵᠢᠮ ᠨᠢ ᠠᠪᠲᠠᠢ ᠬᠠᠨ ᠡᠷᠳᠡᠨᠢᠵᠤᠤ ᠡᠴᠡ ᠵᠢᠷᠠᠨ ᠪᠡᠷ᠎ᠠ ᠶ᠋ᠢᠨ ᠭᠠᠵᠠᠷ ᠠᠩ ᠬᠢᠵᠦ ᠶᠠᠪᠤᠭᠠᠳ ᠲᠡᠷᠲᠡᠭᠡ
ᠲᠠᠯ᠎ᠠ ᠳᠤ ᠤᠲᠤᠭ᠎ᠠ ᠰᠤᠭᠤᠨᠠᠭᠯᠠᠬᠤ ᠶᠢ ᠬᠠᠷᠠᠵᠠᠢ᠃ ᠲᠡᠷᠡ ᠠᠩᠴᠢᠨ ᠶᠤᠮ ᠤᠤ᠂ ᠬᠡᠷᠦᠮᠡᠯ ᠬᠦᠮᠦᠨ ᠦ᠋ᠦ᠂
ᠦᠵᠡᠭᠡᠳ ᠢᠷ᠎ᠡ ᠭᠡᠳ ᠪᠠᠷ᠎ᠠ ᠪᠣᠯᠤᠭᠴᠢᠳ ᠠᠴᠠ ᠪᠠᠨ ᠶᠠᠪᠤᠭᠤᠯᠤᠭᠰᠠᠨ ᠨᠢ ᠡᠷᠭᠢᠵᠦ ᠢᠷᠡᠭᠡᠳ ᠦᠰᠦ ᠪᠡᠨ
ᠬᠤᠰᠠᠭᠰᠠᠨ ᠨᠢᠭᠡ ᠬᠦᠮᠦᠨ ᠪᠠᠢᠨ᠎ᠡ ᠭᠡᠵᠡᠢ᠃ ᠦᠰᠦ ᠪᠡᠨ ᠬᠤᠰᠤᠭᠰᠠᠨ ᠢ ᠪᠣᠳᠣᠪᠠᠯ ᠬᠤᠸᠠᠷᠠᠭ ᠬᠦᠮᠦᠨ ᠪᠠᠢᠵᠤ
ᠲᠠᠭᠠᠷᠠᠨ᠎ᠡ ᠭᠡᠵᠦ ᠠᠪᠲᠠᠢ ᠬᠠᠨ ᠥᠭᠥᠯᠡᠭᠡᠳ᠂ ᠠᠶᠠᠭ᠎ᠠ ᠲᠠᠬᠢᠮᠯᠢᠭ ᠪᠦᠬᠦᠨ ᠢ ᠬᠦᠨᠳᠦᠳᠬᠡᠨ᠎ᠡ ᠭᠡᠵᠦ
ᠳᠠᠯᠠᠢ ᠯᠠᠮᠠ ᠳᠤ ᠠᠨᠳᠠᠭᠠᠢᠯᠠᠭᠰᠠᠨ ᠢᠶᠠᠨ ᠰᠠᠨᠠᠭᠠᠳ ᠲᠡᠷᠡ ᠬᠤᠸᠠᠷᠠᠭ ᠲᠠᠢ ᠣᠴᠢᠵᠤ ᠠᠭᠤᠯᠵᠠᠬᠤ ᠪᠠᠷ
ᠶᠠᠪᠤᠵᠠᠢ᠃ ᠯᠠᠮᠠ ᠬᠤᠸᠠᠷᠠᠭ ᠬᠣᠪᠣᠷ ᠮᠠᠨ ᠤ ᠨᠤᠲᠤᠭ ᠲᠤ ᠰᠠᠨᠸᠠᠷᠲᠠᠨ ᠬᠦᠮᠦᠨ ᠲᠡᠢ ᠤᠴᠠᠷᠠᠨᠡ ᠭᠡᠳᠡᠭ
ᠰᠠᠢᠨ ᠬᠡᠷᠡᠭ ᠭᠡᠵᠦ ᠲᠡᠷᠡ ᠪᠡᠷ ᠦᠭᠦᠯᠡᠭᠰᠡᠨ ᠪᠠᠢᠨ᠎ᠡ᠃ ᠠᠪᠲᠠᠢ ᠬᠠᠨ ᠡᠩ ᠤᠨ ᠲᠡᠷᠡ ᠨᠢᠭᠡᠨ ᠬᠦᠮᠦᠨ
ᠳ᠋ᠦ ᠬᠦᠨᠳᠦᠳᠬᠡᠯ ᠦᠵᠡᠭᠦᠯᠦᠨ ᠠᠭᠤᠯᠵᠠᠬᠤ ᠳᠤ ᠪᠠᠷ᠎ᠠ ᠪᠣᠯᠤᠭᠴᠢᠳ ᠨᠢ ᠮᠡᠯ ᠭᠠᠢᠬᠠᠭᠰᠠᠨ ᠠᠵᠤ᠃ ᠲᠡᠷᠡ
ᠬᠦᠮᠦᠨ ᠠᠪᠲᠠᠢ ᠬᠠᠨ ᠲᠠᠢ ᠬᠣᠭᠣᠯᠠ ᠪᠠᠨ ᠬᠤᠪᠢᠶᠠᠵᠤ ᠢᠳᠡᠭᠡᠳ᠂ 《ᠲᠠ
ᠪᠢᠳᠡ ᠬᠣᠶᠠᠷ ᠤᠨ ᠠᠭᠤᠯᠵᠠᠭᠰᠠᠨ ᠡᠨᠡ ᠭᠠᠵᠠᠷ ᠶᠡᠬᠡ ᠤᠴᠢᠷᠲᠠᠢ ᠭᠠᠵᠠᠷ ᠰᠢᠦ᠃ ᠡ᠊ᠨᠳᠡ ᠬᠥᠰᠢᠶ᠎ᠡ
ᠪᠣᠰᠬᠠᠭᠠᠷᠠᠢ》 ᠭᠡᠵᠡᠢ᠃ ᠳᠠᠷᠠᠭ᠎ᠠ ᠨᠢ ᠲᠡᠷᠡ ᠭᠠᠵᠠᠷ ᠲᠤ ᠬᠥᠰᠢᠶ᠎ᠡ
ᠪᠣᠰᠬᠠᠭᠠᠳ ᠲᠡᠷᠡ ᠭᠠᠵᠠᠷ ᠢ ᠶᠢᠰᠦᠨ ᠵᠦᠢᠯ ᠭᠡᠵᠦ ᠨᠡᠷᠡᠯᠡᠵᠡᠢ᠃
