ᠬᠤᠳᠠᠯᠴᠢ ᠬᠦᠦ- ᠳᠣᠮᠣᠭ ᠦᠯᠢᠭᠡᠷХудалч хүү-домог үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠳᠠᠯᠴᠢ ᠬᠦᠦ- ᠳᠣᠮᠣᠭ ᠦᠯᠢᠭᠡᠷХудалч хүү-домог үлгэр

ᠬᠤᠳᠠᠯᠴᠢ ᠬᠦᠦ- ᠳᠣᠮᠣᠭ ᠦᠯᠢᠭᠡᠷХудалч хүү-домог үлгэр

ᠠᠩᠭᠢᠯᠠᠯ:ᠳᠣᠮᠣᠭ ᠦᠯᠢᠭᠡᠷ
2022-12-12

430

ᠬᠤᠳᠠᠯᠴᠢ ᠬᠦᠦ


      ᠤᠷᠢᠳᠤ ᠨᠢᠭᠡᠨ ᠬᠣᠨᠢᠴᠢᠨ ᠬᠦᠦ ᠡᠳᠦᠷᠵᠢᠨ ᠠᠭᠤᠯᠠᠨ ᠳ᠋ᠤ᠌ ᠭᠠᠷᠴᠤ ᠬᠣᠨᠢ  ᠪᠠᠨ ᠬᠠᠷᠢᠭᠤᠯᠳᠠᠭ ᠪᠠᠶ᠋ᠢᠵᠠᠢ ᠃ ᠡᠳᠦᠷ  ‍ᠦᠨ ᠤᠳᠠᠭᠠᠨ  ᠳ᠋ᠤ᠌  ᠪᠠᠨ ᠬᠣᠨᠢᠴᠢᠨ ᠬᠦᠦ ᠲᠣᠩ ᠤᠶ᠋ᠢᠳᠬᠠᠷ ᠲᠠᠢ ᠰᠠᠨᠠᠭᠳᠠᠬᠤᠯᠠᠷ ᠲᠣᠮᠣᠴᠤᠤᠯ ‍ᠢ ᠱᠣᠭᠯᠠᠵᠤ ᠨᠠᠭᠠᠳᠬᠤ ᠪᠣᠳᠣᠯ ᠲᠥᠷᠥᠭᠳᠡᠵᠡᠢ᠃ ᠲᠡᠶ᠋ᠢᠨ ᠬᠥ᠋ ᠬᠣᠨᠢᠴᠢᠨ ᠬᠦᠦ ᠄ 《 ᠴᠢᠨᠣ᠎ᠠ ᠢᠷᠡᠯ᠎ᠡ ᠂ ᠴᠢᠨᠣ᠎ᠠ ᠢᠷᠡᠯ᠎ᠡ 》 ᠬᠡᠵᠤ ᠥᠨᠳᠥᠷ ᠳᠠᠭᠤᠨ  ‍ᠢᠶ᠋ᠠᠷ ᠬᠠᠰᠬᠢᠷᠤᠯ᠎ᠠ᠃ ᠠᠭᠤᠯᠠᠨ ᠳᠣᠣᠷ᠎ᠠ ᠠᠵᠢᠯ ᠬᠢᠵᠦ ᠪᠠᠶ᠋ᠢᠭᠰᠠᠨ ᠬᠥᠮᠦᠰ ᠬᠦᠦ  ᠶ᠋ᠢᠨ ᠬᠠᠰᠬᠢᠷᠬᠤ ᠳᠠᠭᠤᠨ  ‍ᠢᠶ᠋ᠠᠷ ᠠᠷᠴᠢᠭᠤᠷ ᠮᠠᠯᠲᠠᠭᠤᠷ  ‍ᠢᠶ᠋ᠠᠨ ᠠᠳᠬᠤᠨ  ᠠᠭᠤᠯᠠᠨ ᠳᠡᠭᠡᠷ᠎ᠡ ᠭᠦᠶᠦᠨ ᠭᠠᠷᠴᠤ ᠢᠷᠡᠵᠡᠭᠡᠪᠡ᠃
    ᠬᠣᠨᠢᠨ ᠰᠦᠷᠦᠭ ᠲᠠᠪᠠᠲᠠᠶ᠋ᠢᠬᠠᠨ ᠪᠡᠯᠴᠢᠨ᠎ᠡ᠂ ᠬᠣᠨᠢᠴᠢᠨ ᠬᠦᠦ ᠲᠣᠮᠣᠴᠤᠤᠯ ‍ᠤᠨ ᠬᠠᠭᠤᠷᠲᠠᠭᠳᠠᠭᠰᠠᠨ ‍ᠢ ᠬᠠᠷᠠᠭᠠᠳ ᠄ 《 ᠬᠠ ᠬᠠ ᠂ ᠴᠢᠨᠣ᠎ᠠ  ᠢᠷᠡᠭᠡ ᠦᠭᠡᠢ ᠰᠢᠦ ᠂ ᠪᠢ ᠲᠠ ᠨᠠᠷ  ᠲᠠᠢ ᠵᠦᠭᠡᠷ ᠲᠣᠭᠯᠠᠭᠰᠠᠨ ᠶᠤᠮ ᠡ 》 ᠬᠡᠵᠤ ᠪᠠᠶᠠᠷᠯᠠᠨ ᠬᠡᠯᠡᠪᠡ᠃ ᠲᠣᠮᠣᠴᠤᠤᠯ ᠲᠣᠯᠣᠭᠠᠢ ᠰᠠᠵᠢᠨ  ᠠᠭᠤᠷᠲᠠᠶ᠋ᠢᠬᠠᠨ ᠠᠭᠤᠯᠠᠨ  ᠠ᠋ᠴᠠ ᠪᠠᠭᠤᠯ᠎ᠠ᠃ ᠬᠡᠳᠦᠨ ᠡᠳᠦᠷ ᠥᠩᠭᠡᠷᠡᠬᠦ  ᠳ᠋ᠦ᠍ ᠬᠣᠨᠢᠴᠢᠨ ᠬᠦᠦ ᠪᠠᠰᠠ ᠲᠣᠮᠣᠴᠤᠤᠯ ‍ᠢ ᠱᠣᠭᠯᠠᠬᠤ ᠪᠣᠳᠣᠯ ᠣᠷᠣᠵᠠᠢ᠃ ᠲᠡᠭᠡᠭᠡᠳ ᠲᠡᠷᠡ᠄ 《 ᠴᠢᠨᠣ᠎ᠠ ᠢᠷᠡᠯ᠎ᠡ ᠂ ᠴᠢᠨᠣ᠎ᠠ ᠢᠷᠡᠯ᠎ᠡ 》 ᠬᠡᠵᠤ ᠥᠨᠳᠥᠷ ᠳᠠᠭᠤᠨ  ‍ᠢᠶ᠋ᠠᠷ ᠬᠠᠰᠬᠢᠷᠤᠯ᠎ᠠ᠃ ᠠᠭᠤᠯᠠᠨ ᠳᠣᠣᠷ᠎ᠠ ᠠᠵᠢᠯ ᠬᠢᠵᠦ ᠪᠠᠶ᠋ᠢᠭᠰᠠᠨ ᠬᠥᠮᠦᠰ ᠬᠣᠨᠢᠴᠢᠨ ᠬᠦᠦ  ᠶ᠋ᠢᠨ ᠪᠠᠷᠬᠢᠷᠠᠬᠤ ᠳᠠᠭᠤᠨ  ‍ᠢᠶ᠋ᠠᠷ ᠠᠷᠴᠢᠭᠤᠷ ᠮᠠᠯᠲᠠᠭᠤᠷ  ‍ᠢᠶ᠋ᠠᠨ ᠠᠳᠬᠤᠨ ᠠᠭᠤᠯᠠᠨ ᠳᠡᠭᠡᠷ᠎ᠡ ᠭᠦᠶᠦᠨ ᠭᠠᠷᠴᠤ ᠢᠷᠡᠵᠡᠭᠡᠪᠡ᠃ ᠲᠡᠳᠡ ᠪᠠᠰᠠ ᠯᠠ ᠬᠠᠭᠤᠷᠲᠠᠭᠳᠠᠭᠰᠠᠨ  ‍ᠢᠶ᠋ᠠᠨ ᠮᠡᠳᠡᠭᠡᠳ ᠶᠡᠬᠡᠳᠡ ᠠᠭᠤᠷᠯᠠᠵᠤ ᠬᠣᠨᠢᠴᠢᠨ ᠬᠦᠦ  ᠳ᠋ᠦ᠍᠄ 《 ᠳᠠᠬᠢᠵᠤ ᠪᠢᠲᠡᠭᠡᠢ ᠬᠤᠳᠠᠯ ᠬᠡᠯᠡ 》 ᠭᠡᠬᠦ ᠳ᠋ᠦ᠍ ᠬᠣᠨᠢᠴᠢᠨ ᠬᠦᠦ  ᠬᠠᠷᠢᠨ ᠠᠮᠠ ᠬᠠᠮᠬᠢᠯ ᠦᠭᠡᠢ ᠢᠨᠢᠶᠡᠵᠦ ᠪᠠᠶ᠋ᠢᠯ᠎ᠠ᠃
    ᠨᠢᠭᠡᠨ ᠡᠳᠦᠷ ᠬᠣᠨᠢᠨ ᠰᠦᠷᠦᠭ  ᠲᠦ᠍ ᠦᠨᠡᠬᠡᠷ ᠴᠢᠨᠣ᠎ᠠ ᠢᠷᠡᠭᠰᠡᠨ ᠠᠵᠢ᠃ ᠥᠯᠥᠨ ᠴᠢᠨᠣ᠎ᠠ ᠭᠠᠯᠵᠠᠭᠤᠷᠠᠭᠰᠠᠨ ᠮᠡᠲᠦ ᠬᠣᠨᠢᠳ  ‍ᠢ ᠲᠠᠲᠠᠵᠤ ᠯᠠ ᠪᠠᠶ᠋ᠢᠯ᠎ᠠ᠃ ᠬᠣᠨᠢᠴᠢᠨ ᠬᠦᠦ ᠨᠢᠭᠡᠮᠦᠰᠦᠨ ᠰᠠᠨᠳᠤᠷᠴᠤ᠄ 《 ᠴᠢᠨᠣ᠎ᠠ ᠢᠷᠡᠯ᠎ᠡ ᠂ ᠴᠢᠨᠣ᠎ᠠ ᠢᠷᠡᠯ᠎ᠡ 》 ᠬᠡᠵᠤ ᠴᠢᠨᠡᠭᠡ ᠮᠡᠳᠡᠨ ᠬᠠᠰᠬᠢᠷᠴᠤ ᠯᠠ ᠪᠠᠶ᠋ᠢᠪᠠ᠃ ᠠᠭᠤᠯᠠᠨ ᠳᠣᠣᠷ᠎ᠠ ᠠᠵᠢᠯ ᠬᠢᠵᠦ ᠪᠠᠶ᠋ᠢᠭᠰᠠᠨ ᠬᠥᠮᠦᠰ ᠲᠡᠭᠦᠨ  ‍ᠦ ᠬᠠᠰᠬᠢᠷᠬᠤ ᠳᠠᠭᠤᠨ  ‍ᠢ ᠰᠣᠨᠣᠰᠤᠭᠰᠠᠨ ᠪᠣᠯᠪᠠᠴᠤ ᠪᠠᠰᠠ ᠯᠠ ᠬᠤᠳᠠᠯ ᠬᠡᠯᠡᠵᠦ ᠪᠠᠶ᠋ᠢᠭ᠎ᠠ ᠭᠡᠵᠦ ᠪᠣᠳᠣᠭᠠᠳ ᠣᠶ᠋ᠢᠰᠢᠶᠠᠭᠰᠠᠨ ᠦᠭᠡᠢ ᠃
    ᠬᠣᠨᠢᠨ ᠰᠦᠷᠦᠭ ᠪᠦᠬᠦᠨ  ‍ᠢᠶ᠋ᠡᠷ  ‍ᠢᠶ᠋ᠡᠨ  ᠰᠦᠢᠳᠴᠡᠢ ᠃ ᠬᠣᠨᠢᠴᠢᠨ ᠬᠦᠦ ᠴᠤ᠌ ᠠᠷᠠᠢ ᠭᠡᠵᠦ ᠳᠤᠲᠠᠭᠠᠵᠤ ᠭᠠᠷᠤᠭᠰᠠᠨ ᠪᠠᠶ᠋ᠢᠨ᠎ᠠ᠃ ᠡᠨᠡ ᠶᠠᠪᠤᠳᠠᠯ  ᠠ᠋ᠴᠠ ᠬᠣᠨᠢᠴᠢᠨ  ᠬᠦᠦ ᠰᠤᠷᠭᠠᠮᠵᠢ  ᠠᠪᠴᠤ ᠰᠠᠶ᠋ᠢᠨ ᠬᠡᠦᠬᠡᠳ ᠪᠣᠯᠤᠭᠰᠠᠨ ᠶᠤᠮ ᠭᠡᠨ᠎ᠡ᠃

     ᠬᠤᠳᠠᠯᠴᠢ ᠬᠥᠮᠥᠨ ᠬᠣᠢᠨ᠎ᠠ ᠪᠠᠨ ᠮᠠᠭᠤ
     ᠬᠤᠰᠠᠷᠠᠩ ᠭᠡᠭᠦᠦ ᠬᠠᠪᠤᠷ ᠲᠠᠭᠠᠨ ᠮᠠᠭᠤ
      
              ᠦᠰᠦᠭ ᠠᠮᠢᠯᠠᠭᠤᠯᠤᠭᠰᠠᠨ ᠨᠢ ᠄ ᠴᠤᠯᠮᠤᠨᠲᠤᠶᠠᠭ᠎ᠠ