ᠰᠡᠲᠡᠷᠯᠡᠭᠰᠡᠨ ᠬᠣᠶᠠᠷ ᠢᠮᠠᠭ᠎ᠠ-ᠰᠣᠳᠨᠠᠮСэтэрлэсэн хоёр ямаа-содном ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠲᠡᠷᠯᠡᠭᠰᠡᠨ ᠬᠣᠶᠠᠷ ᠢᠮᠠᠭ᠎ᠠ-ᠰᠣᠳᠨᠠᠮСэтэрлэсэн хоёр ямаа-содном

ᠰᠡᠲᠡᠷᠯᠡᠭᠰᠡᠨ ᠬᠣᠶᠠᠷ ᠢᠮᠠᠭ᠎ᠠ-ᠰᠣᠳᠨᠠᠮСэтэрлэсэн хоёр ямаа-содном

2022-12-16

701

  ᠰᠣᠳᠨᠠᠮ

ᠨᠢᠭᠡ

  ᠡᠷᠲᠡ ᠤᠷᠢᠳᠤ ᠴᠠᠭ ᠲᠤ ᠨᠢᠭᠡᠨ ᠠᠢᠯ ᠤᠨ ᠰᠦᠷᠦᠭ ᠳᠡᠭᠡᠷ᠎ᠡ ᠬᠣᠶᠠᠷ ᠪᠦᠳᠦᠭᠦᠨ ᠡᠷ᠎ᠡ ᠢᠮᠠᠭ᠎ᠠ ᠪᠠᠢᠵᠠᠢ ᠭᠡᠨ᠎ᠡ᠃ ᠨᠢᠭᠡ ᠨᠢ ᠪᠤᠭᠤ ᠶᠢᠨ ᠴᠢᠨᠡᠭᠡ ᠪᠡᠶ᠎ᠡ ᠲᠡᠢ᠂ ᠪᠣᠯᠣᠳ ᠰᠡᠯᠡᠮ᠎ᠡ ᠡᠪᠡᠷᠲᠡᠢ᠂ ᠦᠵᠡᠬᠦ ᠳᠦ ᠦᠵᠡᠮᠵᠢ ᠲᠡᠢ ᠪᠥᠭᠡᠳ ᠰᠦᠷᠲᠡᠢ ᠴᠠᠭᠠᠨ ᠢᠮᠠᠭ᠎ᠠ ᠠᠵᠢ᠃ ᠨᠥᠭᠦᠭᠡ ᠨᠢ ᠪᠢᠷᠠᠭᠤ ᠮᠡᠲᠦ ᠪᠡᠶ᠎ᠡ ᠲᠡᠢ᠂ ᠮᠤᠬᠤᠷ ᠲᠣᠯᠣᠭᠠᠢ ᠲᠠᠢ᠂ ᠬᠠᠷᠠᠬᠤ ᠳᠤ ᠬᠠᠴᠢᠨ ᠬᠦᠳᠡᠷ ᠪᠥᠭᠡᠳ ᠮᠤᠨᠳᠠᠭ ᠬᠥᠬᠡ ᠢᠮᠠᠭ᠎ᠠ ᠠᠵᠤᠭᠤ᠃ ᠡᠨᠡ ᠬᠣᠶᠠᠷ ᠢᠮᠠᠭ᠎ᠠ ᠤᠯᠠᠷᠢᠯ ᠤᠨ ᠭᠠᠮᠰᠢᠭ ᠲᠤ ᠣᠯᠠᠨ ᠤ ᠡᠮᠦᠨ᠎ᠡ ᠣᠷᠣᠵᠤ᠂ ᠴᠠᠭ ᠤᠨ ᠬᠠᠲᠠᠭᠤ ᠳᠤ ᠰᠦᠷᠦᠭ ᠢᠶᠡᠨ ᠳᠠᠭᠠᠭᠤᠯᠤᠨ ᠪᠡᠯᠴᠢᠳᠡᠭ ᠲᠤᠯᠠ ᠡᠵᠡᠨ ᠳᠦ ᠪᠡᠨ ᠲᠦᠰᠢᠭ ᠪᠣᠯᠵᠤ ᠰᠦᠷᠦᠭ ᠲᠤ ᠪᠡᠨ ᠰᠦᠯᠳᠡ ᠪᠣᠯᠵᠤ ᠪᠠᠢᠵᠠᠢ᠃ ᠡᠪᠦᠭᠡᠨ ᠬᠣᠨᠢᠴᠢᠨ ᠮᠠᠰᠢ ᠶᠡᠬᠡ ᠪᠠᠶᠠᠷᠯᠠᠵᠤ: ᠤᠤᠬᠠᠢ ᠳ᠋ᠠ᠂ ᠡᠪᠦᠭᠡᠨ ᠪᠢ ᠥᠲᠡᠯᠦᠭᠡ ᠪᠤᠯᠲᠠᠯ᠎ᠠ ᠢᠮᠠᠭ᠎ᠠ ᠬᠠᠷᠢᠭᠤᠯᠵᠤ ᠶᠠᠪᠤᠬᠤ ᠳᠤ ᠪᠠᠨ ᠶᠡᠷᠦ ᠨᠢ ᠡᠢᠮᠦ ᠰᠠᠢᠨ ᠢᠮᠠᠭ᠎ᠠ ᠲᠠᠢ ᠪᠣᠯᠵᠤ ᠦᠵᠡᠭᠡ ᠦᠭᠡᠢ᠃ ᠬᠥᠭᠡᠷᠦᠬᠦᠢ᠂ ᠬᠥᠭᠡᠷᠦᠬᠦᠢ᠂ ᠰᠦᠷᠦᠭ ᠦᠨ ᠮᠢᠨᠢ ᠰᠦᠯᠳᠡ ᠪᠣᠯᠵᠤ ᠶᠠᠪᠤ!ᠭᠡᠳ ᠲᠠᠪᠤᠨ ᠥᠩᠭᠡ ᠶᠢᠨ ᠭᠬᠢᠪ ᠬᠠᠳᠠᠭ ᠢᠶᠠᠷ ᠰᠡᠲᠡᠷ ᠬᠢᠵᠦ ᠬᠣᠶᠠᠭᠤᠯᠠ ᠶᠢᠨ ᠬᠦᠵᠦᠭᠦᠨ  ᠳᠤ ᠨᠢ ᠵᠡᠭᠦᠯᠭᠡᠵᠦ ᠥᠭᠴᠡᠢ᠃ ᠢᠩᠭᠢᠭᠡᠳ ᠰᠡᠯᠡᠮ᠎ᠡ ᠡᠪᠡᠷᠲᠡᠢ ᠴᠠᠭᠠᠨ ᠢᠮᠠᠭ᠎ᠠ ᠪᠣᠯᠣᠨ ᠮᠤᠬᠤᠷ ᠲᠣᠯᠣᠭᠠᠢ ᠲᠠᠢ ᠬᠥᠬᠡ ᠢᠮᠠᠭ᠎ᠠ ᠬᠣᠶᠠᠷ ᠲᠡᠭᠷᠢ ᠶᠢᠨ ᠬᠡᠰᠢᠭ ᠢ ᠡᠳ᠋ᠯᠡᠭᠦ ᠪᠣᠯᠵᠤ᠂ ᠶᠠᠷᠭᠠᠴᠢᠨ ᠤ ᠭᠢᠲᠤᠭ᠎ᠠ ᠡᠪᠴᠢᠭᠦᠨ  ᠳᠤ ᠨᠢ ᠴᠢᠭᠯᠡᠭᠦ ᠦᠭᠡᠢ᠂ ᠢᠮᠠᠭᠠᠴᠢᠨ ᠤ ᠰᠢᠯᠪᠢᠭᠦᠷ ᠪᠡᠶ᠎ᠡ ᠳᠡᠭᠡᠷ᠎ᠡ ᠨᠢ ᠬᠦᠷᠬᠦ ᠦᠭᠡᠢ ᠪᠣᠯᠣᠭᠠᠳ ᠨᠢᠭᠡᠮᠦᠰᠦᠨ ᠪᠤᠬᠠᠰᠢᠨ ᠲᠠᠷᠯᠠᠪᠠ᠃

  ᠥᠷᠯᠥᠭᠡ ᠪᠦᠷᠢ ᠬᠣᠨᠢ ᠢᠮᠠᠭ᠎ᠠ ᠭᠠᠷᠬᠤ ᠳᠤ ᠴᠠᠭᠠᠨ ᠢᠮᠠᠭ᠎ᠠ ᠳᠡᠷᠡᠯᠵᠡᠨ ᠰᠡᠷᠡᠯᠵᠡᠵᠦ᠂ ᠬᠥᠬᠡ ᠢᠮᠠᠭ᠎ᠠ ᠣᠨᠳᠣᠯᠵᠠᠨ ᠰᠠᠭᠰᠠᠯᠵᠠᠭᠰᠠᠭᠠᠷ ᠰᠦᠷᠦᠭ ᠦᠨ ᠲᠦᠷᠦᠭᠦᠨ ᠳᠦ ᠣᠷᠣᠵᠤ ᠪᠡᠯᠴᠢᠭᠡᠷ ᠵᠦᠭ ᠴᠢᠭᠯᠡᠭᠦ ᠳᠦ᠂ ᠬᠣᠨᠢ ᠢᠮᠠᠭᠠᠳ ᠢᠪᠡᠷᠡᠨ ᠴᠤᠪᠤᠷᠠᠵᠤ ᠱᠣᠵᠢᠷ ᠱᠣᠵᠢᠷ ᠠᠯᠬᠤᠯᠠᠨ᠎ᠠ᠃ ᠬᠡᠭᠡᠷ᠎ᠡ ᠲᠠᠯ᠎ᠠ ᠪᠠᠷ ᠲᠠᠷᠬᠠᠨ ᠪᠡᠯᠴᠢᠭᠰᠡᠨ ᠬᠣᠨᠢᠳ ᠡᠨᠳᠡ ᠲᠡᠨᠳᠡ ᠪᠥᠭᠡᠮᠨᠡᠷᠡᠨ ᠲᠠᠪᠠᠲᠠᠢ ᠰᠠᠢᠬᠠᠨ ᠲᠣᠭᠲᠠᠨ ᠢᠳᠡᠰᠢᠯᠡᠵᠦ ᠪᠠᠢᠬᠤ ᠳᠤ᠂ ᠡᠨᠡ ᠬᠣᠶᠠᠷ ᠢᠮᠠᠭ᠎ᠠ ᠡᠪᠡᠰᠦᠨ ᠦ ᠰᠤᠷ ᠢ ᠰᠠᠷᠮᠠᠨ ᠢᠳᠡᠵᠦ ᠤᠰᠤᠨ ᠤ ᠲᠤᠩᠭᠠᠯᠠᠭ ᠢ ᠰᠢᠮᠡᠨ ᠤᠤᠭᠤᠭᠠᠳ ᠰᠦᠷᠦᠭ ᠦᠨ ᠳᠤᠮᠳᠠᠭᠤᠷ ᠨᠠᠰᠢ ᠴᠠᠰᠢ ᠭᠡᠭᠵᠡᠢᠯᠵᠡᠨ ᠰᠡᠭᠡᠷ ᠪᠣᠰᠬᠠᠨ ᠲᠡᠨᠦᠯᠵᠡᠨ ᠠᠯᠬᠤᠨ᠎ᠠ᠃ ᠬᠣᠨᠢᠳ ᠤᠨ ᠳᠡᠷᠭᠡᠳᠡᠭᠦᠷ ᠰᠡᠷᠬᠡᠯᠵᠡᠨ ᠥᠩᠭᠡᠷᠡᠬᠦ ᠣᠮᠤᠬᠯᠠᠭᠤᠨ ᠪᠠᠢᠳᠠᠯ ᠢ ᠨᠢ ᠦᠵᠡᠪᠡᠯ ᠪᠢ ᠪᠣᠯ ᠲᠡᠭᠷᠢ ᠶᠢᠨ ᠲᠠᠭᠠᠯᠠᠯ ᠲᠠᠢ ᠠᠮᠢᠲᠠᠨ᠂ ᠲᠠ ᠨᠠᠷ ᠪᠣᠯ ᠭᠠᠵᠠᠷ ᠤᠨ ᠵᠠᠶᠠᠭ᠎ᠠ ᠲᠠᠢ ᠠᠳᠤᠭᠤᠰᠤ!ᠬᠡᠮᠡᠨ ᠥᠭᠦᠯᠡᠭᠦ ᠮᠡᠲᠦ ᠪᠤᠯᠠᠢ᠃ ᠲᠦᠮᠡᠨ ᠬᠣᠨᠢᠨ ᠤ ᠳᠤᠮᠳᠠ ᠲᠡᠳᠡᠨ ᠡᠴᠡ ᠰᠦᠷᠲᠡᠢ ᠠᠮᠢᠲᠠᠨ ᠦᠭᠡᠢ ᠲᠤᠯᠠ ᠡᠳᠡ ᠬᠣᠶᠠᠷ ᠴᠤ᠌ ᠥᠪᠡᠷ ᠦᠨ ᠪᠡᠶ᠎ᠡ ᠳᠦ ᠪᠡᠨ ᠦᠯᠡᠮᠵᠢ ᠡᠷᠡᠮᠰᠢᠬᠦ ᠪᠣᠯᠵᠤᠬᠤᠢ᠃ ᠦᠳᠡᠰᠢ ᠪᠣᠯᠵᠤ ᠬᠣᠨᠢᠨ ᠰᠦᠷᠦᠭ ᠬᠣᠲᠠᠨ ᠳᠤ ᠪᠠᠨ ᠪᠤᠴᠠᠬᠤ ᠳᠤ᠂ ᠡᠨᠡ ᠬᠣᠶᠠᠷ ᠪᠠᠰᠠ ᠰᠦᠷᠦᠭ ᠢᠶᠡᠨ ᠳᠠᠭᠠᠭᠤᠯᠵᠤ ᠮᠥᠷᠭᠥᠯᠳᠦᠨ ᠬᠠᠪᠢᠷᠤᠯᠳᠤᠭᠰᠠᠭᠠᠷ ᠬᠣᠲᠠ ᠪᠠᠨ ᠴᠢᠭᠯᠡᠨ᠎ᠡ᠃ ᠪᠤᠰᠤᠳ ᠬᠣᠨᠢ ᠢᠮᠠᠭ᠎ᠠ ᠳᠠᠭᠠᠯᠳᠤᠨ ᠢᠷᠡᠵᠦ ᠳᠡᠷᠭᠡᠳᠡ ᠨᠢ ᠣᠴᠢᠪᠠᠯ ᠡᠷᠭᠢᠨ ᠬᠠᠷᠠᠵᠤ ᠨᠠᠳᠠ ᠠ᠋ᠴᠠ ᠵᠠᠢᠲᠠᠢ ᠶᠠᠪᠤ!ᠭᠡᠰᠡᠨ ᠮᠠᠶᠢᠭ᠍ᠲᠠᠢ ᠰᠡᠵᠢᠨ ᠶᠠᠪᠤᠭᠤᠯᠤᠨ᠎ᠠ᠃ ᠪᠤᠰᠤᠳ ᠬᠣᠨᠢᠳ ᠴᠤ᠌ ᠲᠡᠳᠡᠨ ᠦ ᠬᠠᠭᠠᠰ ᠵᠡᠷᠯᠢᠭ ᠪᠠᠢᠳᠠᠯ ᠢᠯᠡᠷᠡᠭᠰᠡᠨ ᠭᠥᠯᠢᠢᠨ ᠰᠢᠷᠲᠡᠭᠦ ᠴᠡᠩᠬᠡᠷ ᠬᠥᠬᠡ ᠨᠢᠳᠦᠨ ᠡᠴᠡ ᠨᠢ ᠠᠶᠤᠨ ᠵᠠᠢᠯᠠᠵᠤ᠂ ᠭᠠᠵᠠᠷ ᠬᠠᠷᠠᠨ ᠳᠣᠩᠭᠤᠰ ᠳᠣᠩᠭᠤᠰ ᠠᠯᠬᠤᠯᠠᠨ ᠳᠠᠭᠠᠵᠤ ᠴᠤᠪᠤᠷᠠᠨ᠎ᠠ᠃

  ᠬᠥᠬᠡ᠂ ᠴᠠᠭᠠᠨ ᠢᠮᠠᠭ᠎ᠠ ᠢᠩᠭᠢᠵᠦ ᠰᠡᠲᠡᠷ ᠬᠡᠢᠰᠬᠡᠨ ᠬᠠᠪᠢᠷᠤᠯᠳᠤᠵᠤ ᠶᠠᠪᠤᠭᠰᠠᠭᠠᠷ᠂ ᠬᠣᠵᠢᠮ ᠨᠢ ᠪᠣᠯᠣᠭᠠᠳ ᠵᠠᠮ ᠪᠤᠯᠢᠶᠠᠯᠳᠤᠨ ᠮᠥᠷᠭᠥᠯᠳᠦᠬᠦ ᠪᠣᠯᠪᠠ᠃ ᠲᠦᠮᠡᠨ ᠬᠣᠨᠢ ᠴᠤᠪᠤᠷᠠᠵᠤ ᠪᠠᠭᠲᠠᠮᠠᠷ ᠶᠡᠬᠡ ᠵᠠᠮ ᠨᠢ ᠡᠨᠡ ᠬᠣᠶᠠᠷ ᠲᠤ ᠨᠠᠷᠢᠳᠠᠭᠰᠠᠨ ᠪᠠᠢᠵᠠᠢ᠃ ᠴᠠᠭᠠᠨ ᠢᠮᠠᠭ᠎ᠠ ᠰᠡᠭᠡᠷ ᠡᠪᠡᠷ ᠢᠶᠡᠨ ᠰᠡᠷᠡᠯᠵᠡᠭᠦᠯᠦᠨ ᠰᠦᠷᠦᠭ ᠦᠨ ᠲᠦᠷᠦᠭᠦᠨ ᠳᠦ ᠣᠷᠣᠬᠤ ᠳᠤ ᠮᠤᠬᠤᠷ ᠬᠥᠬᠡ ᠲᠡᠭᠦᠨ ᠢ ᠬᠥᠨᠳᠡᠯᠢᠳᠲᠡᠯ᠎ᠡ ᠨᠢ ᠨᠦᠳᠦᠵᠦ ᠣᠷᠭᠢᠭᠠᠳ ᠡᠮᠦᠨ᠎ᠡ ᠨᠢ ᠭᠠᠷᠤᠨ᠎ᠠ᠃ ᠲᠡᠭᠡᠭᠦᠯᠡᠷ ᠠᠭᠤᠷ ᠬᠢᠯᠢᠩ ᠲᠥᠷᠦᠭᠰᠡᠨ ᠴᠠᠭᠠᠨ ᠢᠮᠠᠭ᠎ᠠ ᠨᠠᠢᠷ ᠲᠠᠯᠪᠢᠯ ᠦᠭᠡᠢ ᠭᠦᠶᠦᠵᠦ ᠭᠦᠷᠦᠭᠡᠳ ᠰᠡᠵᠢᠵᠦ ᠵᠠᠢᠯᠠᠭᠤᠯᠤᠨ᠂ ᠮᠥᠨ ᠰᠦᠷᠦᠭ ᠦᠨ ᠲᠦᠷᠦᠭᠦᠨ ᠳᠦ ᠱᠣᠭᠰᠢᠨ᠎ᠠ᠃ ᠬᠣᠶᠠᠷ ᠢᠮᠠᠭ᠎ᠠ ᠬᠠᠷᠢᠯᠴᠠᠨ ᠵᠠᠮ ᠭᠡᠷᠦᠭᠰᠡᠭᠡᠷ ᠪᠠᠢᠵᠤ᠂ ᠬᠠᠶᠠ ᠳᠤ ᠪᠠᠨ ᠶᠠᠪᠤᠬᠤ ᠪᠠᠨ ᠪᠣᠯᠢᠭᠠᠳ ᠮᠥᠷᠭᠥᠯᠳᠦᠨ ᠡᠭᠢᠯᠡᠭᠦ ᠳᠦ ᠠᠷᠤ ᠳ᠋ᠤᠨᠢ ᠳᠠᠭᠠᠬᠰᠠᠨ ᠬᠣᠨᠢᠳ ᠡᠳᠡ ᠬᠣᠶᠠᠷ ᠢ ᠦᠷᠭᠦᠵᠦ ᠰᠣᠴᠢᠭ᠍ᠰᠠᠨ ᠪᠠᠢᠳᠠᠯ ᠲᠠᠢ ᠬᠠᠷᠠᠵᠤ ᠠᠪᠤᠭᠠᠳ ᠵᠠᠮ ᠢ ᠳᠠᠭᠠᠵᠤ ᠬᠠᠭᠠᠷᠠᠨ ᠴᠤᠪᠤᠵᠤ ᠬᠣᠲᠠ ᠤᠷᠤᠭᠤ ᠪᠠᠨ ᠶᠠᠪᠤᠨ᠎ᠠ᠃ ᠬᠥᠬᠡ ᠴᠠᠭᠠᠨ ᠬᠣᠶᠠᠷ ᠢᠮᠠᠭ᠎ᠠ᠂ ᠰᠦᠷᠦᠭ ᠦᠨ ᠰᠡᠭᠦᠯ ᠳᠦ ᠬᠣᠴᠣᠷᠤᠭᠠᠳ᠂ ᠢᠳᠡᠭᠰᠡᠨ ᠢᠶᠡᠨ ᠰᠢᠩᠭᠡᠭᠡᠵᠦ ᠲᠠᠷ ᠢᠶᠠᠨ ᠪᠠᠷᠠᠲᠠᠯ᠎ᠠ ᠮᠥᠷᠭᠥᠯᠳᠦᠭᠡᠳ᠂ ᠬᠡᠨ ᠠᠯᠢᠨ ᠢᠶᠠᠨ ᠳᠠᠢᠯᠵᠦ ᠴᠢᠳᠠᠬᠤ ᠦᠭᠡᠢ ᠪᠣᠯᠬᠤᠯᠠᠷ ᠭᠦᠨᠳᠡᠭ ᠰᠥᠨᠳᠡᠭ ᠠᠯᠬᠤᠯᠠᠨ ᠬᠦᠷᠢᠶ᠎ᠡ ᠬᠣᠲᠠᠨ ᠳᠤ ᠪᠠᠨ  ᠪᠤᠴᠠᠨ᠎ᠠ᠃

  ᠡᠨᠡ ᠬᠣᠶᠠᠷ ᠢᠮᠠᠭ᠎ᠠ ᠮᠥᠷᠭᠥᠯᠳᠦᠵᠦ ᠪᠠᠢᠭᠰᠠᠨ ᠠ᠋ᠴᠠ ᠪᠠᠨ ᠥᠰ ᠪᠠᠷᠢᠯᠳᠤᠵᠤ᠂ ᠬᠠᠪᠢᠷᠤᠯᠳᠤᠵᠤ ᠪᠠᠢᠭᠰᠠᠨ ᠠ᠋ᠴᠠ ᠪᠠᠨ ᠬᠣᠷᠣᠰᠤᠯ ᠲᠠᠢ ᠪᠣᠯᠵᠤ ᠢᠷᠡᠯ᠎ᠡ᠃ ᠦᠳᠡᠰᠢ ᠰᠥᠨᠢ ᠶᠢᠨ ᠭᠦᠨ ᠣᠯᠠᠨ ᠬᠣᠨᠢᠳ ᠲᠠᠭᠠᠲᠠᠢ ᠰᠠᠢᠬᠠᠨ ᠬᠡᠪᠢᠨ ᠬᠡᠪᠲᠡᠵᠦ ᠪᠠᠢᠬᠤ ᠳᠤ᠂ ᠡᠳᠡ ᠬᠣᠶᠠᠷ ᠰᠢᠷ᠎ᠠ ᠲᠤᠶᠠᠭ᠎ᠠ ᠰᠠᠴᠤᠷᠠᠭᠤᠯᠤᠭᠰᠠᠨ ᠴᠡᠩᠬᠡᠷ ᠨᠢᠳᠦ ᠪᠡᠨ ᠭᠦᠯᠢᠢᠯᠵᠡᠭᠦᠯᠦᠨ: ᠮᠠᠭᠤ ᠰᠡᠪᠡᠰᠦ ᠴᠢ ᠡᠨᠡ ᠰᠥᠨᠢ ᠴᠢᠨᠦ᠎ᠠ ᠶᠢᠨ ᠬᠣᠭᠣᠯᠠ ᠪᠣᠯᠣᠭᠠᠰᠠᠢ ᠳ᠋ᠠ !ᠭᠡᠵᠦ ᠬᠠᠷᠢᠯᠴᠠᠨ ᠵᠠᠨᠤᠯᠬᠢᠯᠠᠨ ᠬᠡᠪᠲᠡᠨ᠎ᠡ᠃

  ᠲᠤᠩᠭᠠᠯᠠᠭ ᠰᠠᠢᠬᠠᠨ ᠬᠠᠪᠤᠷ ᠤᠨ ᠥᠷᠯᠥᠭᠡ᠂ ᠪᠡᠯᠴᠢᠭᠡᠷ ᠲᠦ ᠭᠠᠷᠤᠭᠰᠠᠨ ᠬᠣᠨᠢ ᠢᠮᠠᠭᠠᠳ ᠳᠣᠪᠤ ᠰᠣᠨᠳᠤᠤᠯᠠ ᠳᠡᠭᠡᠭᠦᠷ ᠲᠠᠷᠬᠠᠵᠤ᠂ ᠡᠳᠦᠷ ᠦᠨ ᠰᠠᠢᠬᠠᠨ ᠳᠤ ᠰᠢᠨ᠎ᠡ ᠰᠣᠷᠭᠣᠭ ᠡᠪᠡᠰᠦ ᠨᠣᠭᠣᠭ᠎ᠠ ᠶᠢ ᠲᠣᠯᠣᠭᠠᠢ ᠥᠨᠳᠡᠢᠯ ᠦᠭᠡᠢ ᠴᠢᠮᠬᠢᠯᠡᠨ ᠢᠳᠡᠰᠢᠯᠡᠵᠦ ᠪᠠᠢᠬᠤ ᠳᠤ ᠬᠥᠬᠡ ᠴᠠᠭᠠᠨ ᠬᠣᠶᠠᠷ ᠢᠮᠠᠭ᠎ᠠ᠂ ᠰᠦᠷᠦᠭ ᠦᠨ ᠳᠤᠮᠳᠠᠭᠤᠷ ᠡᠰᠢ ᠪᠡᠨ ᠬᠠᠷᠠᠵᠤ ᠲᠡᠰᠢ ᠪᠡᠨ ᠰᠣᠯᠢᠯᠴᠠᠨ᠂ ᠶᠠᠮᠠᠷ ᠨᠢᠭᠡᠨ ᠬᠡᠷᠡᠭ ᠲᠦ ᠴᠠᠭᠯᠠᠰᠢ ᠦᠭᠡᠢ ᠶᠠᠭᠠᠷᠠᠵᠤ ᠪᠠᠢᠭ᠎ᠠ ᠮᠡᠲᠦ ᠶᠠᠪᠤᠨ᠎ᠠ᠃ ᠬᠡᠳᠦᠨ ᠬᠡᠨᠵᠡ ᠬᠤᠷᠠᠭ᠎ᠠ ᠨᠣᠭᠣᠭᠠᠨ ᠳᠡᠷᠡᠰᠦᠨ ᠳᠡᠭᠡᠷ᠎ᠡ ᠪᠥᠭᠡᠮᠨᠡᠷᠡᠵᠦ ᠪᠠᠢᠬᠤ ᠶᠢ ᠪᠡᠯᠴᠢᠭᠡᠷ ᠦᠨ ᠰᠠᠢᠨ ᠢ ᠡᠵᠡᠷᠬᠡᠬᠦ ᠬᠤᠪᠢ ᠲᠠᠢ ᠴᠠᠭᠠᠨ ᠢᠮᠠᠭ᠎ᠠ ᠣᠯᠵᠤ ᠦᠵᠡᠮᠡᠭᠴᠡ ᠬᠦᠷᠴᠦ ᠣᠴᠢᠭᠠᠳ᠂ ᠪᠠᠭᠤᠷᠠᠢ ᠳᠣᠷᠤᠢ ᠬᠡᠨᠵᠡ ᠬᠤᠷᠠᠭ᠎ᠠ ᠨᠤᠭᠤᠳ ᠢ ᠰᠡᠵᠢᠨ ᠵᠠᠢᠯᠠᠭᠤᠯᠵᠤ ᠭᠠᠭᠴᠠᠭᠠᠷ ᠢᠶᠠᠨ ᠢᠳᠡᠰᠢᠯᠡᠵᠦ ᠭᠠᠷᠤᠯ᠎ᠠ᠃ ᠲᠡᠭᠡᠲᠡᠯ᠎ᠡ ᠬᠥᠬᠡ ᠢᠮᠠᠭ᠎ᠠ ᠴᠤ᠌ ᠪᠠᠰᠠ ᠳᠣᠩᠭᠤᠰ ᠳᠣᠩᠭᠤᠰ ᠠᠯᠬᠤᠯᠠᠨ ᠲᠣᠯᠣᠭᠠᠢ ᠰᠠᠵᠢᠯᠠᠨ ᠢᠷᠡᠬᠦ ᠳᠦ᠂ ᠰᠡᠷᠡᠭᠡᠷ ᠴᠠᠭᠠᠨ ᠢᠳᠡᠰᠢᠯᠡᠬᠦ ᠶᠢᠨ ᠬᠠᠮᠲᠤ ᠭᠥᠯᠢᠢᠨ ᠬᠠᠷᠠᠭᠠᠳ: ᠮᠠᠭᠤ ᠲᠤᠷᠤᠰᠬ᠎ᠠ ᠴᠢ ᠲᠦᠷᠭᠡᠬᠡᠨ ᠵᠠᠢᠯᠠ!ᠮᠢᠨᠤ ᠣᠯᠣᠭᠰᠠᠨ ᠪᠤᠲᠠ ᠠ᠋ᠴᠠ ᠮᠥᠳᠳᠥᠬᠡᠨ ᠵᠠᠢᠯᠠᠬᠤ ᠦᠭᠡᠢ ᠪᠣᠯ ᠮᠥᠷᠭᠥᠵᠦ ᠴᠢᠮᠠᠢ ᠠᠯᠠᠨ᠎ᠠ!ᠭᠡᠰᠡᠨ ᠳᠦ ᠬᠥᠬᠡ ᠢᠮᠠᠭ᠎ᠠ: ᠲᠡᠭᠷᠢ ᠡᠴᠡ ᠳᠠᠷᠢᠭ᠍ᠰᠠᠨ ᠪᠤᠲᠠ ᠪᠣᠷᠣᠯᠵᠢ ᠶᠢ ᠲᠡᠭᠷᠢ ᠶᠢᠨ ᠢᠮᠠᠭ᠎ᠠ ᠢᠳᠡᠬᠦ ᠨᠢ ᠵᠦᠢ᠂ ᠲᠡᠷᠡ ᠲᠡᠢ ᠲᠡᠷᠡ ᠦᠭᠡᠢ ᠬᠤᠷᠳᠤᠨ ᠲᠣᠨᠢᠯ! ᠳᠡᠷᠡᠢᠭᠡᠷ ᠡᠪᠡᠷ ᠢ ᠴᠢᠨᠢ ᠬᠤᠭᠤ ᠮᠥᠷᠭᠥᠨ᠎ᠡ!ᠭᠡᠳ ᠱᠤᠩᠭᠤᠯᠠᠨ ᠣᠷᠣᠵᠤ ᠣᠴᠢᠪᠠ᠃ ᠴᠠᠭᠠᠨ ᠢᠮᠠᠭ᠎ᠠ ᠭᠥᠯᠢᠢᠨ ᠬᠠᠷᠠᠵᠤ ᠠᠪᠤᠭᠠᠳ ᠭᠠᠩᠭᠠᠩ ᠤᠷᠲᠤ ᠡᠪᠡᠷ ᠢᠶᠡᠷ ᠢᠶᠡᠨ ᠭᠠᠭᠴᠠᠬᠠᠨ ᠰᠡᠵᠢᠨ ᠣᠷᠭᠢᠭᠠᠳ᠂ ᠪᠤᠲᠠ ᠶᠢ ᠬᠠᠮᠠᠭᠠᠯᠠᠨ ᠵᠣᠬᠰᠤᠬᠤ ᠳᠤ ᠬᠥᠬᠡ ᠢᠮᠠᠭ᠎ᠠ ᠰᠠᠭᠰᠠᠭᠠᠷ ᠰᠡᠭᠦᠯ ᠢᠶᠡᠨ ᠬᠥᠳᠡᠯᠭᠡᠨ ᠠᠭᠤᠷᠰᠠᠨ ᠬᠦᠷᠴᠦ ᠢᠷᠡᠭᠡᠳ᠂ ᠴᠠᠭᠠᠨ ᠢᠮᠠᠭ᠎ᠠ ᠶᠢ ᠬᠥᠨᠳᠡᠯᠡᠨ ᠡᠴᠡ ᠨᠢ ᠭᠡᠷᠦᠵᠦ ᠨᠠᠢᠢᠭᠤᠵᠤ ᠳᠠᠢᠪᠢᠲᠠᠯ᠎ᠠ ᠨᠢ ᠮᠥᠷᠭᠥᠪᠡ᠃ ᠳᠠᠢᠰᠤᠩᠨᠠᠭ᠍ᠴᠢ ᠬᠣᠶᠠᠷ ᠢᠮᠠᠭ᠎ᠠ ᠥᠭᠡᠳᠡ ᠥᠭᠡᠳᠡ ᠡᠴᠡ ᠪᠡᠨ ᠭᠦᠯᠢᠢᠯᠴᠡᠨ ᠵᠣᠭᠰᠣᠵᠤ ᠮᠥᠷᠭᠥᠯᠳᠦᠬᠦ ᠪᠡᠷ ᠵᠡᠬᠡᠯ᠎ᠡ᠃ ᠡᠪᠡᠷᠲᠦ ᠴᠠᠭᠠᠨ ᠰᠡᠭᠡᠷ ᠪᠣᠰᠬᠠᠨ ᠬᠡᠳᠦᠨ ᠠᠯᠬᠤᠮ ᠤᠬᠤᠷᠢᠵᠤ ᠪᠠᠢᠭᠠᠳ ᠪᠣᠰᠴᠤ ᠢᠷᠡᠬᠦᠯᠡᠷ ᠮᠤᠬᠤᠷ ᠬᠥᠬᠡ ᠴᠤ᠌ ᠳᠤᠬᠤ ᠱᠤᠩᠭᠤᠯᠠᠨ ᠣᠷᠣᠵᠤ ᠤᠷᠢᠳᠤ ᠤᠷᠢᠳᠤ ᠠ᠋ᠴᠠ ᠪᠠᠨ ᠪᠦᠷ ᠴᠤ᠌ ᠬᠣᠷᠣᠰᠤᠯᠲᠠᠢ ᠮᠥᠷᠭᠥᠯᠳᠦᠯ᠎ᠡ᠃ ᠪᠣᠰᠣᠨ ᠪᠣᠰᠣᠨ ᠲᠤᠯᠤᠨ᠎ᠠ᠂ ᠪᠤᠴᠠᠭᠠᠳ ᠪᠤᠴᠠᠭᠠᠳ ᠭᠠᠷᠤᠨ᠎ᠠ᠃ ᠳᠠᠯᠵᠢᠢᠨ ᠳᠠᠯᠵᠢᠢᠨ ᠮᠥᠷᠭᠥᠨ᠎ᠡ᠃ ᠳᠠᠭᠢᠭᠠᠳ ᠳᠠᠭᠢᠭᠠᠳ ᠢᠷᠡᠨ᠎ᠡ᠃

  ᠲᠡᠳᠡᠨ ᠦ ᠳᠡᠷᠭᠡᠳᠡᠭᠦᠷ ᠢᠳᠡᠰᠢᠯᠡᠵᠦ ᠶᠠᠪᠤᠭ᠎ᠠ ᠬᠣᠨᠢ ᠢᠮᠠᠭ᠎ᠠ ᠲᠦᠰ ᠨᠢᠰᠭᠡᠬᠦ ᠴᠢᠮᠡᠭᠡ ᠶᠢ ᠰᠣᠨᠣᠰᠤᠭᠠᠳ ᠰᠣᠴᠢᠭ᠍ᠰᠠᠨ ᠮᠠᠶᠢᠭ᠍ᠲᠠᠢ ᠡᠷᠭᠢᠨ ᠡᠷᠭᠢᠨ ᠬᠠᠷᠠᠵᠤ ᠠᠪᠤᠭᠠᠳ ᠴᠢᠨᠠᠭ᠍ᠰᠢ ᠪᠡᠯᠴᠢᠨ ᠶᠠᠪᠤᠨ᠎ᠠ᠃ ᠴᠢᠳᠠᠯ ᠮᠠᠭᠤᠲᠠᠢ ᠢᠰᠢᠭᠡ᠂ ᠬᠤᠷᠠᠭ᠎ᠠ᠂ ᠬᠡᠨᠵᠡ ᠨᠦ᠋ᠭᠦᠳ ᠬᠥᠯ ᠳᠤ ᠨᠢ ᠳᠠᠭᠠᠷᠢᠬᠳᠠᠬᠤ ᠠ᠋ᠴᠠ ᠪᠠᠨ ᠠᠶᠤᠭᠠᠳ ᠵᠠᠢᠯᠠᠨ ᠳᠤᠲᠠᠭᠠᠨ᠎ᠠ᠃

ᠡᠳᠡ ᠬᠣᠶᠠᠷ ᠤᠳᠠᠲᠠᠯ᠎ᠠ ᠳᠠᠢᠲᠤᠵᠤ᠂ ᠬᠥᠰᠢᠲᠡᠯ᠎ᠡ ᠪᠡᠨ ᠮᠥᠷᠭᠥᠯᠳᠦᠪᠡ᠃ ᠴᠠᠭᠠᠨ ᠢᠮᠠᠭ᠎ᠠ ᠶᠢᠨ ᠡᠪᠡᠷ ᠨᠢ ᠳᠣᠷᠭᠢᠵᠤ᠂ ᠬᠥᠬᠡ ᠢᠮᠠᠭᠠᠨ ᠤ ᠳᠤᠬᠤ ᠨᠢ ᠬᠣᠯᠴᠤᠷᠠᠬᠰᠠᠨ ᠪᠤᠯᠪᠠᠴᠤ ᠲᠡᠳᠡᠨ ᠦ ᠭᠥᠯᠢᠢᠭᠰᠡᠨ ᠬᠠᠷᠠᠴᠠ ᠳᠤ ᠬᠡᠨ ᠠᠯᠢᠨ ᠢᠶᠠᠨ ᠤᠰᠠᠳᠬᠠᠬᠤ ᠭᠡᠰᠡᠨ ᠵᠠᠨᠤᠯ ᠢᠯᠡᠷᠬᠡᠢ᠃ ᠬᠥᠬᠡ ᠢᠮᠠᠭ᠎ᠠ ᠶᠢᠨ ᠪᠤᠷᠤᠩᠬᠤᠢᠯᠠᠨ ᠲᠤᠯᠬᠤ ᠶᠢ ᠡᠪᠡᠷᠲᠦ ᠴᠠᠭᠠᠨ ᠲᠡᠰᠴᠦ ᠶᠠᠳᠠᠬᠤ ᠳᠤ ᠪᠠᠨ ᠡᠴᠦᠰ ᠦᠨ ᠬᠦᠴᠦ ᠪᠡᠨ ᠰᠢᠪᠬᠠᠵᠤ ᠱᠠᠯᠠᠮᠠᠭ ᠳᠠᠭᠠᠷᠢᠯᠲᠠ ᠬᠢᠯ᠎ᠡ᠃ ᠬᠥᠬᠡ ᠢᠮᠠᠭ᠎ᠠ ᠡᠷᠭᠢᠵᠦ ᠬᠠᠷᠠᠨ ᠲᠣᠰᠬᠤ ᠭᠡᠳ ᠡᠪ ᠲᠣᠭᠢᠶᠠᠯ ᠢᠶᠠᠨ ᠣᠯᠣᠭᠰᠠᠨ ᠦᠭᠡᠢ ᠪᠠᠷ ᠡᠷᠢᠶᠡᠨ ᠨᠢᠳᠦ ᠪᠡᠨ ᠰᠡᠵᠢᠭᠦᠯᠪᠡ᠃ ᠡᠨᠡ ᠳᠠᠯᠢᠮ ᠢᠶᠠᠷ ᠡᠪᠡᠷᠲᠦ ᠴᠠᠭᠠᠨ ᠲᠡᠭᠦᠨ ᠢ ᠤᠨᠠᠲᠠᠯ᠎ᠠ ᠮᠥᠷᠭᠥᠵᠦ ᠣᠷᠭᠢᠭᠠᠳ ᠳᠦᠢᠷᠡᠩᠬᠢ ᠲᠣᠯᠣᠭᠠᠢ ᠪᠠᠨ ᠰᠠᠵᠢᠯᠠᠭᠰᠠᠭᠠᠷ ᠴᠢᠨᠠᠭ᠍ᠰᠢ ᠣᠳᠪᠠ᠃

  ᠬᠥᠬᠡ ᠢᠮᠠᠭ᠎ᠠ ᠡᠷᠢᠶᠡᠨ ᠨᠢᠳᠦ ᠪᠡᠨ ᠰᠡᠵᠢᠭᠦᠯᠵᠦ ᠪᠠᠷᠠᠭᠠᠨ ᠴᠢᠰᠤ ᠪᠠᠨ ᠭᠣᠭᠣᠵᠢᠭᠤᠯᠤᠨ ᠳᠠᠭᠢᠵᠤ ᠲᠤᠯᠬᠤ ᠲᠡᠩᠬᠡᠯ ᠦᠭᠡᠢ ᠪᠤᠯᠬᠤ ᠳᠤ ᠪᠠᠨ ᠲᠣᠯᠣᠭᠠᠢ ᠪᠠᠨ ᠳᠠᠯᠵᠢᠭᠢᠨᠠᠨ ᠰᠡᠭᠰᠦᠷᠴᠦ ᠰᠦᠷᠦᠭ ᠡᠴᠡ ᠪᠡᠨ ᠰᠠᠯᠵᠤ ᠶᠠᠪᠤᠯ᠎ᠠ᠃

ᠬᠣᠶᠠᠷ

  ᠬᠥᠬᠡ ᠢᠮᠠᠭ᠎ᠠ᠂ ᠠᠯᠤᠰ ᠲᠡᠷᠲᠡᠭᠡ ᠬᠥᠬᠡᠷᠡᠨ ᠬᠠᠷᠠᠭᠳᠠᠬᠤ ᠠᠭᠤᠯᠠ ᠶᠢ ᠴᠢᠭᠯᠡᠨ ᠣᠳᠪᠠ᠃ ᠳᠠᠯᠵᠢᠰ ᠳᠠᠯᠵᠢᠰ ᠱᠣᠭᠰᠢᠨ᠎ᠠ᠂ ᠳᠠᠪᠠᠭ᠎ᠠ ᠭᠦᠪᠡᠭᠡ ᠶᠢ ᠴᠢᠭᠯᠡᠨ᠎ᠡ᠃ ᠴᠢᠨᠲᠤᠰ ᠴᠢᠨᠲᠤᠰ ᠠᠯᠬᠤᠨ᠎ᠠ᠂ ᠴᠢᠰᠤ ᠪᠠᠨ ᠦᠵᠡᠨ ᠬᠣᠷᠣᠰᠤᠨ᠎ᠠ᠃

  《ᠬᠡᠭᠡᠷ᠎ᠡ ᠶᠢᠨ ᠠᠮᠢᠲᠠᠨ ᠪᠦᠭᠦᠳᠡ ᠮᠠᠨ ᠤ ᠰᠦᠯᠪᠡᠭᠡ ᠭᠡᠳᠡᠭ ᠶᠤᠮᠰᠠᠨ᠃ ᠲᠡᠳᠡ ᠪᠣᠯ ᠴᠥᠮ ᠬᠦᠴᠦᠨ ᠴᠢᠳᠠᠯ ᠲᠠᠢ ᠪᠥᠭᠡᠳ ᠤᠷᠠᠨ ᠰᠠᠮᠪᠠᠭ᠎ᠠ ᠲᠠᠢ᠂ ᠮᠠᠨ ᠰᠢᠭ᠋ ᠬᠣᠲᠠᠨ ᠤ ᠲᠣᠭᠣᠰᠣᠨ ᠳᠤ ᠳᠠᠷᠤᠭᠳᠠᠭᠰᠠᠨ ᠨᠣᠮᠣᠢ ᠠᠮᠢᠲᠠᠨ ᠪᠢᠰᠢ ᠳ᠋ᠡᠭ᠃ ᠲᠡᠳᠡᠨ ᠢᠶᠡᠷ ᠮᠠᠭᠤ ᠡᠪᠡᠷᠲᠦ ᠴᠠᠭᠠᠨ ᠢ ᠨᠢᠬᠠᠭᠤᠯᠵᠤ ᠣᠷᠭᠢᠶ᠎ᠠᠬᠡᠮᠡᠨ ᠪᠤᠳᠤᠨ ᠵᠣᠷᠢᠭ ᠣᠷᠣᠵᠤ᠂ ᠭᠥᠷᠥᠭᠡᠰᠦ ᠪᠣᠯᠭᠠᠨ ᠠ᠋ᠴᠠ ᠲᠤᠰᠠᠯᠠᠮᠵᠢ ᠡᠷᠢᠵᠦ᠂ ᠭᠦᠵᠢᠷ ᠴᠠᠭᠠᠨ ᠠ᠋ᠴᠠ ᠥᠰᠢᠶ᠎ᠡ ᠠᠪᠬᠤ ᠪᠠᠷ ᠰᠢᠢᠳᠪᠡ᠃

ᠬᠥᠬᠡ ᠢᠮᠠᠭ᠎ᠠ ᠶᠠᠪᠤᠨ ᠶᠠᠪᠤᠭᠰᠠᠭᠠᠷ ᠬᠥᠬᠡᠷᠡᠨ ᠬᠠᠷᠠᠭᠳᠠᠬᠤ ᠥᠨᠳᠥᠷ ᠠᠭᠤᠯᠠᠨ ᠤ ᠪᠡᠯ ᠳᠦ ᠭᠦᠷᠦᠭᠡᠳ ᠤᠳᠠᠭᠰᠠᠨ ᠦᠭᠡᠢ ᠵᠡᠷᠭᠡᠯᠭᠡᠨ ᠮᠡᠲᠦ ᠵᠢᠷᠢᠯᠵᠡᠨ ᠥᠩᠭᠡᠷᠡᠬᠦ ᠵᠡᠭᠡᠷ᠎ᠡ ᠶᠢᠨ ᠰᠦᠷᠦᠭ ᠲᠡᠢ ᠳᠠᠭᠠᠷᠢᠯᠳᠤᠪᠠ᠃ ᠬᠥᠬᠡ ᠢᠮᠠᠭ᠎ᠠ ᠬᠦᠵᠦᠭᠦᠦ ᠪᠡᠨ ᠭᠣᠳᠤᠰᠭᠢᠵᠦ ᠮᠤᠬᠤᠷ ᠲᠣᠯᠣᠭᠠᠢ ᠪᠠᠨ ᠮᠤᠯᠲᠤᠰᠭᠢᠨ ᠤᠷᠤᠭ᠍ᠰᠢ ᠣᠴᠢᠵᠤ:

ᠵᠡᠭᠡᠷ᠎ᠡ ᠠ᠋! ᠵᠡᠭᠡᠷ᠎ᠡ ᠠ᠋! ᠵᠡᠷᠭᠡᠴᠡᠵᠦ ᠨᠠᠳᠠᠲᠠᠢ ᠵᠣᠭᠰᠣᠵᠤ ᠪᠠᠢ᠃ ᠵᠢᠭᠡ ᠨᠠᠭᠠᠴᠤ ᠶᠤᠮ ᠰᠢᠤ ᠪᠢᠳᠡ ᠬᠣᠶᠠᠷ᠃ ᠵᠡᠷᠯᠢᠭ ᠴᠠᠭᠠᠨ ᠬᠡᠴᠡᠭᠦᠳᠡᠵᠦ ᠪᠠᠢᠨ᠎ᠠ᠃ ᠰᠡᠲᠡᠷ ᠵᠡᠭᠦᠭᠰᠡᠨ ᠳᠦ ᠪᠡᠨ ᠰᠡᠩᠳᠡᠭᠡᠨᠡᠵᠦ᠂ ᠰᠡᠵᠢᠵᠦ ᠮᠥᠷᠭᠦᠭᠦ ᠨᠢ ᠳᠡᠩᠳᠡᠭᠦᠦ ᠪᠣᠯᠪᠠ᠃ ᠳᠤᠬᠤ ᠶᠢ ᠮᠢᠨᠢ ᠮᠥᠷᠭᠥᠵᠦ ᠬᠠᠭᠠᠯᠤᠭᠠᠳ ᠴᠢᠰᠤ ᠶᠢ ᠮᠢᠨᠢ ᠠᠰᠬᠠᠵᠤ ᠳᠠᠷᠤᠯᠠᠪᠠ᠃ ᠲᠡᠭᠷᠢ ᠶᠢᠨ ᠬᠡᠰᠢᠭᠲᠦ ᠨᠠᠮᠠᠢ ᠲᠡᠭᠡᠵᠦ ᠳᠠᠷᠤᠯᠠᠬᠤ ᠨᠢ ᠵᠦᠢ ᠦᠦ? ᠲᠤᠰᠠᠯᠠᠭᠠᠴᠢ! ᠲᠤᠰᠠᠯᠠᠭᠠᠴᠢ!ᠭᠡᠵᠦ ᠭᠣᠶᠣᠭᠰᠠᠨ ᠳᠤ᠂ ᠰᠡᠷᠲᠡᠭᠡᠷ ᠴᠢᠬᠢ ᠲᠡᠢ ᠵᠡᠭᠡᠷ᠎ᠡ᠂ ᠬᠥᠬᠡ ᠢᠮᠠᠭ᠎ᠠ ᠶᠢ ᠰᠢᠷᠪᠢᠰᠭᠢᠨ ᠠᠪᠤᠭᠠᠳ ᠮᠠᠢᠯᠠᠵᠤ᠂ ᠬᠣᠯᠠ ᠶᠢᠨ ᠪᠠᠷ᠎ᠠ ᠶᠢ ᠰᠡᠷᠡᠰᠬᠢᠨ ᠬᠠᠷᠠᠵᠤ ᠰᠣᠨᠤᠷᠯᠠᠭᠠᠳ:

ᠵᠡᠷᠭᠡᠯᠭᠡᠨ ᠲᠠᠲᠠᠭᠰᠠᠨ ᠲᠠᠯ᠎ᠠ ᠳᠡᠭᠡᠷ᠎ᠡ᠂ ᠵᠢᠷᠢᠢᠲᠡᠯ᠎ᠡ ᠳᠠᠪᠬᠢᠵᠤ ᠪᠣᠯᠪᠠᠰᠤᠷᠠᠨ᠎ᠠ ᠪᠢ᠃ ᠵᠡᠷᠯᠢᠭ ᠠᠮᠢᠲᠠᠨ ᠨᠠᠮᠠᠢ ᠲᠠᠭᠤᠪᠠᠯ᠂ ᠲᠣᠭᠣᠰᠣ ᠪᠠᠨ ᠣᠷᠭᠢᠭᠠᠳ ᠶᠠᠪᠤᠨ᠎ᠠ ᠪᠢ᠃ ᠵᠢᠪ ᠬᠣᠪ ᠢᠶᠠᠨ ᠲᠠᠲᠠ᠂ ᠵᠢᠯᠢᠢᠵᠦ ᠴᠢᠨᠠᠭ᠍ᠰᠢ ᠪᠠᠨ ᠲᠣᠨᠢᠯ!ᠭᠡᠳ ᠣᠭᠯᠣ ᠦᠰᠦᠷᠦᠨ ᠬᠠᠷᠠᠢᠵᠤ ᠣᠷᠣᠢ ᠳᠠᠪᠠᠨ ᠪᠠᠷ᠎ᠠ ᠲᠠᠰᠤᠷᠠᠪᠠ᠃

  ᠬᠥᠬᠡ ᠢᠮᠠᠭ᠎ᠠ ᠪᠠᠰᠠ ᠴᠢᠨᠠᠭ᠍ᠰᠢ ᠪᠠᠨ ᠶᠠᠪᠤᠭᠰᠠᠨ ᠳᠤ ᠪᠠᠯᠠᠷ ᠰᠥᠭᠡᠭ ᠴᠠᠭᠠᠨ᠎ᠠ ᠨᠢ ᠪᠠᠭᠠᠨᠠᠳᠠᠨ ᠦᠵᠡᠭᠳᠡᠨ᠎ᠡ᠃ ᠬᠥᠬᠡ ᠢᠮᠠᠭ᠎ᠠ ᠪᠤᠲᠠ ᠰᠥᠭᠡᠭ ᠦᠨ ᠳᠤᠮᠳᠠᠭᠤᠷ ᠵᠠᠢᠴᠢᠯᠠᠨ ᠣᠷᠣᠵᠤ ᠪᠦᠳᠦᠭᠦᠨ ᠨᠠᠷᠠᠰᠤᠨ ᠤ ᠳᠡᠷᠭᠡᠳᠡ ᠣᠴᠢᠭ᠍ᠰᠠᠨ ᠴᠢᠨᠢ ᠰᠡᠭᠡᠷ ᠵᠣᠭᠳᠣᠷ ᠨᠢ ᠪᠣᠰᠣᠭᠰᠠᠨ ᠰᠡᠯᠡᠮ᠎ᠡ ᠴᠠᠭᠠᠨ ᠰᠣᠶᠣᠭ᠎ᠠ ᠲᠠᠢ ᠲᠣᠮᠣ ᠭᠡᠭᠴᠢ ᠶᠢᠨ ᠪᠤᠳᠤᠩ ᠭᠠᠬᠠᠢ ᠨᠠᠷᠠᠨ ᠤ ᠡᠭᠡᠪᠦᠷ ᠲᠦ ᠵᠣᠭᠰᠣᠵᠤ ᠨᠠᠷᠠᠰᠤᠨ ᠤ ᠳᠠᠪᠠᠷᠬᠠᠢ ᠳᠡᠭᠡᠷ᠎ᠡ ᠪᠡᠶ᠎ᠡ ᠪᠡᠨ ᠱᠦᠷᠭᠦᠭᠡᠵᠦ ᠪᠠᠢᠯ᠎ᠠ᠃ ᠬᠥᠬᠡ ᠢᠮᠠᠭ᠎ᠠ ᠦᠵᠡᠭᠡᠳ ᠰᠦᠷᠳᠡᠭᠰᠡᠨ ᠳᠦ ᠪᠡᠨ ᠪᠤᠲᠠᠨ ᠤ ᠴᠠᠭᠠᠨ᠎ᠠ ᠣᠷᠣᠪᠠ᠃ ᠪᠤᠳᠤᠩ ᠭᠠᠬᠠᠢ ᠪᠡᠶ᠎ᠡ ᠪᠡᠨ ᠠᠵᠢᠭ ᠦᠭᠡᠢ ᠱᠦᠷᠭᠦᠭᠡᠵᠦ ᠬᠤᠷ᠎ᠠ ᠬᠤᠷ᠎ᠠᠳᠤᠤᠭᠠᠷᠤᠭᠰᠠᠭᠠᠷ: ᠶᠠᠭᠤ ᠪᠣᠯᠪᠠ? ᠶᠠᠮᠠᠷ ᠠᠮᠢᠲᠠᠨ ᠢᠷᠡᠪᠡ?ᠬᠡᠮᠡᠨ ᠠᠰᠠᠭᠤᠭᠰᠠᠨ ᠳᠤ᠂ ᠬᠥᠬᠡ ᠢᠮᠠᠭ᠎ᠠ ᠬᠦᠵᠦᠭᠦᠨ ᠳᠡᠭᠢ ᠰᠡᠲᠡᠷ ᠢᠶᠡᠨ ᠰᠡᠭᠰᠦᠷᠴᠦ ᠬᠥᠪᠴᠢᠨ ᠪᠡᠶ᠎ᠡ ᠪᠡᠨ ᠴᠡᠴᠡᠷᠡᠭᠦᠯᠦᠭᠰᠡᠭᠡᠷ ᠴᠠᠭᠠᠨ ᠢᠮᠠᠭ᠎ᠠ ᠳᠤ ᠮᠥᠷᠭᠥᠭᠳᠡᠭᠰᠡᠨ ᠤᠴᠢᠷ ᠢᠶᠠᠨ ᠴᠠᠭᠠᠪᠤᠷᠯᠠᠨ ᠲᠣᠭᠠᠴᠢᠭᠠᠳ: ᠠᠪᠤᠭᠠᠢ ᠠ᠋᠂ ᠮᠡᠷᠭᠡᠨ ᠴᠠᠭᠠᠨ ᠰᠡᠵᠢᠭᠦᠷ ᠢᠶᠡᠷ ᠢᠶᠡᠨ ᠳᠡᠭᠦᠦ ᠨᠠᠳᠠ ᠪᠠᠨ ᠲᠤᠰᠠᠯᠠᠨ᠎ᠠ ᠤᠤ? ᠮᠠᠭᠤ ᠴᠠᠭᠠᠨ ᠢᠮᠠᠭᠠᠨ ᠤ ᠭᠡᠭᠦᠷᠡᠭ ᠢ ᠨᠢ ᠳᠡᠯᠭᠡᠵᠦ ᠭᠡᠳᠡᠰᠦ ᠶᠢ ᠨᠢ ᠴᠤᠪᠤᠭᠤᠯᠵᠤ ᠦᠵᠡᠨ᠎ᠡ ᠦᠦ?ᠭᠡᠯ᠎ᠡ᠃ ᠪᠤᠳᠤᠩ ᠭᠠᠬᠠᠢ ᠵᠢᠷᠪᠢᠭᠢᠷ ᠨᠢᠳᠦ ᠪᠡᠷ ᠪᠤᠯᠤᠩᠳᠠᠨ ᠭᠥᠯᠢᠢᠵᠦ᠂ ᠳᠡᠪᠢᠭᠦᠷ ᠴᠢᠬᠢ ᠪᠡᠨ ᠳᠡᠯᠪᠡᠰ ᠳᠡᠯᠪᠡᠰ ᠬᠥᠳᠡᠯᠭᠡᠨ: ᠥᠰᠲᠡᠨ ᠳᠠᠢᠰᠤᠨ ᠲᠠᠢ ᠲᠤᠯᠤᠯᠳᠤᠬᠤ ᠪᠠᠷ ᠥᠪᠴᠢ ᠪᠡᠶ᠎ᠡ ᠪᠡᠨ ᠬᠤᠶᠠᠭᠯᠠᠨ᠎ᠠ ᠪᠢ᠃ ᠡᠪᠡᠰᠦᠨ ᠲᠡᠵᠢᠭᠡᠯᠲᠡᠨ ᠦ ᠤᠴᠢᠷ ᠨᠠᠳᠠ ᠶᠡᠷᠦ ᠨᠢ ᠬᠠᠮᠢᠶ᠎ᠠ ᠦᠭᠡᠢ᠂ ᠬᠣᠪᠴᠢ ᠶᠢᠨ ᠮᠠᠭᠤ ᠢᠮᠠᠭ᠎ᠠ ᠴᠢ᠂ ᠬᠣᠯᠠ ᠲᠣᠨᠢᠯ!ᠭᠡᠵᠦ ᠬᠥᠭᠡᠭᠡᠪᠡ᠃

  ᠬᠥᠬᠡ ᠢᠮᠠᠭ᠎ᠠ ᠳᠠᠭᠢᠭᠠᠳ ᠴᠢᠨᠠᠭ᠍ᠰᠢ ᠪᠠᠨ ᠶᠠᠪᠤᠪᠠ᠃ ᠬᠥᠪᠴᠢ ᠣᠢ ᠶᠢ ᠲᠤᠭᠤᠯᠤᠨ ᠬᠥᠬᠡ ᠬᠠᠳᠠᠨ ᠤ ᠡᠩᠭᠡᠷ ᠬᠦᠷᠬᠦ ᠳᠦ᠂ ᠬᠠᠳᠠᠨ ᠪᠤᠯᠠᠭ ᠳᠡᠭᠡᠷ᠎ᠡ ᠴᠣᠬᠣᠷ ᠪᠤᠭᠤ ᠤᠰᠤ ᠤᠤᠭᠤᠵᠤ ᠪᠠᠢᠯ᠎ᠠ᠃ ᠬᠥᠬᠡ ᠢᠮᠠᠭ᠎ᠠ ᠬᠦᠷᠴᠦ ᠣᠴᠢᠭᠠᠳ: ᠪᠤᠭᠤ ᠭᠤᠸᠠᠢ᠂ ᠪᠤᠭᠤ ᠭᠤᠸᠠᠢ! ᠪᠤᠷᠬᠠᠨ ᠤ ᠭᠦᠯᠦᠭ ᠴᠢ ᠪᠢᠰᠢ ᠦᠦ? ᠲᠡᠭᠷᠢ ᠶᠢᠨ ᠢᠮᠠᠭ᠎ᠠ ᠪᠢ ᠰᠢᠤ᠂ ᠴᠠᠭᠠᠨ ᠢᠮᠠᠭ᠎ᠠ ᠭᠠᠯᠵᠠᠭᠤᠷᠠᠵᠤ ᠪᠠᠢᠨ᠎ᠠ᠂ ᠴᠢᠰᠤ ᠶᠢ ᠮᠢᠨᠢ ᠠᠰᠬᠠᠵᠤ᠂ ᠳᠤᠬᠤ ᠶᠢ ᠮᠢᠨᠢ ᠬᠠᠭᠠᠯᠪᠠ᠂ ᠥᠰᠢᠶ᠎ᠡ ᠠᠪᠴᠤ ᠥᠭᠭᠦᠭᠡᠴᠢ!ᠭᠡᠵᠦ ᠭᠤᠶᠤᠯ᠎ᠠ᠃ ᠴᠣᠬᠣᠷ ᠪᠤᠭᠤ ᠤᠷᠤᠭᠤᠯ ᠢᠶᠠᠨ ᠴᠣᠷᠪᠣᠢᠯᠭᠠᠵᠤ᠂ ᠰᠡᠷᠭᠦᠯᠡᠩ ᠰᠠᠢᠬᠠᠨ ᠨᠢᠳᠦ ᠪᠡᠷ ᠢᠶᠡᠨ ᠠᠭᠤᠯᠠ ᠬᠥᠪᠴᠢ ᠶᠢ ᠰᠢᠷᠲᠡᠨ: ᠡᠩ ᠦᠭᠡᠢ ᠣᠢ ᠪᠠᠷ ᠰᠡᠯᠡᠭᠦᠴᠡᠵᠦ᠂ ᠡᠷᠳᠡᠨᠢ ᠶᠢᠨ ᠡᠪᠡᠰᠦ ᠪᠡᠨ ᠲᠡᠭᠦᠵᠦ ᠢᠳᠡᠨ᠎ᠡ᠂ ᠪᠡᠷᠬᠡ ᠪᠠᠷᠲᠠᠭ᠎ᠠ ᠪᠠᠷ ᠲᠣᠭᠣᠷᠢᠨ ᠶᠠᠪᠤᠵᠤ᠂ ᠪᠢᠯᠢᠭᠲᠦ ᠳᠡᠯᠳᠡᠦ ᠲᠡᠭᠦᠵᠦ ᠢᠳᠡᠨ᠎ᠡ᠃ ᠡᠷᠬᠡ ᠪᠡᠨ ᠪᠠᠷᠠᠭᠰᠠᠨ ᠬᠥᠬᠡ ᠢᠮᠠᠭ᠎ᠠ ᠴᠢ᠂ ᠡᠷᠲᠡᠬᠡᠨ ᠨᠠᠳᠠ ᠠ᠋ᠴᠠ ᠵᠠᠢᠯᠠᠵᠤ ᠶᠠᠪᠤ!ᠭᠡᠵᠦ ᠬᠥᠭᠡᠭᠡᠭᠡᠳ᠂ ᠡᠷᠬᠢᠮᠰᠦᠭ ᠡᠪᠡᠷ ᠢᠶᠡᠨ ᠳᠡᠩᠬᠡᠢᠯᠭᠡᠨ ᠬᠦᠵᠦᠭᠦᠦ ᠪᠡᠨ ᠰᠤᠨᠤᠰᠭᠢᠵᠤ ᠠᠪᠤᠭᠠᠳ ᠣᠢ ᠶᠢᠨ ᠳᠣᠲᠣᠷ᠎ᠠ ᠣᠷᠣᠵᠤ ᠠᠯᠠᠭ᠎ᠠ ᠪᠣᠯᠪᠠ᠃

  ᠡᠷᠢᠯ ᠦᠨ ᠴᠥᠬᠥᠷᠡᠩ ᠳᠦ ᠠᠪᠲᠠᠭᠰᠠᠨ ᠬᠥᠬᠡ ᠢᠮᠠᠭ᠎ᠠ ᠴᠦᠯᠲᠦᠰ ᠴᠦᠯᠲᠦᠰ ᠠᠯᠬᠤᠯᠠᠨ ᠳᠠᠭᠢᠭᠠᠳ ᠴᠢᠨᠠᠭ᠍ᠰᠢ ᠶᠠᠪᠤᠪᠠ᠃ ᠠᠭᠤᠯᠠ ᠶᠢᠨ ᠬᠥᠨᠳᠡᠢ ᠪᠡᠷ ᠣᠷᠣᠵᠤ ᠣᠴᠢᠬᠤ ᠳᠤ ᠵᠢᠬᠡᠭᠦᠨ ᠰᠠᠯᠬᠢ ᠰᠡᠷᠴᠢᠭᠢᠨᠡᠵᠦ ᠬᠠᠵᠠᠭᠤ ᠬᠠᠪᠢ ᠠ᠋ᠴᠠ ᠵᠡᠪᠡᠭᠦᠨ ᠳᠠᠭᠤᠨ ᠰᠣᠨᠣᠰᠳᠠᠨ᠎ᠠ᠃ ᠬᠥᠬᠡ ᠢᠮᠠᠭ᠎ᠠ ᠵᠢᠭ᠌ ᠬᠢᠵᠦ ᠠᠢᠳᠠᠰ ᠬᠦᠷᠬᠦ ᠪᠤᠯᠪᠠᠴᠤ ᠵᠠᠨᠤᠯ ᠤᠨ ᠬᠦᠴᠦᠨ ᠳᠦ ᠵᠠᠯᠭᠠᠨ ᠵᠠᠯᠭᠠᠨ ᠶᠠᠪᠤᠵᠤ᠂ ᠮᠠᠢᠯᠠᠨ ᠮᠠᠢᠯᠠᠨ ᠱᠣᠭᠰᠢᠨ᠎ᠠ᠃ ᠲᠡᠭᠡᠭᠡᠳ ᠠᠭᠤᠯᠠ ᠶᠢᠨ ᠵᠠᠪᠠ ᠪᠠᠷ ᠤᠷᠢᠳᠤ ᠨᠢ ᠬᠥᠬᠡ ᠴᠢᠨᠦ᠎ᠠ ᠰᠢᠩᠰᠢᠯᠡᠨ ᠶᠠᠪᠤᠬᠤ ᠬᠠᠷᠠᠭᠳᠠᠨ᠎ᠠ᠃ ᠬᠥᠬᠡ ᠢᠮᠠᠭ᠎ᠠ ᠲᠥᠷᠥᠯᠬᠢ ᠶᠢᠨ ᠵᠥᠩ ᠪᠢᠯᠢᠭ᠌ ᠢᠶᠡᠷ ᠰᠣᠴᠢᠭ᠍ᠰᠠᠨ ᠳᠤ ᠪᠠᠨ ᠵᠣᠭ ᠲᠣᠰᠴᠤ᠂ ᠠᠶᠤᠭᠰᠠᠨ ᠳᠤ ᠪᠠᠨ ᠮᠠᠢ ᠮᠠᠢ ᠭᠡᠵᠦ ᠮᠠᠢᠯᠠᠵᠤ ᠭᠠᠷᠤᠯ᠎ᠠ᠃ ᠴᠢᠨᠦ᠎ᠠ ᠦᠨᠦᠷ ᠠᠪᠤᠨ ᠥᠨᠳᠡᠰᠬᠢᠵᠦ ᠰᠡᠪ ᠠᠪᠤᠨ ᠰᠡᠷᠡᠢᠵᠦ ᠬᠠᠷᠠᠪᠠᠯ᠂ ᠨᠢᠭᠡᠨ ᠬᠥᠬᠡ ᠢᠮᠠᠭ᠎ᠠ ᠪᠠᠢᠵᠠᠢ᠃ ᠬᠠᠷᠠᠭᠠᠨ ᠳᠤ ᠣᠷᠣᠭᠰᠠᠨ ᠪᠦᠭᠦᠨ ᠢ ᠴᠥᠯᠪᠡᠨ ᠶᠠᠪᠤᠳᠠᠭ ᠬᠠᠪᠤᠷ ᠴᠠᠭ ᠤᠨ ᠥᠯᠥᠨ ᠴᠢᠨᠦ᠎ᠠ ᠲᠡᠳᠦᠬᠡᠨ ᠵᠠᠭᠤᠷ᠎ᠠ ᠳᠤ ᠬᠣᠩᠰᠢᠶᠠᠷ ᠰᠤᠩᠭᠠᠨ ᠢᠷᠡᠬᠦ ᠳᠦ᠂ ᠬᠥᠬᠡ ᠢᠮᠠᠭ᠎ᠠ ᠬᠦᠴᠦᠲᠦ ᠰᠠᠯᠬᠢᠨ ᠳᠤ ᠴᠣᠬᠢᠭᠤᠯᠤᠭᠰᠠᠨ ᠮᠡᠲᠦ ᠨᠠᠢᠭᠤᠰᠭᠢᠵᠤ ᠠᠪᠤᠭᠠᠳ᠂ ᠬᠥᠯ ᠢᠶᠡᠨ ᠴᠡᠴᠡᠭᠡᠨᠡᠭᠦᠯᠦᠨ ᠲᠣᠯᠣᠭᠠᠢ ᠪᠠᠨ ᠳᠠᠯᠵᠢᠭᠢᠨᠠᠭᠤᠯᠵᠤ ᠵᠢᠰᠦᠮ ᠨᠢᠭᠡ ᠲᠡᠢ ᠪᠡᠨ ᠵᠦᠢᠴᠢᠯᠡᠨ ᠶᠠᠷᠢᠵᠤ ᠵᠥᠭᠡᠯᠡᠷᠡᠭᠦᠯᠵᠦ ᠠᠪᠬᠤ ᠪᠠᠷ ᠣᠷᠤᠯᠳᠤᠭᠠᠳ᠂ ᠵᠣᠷᠢᠵᠤ ᠢᠷᠡᠭᠰᠡᠨ ᠤᠴᠢᠷ ᠢᠶᠠᠨ ᠭᠠᠷᠭᠠᠵᠤ: ᠴᠢᠨᠦ᠎ᠠ ᠠᠪᠤᠭᠠᠢ᠂ ᠴᠢᠨᠦ᠎ᠠ ᠠᠪᠤᠭᠠᠢ ᠠ᠋! ᠰᠡᠲᠡᠷᠲᠦ ᠴᠠᠭᠠᠨ ᠁ᠭᠡᠵᠦ ᠭᠡᠯᠡᠭᠦ ᠶᠢ ᠵᠠᠪᠳᠤᠲᠠᠯ᠎ᠠ᠂ ᠴᠢᠨᠦ᠎ᠠ: ᠠᠪᠤᠭᠠᠢ ᠮᠠᠪᠤᠭᠠᠢ ᠭᠡᠬᠦ ᠬᠡᠷᠡᠭ ᠦᠭᠡᠢ᠂ ᠠᠮᠠᠨ ᠳᠤ ᠣᠷᠣᠬᠤ ᠴᠢᠨᠢ ᠴᠢᠬᠤᠯᠠ ᠪᠠᠢᠨ᠎ᠠᠭᠡᠯ᠎ᠡ᠃ ᠬᠥᠬᠡ ᠢᠮᠠᠭ᠎ᠠ ᠪᠠᠯᠠᠷᠳᠠᠵᠤ: ᠪᠠᠢᠵᠠ᠂ ᠪᠠᠢᠵᠠ᠂ ᠪᠠᠢᠵᠠ᠂ ᠴᠢᠨᠦ᠎ᠠ ᠠᠪᠤᠭᠠᠢ ᠠ᠋! ᠪᠢ ᠪᠣᠯ ᠲᠡᠭᠷᠢ ᠶᠢᠨ ᠢᠮᠠᠭ᠎ᠠ᠂ ᠲᠠ ᠪᠣᠯ ᠲᠡᠭᠷᠢ ᠶᠢᠨ ᠨᠣᠬᠠᠢ᠂ ᠲᠡᠭᠷᠢ ᠶᠢᠨ ᠢᠮᠠᠭ᠎ᠠ ᠪᠠᠨ ᠬᠠᠮᠠᠭᠠᠯᠠᠵᠤ ᠶᠠᠪᠤᠬᠤ ᠶᠢ ᠠᠪᠤᠭᠠᠢ ᠲᠠ ᠯᠠ ᠮᠡᠳᠡᠨ᠎ᠡ ᠳ᠋ᠡᠭᠡᠵᠦ ᠴᠢᠷᠠᠯᠠᠨ ᠬᠡᠯᠡᠪᠡᠯ᠂ ᠴᠢᠨᠦ᠎ᠠ ᠦᠯᠦ ᠣᠢᠰᠢᠶᠠᠨ: ᠬᠡᠬᠦᠳᠡᠭ ᠢᠶᠡᠨ ᠳᠡᠯᠭᠡ᠂ ᠰᠡᠪᠡᠰᠦ ᠪᠡᠨ ᠬᠠᠶᠠ! ᠭᠡᠳᠡᠰᠦᠨ ᠳᠦ ᠣᠷᠣ᠂ ᠭᠡᠷ ᠢᠶᠡᠨ ᠪᠣᠯᠭ᠎ᠠ! ᠲᠡᠭᠷᠢ ᠶᠢᠨ ᠢᠮᠠᠭ᠎ᠠ ᠲᠡᠭᠷᠢ ᠳᠦ ᠭᠠᠷᠬᠤ ᠳᠤ ᠲᠡᠰᠬᠡᠯ ᠦᠭᠡᠢ ᠨᠠᠳᠠ ᠪᠠᠷ ᠳᠠᠮᠵᠢᠨ᠎ᠠ!ᠭᠡᠳ ᠣᠯᠠᠨ ᠦᠭᠡ ᠨᠤᠷᠱᠤᠯ ᠦᠭᠡᠢ ᠣᠭᠯᠣ ᠦᠰᠦᠷᠦᠨ ᠳᠠᠭᠠᠷᠢᠯ᠎ᠠ᠃ ᠬᠥᠬᠡ ᠢᠮᠠᠭ᠎ᠠ ᠬᠡᠷᠡᠭ ᠦᠯᠦ ᠪᠦᠲᠦᠭᠦ ᠶᠢ ᠮᠡᠳᠡᠭᠡᠳ ᠪᠤᠴᠠᠬᠤ ᠭᠡᠲᠡᠯ᠎ᠡ ᠪᠠᠭᠠᠯᠵᠤᠤᠷ ᠢᠶᠠᠷ ᠨᠢ ᠳᠠᠭᠠᠷᠢᠪᠠ᠃ ᠡᠷᠭᠢᠭᠦ ᠭᠡᠲᠡᠯ᠎ᠡ ᠡᠪᠴᠢᠭᠦᠦ ᠪᠡᠷ ᠨᠢ ᠳᠠᠭᠠᠷᠢᠪᠠ᠃ ᠢᠩᠭᠢᠭᠡᠳ ᠬᠥᠬᠡ ᠢᠮᠠᠭ᠎ᠠ ᠰᠡᠲᠡᠷ ᠢᠶᠡᠨ ᠮᠣᠳᠣᠨ ᠳᠤ ᠡᠯᠭᠦᠵᠦ᠂ ᠰᠡᠪᠡᠰᠦ ᠪᠡᠨ ᠪᠤᠲᠠᠨ ᠳᠤ ᠠᠰᠬᠠᠪᠠ᠃

  ᠥᠯᠥᠨ ᠴᠢᠨᠦ᠎ᠠ ᠥᠯ ᠢᠶᠡᠨ ᠳᠠᠷᠤᠵᠤ ᠪᠠᠷᠠᠭᠠᠳ᠂ ᠬᠥᠬᠡ ᠢᠮᠠᠭ᠎ᠠ ᠶᠢᠨ ᠮᠥᠷ ᠢᠶᠡᠷ ᠠᠭᠤᠯᠠᠨ ᠠ᠋ᠴᠠ ᠪᠠᠭᠤᠵᠤ ᠢᠷᠡᠯ᠎ᠡ᠃

ᠭᠤᠷᠪᠠ

  ᠬᠣᠨᠢᠨ ᠰᠦᠷᠦᠭ ᠲᠠᠯ᠎ᠠ ᠬᠥᠨᠳᠡᠢ ᠪᠡᠷ ᠲᠠᠪᠠᠲᠠᠢ ᠰᠠᠢᠬᠠᠨ ᠪᠡᠯᠴᠢᠨ᠎ᠡ᠃ ᠬᠥᠭᠰᠢᠨ ᠪᠠᠭᠤᠷᠠᠢ ᠬᠣᠨᠢ ᠢᠮᠠᠭ᠎ᠠ᠂ ᠬᠥᠷᠥᠪᠡᠵᠢᠭᠰᠡᠨ ᠢᠰᠢᠭᠡ ᠬᠤᠷᠠᠭ᠎ᠠ᠂ ᠬᠦᠵᠦᠭᠦᠦ ᠨᠢ ᠪᠠᠮᠪᠠᠢᠭᠰᠠᠨ ᠢᠷᠭᠡ ᠲᠥᠯᠥᠭᠡ᠂ ᠬᠦᠴᠦ ᠲᠠᠷ ᠲᠠᠢ ᠰᠤᠪᠠᠢ ᠰᠤᠭᠤᠯᠳᠤᠷᠭ᠎ᠠ ᠨᠤᠭᠤᠳ ᠡᠳᠦᠷ ᠦᠨ ᠰᠠᠢᠬᠠᠨ ᠢ ᠠᠮᠵᠢᠵᠤ ᠡᠪᠡᠰᠦᠨ ᠦ ᠰᠠᠢᠨ ᠢ ᠢᠳᠡᠰᠢᠯᠡᠵᠦ ᠶᠠᠪᠤᠨ᠎ᠠ᠃ ᠲᠡᠳᠡ ᠴᠥᠮ ᠡᠪᠦᠯ ᠦᠨ ᠬᠦᠢᠲᠡᠨ ᠳᠦ ᠥᠭᠡᠬᠦ ᠲᠡᠢ ᠰᠠᠭᠤᠵᠤ᠂ ᠥᠰᠬᠦ ᠴᠠᠭ ᠲᠤ ᠲᠥᠯ ᠪᠠᠢᠬᠤ ᠶᠢ ᠵᠣᠷᠢᠬᠤ ᠠᠵᠢ᠃ ᠰᠦᠷᠦᠭ ᠦᠨ ᠳᠤᠮᠳᠠᠭᠤᠷ ᠰᠡᠷᠡᠭᠡᠷ ᠴᠠᠭᠠᠨ ᠢᠮᠠᠭ᠎ᠠ ᠰᠡᠲᠡᠷ ᠬᠡᠢᠰᠬᠡᠨ ᠶᠠᠪᠤᠨ᠎ᠠ᠃ ᠰᠦᠷ ᠢᠶᠡᠷ ᠪᠦᠭᠦᠳᠡ ᠶᠢ ᠳᠠᠷᠤᠵᠤ᠂ ᠰᠡᠲᠡᠷ ᠢᠶᠡᠷ ᠣᠯᠠᠨ ᠢ ᠠᠶᠤᠯᠭᠠᠭᠰᠠᠨ ᠠ᠋ᠴᠠ ᠬᠤᠴᠠ ᠤᠬᠤᠨ᠎ᠠ ᠭᠦᠷᠲᠡᠯ᠎ᠡ ᠲᠡᠭᠦᠨ ᠡᠴᠡ ᠵᠠᠢᠳᠠᠭᠤ ᠭᠠᠷᠤᠨ᠎ᠠ᠃ ᠲᠡᠭᠦᠨ ᠲᠡᠢ ᠮᠥᠷᠭᠥᠯᠳᠦᠵᠦ ᠬᠠᠷᠭᠤᠯᠳᠤᠵᠤ ᠪᠠᠢᠳᠠᠭ ᠬᠥᠬᠡ ᠢᠮᠠᠭ᠎ᠠ ᠲᠣᠨᠢᠯᠤᠭᠰᠠᠨ ᠲᠤᠯᠠ ᠡᠪᠡᠷ ᠦᠨ ᠤ᠌ᠭ ᠨᠢ ᠭᠦᠷᠲᠡᠯ᠎ᠡ ᠵᠠᠭᠠᠲᠤᠨᠠᠬᠤ ᠪᠣᠯᠵᠤ᠂ ᠡᠰᠢ ᠪᠡᠨ ᠨᠢᠭᠡ ᠮᠥᠷᠭᠥᠵᠦ᠂ ᠲᠡᠰᠢ ᠪᠡᠨ ᠨᠢᠭᠡ ᠰᠠᠵᠢᠯᠬᠢᠯᠠᠨ᠎ᠠ᠃ ᠲᠡᠭᠡᠭᠡᠳ ᠲᠡᠷᠡ ᠰᠦᠷᠦᠭ ᠡᠴᠡ ᠵᠠᠢᠳᠠᠭᠤ ᠶᠠᠭ᠎ᠠ ᠬᠥᠭᠰᠢᠨ ᠤᠬᠤᠨ᠎ᠠ ᠶᠢᠨ ᠳᠡᠷᠭᠡᠳᠡ ᠬᠦᠷᠴᠦ: ᠬᠥᠭᠰᠢᠨ ᠵᠥᠨᠥᠭ ᠴᠢ᠂ ᠬᠥᠬᠡ ᠨᠢᠳᠦ ᠪᠡᠨ ᠡᠷᠡᠢᠯᠭᠡᠭᠡᠳ ᠶᠠᠭᠤ ᠪᠤᠳᠤᠵᠤ ᠶᠠᠪᠤᠨ᠎ᠠ ᠪᠤᠢ? ᠬᠥᠬᠡ ᠢᠮᠠᠭ᠎ᠠ ᠬᠦᠦ ᠴᠢᠨᠢ ᠪᠢᠰᠢ ᠦᠦ? ᠬᠥᠳᠡᠭᠡ ᠲᠡᠭᠦᠨ ᠢᠶᠡᠨ ᠳᠠᠭᠠᠳᠠᠭ ᠪᠢᠰᠢ ᠦᠦ? ᠣᠳᠣ ᠲᠡᠭᠦᠨ ᠦ ᠪᠡᠨ ᠬᠣᠢᠨ᠎ᠠ ᠠ᠋ᠴᠠ ᠶᠠᠪᠤᠬᠤ ᠶᠢ ᠪᠤᠳᠤᠵᠤ ᠪᠠᠢᠭ᠎ᠠ ᠤᠤ? ᠰᠦᠷᠦᠭ ᠡᠴᠡ ᠲᠣᠨᠢᠯ! ᠰᠡᠭᠦᠳᠡᠷ ᠢᠶᠡᠨ ᠪᠤᠤ ᠦᠵᠡᠭᠦᠯ!ᠭᠡᠳ ᠬᠣᠢᠨ᠎ᠠ ᠠ᠋ᠴᠠ ᠨᠢ ᠬᠦᠴᠦᠲᠡᠢ ᠮᠥᠷᠭᠥᠵᠦ ᠣᠷᠭᠢᠬᠰᠠᠨ ᠴᠢᠨᠢ ᠬᠥᠭᠰᠢᠨ ᠤᠬᠤᠨ᠎ᠠ ᠨᠢᠭᠡ ᠪᠦᠳᠦᠷᠢᠵᠦ ᠠᠪᠤᠭᠠᠳ᠂ ᠬᠥᠰᠢᠭᠦᠨ ᠪᠡᠶ᠎ᠡ ᠪᠡᠨ ᠰᠡᠭᠰᠦᠷᠴᠦ ᠭᠥᠯᠢᠢᠨ ᠬᠠᠷᠠᠭᠠᠳ: ᠪᠢ ᠡᠪᠦᠭᠡᠷᠡᠪᠡ᠂ ᠬᠥᠬᠡ ᠢᠮᠠᠭ᠎ᠠ ᠬᠦᠦ ᠮᠢᠨᠢ ᠪᠤᠯᠪᠠᠴᠤ ᠬᠥᠬᠥᠯᠲᠦ ᠡᠬᠡ ᠴᠢᠨᠢ ᠨᠠᠳᠠᠲᠠᠢ ᠰᠠᠢᠨ ᠰᠢᠤ!ᠬᠡᠮᠡᠪᠡ᠃ ᠴᠠᠭᠠᠨ ᠢᠮᠠᠭ᠎ᠠ ᠠᠭᠤᠷᠯᠠᠵᠤ: ᠰᠡᠲᠡᠷ ᠢ ᠮᠢᠨᠢ ᠭᠤᠲᠤᠭᠠᠭᠰᠠᠨ ᠰᠡᠪᠡᠰᠦ ᠴᠢ ᠲᠣᠨᠢᠯ!ᠭᠡᠳ ᠬᠥᠭᠰᠢᠨ ᠤᠬᠤᠨ᠎ᠠ ᠶᠢ ᠪᠦᠳᠦᠷᠢᠲᠡᠯ᠎ᠡ ᠨᠢ ᠮᠥᠷᠭᠥᠵᠦ ᠪᠥᠭᠯᠡᠷᠡᠲᠡᠯ᠎ᠡ ᠨᠢ ᠲᠠᠭᠤᠭᠰᠠᠭᠠᠷ ᠳᠣᠪᠤ ᠲᠣᠯᠣᠭᠠᠢ ᠶᠢᠨ ᠴᠠᠭᠠᠨ᠎ᠠ ᠣᠷᠣᠭᠤᠯᠪᠠ᠃

  ᠴᠠᠭᠠᠨ ᠢᠮᠠᠭ᠎ᠠ ᠪᠤᠴᠠᠭᠠᠳ ᠢᠷᠡᠬᠦ ᠳᠦ ᠬᠡᠪ ᠵᠠᠩ ᠲᠠᠭᠠᠷᠠᠬᠰᠠᠨ ᠬᠡᠳᠦᠨ ᠬᠡᠨᠵᠡ ᠢᠰᠢᠭᠡ ᠬᠤᠷᠠᠭ᠎ᠠ ᠪᠥᠭᠡᠮᠨᠡᠷᠡᠯᠳᠦᠨ ᠪᠤᠲᠠᠨ ᠤ ᠨᠠᠮᠠᠭ᠎ᠠ ᠶᠢ ᠪᠤᠪᠠᠷ ᠪᠤᠪᠠᠷ ᠬᠡᠮᠡᠯᠢᠵᠦ ᠳᠡᠷᠡᠰᠦᠨ ᠦ ᠨᠠᠮᠠᠭ᠎ᠠ ᠶᠢ ᠳᠡᠪᠦᠷ᠎ᠡ ᠳᠡᠪᠦᠷ᠎ᠡ ᠭᠡᠪᠢᠭᠦ ᠳᠦ ᠪᠡᠨ ᠲᠡᠭᠦᠨ ᠢ ᠪᠠᠢᠨ ᠪᠠᠢᠨ ᠭᠥᠯᠢᠢᠨ ᠬᠠᠷᠠᠵᠠᠭᠠᠨ᠎ᠠ᠃ ᠡᠪᠡᠷᠲᠦ ᠴᠠᠭᠠᠨ ᠡᠰᠡᠷᠭᠦᠯᠡᠨ ᠬᠦᠷᠴᠦ: ᠲᠠ ᠮᠠᠭᠤ ᠶᠠᠭᠤᠮᠠᠰ ᠶᠠᠭᠤᠨ ᠳᠤ ᠨᠠᠮᠠᠢ ᠮᠠᠭᠤᠬᠠᠢ ᠬᠠᠷᠠᠨ ᠪᠠᠪᠠᠲᠤᠨᠠᠭᠠᠳ ᠪᠠᠢᠳᠠᠭ ᠶᠤᠮ? ᠬᠥᠬᠡ ᠢᠮᠠᠭ᠎ᠠ ᠲᠠᠢ ᠲᠤᠯᠤᠯᠳᠤᠵᠤ ᠪᠠᠢᠬᠤ ᠳᠤ ᠬᠥᠯ ᠦᠨ ᠲᠣᠷᠤᠭᠠᠰᠤ ᠪᠣᠯᠵᠤ ᠪᠠᠢᠭᠰᠠᠨ ᠢᠶᠠᠨ ᠮᠡᠳᠡᠨ᠎ᠡ ᠦᠦ? ᠲᠠᠷᠠᠵᠠᠭ᠎ᠠ᠂ ᠵᠣᠯᠢᠭ ᠤᠳ!ᠭᠡᠳ ᠡᠪᠡᠷ ᠦᠵᠡᠭᠦᠯᠦᠭᠰᠡᠨ ᠳᠦ ᠬᠡᠨᠵᠡ ᠨᠦ᠋ᠭᠦᠳ ᠭᠣᠳ ᠭᠠᠷᠤᠨ ᠳᠤᠲᠠᠭᠠᠵᠤ ᠳᠣᠪᠤ ᠶᠢᠨ ᠴᠠᠭᠠᠨ᠎ᠠ ᠨᠢᠭᠤᠭᠳᠠᠪᠠ᠃

  ᠴᠠᠭᠠᠨ ᠢᠮᠠᠭ᠎ᠠ ᠰᠦᠷᠦᠭ ᠦᠨ ᠳᠤᠮᠳᠠᠭᠤᠷ ᠰᠦᠷᠲᠡᠢ ᠪᠥᠭᠡᠳ ᠠᠭᠤᠷᠲᠠᠢ ᠶᠠᠪᠤᠨ᠎ᠠ᠃ ᠡᠪᠡᠷ ᠦᠨ ᠦᠵᠦᠭᠦᠷ ᠢᠶᠡᠷ ᠡᠨᠡ ᠲᠡᠷᠡ ᠶᠢ ᠠᠶᠤᠯᠭᠠᠨ ᠶᠠᠪᠤᠵᠤ ᠪᠠᠢᠲᠠᠯ᠎ᠠ ᠬᠠᠷᠠᠭᠠᠨ ᠳ᠋ᠤᠨᠢ ᠬᠠᠴᠢᠨ ᠬᠠᠷᠠᠭᠳᠠᠬᠤ ᠬᠠᠷ᠎ᠠ ᠢᠮᠠᠭ᠎ᠠ ᠦᠵᠡᠭᠳᠡᠪᠡ᠃ ᠴᠠᠭᠠᠨ ᠢᠮᠠᠭ᠎ᠠ ᠳᠡᠷᠭᠡᠳᠡ ᠨᠢ ᠭᠦᠶᠦᠵᠦ ᠣᠴᠢᠭᠠᠳ: ᠰᠡᠭᠰᠡᠭᠡᠷ ᠬᠠᠷ᠎ᠠ ᠴᠢ᠂ ᠨᠣᠬᠠᠢ ᠶᠤᠮ ᠤᠤ? ᠢᠮᠠᠭ᠎ᠠ ᠶᠤᠮ ᠤᠤ? ᠤᠳᠤᠮ ᠳᠤ ᠦᠭᠡᠢ ᠬᠠᠷ᠎ᠠ᠂ ᠰᠦᠷᠦᠭ ᠲᠦ ᠦᠭᠡᠢ ᠬᠥᠬᠡ᠂ ᠠᠯᠢ ᠨᠢ ᠪᠤᠯᠪᠠᠴᠤ ᠰᠠᠢᠨ ᠶᠠᠭᠤᠮ᠎ᠠ ᠪᠢᠰᠢ᠂ ᠰᠡᠲᠡᠷ ᠦᠨ ᠮᠢᠨᠢ ᠭᠤᠲᠤᠮᠰᠢᠭ ᠪᠣᠯᠵᠤ ᠰᠦᠷᠦᠭ ᠲᠦ ᠮᠢᠨᠢ ᠴᠢᠳᠬᠦᠷ ᠪᠣᠯᠪᠠᠭᠡᠰᠡᠨ ᠳᠦ ᠬᠠᠷ᠎ᠠ ᠢᠮᠠᠭ᠎ᠠ ᠰᠡᠯᠡᠮ᠎ᠡ ᠡᠪᠡᠷ ᠦᠨ ᠠᠮᠲᠠ ᠶᠢ ᠦᠵᠡᠬᠦ ᠡᠴᠡ ᠠᠶᠤᠵᠤ᠂ ᠡᠪ ᠢ ᠨᠢ ᠦᠵᠡᠵᠦ ᠵᠠᠢᠯᠠᠨ ᠭᠠᠷᠴᠤ᠂ ᠡᠷᠭᠢᠨ ᠡᠷᠭᠢᠨ ᠬᠠᠷᠠᠵᠤ ᠡᠷᠭᠢ ᠳᠠᠮᠵᠢᠨ ᠱᠣᠭᠰᠢᠵᠤ᠂ ᠲᠣᠵᠢᠷ ᠲᠣᠵᠢᠷ ᠠᠯᠬᠤᠯᠠᠨ ᠳᠣᠪᠤ ᠶᠢᠨ ᠴᠠᠭᠠᠨ᠎ᠠ ᠣᠷᠣᠪᠠ᠃

  ᠴᠠᠭᠠᠨ ᠢᠮᠠᠭ᠎ᠠ ᠳᠠᠭᠢᠨ ᠰᠦᠷᠦᠭ ᠦᠨ ᠳᠤᠮᠳᠠᠭᠤᠷ ᠰᠢᠪᠲᠤᠯᠤᠨ ᠶᠠᠪᠤᠵᠤ᠂ ᠨᠢᠯᠴᠠᠭ ᠨᠢᠯᠴᠠᠭ ᠠᠯᠬᠤᠬᠤ ᠭᠡᠭᠡᠯ ᠲᠡᠢ ᠬᠣᠨᠢ ᠶᠢᠨ ᠳᠡᠷᠭᠡᠳᠡ ᠣᠴᠢᠯ᠎ᠠ᠃ ᠭᠡᠭᠡᠯ ᠲᠡᠢ ᠬᠣᠨᠢ ᠡᠪᠡᠷ ᠢ ᠨᠢ ᠬᠠᠷᠠᠨ ᠠᠶᠤᠵᠤ ᠰᠡᠲᠡᠷ ᠢ ᠨᠢ ᠦᠵᠡᠨ ᠭᠡᠯᠮᠡᠵᠦ᠂ ᠬᠡᠪᠢᠵᠦ ᠢᠳᠡᠬᠦ ᠪᠡᠨ ᠪᠣᠯᠢᠭᠠᠳ ᠨᠣᠮᠣᠬᠠᠨ ᠴᠡᠩᠬᠡᠷ ᠨᠢᠳᠦ ᠪᠡᠨ ᠡᠷᠭᠢᠯᠳᠦᠭᠦᠯᠦᠨ ᠵᠣᠭᠰᠣᠵᠤ ᠪᠠᠢᠬᠤ ᠶᠢ ᠨᠢ ᠦᠵᠡᠪᠡᠯ ᠨᠠᠮᠠᠢ ᠥᠷᠥᠰᠢᠶᠡᠭᠡᠴᠢ!ᠭᠡᠵᠦ ᠥᠷᠥᠰᠢᠶᠡᠯ ᠭᠤᠶᠤᠬᠤ ᠨᠢ ᠢᠯᠡᠷᠬᠡᠢ᠃ ᠴᠠᠭᠠᠨ ᠢᠮᠠᠭ᠎ᠠ ᠬᠠᠪᠢᠳᠠᠨ ᠬᠦᠷᠴᠦ: ᠰᠦᠷᠦᠭ ᠦᠨ ᠰᠡᠭᠦᠯ ᠳᠦ ᠰᠡᠭᠦᠳᠡᠷ ᠰᠢᠭ᠌ ᠨᠡᠪᠰᠡᠭᠡᠨᠡᠭᠡᠳ᠂ ᠲᠤᠯᠤᠯᠳᠤᠭᠠᠨ ᠳᠤ ᠲᠤᠰᠠ ᠦᠭᠡᠢ᠂ ᠮᠥᠷᠭᠦᠯᠳᠦᠭᠡᠨ ᠳᠦ ᠨᠡᠮᠡᠷᠢ ᠦᠭᠡᠢ ᠨᠣᠪᠰᠢ!ᠭᠡᠯ᠎ᠡ᠃ ᠭᠡᠭᠡᠯ ᠲᠡᠢ ᠬᠣᠨᠢ: ᠪᠡᠶ᠎ᠡ ᠮᠢᠨᠢ ᠬᠦᠨᠳᠦᠷᠡᠵᠦ᠂ ᠬᠥᠯ ᠮᠢᠨᠢ ᠬᠥᠰᠢᠪᠡ᠂ ᠰᠡᠲᠡᠷᠲᠦ ᠮᠡᠷᠭᠡᠨ ᠲᠠ ᠮᠢᠨᠢ ᠥᠷᠥᠰᠢᠶᠡᠭᠡᠴᠢ!ᠭᠡᠵᠦ ᠡᠶ᠎ᠡ ᠵᠠᠰᠠᠵᠤ ᠪᠡᠶ᠎ᠡ ᠵᠠᠢᠯᠠᠭᠠᠳ᠂ ᠱᠣᠭᠤᠷ ᠱᠣᠭᠤᠷ ᠠᠯᠬᠤᠨ ᠰᠢᠷᠣᠢ ᠦᠨᠦᠷᠲᠦᠨ ᠶᠠᠪᠤᠵᠤ᠂ ᠲᠣᠬᠣᠢ ᠪᠤᠯᠤᠩ ᠢᠶᠠᠷ ᠢᠳᠡᠰᠢᠯᠡᠵᠦ ᠳᠣᠪᠤ ᠶᠢᠨ ᠴᠠᠭᠠᠨ᠎ᠠ ᠣᠷᠣᠪᠠ᠃

  ᠣᠮᠣᠭᠲᠤ ᠴᠠᠭᠠᠨ ᠰᠡᠲᠡᠷ ᠬᠡᠢᠰᠬᠡᠨ ᠰᠡᠩᠬᠡᠯᠵᠡᠨ ᠶᠠᠪᠤᠨ᠎ᠠ᠃ ᠣᠯᠠᠨ ᠬᠣᠨᠢᠳ ᠤᠨ ᠲᠡᠭᠦᠨ ᠡᠴᠡ ᠵᠠᠢᠲᠠᠢ᠂ ᠡᠭᠦᠪᠡᠷ ᠲᠡᠭᠦᠪᠡᠷ ᠪᠡᠯᠴᠢᠨ᠎ᠡ᠃ ᠲᠡᠷᠡ ᠦᠵᠡᠪᠡᠯ᠂ ᠡᠨᠡ ᠰᠦᠷᠦᠭ ᠲᠦ ᠣᠯᠢᠬᠲᠠᠢ ᠠᠮᠢᠲᠠᠨ ᠭᠡᠵᠦ ᠨᠢᠭᠡ ᠴᠤ᠌ ᠦᠭᠡᠢ᠂ ᠪᠤᠯᠲᠤ ᠶᠢ ᠨᠢ ᠰᠡᠵᠢᠵᠦ ᠣᠷᠭᠢᠮᠠᠷ ᠰᠠᠨᠠᠭᠳᠠᠨ᠎ᠠ᠃ ᠨᠣᠪᠰᠢ ᠪᠣᠯᠤᠭᠰᠠᠨ ᠡᠳᠡᠭᠡᠷ ᠠᠳᠤᠭᠤᠰᠤ ᠲᠠᠢ ᠶᠠᠪᠤᠬᠤ ᠨᠢ ᠭᠤᠲᠤᠮᠰᠢᠭ ᠪᠤᠯᠬᠤ ᠰᠢᠭ᠋ ᠪᠥᠭᠡᠳ ᠲᠡᠳᠡᠨ ᠡᠴᠡ ᠰᠠᠯᠪᠠᠯ ᠠᠰᠢᠭ᠍ᠲᠠᠢ ᠰᠢᠭ᠋ ᠪᠤᠳᠤᠬᠳᠠᠵᠤ᠂ ᠰᠦᠷᠦᠭ ᠦᠨ ᠳᠡᠭᠡᠭᠦᠷ ᠲᠡᠭᠷᠢ ᠶᠢᠨ ᠬᠠᠶᠠᠭ᠎ᠠ ᠶᠢ ᠰᠢᠷᠲᠡᠭᠦ ᠳᠦ᠂ ᠲᠡᠭᠷᠢ ᠶᠢᠨ ᠣᠷᠳᠣᠨ ᠤ ᠠᠷᠤ ᠬᠠᠰᠢᠶᠠᠨ ᠳᠠᠭᠢ ᠲᠡᠨᠢᠭᠡᠷ ᠣᠭᠶᠤᠨ ᠪᠡᠯᠴᠢᠭᠡᠷ ᠰᠡᠳᠬᠢᠯ  ᠳᠤ ᠨᠢ ᠤᠷᠭᠤᠨ᠎ᠠ᠃

ᠳᠥᠷᠪᠡ

  ᠬᠠᠪᠤᠷ ᠤᠨ ᠨᠢᠭᠡᠨ ᠪᠦᠷᠬᠦᠭ ᠡᠳᠦᠷ ᠪᠠᠢᠵᠠᠢ ᠪᠢᠯᠡ᠃ ᠬᠠᠮᠤᠭ ᠬᠣᠨᠢᠳ ᠬᠠᠭᠳᠠ ᠨᠣᠭᠣᠭ᠎ᠠ ᠳᠤ ᠲᠣᠯᠣᠭᠠᠢ ᠰᠢᠭᠠᠵᠤ᠂ ᠵᠤᠳ ᠤᠨ ᠡᠮᠦᠨ᠎ᠡ ᠰᠢᠮᠳᠠᠭᠤ ᠢᠳᠡᠰᠢᠯᠡᠨ᠎ᠡ᠃ ᠢᠰᠢᠭᠡ ᠬᠤᠷᠠᠭ᠎ᠠ ᠨᠤᠭᠤᠳ ᠴᠤ᠌ ᠡᠬᠡ ᠡᠴᠡ ᠪᠡᠨ ᠰᠠᠯᠤᠯ ᠦᠭᠡᠢ ᠶᠠᠪᠤᠬᠤ ᠨᠢ ᠬᠠᠪᠤᠷ ᠤᠨ ᠵᠤᠳ ᠲᠤ ᠲᠠᠭᠤᠭᠳᠠᠬᠤ ᠠ᠋ᠴᠠ ᠠᠶᠤᠵᠤ ᠪᠠᠢᠬᠤ ᠮᠡᠲᠦ᠃

  ᠢᠯᠠᠭᠤᠭᠰᠠᠨ ᠰᠡᠲᠡᠷᠲᠦ ᠴᠠᠭᠠᠨ ᠢᠮᠠᠭ᠎ᠠ ᠮᠠᠨᠢ᠂ ᠶᠠᠮᠠᠷᠴᠤ ᠭᠠᠮᠰᠢᠭ ᠢ ᠰᠡᠳᠬᠢᠯ ᠳᠦ ᠪᠡᠨ ᠠᠪᠤᠯ ᠦᠭᠡᠢ ᠪᠠᠢᠵᠤ᠂ ᠭᠤᠤ ᠰᠤᠪᠠᠭ ᠢᠶᠠᠷ ᠭᠡᠷᠦᠢᠵᠦ᠂ ᠳᠣᠪᠤ ᠬᠢᠷ᠎ᠠ ᠪᠠᠷ ᠳᠡᠮᠡᠢ ᠯᠡ ᠡᠷᠭᠢᠴᠡᠵᠦ᠂ ᠡᠰᠢ ᠲᠡᠰᠢ ᠰᠦᠯᠵᠢᠨ᠎ᠡ᠃ ᠲᠡᠷᠡ ᠳᠠᠢᠰᠤᠩᠨᠠᠨ ᠮᠥᠷᠭᠥᠯᠳᠦᠭᠴᠢ ᠪᠡᠨ ᠠᠯᠳᠠᠬᠰᠠᠨ ᠳᠦ ᠪᠡᠨ ᠮᠠᠰᠢᠳᠠ ᠤᠢᠳᠬᠠᠷᠯᠠᠨ ᠪᠠᠢᠭ᠎ᠠ ᠨᠢ ᠢᠯᠡᠳᠲᠡ ᠠᠵᠢ᠃

ᠤᠮᠠᠷ᠎ᠠ ᠰᠠᠯᠬᠢ ᠬᠦᠴᠦᠲᠡᠢ ᠦᠯᠢᠶᠡᠵᠦ᠂ ᠨᠢᠳᠭᠡᠷᠡᠭᠰᠡᠨ ᠡᠭᠦᠯᠡᠰ ᠬᠤᠢᠯᠠᠷᠠᠨ ᠨᠡᠭᠦᠭᠡᠳ ᠲᠡᠭᠷᠢ ᠶᠢᠨ ᠴᠢᠷᠠᠢ ᠮᠠᠭᠤᠬᠠᠢ ᠪᠣᠯᠵᠤ᠂ ᠠᠯᠤᠰ ᠤᠨ ᠶᠠᠭᠤᠮ᠎ᠠ ᠨᠡᠲᠦᠢᠨ ᠬᠠᠷᠠᠭᠳᠠᠭᠠᠳ ᠪᠤᠲᠠ ᠪᠣᠷᠣᠯᠵᠢ ᠴᠤ᠌ ᠣᠪᠣᠯᠵᠠᠨ ᠭᠦᠳᠡᠯᠭᠦ ᠮᠡᠲᠦ᠃ ᠲᠡᠭᠡᠲᠡᠯ᠎ᠡ ᠠᠯᠤᠰ ᠤᠨ ᠠᠭᠤᠯᠠ ᠶᠢᠨ ᠬᠥᠲᠥᠯ ᠳᠡᠭᠡᠭᠦᠷ ᠨᠢᠭᠡᠨ ᠶᠠᠭᠤᠮ᠎ᠠ ᠪᠥᠷᠲᠥᠯᠵᠡᠨ ᠠᠢᠰᠤᠢ᠂ ᠴᠠᠭᠠᠨ ᠢᠮᠠᠭ᠎ᠠ ᠳᠣᠪᠤ ᠶᠢᠨ ᠣᠷᠣᠢ ᠳᠤ ᠭᠠᠷᠴᠤ ᠥᠯᠢᠢᠨ ᠬᠠᠷᠠᠪᠠᠯ᠂ ᠬᠥᠬᠡ ᠵᠢᠰᠦᠮ ᠦᠨ ᠶᠠᠭᠤᠮ᠎ᠠ ᠪᠥᠭᠡᠳ ᠤᠯᠠᠮ ᠣᠢᠷᠠᠳᠬᠤ ᠲᠤᠲᠤᠮ ᠬᠠᠷᠠᠭᠠᠳ ᠪᠠᠢᠪᠠᠯ ᠢᠮᠠᠭ᠎ᠠ ᠲᠠᠢ ᠠᠳᠠᠯᠢᠬᠠᠨ ᠨᠢᠭᠡ ᠶᠠᠭᠤᠮ᠎ᠠ ᠴᠢᠨᠠᠭ᠍ᠰᠢ ᠱᠣᠭᠰᠢᠨ᠎ᠠ᠃ ᠦᠬᠦᠭᠡ ᠦᠭᠡᠢ ᠮᠠᠭᠤ ᠲᠤᠷᠤᠰᠬ᠎ᠠ ᠶᠢ ᠣᠳᠣ ᠡᠷᠯᠢᠭ ᠦᠨ ᠴᠢᠳᠬᠦᠷ ᠲᠦ᠋ᠨᠢ ᠢᠯᠡᠭᠡᠶ᠎ᠡ!ᠬᠡᠮᠡᠨ ᠴᠠᠭᠠᠨ ᠢᠮᠠᠭ᠎ᠠ ᠪᠤᠳᠤᠭᠠᠳ᠂ ᠬᠠᠩᠭᠢᠨᠠᠲᠠᠯ᠎ᠠ ᠮᠠᠢᠯᠠᠵᠤ ᠬᠠᠨᠢ ᠳᠤ ᠪᠠᠨ ᠴᠢᠮᠡᠭᠡ ᠥᠭᠴᠦ᠂ ᠪᠦᠯᠦᠭ ᠢᠮᠠᠭ᠎ᠠ ᠲᠠᠰᠤᠯᠤᠨ ᠠᠪᠴᠤ ᠪᠥᠷᠲᠥᠭᠡᠨᠡᠬᠦ ᠶᠠᠭᠤᠮᠠᠨ ᠤ ᠵᠦᠭ ᠭᠦᠶᠦᠵᠡᠢ᠃ ᠭᠣᠳᠤᠭᠤᠨᠠᠭᠤᠷ ᠢᠮᠠᠭᠠᠳ ᠬᠣᠢᠨ᠎ᠠ ᠡᠮᠦᠨ᠎ᠡ ᠨᠢ ᠣᠷᠣᠨ᠎ᠠ᠂ ᠬᠣᠪᠰᠢᠭᠤᠷ ᠢᠮᠠᠭ᠎ᠠ ᠮᠠᠢᠯᠠᠨ ᠴᠠᠢᠯᠠᠨ ᠭᠦᠶᠦᠨ᠎ᠡ᠂ ᠪᠠᠪᠠᠲᠤᠨᠠᠭᠤᠷ ᠤᠬᠤᠨ᠎ᠠ ᠪᠠᠪᠠᠲᠤᠨᠠᠨ ᠳᠣᠪᠠᠲᠤᠨᠠᠨ ᠵᠢᠷᠤᠭᠠᠯᠠᠨ᠎ᠠ᠂ ᠰᠦᠷᠦᠭ ᠢᠮᠠᠭ᠎ᠠ ᠰᠡᠭᠦᠯ ᠰᠢᠭ᠌ ᠳᠠᠭᠠᠯᠳᠤᠨ ᠶᠠᠪᠤᠨ᠎ᠠ᠃ ᠬᠠᠵᠠᠭᠤ ᠳᠡᠭᠡᠭᠦᠷ ᠪᠥᠮᠪᠥᠷᠢᠬᠦ ᠬᠠᠪᠤᠷ ᠴᠠᠭ ᠤᠨ ᠬᠠᠮᠬᠤᠤᠯ ᠰᠢᠭ᠋ ᠲᠡᠷᠡ ᠬᠥᠬᠡ ᠶᠠᠭᠤᠮ᠎ᠠ ᠪᠦᠷᠲᠦᠰ ᠪᠦᠷᠲᠦᠰ ᠬᠠᠷᠠᠭᠳᠠᠨ ᠪᠦᠷ ᠴᠤ᠌ ᠴᠢᠭᠯᠡᠭᠡᠳ ᠢᠷᠡᠵᠦ ᠠᠢᠰᠤᠢ᠃ ᠲᠣᠰᠴᠤ ᠮᠥᠷᠭᠥᠯᠳᠦᠬᠦ ᠡᠪᠡᠷᠲᠦ ᠴᠠᠭᠠᠨ ᠴᠤ᠌ ᠪᠤᠰᠢᠭᠤ ᠲᠤᠰᠢᠭᠤ ᠭᠦᠶᠦᠵᠦ ᠪᠢᠯᠠᠭᠤ ᠰᠢᠲᠠᠮ᠎ᠠ ᠬᠢᠷᠢ ᠣᠢᠷᠠᠳᠪᠠ᠃ ᠰᠦᠷᠦᠭ ᠢᠮᠠᠭ᠎ᠠ ᠴᠤᠪᠤᠷᠠᠨ ᠴᠤᠪᠤᠷᠠᠨ ᠭᠦᠶᠦᠯᠳᠦᠭᠰᠡᠭᠡᠷ ᠴᠢᠯᠠᠭᠤ ᠰᠢᠲᠠᠮ᠎ᠠ ᠬᠢᠷᠢ ᠳᠥᠬᠥᠪᠡ᠃

  ᠴᠠᠭᠠᠨ ᠢᠮᠠᠭ᠎ᠠ ᠵᠣᠭ ᠬᠢᠵᠦ ᠰᠥᠯᠢᠢᠨ ᠬᠠᠷᠠᠭᠰᠠᠨ ᠴᠢᠨᠢ ᠦᠵᠡᠰᠡ᠂ ᠬᠥᠬᠡ ᠢᠮᠠᠭ᠎ᠠ ᠪᠢᠰᠢ᠂ ᠬᠥᠬᠡ ᠴᠢᠨᠦ᠎ᠠ ᠪᠠᠢᠵᠠᠢ! ᠵᠠᠪᠠᠵᠢᠨ ᠳ᠋ᠤᠨᠢ ᠬᠥᠬᠡ ᠤᠩᠭᠠᠰᠤ ᠪᠠᠷᠢᠯᠳᠤᠵᠤ᠂ ᠬᠣᠩᠰᠢᠶᠠᠷ  ᠲᠤ ᠨᠢ ᠤᠯᠠᠭᠠᠨ ᠴᠢᠰᠤ ᠨᠠᠭᠠᠯᠳᠤᠭᠠᠳ ᠵᠢᠭᠲᠡᠢ ᠵᠢᠪᠡᠭᠦᠨ ᠬᠠᠷᠠᠭᠳᠠᠨ᠎ᠠ᠃ ᠴᠠᠭᠠᠨ ᠢᠮᠠᠭ᠎ᠠ ᠤᠷᠤᠭ᠍ᠰᠢ ᠣᠴᠢᠵᠤ ᠮᠥᠷᠭᠦᠭᠦ ᠭᠡᠰᠡᠨ ᠢᠶᠡᠨ ᠪᠣᠯᠢᠵᠤ᠂ ᠰᠠᠨᠳᠤᠷᠬᠤ ᠶᠢᠨ ᠡᠬᠢᠨ ᠳᠦ ᠰᠠᠢᠬᠠᠨ ᠦᠭᠡ ᠡᠷᠢᠵᠦ᠂ ᠪᠠᠴᠢᠮᠳᠠᠬᠤ ᠶᠢᠨ ᠲᠦᠷᠦᠭᠦᠦ ᠪᠢᠯᠳᠠᠤᠴᠢ ᠦᠭᠡ ᠰᠠᠨᠠᠵᠤ: ᠴᠢᠨᠦ᠎ᠠ ᠭᠤᠸᠠᠢ᠂ ᠴᠢᠨᠦ᠎ᠠ ᠭᠤᠸᠠᠢ! ᠰᠠᠢᠨ ᠪᠣᠯᠣᠯ᠎ᠠ᠂ ᠮᠠᠭᠤ ᠬᠥᠬᠡ ᠶᠢ ᠁ᠭᠡᠬᠦ ᠳᠦ ᠴᠢᠨᠦ᠎ᠠ ᠶᠢᠨ ᠨᠢᠭᠤᠷ ᠲᠤ ᠶᠠᠮᠠᠷ ᠴᠤ᠌ ᠡᠶᠡᠪᠡᠷᠭᠦ ᠲᠠᠭᠠᠯᠠᠯ ᠢᠯᠡᠷᠡᠭᠰᠡᠨ ᠦᠭᠡᠢ᠂ ᠬᠠᠷᠢᠨ ᠴᠣᠷᠭᠢᠨ ᠬᠠᠷᠠᠭᠰᠠᠨ ᠬᠡᠪ ᠢᠶᠡᠷ ᠢᠶᠡᠨ ᠴᠣᠷᠣᠢᠨ ᠦᠰᠦᠷᠴᠦ ᠣᠷᠣᠭᠠᠳ ᠢᠷᠡᠯ᠎ᠡ᠃ ᠴᠠᠭᠠᠨ ᠢᠮᠠᠭ᠎ᠠ ᠣᠭᠯᠣ ᠦᠰᠦᠷᠦᠨ ᠡᠷᠭᠢᠵᠦ᠂ ᠰᠦᠷᠦᠭ ᠢᠮᠠᠭ᠎ᠠ ᠪᠠᠨ ᠣᠷᠭᠢᠨ ᠰᠦᠨᠡᠰᠦ ᠦᠭᠡᠢ ᠭᠠᠷᠴᠤ ᠳᠤᠲᠠᠭᠠᠯ᠎ᠠ᠃

  ᠬᠥᠬᠡ ᠴᠢᠨᠦ᠎ᠠ ᠰᠦᠷᠦᠭ ᠦᠨ ᠬᠣᠢᠨ᠎ᠠ ᠠ᠋ᠴᠠ ᠳᠠᠭᠠᠷᠢᠯ᠎ᠠ᠃ ᠬᠥᠨᠳᠡᠢ ᠪᠡᠷ ᠰᠡᠭ ᠲᠠᠷᠬᠠᠭᠠᠵᠤ᠂ ᠬᠥᠲᠥᠯ ᠢᠶᠡᠷ ᠰᠡᠪᠡᠰᠦ ᠭᠣᠭᠣᠵᠢᠭᠤᠯᠪᠠ᠃

  ᠰᠦᠨᠡᠰᠦ ᠦᠭᠡᠢ ᠳᠤᠲᠠᠭᠠᠭᠰᠠᠨ ᠰᠡᠲᠡᠷᠲᠦ ᠴᠠᠭᠠᠨ ᠴᠤ᠌ ᠪᠠᠷ᠎ᠠ ᠰᠤᠷᠠᠭ ᠦᠭᠡᠢ ᠪᠣᠯᠵᠠᠢ᠃ ᠬᠠᠶᠠ ᠠᠭᠤᠯᠠ ᠬᠥᠳᠡᠭᠡ ᠪᠡᠷ ᠢᠮᠠᠭ᠎ᠠ ᠮᠠᠢᠯᠠᠬᠤ ᠳᠠᠭᠤᠨ ᠰᠣᠨᠣᠰᠲᠠᠯ᠎ᠠ ᠭᠡᠵᠦ ᠬᠥᠮᠥᠰ ᠬᠡᠯᠡᠯᠴᠡᠬᠦ ᠪᠤᠯᠪᠠᠴᠤ ᠦᠵᠡᠭᠰᠡᠨ ᠬᠥᠮᠥᠨ ᠭᠡᠵᠦ ᠶᠡᠷᠦ ᠠᠯᠠᠭ᠎ᠠ᠃ ᠵᠠᠷᠢᠮ ᠨᠢ ᠴᠠᠭᠠᠨ ᠢᠮᠠᠭᠠᠨ ᠤ ᠰᠡᠲᠡᠷ ᠢ ᠠᠯᠤᠰ ᠤᠨ ᠠᠭᠤᠯᠠᠨ ᠤ ᠮᠣᠳᠣᠨ ᠰᠠᠯᠠᠭᠠᠨ ᠳᠡᠭᠡᠷ᠎ᠡ ᠪᠠᠢᠯ᠎ᠠ ᠭᠡᠬᠦ ᠶᠤᠮ᠃ ᠭᠡᠬᠦ ᠳᠦ ᠣᠯᠵᠤ ᠠᠪᠤᠭᠰᠠᠨ ᠬᠥᠮᠥᠨ ᠶᠡᠷᠦ ᠭᠠᠷᠤᠭ᠎ᠠ ᠦᠭᠡᠢ᠃ ᠦᠨᠡᠬᠡᠷ ᠲᠡᠭᠷᠢ ᠳᠦ ᠭᠠᠷᠤᠭᠰᠠᠨ ᠪᠤᠯᠤᠯᠲᠠᠢ᠃