ᠪᠠᠭ᠎ᠠ ᠨᠠᠰᠤБага нас ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭ᠎ᠠ ᠨᠠᠰᠤБага нас

ᠪᠠᠭ᠎ᠠ ᠨᠠᠰᠤБага нас

2022-12-12

332

ᠪᠠᠭ᠎ᠠ ᠨᠠᠰᠤ

ᠲᠤᠭᠤᠯ ‍ᠤᠨ ᠪᠡᠯᠴᠢᠭᠡᠷ ᠲᠦ ᠲᠣᠭᠣᠰᠤᠲᠤᠵᠤ ᠶᠠᠪᠤᠬᠤ ‍ᠳᠤ ᠂ ᠶᠠᠪᠤᠬᠤ ‍ᠳᠤ
ᠲᠤᠭᠤᠯ ‍ ‍ᠤᠳ ᠨᠠᠳᠠ ᠠ᠋ᠴᠠ ᠦᠷᠭᠦᠳᠡᠭ ᠪᠠᠶ᠋ᠢᠯ᠎ᠠ᠂ ᠦᠷᠭᠦᠳᠡᠭ ᠪᠠᠶ᠋ᠢᠯ᠎ᠠ

ᠠᠯᠢᠶ᠎ᠠ ᠬᠡᠦᠬᠡᠳ ᠬᠣᠯᠠᠬᠠᠨ ᠪᠠᠢ ᠭᠡᠬᠦ ᠰᠢᠭ᠌
ᠠᠶᠤᠭᠰᠠᠨ ᠨᠢᠳᠦ ᠎ᠪᠡᠷ ᠬᠠᠷᠠᠳᠠᠭ ᠪᠠᠶ᠋ᠢᠯ᠎ᠠ ᠂ ᠬᠠᠷᠠᠳᠠᠭ ᠪᠠᠶ᠋ᠢᠯ᠎ᠠ
ᠳᠡᠯᠭᠡᠷ ᠬᠣᠷᠸ᠋᠎ᠠ ‍ᠳᠤ ᠎ᠪᠠᠨ ᠪᠡᠶᠡᠰᠴᠦ ᠶᠠᠪᠤᠭ᠎ᠠ
ᠳᠡᠭᠳᠡᠭᠡᠬᠡᠢ ᠬᠥᠭᠡᠷᠦᠬᠦᠨ ᠨᠠᠰᠤ ᠮᠢᠨᠢ ᠰᠠᠶ᠋ᠢᠬᠠᠨ

ᠠᠪᠤ ‍ᠶ᠋ᠢᠨ ᠤᠨᠤᠳᠠᠭ ᠠᠯᠠᠭ ᠮᠣᠷᠢ ᠂ ᠮᠣᠷᠢ ‍ᠶ᠋ᠢ
ᠠᠪᠤᠭᠠᠳ ᠭᠠᠷᠪᠠᠯ ᠭᠦᠶᠦᠯᠭᠡᠳᠡᠭ ᠪᠠᠶ᠋ᠢᠯ᠎ᠠ ᠂ ᠭᠦᠶᠦᠯᠭᠡᠳᠡᠭ ᠪᠠᠶ᠋ᠢᠯ᠎ᠠ
ᠮᠢᠩᠭᠠᠨ ᠠᠳᠤᠭᠤ ᠎ᠪᠠᠨ ᠳᠦᠷᠭᠢᠭᠦᠯᠵᠦ ᠲᠠᠭᠤᠭᠰᠠᠭᠠᠷ
ᠮᠡᠨᠡᠷᠡᠲᠡᠯ᠎ᠡ ᠢᠷᠡᠬᠦ ‍ᠶ᠋ᠢ ᠬᠦᠰᠡᠳᠡᠭ ᠪᠠᠶ᠋ᠢᠯ᠎ᠠ ᠂ ᠬᠦᠰᠡᠳᠡᠭ ᠪᠠᠶ᠋ᠢᠯ᠎ᠠ
ᠳᠡᠯᠭᠡᠷ ᠬᠣᠷᠸ᠋᠎ᠠ ‍ᠳᠤ ᠎ᠪᠠᠨ ᠪᠡᠶᠡᠰᠴᠦ ᠶᠠᠪᠤᠭ᠎ᠠ
ᠳᠡᠭᠳᠡᠭᠡᠬᠡᠢ ᠬᠥᠭᠡᠷᠦᠬᠦᠨ ᠨᠠᠰᠤ ᠮᠢᠨᠢ ᠰᠠᠶ᠋ᠢᠬᠠᠨ

ᠡᠷᠲᠡ ‍ᠶ᠋ᠢᠨ ᠨᠠᠷᠠ ‍ᠶ᠋ᠢ ᠡᠯᠢᠭᠡᠨ ‍ᠳᠦ ᠎ᠪᠡᠨ ᠲᠡᠪᠡᠷᠢᠭᠰᠡᠭᠡᠷ ᠂ ᠲᠡᠪᠡᠷᠢᠭᠰᠡᠭᠡᠷ
ᠡᠬᠡ ᠣᠷᠣᠨ ᠮᠢᠨᠢ ᠢᠨᠢᠶᠡᠳᠡᠭ ᠪᠠᠶ᠋ᠢᠯ᠎ᠠ ᠂ ᠢᠨᠢᠶᠡᠳᠡᠭ ᠪᠠᠶ᠋ᠢᠯ᠎ᠠ
ᠡᠷᠳᠡᠮ ‍ᠦᠨ ᠬᠠᠷᠭᠤᠢ ᠡᠨᠳᠡᠬᠡᠨ ᠪᠠᠶ᠋ᠢᠨ᠎ᠠ ᠭᠡᠳ
ᠡᠵᠢ ᠮᠢᠨᠢ ᠵᠢᠭᠠᠭᠠᠳ ᠢᠨᠢᠶᠡᠳᠡᠭ ᠪᠠᠶ᠋ᠢᠯ᠎ᠠ᠂ ᠢᠨᠢᠶᠡᠳᠡᠭ ᠪᠠᠶ᠋ᠢᠯ᠎ᠠ
ᠳᠡᠯᠭᠡᠷ ᠬᠣᠷᠸ᠋᠎ᠠ ‍ᠳᠤ ᠎ᠪᠠᠨ ᠪᠡᠶᠡᠰᠴᠦ ᠶᠠᠪᠤᠭ᠎ᠠ
ᠳᠡᠭᠳᠡᠭᠡᠬᠡᠢ ᠬᠥᠭᠡᠷᠦᠬᠦᠨ ᠨᠠᠰᠤ ᠮᠢᠨᠢ ᠰᠠᠶ᠋ᠢᠬᠠᠨ
ᠳᠡᠭᠳᠡᠭᠡᠬᠡᠢ ᠬᠥᠭᠡᠷᠦᠬᠦᠨ ᠨᠠᠰᠤ ᠮᠢᠨᠢ ᠰᠠᠶ᠋ᠢᠬᠠᠨ ᠃