ᠬᠠᠮᠠᠷ ᠯᠣᠳᠣᠨ-ᠪᠠᠲᠤᠮᠥ᠋ᠩᠬᠡХамар лодон-батмөнх ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠮᠠᠷ ᠯᠣᠳᠣᠨ-ᠪᠠᠲᠤᠮᠥ᠋ᠩᠬᠡХамар лодон-батмөнх

ᠬᠠᠮᠠᠷ ᠯᠣᠳᠣᠨ-ᠪᠠᠲᠤᠮᠥ᠋ᠩᠬᠡХамар лодон-батмөнх

ᠠᠩᠭᠢᠯᠠᠯ:ᠲᠤᠭᠤᠵᠢ ᠷᠣᠮᠠᠨ
2022-12-10

2523

ᠬᠠᠮᠠᠷ ᠯᠣᠳᠣᠨ

                                 ᠪᠠᠲᠤᠮᠥ᠋ᠩᠬᠡ
  ᠬᠠᠮᠠᠷ ᠯᠣᠳᠣᠨ᠂ ᠴᠢᠪᠠᠭᠠᠨᠴᠠ ᠵᠠᠭᠷᠠᠢᠮ᠎ᠠ ᠭᠡᠪᠡᠯ ᠣᠢᠷ᠎ᠠ ᠲᠥᠰᠦᠷ ᠲᠤ ᠲᠠᠨᠢᠬᠤ ᠦᠭᠡᠢ ᠠᠮᠢᠲᠠᠨ ᠭᠡᠵᠦ ᠪᠠᠢᠬᠤ ᠦᠭᠡᠢ᠃ ᠴᠢᠪᠠᠭᠠᠨᠴᠠ ᠴᠤ᠌ ᠶᠠᠭᠠᠮᠠᠢ᠂ ᠴᠢᠪᠠᠭᠠᠨᠴᠠ ᠰᠠᠭᠤᠭᠰᠠᠨ  ᠳᠤ  ᠪᠠᠨ ᠲᠡᠭᠡᠵᠦ ᠴᠣᠯᠠᠰᠢᠭᠰᠠᠨ ᠪᠠᠢᠯᠭᠦᠢ᠃ ᠬᠠᠷᠢᠨ ᠯᠣᠳᠣᠨ ᠭᠤᠸᠠᠢ ᠬᠠᠮᠢᠭ᠎ᠠ ᠦᠭᠡᠢ ᠵᠢᠭᠠᠬᠠᠨ ᠶᠠᠭᠤᠮᠠᠨ ᠳᠡᠭᠡᠷ᠎ᠡ ᠠᠭᠤᠷᠯᠠᠳᠠᠭ ᠵᠠᠩ ᠲᠠᠢ᠂ ᠠᠭᠤᠷᠯᠠᠬᠤ ᠪᠣᠯᠭᠠᠨ ᠮᠠᠨᠴᠤᠷᠭᠠᠨ ᠬᠠᠮᠠᠷ ᠨᠢ ᠵᠡᠰ ᠤᠯᠠᠭᠠᠨ ᠪᠣᠯᠲᠠᠯ᠎ᠠ ᠴᠡᠨᠳᠡᠢᠳᠡᠭ ᠢᠶᠠᠷ ᠢᠶᠠᠨ ᠬᠠᠮᠠᠷ ᠯᠣᠳᠣᠨ ᠭᠡᠵᠦ ᠨᠡᠷᠡᠰᠢᠵᠡᠢ᠃

  ᠰᠢᠨ᠎ᠡ ᠠᠮᠪᠠᠨ ᠶᠠᠭᠤ ᠳᠤᠲᠠᠪᠠᠯ ᠡᠷᠡᠭᠡᠯᠡᠯ ᠦᠭᠡᠢ ᠬᠡᠯᠡ ᠭᠡᠰᠡᠨ ᠪᠢᠰᠢ ᠦᠦ ?ᠳᠤᠭᠤᠢ ᠯᠠ ᠣᠴᠢᠭᠠᠳ ᠨᠡᠬᠡᠶ᠎ᠡ!
  ᠬᠠᠮᠠᠷ ᠯᠣᠳᠣᠨ ᠤ ᠡᠨᠡ ᠶᠠᠪᠤᠭ᠎ᠠ ᠨᠠᠰᠤᠨ  ᠳᠤ  ᠪᠠᠨ ᠳᠠᠳᠮᠠᠭᠠᠢᠷᠠᠵᠤ ᠴᠠᠭᠠᠷᠠᠭᠰᠠᠨ ᠠᠵᠢᠯ ᠭᠡᠪᠡᠯ ᠭᠠᠭᠴᠠ᠎ᠯᠠ ᠮᠣᠳᠤ᠃ ᠬᠠᠷᠠᠬᠠᠨ ᠪᠠᠭ᠎ᠠ ᠡᠴᠡ ᠪᠠᠨ ᠡᠷᠭᠦᠭᠰᠡᠨ ᠡᠴᠢᠭᠡ ᠮᠣᠳᠤᠴᠢᠨ ᠯᠣᠷᠤᠢ  ᠪᠠᠨ ᠳᠠᠭᠠᠵᠤ᠂ ᠥᠨᠥᠳᠦᠷ ᠡᠨᠡ ᠯᠤᠤᠭᠠᠷ ᠤᠨ ᠬᠠᠰᠠᠭ ᠢ ᠰᠢᠭᠠᠵᠤ ᠲᠣᠪᠬᠢᠭᠠᠳ ᠠᠳᠭᠤ ᠳᠠᠪᠤᠰᠤ ᠠᠮᠠ ᠳᠠᠪᠤᠤ ᠣᠯᠵᠤ᠂ ᠮᠠᠷᠭᠠᠰᠢ ᠲᠡᠷᠡ ᠠᠢᠯ ᠤᠨ ᠪᠠᠯᠪᠠᠷᠬᠠᠢ ᠬᠠᠭᠠᠯᠭ᠎ᠠ ᠶᠢ ᠰᠡᠯᠪᠢᠵᠦ ᠡᠪᠯᠡᠭᠦᠯᠦᠭᠡᠳ᠂ ᠴᠠᠭᠠᠷᠢᠭ ᠴᠢᠰᠤ ᠴᠠᠭᠠᠰᠤᠨ ᠭᠦᠵᠡᠭᠡ ᠣᠯᠵᠤ ᠢᠳᠡᠳᠡᠭ ᠪᠠᠢᠵᠠᠢ᠃ ᠠᠪᠳᠠᠷ᠎ᠠ ᠱᠦᠭᠦᠢ᠂ ᠠᠷᠠᠯ ᠲᠡᠩᠬᠡᠯᠢᠭ ᠠᠷᠭᠠᠴᠠᠬᠤ ᠳᠡᠮ᠎ᠲᠡᠢ ᠪᠣᠯᠤᠭᠠᠳ ᠢᠷᠡᠬᠦ ᠳᠦ ᠯᠣᠷᠤᠢ ᠡᠪᠦᠭᠡᠨ ᠯᠣᠳᠣᠨ ᠢ ᠬᠠᠶᠠᠭᠠᠳ ᠬᠣᠷᠤ᠎ᠠ ᠳᠠᠭᠤᠰᠴᠠᠢ᠃ ᠬᠡᠳᠦᠢ ᠡᠷ᠎ᠡ ᠶᠢᠨ ᠴᠡᠭᠡᠯ ᠳᠦ ᠬᠦᠷᠴᠦ ᠭᠠᠯ ᠭᠣᠯᠤᠮᠲᠠ  ᠪᠠᠨ ᠵᠠᠯᠭᠠᠭᠰᠠᠨ ᠪᠣᠯᠪᠠᠴᠤ ᠤᠭᠤᠯᠢ ᠬᠢᠷᠦᠭᠡ᠂ ᠴᠦᠴᠡ ᠬᠠᠷᠤᠭᠤᠯ ᠢ ᠭᠠᠷᠭᠠᠪᠠᠯ᠂ ᠯᠣᠷᠤᠢ ᠡᠪᠦᠭᠡᠨ ᠲᠠᠰᠤᠷᠬᠠᠢ ᠪᠦᠷᠢᠶᠡᠰᠦ ᠬᠡᠮᠬᠡᠷᠬᠡᠢ ᠲᠣᠭᠤᠨᠤ ᠴᠤ᠌ ᠦᠯᠡᠳᠡᠭᠡᠵᠦ ᠥᠭᠭᠦᠭᠰᠡᠨ ᠦᠭᠡᠢ ᠲᠤᠯᠠ ᠮᠥᠨ ᠯᠡ ᠲᠡᠨᠦᠭᠦᠯ ᠠᠮᠢᠳᠤᠷᠠᠯ ᠢᠶᠠᠨ ᠦᠷᠭᠦᠯᠵᠢᠯᠡᠭᠦᠯᠵᠦ ᠪᠠᠢᠭᠰᠠᠨ᠃ ᠭᠡᠳᠡᠰᠦᠨ  ᠳᠤ  ᠪᠠᠨ ᠵᠥᠪ ᠦᠭᠡᠢ ᠯᠣᠳᠣᠨ ᠭᠡᠷ ᠲᠥᠪᠬᠢᠨᠡᠵᠦ ᠭᠡᠷᠭᠡᠢ ᠪᠠᠭᠤᠯᠭᠠᠬᠤ ᠨᠢ ᠶᠣᠰᠤᠲᠠᠢ ᠬᠣᠭᠤᠰᠤᠨ ᠰᠠᠨᠠᠭ᠎ᠠ ᠪᠢᠵᠡ᠃ ᠬᠠᠪᠢ ᠲᠥᠰᠦᠷ ᠲᠤ ᠮᠣᠳᠤᠴᠢᠨ ᠭᠡᠪᠡᠯ ᠭᠠᠭᠴᠠᠬᠠᠨ ᠬᠠᠮᠠᠷ ᠯᠣᠳᠣᠨ ᠪᠣᠯᠬᠤ  ᠳᠤ  ᠪᠠᠨ ᠮᠥᠷᠦ ᠪᠠᠨ ᠵᠦᠳᠡᠭᠦᠦ ᠪᠥᠭᠯᠡᠵᠦ᠂ ᠴᠣ᠋ ᠴᠢᠮᠠᠢ ᠠᠮᠢᠳᠤᠷᠠᠵᠤ ᠪᠠᠢᠵᠠᠢ᠃
  ᠤᠯᠠᠭᠠᠭᠴᠢᠨ ᠭᠠᠬᠠᠢ ᠵᠢᠯ ᠤᠨ ᠬᠠᠪᠤᠷ ᠬᠠᠮᠠᠷ ᠯᠣᠳᠣᠨ ᠪᠦᠬᠦᠯᠢ ᠰᠢᠭᠦᠰᠦᠨ ᠦ ᠠᠮᠠ ᠰᠢᠷᠡᠭᠡ ᠬᠢᠬᠦ ᠠᠯᠪᠠ ᠳᠦ ᠪᠠᠷᠢᠭᠳᠠᠭᠠᠳ᠂ ᠬᠣᠰᠢᠭᠤ ᠶᠠᠮᠤᠨ ᠳᠡᠭᠡᠷ᠎ᠡ ᠲᠡᠪᠡᠷᠢᠮ᠎ᠡ ᠪᠦᠳᠦᠭᠦᠨ ᠠᠭᠠᠷᠤ ᠵᠦᠰᠦᠵᠦ ᠪᠠᠢᠲᠠᠯ᠎ᠠ᠂ 《ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠮᠠᠨᠳᠤᠵᠤ ᠭᠡᠭᠡᠨ ᠲᠤᠭ ᠨᠢ ᠬᠡᠢᠰᠴᠦ ᠪᠠᠢᠬᠤ》 ᠵᠢᠷᠦᠬᠡ ᠳᠣᠩᠰᠤᠯᠭᠠᠮ᠎ᠠ ᠴᠢᠮᠡᠭᠡ ᠤᠯᠠᠮᠵᠢᠯᠠᠭᠳᠠᠨ ᠢᠷᠡᠵᠡᠢ᠃ ᠬᠣᠰᠢᠭᠤ ᠳᠠᠶᠠᠩ  ᠳᠤ  ᠪᠠᠨ᠂ ᠬᠡᠯᠡᠪᠡᠯ ᠮᠢᠨᠦ ᠵᠣᠷᠢᠭ ᠬᠡᠢᠰᠭᠡᠪᠡᠯ ᠲᠡᠭᠷᠢ ᠶᠢᠨ ᠵᠣᠷᠢᠭ ᠭᠡᠵᠦ ᠰᠡᠷᠬᠡᠢᠵᠦ ᠶᠠᠪᠤᠭᠰᠠᠨ ᠠᠮᠪᠠᠨ ᠨᠣᠶᠠᠨᠲᠠᠨ ᠡᠳᠦᠷ ᠰᠥᠨᠢ ᠶᠢᠨ ᠬᠣᠭᠤᠷᠤᠨᠳᠤ᠂ ᠪᠢᠯᠢᠭ ᠤᠬᠠᠭᠠᠨ ᠨᠢ ᠪᠡᠶ᠎ᠡ ᠠᠴᠠ ᠪᠠᠨ ᠰᠠᠯᠵᠤ᠂ ᠵᠠᠩᠭᠢ ᠵᠠᠯᠠᠨ ᠢᠶᠠᠨ ᠴᠤᠭᠯᠠᠭᠤᠯᠤᠨ ᠬᠥᠯ ᠪᠣᠯᠬᠤ ᠳᠦ ᠬᠠᠮᠠᠷ ᠯᠣᠳᠣᠨ ᠬᠠᠷᠢᠨ ᠦᠢᠮᠡᠭᠡᠨ ᠢ ᠵᠠᠪᠳᠤᠨ ᠰᠥᠨᠢ ᠪᠠᠷ ᠠᠷᠢᠯᠵᠠᠢ᠃
  ᠶᠠᠮᠤᠨ ᠳᠡᠭᠡᠷ᠎ᠡ ᠬᠣᠰᠢᠭᠤ ᠠᠷᠠᠳ ᠤᠨ ᠵᠠᠰᠠᠭ ᠪᠠᠢᠭᠤᠯᠤᠭᠳᠠᠪᠠ᠃ ᠬᠠᠮᠠᠷ ᠯᠣᠳᠣᠨ ᠬᠠᠷᠠᠴᠤ ᠠᠷᠠᠳ ᠤᠨ ᠲᠥᠯ᠂ ᠶᠠᠳᠠᠭᠤ ᠨᠢᠴᠦᠭᠦᠨ ᠦᠨᠳᠦᠰᠦᠨ ᠮᠠᠯᠴᠢᠨ ᠲᠤᠯᠠ ᠲᠠᠪᠤᠨ ᠬᠠᠨ᠎ᠠ ᠲᠠᠢ ᠴᠣ᠋ ᠰᠢᠨ᠎ᠡ ᠭᠡᠷ᠂ ᠲᠠᠪᠤ ᠠᠷᠪᠠᠨ ᠮᠠᠯ ᠢᠳᠡᠭᠡ᠎ᠲᠡᠢ ᠲᠡᠳᠭᠦᠮᠵᠢ ᠣᠯᠭᠤᠨ᠎ᠠ ᠭᠡᠵᠦ ᠵᠠᠰᠠᠭ ᠤᠨ ᠣᠷᠳᠤᠨ ᠲᠣᠭᠲᠠᠭᠠᠵᠠᠢ᠃ ᠡᠨᠡ ᠴᠢᠮᠡᠭᠡ ᠪᠠᠷ ᠬᠠᠮᠠᠷ ᠯᠣᠳᠣᠨ ᠲᠠᠪᠲᠤᠷ ᠠᠯᠳᠠᠵᠤ᠂ ᠣᠷᠭᠤᠭᠠᠳ ᠭᠦᠶᠦᠴᠢᠬᠡᠮᠡᠷ ᠰᠠᠨᠠᠭᠳᠠᠪᠠ᠃ ᠬᠠᠭᠠᠰ ᠨᠠᠰᠤ ᠶᠢ ᠲᠡᠨᠦᠵᠦ ᠥᠩᠭᠡᠷᠡᠭᠡᠨ᠂ ᠰᠠᠨᠠᠭ᠎ᠠ ᠪᠡᠷ ᠢᠶᠠᠨ ᠰᠠᠪᠠᠵᠤ ᠵᠢᠯᠤᠭᠤ ᠪᠡᠷ ᠢᠶᠠᠨ ᠭᠤᠶᠠᠳᠠᠭᠠᠳ᠂ ᠬᠠᠩᠭᠠᠯ ᠵᠠᠳᠠᠭᠠᠢ ᠰᠤᠷᠴᠢᠬᠠᠭᠰᠠᠨ ᠶᠤᠮ ᠎ᠴᠢᠨᠢ᠂ ᠭᠡᠳᠡᠰᠦ ᠴᠠᠳᠪᠠᠯ ᠪᠠᠶᠠᠨ᠂ ᠬᠡᠰᠦᠵᠦ ᠲᠣᠭᠤᠷᠢᠪᠠᠯ ᠪᠤᠶᠠᠨ᠃ ᠮᠠᠯ ᠢᠳᠡᠭᠡ᠎ᠲᠡᠢ ᠨᠣᠴᠤᠯᠳᠤᠨ᠎ᠠ᠂ ᠭᠡᠷ ᠲᠡᠷᠭᠡ ᠳᠣᠳᠤᠮᠳᠠᠨ᠎ᠠ ᠭᠡᠳ ᠬᠠᠷ᠎ᠠ ᠶᠠᠷᠰᠢᠭ᠂ ᠬᠠᠢᠷᠠᠨ ᠪᠡᠶ᠎ᠡ ᠪᠠᠨ ᠠᠷᠭᠠᠮᠵᠢᠭᠤᠯᠬᠤ  ᠪᠠᠨ ᠪᠣᠯᠢᠶ᠎ᠠ ᠬᠥ᠋ ! ᠭᠡᠵᠦ ᠲᠡᠷᠡ ᠪᠣᠳᠤᠵᠠᠢ᠃
  ᠰᠤᠮᠤᠨ ᠡᠴᠡ ᠳᠠᠷᠤᠭ᠎ᠠ ᠺᠠᠳ᠋ᠷ ᠪᠥᠭᠡᠮ ᠢᠶᠠᠷ ᠢᠷᠡᠵᠦ:
  《ᠠᠪᠬᠤ ᠦᠭᠡᠢ ᠶᠠᠭᠠᠬᠢᠵᠤ ᠪᠣᠯᠬᠤ ᠪᠤᠢ? ᠵᠠᠰᠠᠭ ᠤᠨ ᠣᠷᠳᠤᠨ ᠪᠠᠢᠭᠤᠯᠤᠭᠳᠠᠭᠰᠠᠨ ᠨᠢ ᠨᠡᠢᠭᠡᠮ ᠵᠢᠷᠤᠮ ᠤᠨ ᠰᠠᠢᠨ ᠰᠠᠢᠬᠠᠨ ᠡᠬᠢᠯᠡᠵᠦ᠂ ᠶᠠᠳᠠᠭᠤ ᠨᠢᠴᠦᠭᠦᠨ᠂ ᠲᠡᠨᠦᠭᠦᠯ ᠠᠮᠢᠳᠤᠷᠠᠯ ᠪᠤᠴᠠᠯᠲᠠ ᠦᠭᠡᠢ ᠡᠴᠦᠰᠯᠡᠭᠰᠡᠨ ᠲᠡᠮᠳᠡᠭ ᠮᠥᠨ᠃ ᠰᠤᠷ ᠢᠶᠠᠨ ᠪᠦᠰᠡᠯᠡᠵᠦ ᠰᠤᠷᠤᠭᠰᠠᠨ ᠳᠠᠭᠤᠤ  ᠪᠠᠨ ᠳᠠᠭᠤᠯᠠᠵᠤ᠂ ᠮᠤᠷᠤᠢ ᠵᠠᠮ ᠢ ᠬᠥᠭᠡᠭᠡᠭᠡᠳ ᠪᠠᠢᠪᠠᠯ ᠰᠢᠨ᠎ᠡ ᠰᠠᠢᠬᠠᠨ ᠴᠠᠭ ᠤᠨ ᠢᠶᠠᠨ ᠨᠢᠭᠤᠷ ᠢ ᠭᠤᠲᠤᠭᠠᠭᠰᠠᠨ ᠶᠠᠪᠤᠳᠠᠯ ᠰᠢᠤ!》 ᠭᠡᠵᠦ ᠣᠯᠠᠨ ᠪᠦᠭᠦᠳᠡᠭᠡᠷ ᠵᠠᠬ᠎ᠠ ᠵᠠᠬ᠎ᠠ ᠡᠴᠡ ᠨᠢ ᠢᠳᠭᠠᠵᠤ ᠭᠠᠷᠬᠤ ᠳᠦ ᠬᠠᠮᠠᠷ ᠯᠣᠳᠣᠨ ᠳᠦᠯᠡᠢ ᠭᠣᠳᠤᠯᠢ ᠶᠤᠮ ᠎ᠰᠢᠭ᠋ ᠲᠣᠭᠣᠬᠤ ᠦᠭᠡᠢ ᠥᠩᠭᠡᠷᠡᠭᠡᠨ᠎ᠡ᠃
  ᠬᠠᠮᠤᠭ ᠰᠡᠭᠦᠯ ᠳᠦ ᠨᠢ ᠬᠣᠰᠢᠭᠤᠨ ᠳᠠᠷᠤᠭ᠎ᠠ ᠪᠡᠶ᠎ᠡ ᠪᠠᠷ ᠢᠶᠠᠨ ᠮᠣᠷᠢᠯᠠᠵᠤ᠂ ᠬᠠᠮᠠᠷ ᠯᠣᠳᠣᠨ ᠲᠠᠢ ᠠᠭᠤᠯᠵᠠᠭᠠᠳ᠂ ᠲᠡᠮᠳᠡᠭᠯᠡᠯ ᠦᠨ ᠳᠡᠪᠲᠡᠷ ᠳᠡᠭᠡᠷ᠎ᠡ ᠠᠴᠠ ᠪᠠᠨ ᠨᠢᠭᠡ ᠪᠠᠳᠠᠭ ᠤᠩᠰᠢᠭᠠᠳ ᠬᠡᠳᠦᠨ ᠦᠭᠡ ᠬᠡᠯᠡᠪᠡ᠃ ᠤᠭ ᠦᠭᠡ ᠶᠢ ᠨᠢ ᠬᠠᠮᠠᠷ ᠯᠣᠳᠣᠨ ᠴᠡᠭᠡᠵᠢᠯᠡᠬᠦ ᠣᠢ ᠲᠣᠢ ᠦᠭᠡᠢ᠃ ᠶᠠᠭᠤ ᠴᠤ᠌ ᠭᠡᠰᠡᠨ ᠶᠠᠳᠠᠭᠤ ᠨᠢᠴᠦᠭᠦᠨ ᠬᠥᠮᠦᠨ ᠪᠣᠯ ᠬᠣᠭᠤᠰᠤᠨ ᠴᠠᠭᠠᠨ ᠴᠠᠭᠠᠰᠤ᠎ᠯᠠ ᠶᠤᠮ  ᠪᠠᠢᠨ᠎ᠠ᠃ ᠡᠢᠮᠦ ᠴᠠᠭᠠᠰᠤ ᠬᠠᠮᠤᠭ ᠤᠨ ᠰᠢᠨ᠎ᠡ ᠬᠠᠮᠤᠭ ᠤᠨ ᠰᠠᠢᠬᠠᠨ ᠵᠢᠷᠤᠭ ᠢ ᠬᠢᠯᠪᠠᠷᠬᠠᠨ ᠵᠢᠷᠤᠵᠤ ᠪᠣᠯᠳᠠᠭ ᠶᠤᠮ  ᠪᠠᠢᠨ᠎ᠠ᠂ ᠬᠥᠶᠢ ᠬᠥ᠋᠂ ᠰᠢᠨ᠎ᠡ ᠪᠠᠷ ᠰᠢᠷᠠᠭᠰᠠᠨ ᠠᠮᠪᠠᠨ ᠴᠢᠨᠢ ᠨᠠᠳᠠ ᠨᠠᠳᠠ ᠪᠡᠷ ᠨᠢᠭᠡ ᠵᠢᠷᠤᠭ ᠤᠨ ᠬᠦᠳᠡᠬᠲᠡᠢ ᠨᠣᠶᠠᠨᠲᠠᠨ ᠪᠠᠢᠨ᠎ᠠ ᠰᠢᠤ! ᠡᠢᠮᠦ ᠪᠠᠢᠮᠠᠭᠠᠢ ᠠᠮᠪᠠᠨ ᠵᠢᠷᠤ ᠭᠡᠵᠦ ᠪᠠᠢᠬᠤ ᠶᠤᠮ ᠎ᠴᠢᠨᠢ ᠳᠤᠭᠤᠢ᠎ᠯᠠ ᠵᠢᠷᠤᠶ᠎ᠠ᠂ ᠬᠠᠮᠠᠷ ᠪᠢ ᠶᠡᠷᠦ ᠨᠢ ᠲᠡᠷᠡ ᠨᠢᠭᠡ ᠵᠢᠷᠤᠭ ᠢ ᠭᠣᠷᠢᠯᠠᠭᠠᠳ ᠤᠳᠠᠭᠰᠠᠨ ᠶᠤᠮ ᠳ᠋ᠠᠭ᠃ ᠦᠭᠡᠢ ᠴᠢᠩᠭᠢᠭᠡᠳ ᠬᠠᠮᠢᠭ᠎ᠠ  ᠪᠠᠨ ᠵᠢᠷᠤᠬᠤ ᠪᠢᠯᠡ? ᠠᠯᠠᠭᠠᠨ ᠳᠡᠭᠡᠷ᠎ᠡ ᠪᠠᠨ ᠵᠢᠷᠤᠭᠠᠳ ᠪᠣᠯᠬᠤ ᠦᠭᠡᠢ᠎ᠯᠠ᠎ᠳᠠ᠂ ᠠᠪᠳᠠᠷ᠎ᠠ ᠪᠠᠢᠬᠤ ᠬᠡᠷᠡᠭᠲᠡᠢ᠃ ᠠᠪᠳᠠᠷ᠎ᠠ ᠨᠢ ᠵᠠᠯᠠᠨ ᠵᠠᠩᠭᠢ ᠶᠢᠨ ᠳᠦ᠎ᠯᠠ ᠦᠵᠡᠭᠳᠡᠳᠡᠭ ᠲᠡᠢᠮᠦ ᠠᠭᠠᠷᠤ ᠽᠠᠨᠳᠠᠨ ᠪᠠᠢᠬᠤ ᠶᠣᠰᠤᠲᠠᠢ! ᠠᠪᠳᠠᠷ᠎ᠠ ᠶᠢᠨ ᠨᠢᠭᠤᠷ ᠳᠡᠭᠡᠷ᠎ᠡ ᠨᠢ ᠡᠭᠡᠭᠡ ᠯᠡ ᠵᠢᠭᠠᠬᠠᠨ ᠰᠦᠮ᠎ᠡ ᠶᠢᠨ ᠪᠠᠭᠠᠨ᠎ᠠ ᠳᠡᠭᠡᠷ᠎ᠡ ᠣᠷᠢᠶᠠᠯᠳᠤᠭᠰᠠᠨ ᠰᠢᠭ᠋ ᠠᠯᠲᠠᠨ ᠯᠤᠤ ᠲᠣᠭᠯᠠᠭᠰᠠᠨ ᠪᠠᠢᠬᠤ ᠬᠡᠷᠡᠭᠲᠡᠢ! ᠡᠢᠮᠦ ᠰᠠᠢᠬᠠᠨ ᠠᠪᠳᠠᠷ᠎ᠠ  ᠪᠠᠨ ᠡᠭᠦᠷᠦᠭᠡᠳ ᠶᠠᠪᠤᠵᠤ ᠪᠣᠯᠤᠨ᠎ᠠ᠎ ᠤᠤ? ᠭᠡᠷ ᠪᠠᠢᠬᠤ ᠬᠡᠷᠡᠭᠲᠡᠢ᠃ ᠭᠡᠷ ᠨᠢ ᠪᠠᠰᠠ ᠴᠤ᠌ ᠰᠢᠨ᠎ᠡ ᠪᠥᠮᠪᠦᠭᠡᠷ ᠴᠠᠭᠠᠨ! ᠁ ᠵᠠ ᠵᠠ᠂ ᠶᠠᠭᠤᠮ᠎ᠠ ᠦᠭᠡᠢ ᠡᠴᠡ ᠶᠠᠭᠤᠮ᠎ᠠ ᠲᠠᠢ ᠨᠢ ᠳᠡᠭᠡᠷ᠎ᠡ᠂ ᠶᠠᠭᠤ ᠥᠭᠪᠡᠯ ᠲᠡᠭᠦᠨ ᠢ ᠨᠢ ᠠᠪᠤᠶ᠎ᠠ! ᠥᠭᠬᠦ ᠬᠥᠮᠦᠨ ᠦ ᠥᠷᠦᠴᠡ ᠨᠢ ᠲᠠᠲᠠᠯᠳᠤᠬᠤ ᠦᠭᠡᠢ ᠪᠠᠢᠲᠠᠯ᠎ᠠ ᠠᠪᠬᠤ ᠪᠢ ᠠᠯᠠᠭ᠎ᠠ  ᠪᠠᠨ ᠲᠣᠰᠭᠤ ᠡᠴᠡ ᠰᠢᠷᠭᠢᠬᠦ ᠶᠠᠭᠤ ᠪᠠᠢᠬᠤᠪ!
  ᠬᠥᠮᠦᠨ ᠰᠢᠭ ᠠᠮᠢᠳᠤᠷᠠᠬᠤ ᠬᠦᠰᠡᠯ ᠴᠢᠩᠭᠠᠷᠠᠭᠰᠠᠨ ᠳᠦ ᠨᠢ ᠬᠣᠰᠢᠭᠤ ᠳᠠᠷᠤᠭ᠎ᠠ ᠴᠤ᠌ ᠪᠠᠶᠠᠷᠯᠠᠭᠠᠳ:
  《ᠯᠣᠳᠣᠨ ᠭᠤᠸᠠᠢ! ᠶᠠᠭᠤ ᠳᠤᠲᠠᠪᠠᠯ ᠡᠷᠡᠭᠡᠯᠡᠯ ᠦᠭᠡᠢ ᠬᠡᠯᠡᠵᠦ ᠯᠡ ᠪᠠᠢ! ᠠᠷᠠᠳ ᠤᠨ ᠵᠠᠰᠠᠭ ᠠᠷᠠᠳ ᠢᠶᠠᠨ ᠳᠡᠮᠵᠢᠨ᠎ᠡ》 ᠭᠡᠵᠦ ᠡᠨᠡᠷᠢᠩᠭᠦᠢ ᠮᠦᠰᠢᠶᠡᠵᠡᠢ᠃ ᠠ ᠳ᠋ᠠ᠂ ᠰᠢᠨ᠎ᠡ ᠴᠠᠭ ᠤᠨ ᠠᠮᠪᠠᠨ ᠭᠡᠵᠦ ᠴᠤ᠌ ᠪᠤᠷᠬᠠᠨ ᠭᠡᠮᠡᠷ ᠶᠤᠮ ᠪᠠᠢᠨ᠎ᠠ ᠭᠡᠵᠦ ᠪᠣᠳᠤᠬᠤ ᠲᠠᠢ ᠵᠡᠷᠭᠡ ᠬᠠᠮᠠᠷ ᠯᠣᠳᠣᠨ ᠬᠣᠰᠢᠭᠤ ᠳᠠᠷᠤᠭ᠎ᠠ ᠶᠢᠨ ᠥᠯᠮᠡᠢ ᠳᠣᠣᠷ᠎ᠠ ᠰᠥᠭᠦᠳᠦᠭᠡᠳ ᠮᠥᠷᠭᠦᠴᠢᠬᠡᠮᠡᠷ ᠰᠠᠨᠠᠭᠳᠠᠨ᠎ᠠ᠃
  ᠬᠠᠮᠠᠷ ᠯᠣᠳᠣᠨ ᠢᠩᠭᠢᠭᠡᠳ ᠭᠡᠷ ᠮᠠᠯ ᠲᠠᠢ ᠪᠣᠯᠤᠯ᠎ᠠ᠃ ᠭᠠᠭᠴᠠ᠎ᠯᠠ ᠠᠯᠲᠠᠨ ᠯᠤᠤ ᠵᠢᠷᠤᠴᠢᠬᠠᠮᠠᠷ ᠠᠪᠳᠠᠷ᠎ᠠ ᠪᠠᠢᠬᠤ ᠦᠭᠡᠢ ᠳᠦ ᠨᠢ ᠮᠠᠨᠴᠤᠷᠭᠠᠨ ᠬᠠᠮᠠᠷ ᠨᠢ ᠪᠠᠰᠠ᠎ᠯᠠ ᠴᠡᠨᠳᠡᠢᠪᠡ᠃ ᠡᠨᠡ ᠪᠠᠬᠠᠨ ᠮᠢᠯᠵᠠᠩ ᠭᠣᠳᠣᠷᠣᠢ ᠪᠡᠷ ᠪᠢ ᠶᠠᠭᠤ  ᠪᠠᠨ ᠬᠢᠬᠦ ᠪᠤᠢ? ᠲᠡᠭᠡᠬᠦ ᠶᠢᠨ ᠣᠷᠤᠨ ᠳᠦ ᠨᠢᠭᠡ ᠠᠪᠳᠠᠷ᠎ᠠ ᠴᠤ᠌ ᠥᠭᠭᠦᠭᠡᠰᠡᠢ᠂ ᠪᠣᠯᠬᠤ ᠦᠭᠡᠢ ᠨᠢ ᠶᠠᠭᠤ ᠪᠤᠢ?
  ᠰᠢᠨ᠎ᠡ ᠠᠮᠪᠠᠨ ᠶᠠᠭᠤ ᠳᠤᠲᠠᠪᠠᠯ ᠡᠷᠡᠭᠡᠯᠡᠯ ᠦᠭᠡᠢ ᠬᠡᠯᠡ ᠭᠡᠰᠡᠨ ᠪᠢᠰᠢ ᠦᠦ ? ᠳᠤᠭᠤᠢ ᠎ᠯᠠ ᠣᠴᠢᠭᠠᠳ ᠨᠡᠬᠡᠶ᠎ᠡ! ᠭᠡᠳ ᠶᠠᠪᠤᠬᠤ ᠪᠡᠷ ᠰᠢᠢᠳᠦᠭᠰᠡᠨ ᠪᠣᠯᠪᠠᠴᠤ ᠬᠣᠰᠢᠭᠤ ᠶᠠᠮᠤᠨ ᠤ ᠴᠠᠯᠠᠢᠭᠰᠠᠨ ᠲᠣᠮᠤ ᠬᠠᠭᠠᠯᠭ᠎ᠠ ᠶᠢ ᠪᠣᠳᠤᠮᠠᠭᠴᠠ ᠬᠠᠮᠤᠭ ᠪᠡᠶ᠎ᠡ ᠨᠢ ᠠᠷᠵᠠᠰᠬᠢᠪᠠ᠃ ᠪᠣᠳᠤᠵᠤ ᠪᠣᠳᠤᠭᠠᠳ ᠰᠣᠷᠣᠭᠰᠠᠨ ᠢᠶᠠᠷ ᠢᠶᠠᠨ ᠡᠭᠦᠷ ᠠᠷᠪᠠᠨ ᠢ ᠡᠷᠢᠵᠦ:
  《ᠪᠠᠢᠳᠠᠭ ᠮᠠᠯ ᠢ ᠴᠢᠨᠢ ᠪᠤᠴᠠᠭᠠᠶ᠎ᠠ᠃ ᠪᠠᠯᠪᠠᠷᠬᠠᠢ ᠴᠤ᠌ ᠶᠠᠭᠠᠬᠢᠬᠤᠪ᠂ ᠠᠪᠳᠠᠷ᠎ᠠ ᠡᠴᠡ ᠪᠠᠨ ᠢᠯᠡᠭᠦᠴᠢᠯᠡᠵᠦ ᠥᠭᠭᠦᠨ᠎ᠡ ᠦᠦ ?》 ᠭᠡᠵᠦ ᠭᠣᠩᠰᠢᠭᠠᠳ ᠰᠠᠭᠤᠯᠭᠠᠬᠤ ᠦᠭᠡᠢ ᠪᠣᠯᠪᠠ᠃
  《ᠬᠠᠮᠢᠭ᠎ᠠ ᠪᠠᠢᠭᠰᠠᠨ ᠲᠡᠢᠮᠦ ᠪᠡᠯᠡᠨ ᠠᠪᠳᠠᠷ᠎ᠠ ᠪᠤᠢ?》 ᠭᠡᠵᠦ ᠠᠷᠪᠠᠨ ᠤ ᠳ᠋ᠠ ᠤᠴᠠᠭᠠᠷᠯᠠᠵᠤ ᠭᠠᠷᠬᠤ ᠳᠦ᠂ ᠬᠠᠮᠠᠷ ᠯᠣᠳᠣᠨ ᠤ ᠮᠠᠨᠴᠤᠷᠭᠠᠨ ᠬᠠᠮᠠᠷ ᠨᠢ ᠵᠡᠰ ᠤᠯᠠᠭᠠᠨ ᠪᠣᠯᠲᠠᠯ᠎ᠠ ᠴᠡᠨᠳᠡᠢᠭᠡᠳ:
  《ᠪᠢ ᠲᠡᠭᠡᠪᠡᠯ ᠠᠮᠪᠠᠨ ᠳᠦ ᠵᠠᠷᠭᠤᠯᠳᠤᠨ᠎ᠠ》 ᠭᠡᠵᠦ ᠡᠪᠴᠢᠭᠦᠦ ᠳᠡᠯᠡᠳᠬᠦ ᠰᠢᠬᠠᠵᠠᠢ᠃
  ᠴᠣᠬᠤᠮ 《ᠠᠮᠪᠠᠨ》 ᠠᠴᠠ ᠠᠶᠤᠭᠰᠠᠨ  ᠳᠤ  ᠪᠠᠨ ᠦᠦ? ᠯᠣᠳᠣᠨ ᠢ ᠬᠥᠬᠡᠷᠦᠭᠦᠢᠯᠡᠭᠰᠡᠨ  ᠳᠤ  ᠪᠠᠨ ᠦᠦ ? ᠡᠭᠦᠷ ᠠᠷᠪᠠᠨ ᠡᠴᠡ ᠰᠤᠮᠤᠨ ᠳᠦ ᠮᠡᠳᠡᠭᠦᠯᠵᠦ᠂ ᠰᠤᠮᠤᠨ ᠡᠴᠡ ᠬᠣᠰᠢᠭᠤ ᠳᠦ ᠮᠡᠳᠡᠭᠦᠯᠵᠡᠢ᠃ ᠳᠡᠮᠡᠢ ᠬᠡᠳᠦ ᠬᠣᠨᠤᠭᠰᠠᠨ ᠦᠭᠡᠢ ᠬᠠᠮᠠᠷ ᠯᠣᠳᠣᠨ ᠤ ᠰᠠᠨᠠᠭ᠎ᠠ ᠪᠡᠷ ᠬᠣᠶᠠᠷ ᠬᠡᠰᠡᠭ ᠰᠥᠭᠦᠮ ᠵᠤᠵᠠᠭᠠᠨ ᠠᠭᠠᠷᠤ ᠬᠠᠪᠲᠠᠰᠤ ᠬᠦᠷᠦᠭᠡᠳ ᠢᠷᠡᠪᠡ᠃ ᠡᠨᠡ ᠨᠢ ᠲᠡᠭᠦᠨ ᠦ ᠬᠣᠰᠢᠭᠤ ᠶᠠᠮᠤᠨ ᠡᠴᠡ ᠣᠷᠭᠤᠵᠤ ᠪᠣᠰᠬᠤ ᠳᠤ  ᠪᠠᠨ ᠳᠤᠲᠠᠭᠤ ᠵᠦᠰᠦᠭᠡᠳ ᠬᠠᠶᠠᠭᠰᠠᠨ ᠠᠭᠠᠷᠤ ᠪᠠᠢᠭᠰᠠᠨ ᠲᠤᠯᠠ ᠬᠠᠮᠠᠷ ᠯᠣᠳᠣᠨ ᠬᠠᠭᠠᠷᠠᠲᠠᠯ᠎ᠠ ᠪᠠᠶᠠᠷᠯᠠᠭᠰᠠᠨ ᠨᠢ ᠭᠠᠷᠴᠠᠭ᠎ᠠ ᠦᠭᠡᠢ᠃ 《ᠲᠡᠳᠭᠦᠬᠦ ᠪᠠᠷ ᠪᠡᠯᠡᠳᠭᠡᠵᠦ ᠪᠠᠢᠭᠰᠠᠨ ᠤᠰᠤᠨ ᠤ ᠬᠠᠰᠠᠭ ᠢ ᠴᠢᠨᠢ ᠥᠭᠬᠦ ᠦᠭᠡᠢ ᠳᠦ ᠪᠣᠯᠤᠨ᠎ᠠ ᠪᠢᠵᠡ?》 ᠭᠡᠵᠦ ᠠᠷᠪᠠᠨ ᠤ ᠳ᠋ᠠ ᠰᠠᠨᠠᠯ ᠠᠰᠠᠭᠤᠬᠤ ᠳᠦ ᠬᠠᠮᠠᠷ ᠯᠣᠳᠣᠨ : 《ᠳᠤᠷᠠᠲᠠᠢ ᠳᠤᠷᠠᠲᠠᠢ! ᠠᠷᠪᠠᠨ ᠭᠠᠵᠠᠷ ᠡᠴᠡ ᠤᠰᠤ  ᠪᠠᠨ ᠳᠠᠮᠨᠠᠵᠤ ᠢᠳᠡᠭᠰᠡᠨ ᠴᠤ᠌ ᠠᠮᠪᠠᠨ ᠨᠣᠶᠠᠨᠲᠠᠨ ᠳᠤ  ᠪᠠᠨ ᠪᠢ ᠭᠣᠮᠤᠳᠠᠬᠤ ᠦᠭᠡᠢ》 ᠭᠡᠵᠦ ᠭᠡᠨ᠎ᠡ᠃
  ᠡᠳᠦᠷ ᠰᠥᠨᠢ ᠦᠭᠡᠢ ᠱᠤᠤᠭᠢᠨᠠᠵᠤ ᠪᠠᠢᠭᠠᠳ ᠬᠠᠮᠠᠷ ᠯᠣᠳᠣᠨ ᠬᠠᠩᠬᠠᠭᠠᠷ ᠪᠡᠬᠢᠯᠢᠭ ᠵᠦᠢᠷᠡᠢ ᠠᠪᠳᠠᠷ᠎ᠠ ᠵᠠᠭᠠᠳᠠᠰᠤᠯᠠᠵᠤ ᠭᠠᠷᠭᠠᠵᠠᠢ᠃ ᠬᠠᠪᠢ ᠲᠥᠰᠦᠷ ᠲᠤ ᠬᠢᠯᠠᠷ ᠳᠠᠮᠪᠢ ᠡᠴᠡ ᠥᠭᠡᠷ᠎ᠡ ᠵᠢᠷᠤᠭᠴᠢᠨ ᠭᠡᠵᠦ ᠪᠠᠢᠬᠤ ᠦᠭᠡᠢ᠃ ᠠᠪᠳᠠᠷ᠎ᠠ  ᠪᠠᠨ ᠰᠢᠷᠳᠡᠵᠦ ᠯᠤᠤ ᠵᠢᠷᠤᠭᠤᠯᠤᠶ᠎ᠠ ᠭᠡᠪᠡᠯ ᠲᠡᠭᠦᠨ ᠢᠯᠡ ᠵᠠᠯᠠᠬᠤ ᠬᠡᠷᠡᠭᠲᠡᠢ᠃ ᠭᠡᠲᠡᠯ᠎ᠡ ᠬᠠᠮᠠᠷ ᠯᠣᠳᠣᠨ ᠤ ᠬᠠᠮᠤᠭ ᠪᠡᠶ᠎ᠡ ᠳᠠᠭᠵᠢᠵᠤ ᠠᠪᠤᠪᠠ᠃
  ᠤᠤᠯ ᠨᠢ ᠭᠠᠩ ᠵᠢᠯ ᠨᠠᠮᠵᠢᠯ ᠵᠠᠯᠠᠨ ᠪᠤᠶᠠᠨ ᠦᠢᠯᠡᠳᠴᠦ᠂ ᠰᠦᠷᠦᠭ ᠠᠳᠤᠭᠤ ᠪᠡᠷ ᠨᠠᠷᠠᠲᠤ ᠶᠢᠨ ᠭᠡᠭᠡᠨ ᠳᠦ ᠥᠭᠯᠢᠭᠡ ᠡᠷᠭᠦᠭᠡᠳ᠂ ᠵᠢᠭᠠᠬᠠᠨ ᠰᠦᠮ᠎ᠡ ᠶᠢ ᠪᠠᠷᠢᠭᠤᠯᠤᠭᠰᠠᠨ ᠦᠶ᠎ᠡ ᠶᠢᠨ ᠬᠡᠷᠡᠭ ᠪᠢᠯᠡ᠃ ᠬᠠᠮᠠᠷ ᠯᠣᠳᠣᠨ ᠨᠢᠷᠤᠭᠤ ᠠᠮᠠᠯᠠᠬᠤ ᠠᠯᠪᠠ ᠪᠡᠷ ᠪᠠᠷᠢᠯᠭ᠎ᠠ ᠳᠦ ᠣᠷᠤᠯᠴᠠᠭᠠᠳ ᠰᠡᠭᠦᠯ ᠬᠤᠷᠢᠶᠠᠬᠤ ᠦᠶ᠎ᠡ ᠪᠠᠷ ᠬᠢᠬᠦ ᠠᠵᠢᠯ ᠦᠭᠡᠢ ᠬᠠᠨᠴᠤᠢ ᠰᠠᠵᠢᠳᠠᠭ ᠪᠣᠯᠵᠠᠢ᠃ ᠨᠢᠭᠡ ᠡᠳᠦᠷ ᠭᠡᠶᠦᠷᠡᠵᠦ ᠶᠠᠪᠤᠭᠰᠠᠭᠠᠷ ᠰᠦᠮ᠎ᠡ ᠶᠢᠨ ᠤᠯᠠᠭᠠᠨ ᠪᠠᠭᠠᠨ᠎ᠠ ᠳᠡᠭᠡᠷ᠎ᠡ ᠠᠯᠲᠠᠨ ᠯᠤᠤ ᠠᠮᠢᠯᠠᠲᠠᠯ᠎ᠠ ᠣᠷᠢᠶᠠᠯᠳᠤᠭᠤᠯᠵᠤ ᠪᠠᠢᠭᠰᠠᠨ ᠵᠢᠷᠤᠭᠴᠢᠨ ᠡᠪᠦᠭᠡᠨ ᠬᠢᠯᠠᠷ ᠳᠠᠮᠪᠢ ᠲᠠᠢ ᠲᠠᠭᠠᠷᠠᠯᠳᠤᠪᠠ᠃ ᠬᠥᠬᠦᠷ ᠰᠣᠯᠢᠯᠴᠠᠨ ᠲᠠᠮᠠᠬᠢ ᠲᠠᠲᠠᠵᠤ ᠰᠠᠭᠤᠬᠤ ᠳᠤ  ᠪᠠᠨ ᠬᠢᠯᠠᠷ ᠳᠠᠮᠪᠢ : 《ᠯᠤᠤ ᠪᠣᠯ ᠬᠤᠷᠮᠤᠰᠲᠠ ᠶᠢᠨ ᠲᠥᠷᠦᠯ》 ᠭᠡᠵᠦ ᠮᠡᠷᠭᠡᠯᠡᠨ 《ᠯᠤᠤ ᠲᠠᠢ ᠬᠠᠨᠢᠯᠠᠪᠠᠯ ᠥᠭᠡᠳᠡᠯᠡᠵᠦ᠂ ᠭᠤᠤ ᠲᠠᠢ ᠬᠠᠨᠢᠯᠠᠪᠠᠯ ᠪᠤᠯᠠᠭᠳᠠᠨ᠎ᠠ》 ᠭᠡᠵᠦ ᠪᠢᠰᠢᠷᠡᠵᠦ ᠭᠠᠢᠬᠠᠲᠠᠯ᠎ᠠ ᠨᠢ ᠠᠢᠯᠠᠳᠴᠠᠢ᠃ ᠬᠠᠮᠠᠷ ᠯᠣᠳᠣᠨ ᠤ ᠴᠢᠬᠢ ᠨᠢ ᠴᠢᠩᠨᠠᠵᠤ ᠪᠠᠢᠪᠠᠴᠤ ᠨᠢᠳᠦ ᠨᠢ ᠬᠠᠷᠢᠨ ᠪᠤᠳᠤᠭ ᠤᠨ ᠬᠠᠢᠷᠴᠠᠭ ᠲᠠᠬᠢ ᠠᠯᠲᠠᠨ ᠨᠤᠨᠲᠠᠭ ᠳᠡᠭᠡᠷ᠎ᠡ ᠲᠣᠭᠲᠠᠭᠠᠳ ᠬᠣᠷᠤᠬᠠᠢ ᠨᠢ ᠬᠡᠴᠡᠭᠦᠦ ᠭᠣᠪᠤᠭᠤᠨᠠᠪᠠ᠃ ᠠᠶᠠᠷᠯᠠᠵᠤ ᠪᠣᠰᠬᠤ ᠳᠤ  ᠪᠠᠨ ᠬᠢᠯᠠᠷ ᠳᠠᠮᠪᠢ ᠶᠢᠨ ᠪᠠᠭᠠᠨ᠎ᠠ ᠲᠠᠢ  ᠪᠠᠨ ᠨᠣᠴᠤᠯᠳᠤᠵᠤ ᠲᠠᠰᠢᠷᠠᠮ ᠢ ᠵᠠᠪᠳᠤᠵᠤ᠂ ᠠᠯᠲᠠᠨ ᠨᠤᠨᠲᠠᠭ ᠡᠴᠡ ᠨᠢ ᠠᠳᠭᠤ ᠪᠢᠲᠡᠭᠦᠯᠡᠭᠡᠳ ᠬᠡ  ᠴᠤ᠌ ᠦᠭᠡᠢ ᠰᠠᠵᠢᠯᠠᠵᠤ ᠣᠳᠴᠠᠢ᠃ ᠭᠡᠪᠡᠴᠦ ᠬᠣᠵᠢᠮ ᠡᠨᠡ ᠨᠢ ᠵᠢᠩᠬᠢᠨᠢ ᠠᠯᠲᠠ ᠪᠢᠰᠢ ᠭᠡᠳᠡᠭ ᠢ ᠮᠠᠢᠮᠠᠢᠴᠢᠨ ᠡᠴᠡ ᠮᠡᠳᠡᠵᠦ᠂ ᠡᠵᠡᠨ ᠳᠦ ᠨᠢ ᠪᠤᠴᠠᠭᠠᠬᠤ ᠶᠢ ᠪᠣᠳᠤᠭᠰᠠᠨ ᠪᠣᠯᠪᠠᠴᠤ ᠠᠷᠠᠢ ᠵᠣᠷᠢᠭ ᠬᠦᠷᠦᠭᠰᠡᠨ ᠦᠭᠡᠢ᠃ ᠰᠣᠨᠢᠨ ᠵᠢᠭᠲᠡᠢ ᠨᠢ ᠬᠠᠷᠢᠨ ᠬᠠᠮᠠᠷ ᠯᠣᠳᠣᠨ ᠬᠢᠯᠠᠷ ᠳᠠᠮᠪᠢ ᠶᠢᠨ ᠵᠢᠷᠤᠭᠰᠠᠨ ᠲᠠᠢ ᠡᠭᠡᠭᠡ ᠠᠳᠠᠯᠢ ᠠᠯᠲᠠᠨ ᠯᠤᠤ ᠲᠠᠢ ᠵᠡᠭᠦᠳᠦ ᠪᠠᠷ ᠢᠶᠠᠨ ᠬᠡᠳᠦ ᠳᠠᠭᠠᠷᠢᠯᠳᠤᠪᠠ᠃ ᠲᠡᠭᠡᠭᠡᠳ ᠪᠡᠯᠭᠡ ᠳᠡᠮᠪᠡᠷᠢᠯ ᠪᠣᠯᠬᠤ ᠴᠤ᠌ ᠮᠠᠭᠠᠳ ᠭᠡᠵᠦ ᠪᠣᠳᠤᠭᠠᠳ ᠣᠯᠵᠠᠯᠠᠭᠰᠠᠨ ᠵᠢᠭᠠᠬᠠᠨ ᠠᠯᠲᠠᠨ ᠪᠤᠳᠤᠭ ᠢᠶᠠᠷ ᠢᠶᠠᠨ ᠯᠤᠤ ᠵᠢᠷᠤᠭᠤᠯᠵᠤ ᠠᠪᠬᠤ ᠶᠢ ᠰᠠᠨᠠᠭᠠᠷᠬᠠᠭᠠᠳ ᠤᠳᠠᠭᠰᠠᠨ ᠪᠠᠢᠵᠠᠢ᠃
  ᠣᠳᠣ ᠢᠩᠭᠢᠵᠦ ᠰᠠᠢᠨ ᠰᠠᠢᠬᠠᠨ ᠠᠮᠢᠳᠤᠷᠠᠬᠤ ᠪᠣᠯᠤᠭᠰᠠᠨ ᠨᠢ ᠠᠯᠲᠠᠨ ᠯᠤᠤ ᠵᠡᠭᠦᠳᠦᠨ ᠳᠦ ᠵᠠᠶᠠᠭᠠᠭᠰᠠᠨ ᠤ ᠰᠠᠢᠨ ᠪᠢᠵᠡ? ᠬᠡᠷᠪᠡ ᠠᠯᠲᠠᠨ ᠯᠤᠤ ᠶᠢ ᠭᠡᠷ᠎ᠲᠡᠭᠡᠨ ᠲᠣᠭᠯᠠᠭᠤᠯᠴᠢᠬᠠᠪᠠᠯ ᠮᠥᠩᠬᠡ ᠶᠢᠨ ᠢᠷᠦᠭᠡᠯ ᠲᠣᠭᠲᠠᠴᠢᠬᠠᠬᠤ ᠪᠢᠰᠢ ᠦᠦ ? ᠁
  ᠬᠠᠮᠠᠷ ᠯᠣᠳᠣᠨ ᠴᠤᠯᠭᠤᠢ ᠠᠪᠳᠠᠷ᠎ᠠ  ᠪᠠᠨ ᠰᠠᠬᠢᠭᠠᠳ ᠳ᠋ᠡᠩ ᠳ᠋ᠦᠩ᠎ᠲᠡᠢ ᠬᠡᠳᠦ ᠬᠣᠨᠤᠪᠠ᠃ ᠬᠠᠮᠢᠭᠠᠰᠢ  ᠪᠠᠨ ᠪᠣᠳᠤᠭᠰᠠᠨ ᠴᠤ᠌ ᠬᠠᠩᠰᠢ ᠨᠢ ᠨᠢᠭᠡ ᠯᠡ᠂ ᠰᠢᠨ᠎ᠡ ᠨᠡᠢᠭᠡᠮ ᠳᠦ ᠮᠠᠭᠤ  ᠪᠠᠨ ᠲᠣᠭᠠᠴᠢᠬᠤ ᠨᠢ ᠢᠷᠠᠭᠤ ᠠᠯᠳᠠᠷ ᠡ᠃ ᠬᠠᠨ᠎ᠠ ᠶᠢᠨ ᠨᠢᠳᠦᠨ ᠳᠦ ᠬᠠᠪᠴᠢᠭᠤᠯᠤᠭᠰᠠᠨ ᠴᠠᠭᠠᠰᠤᠨ ᠪᠣᠭᠤᠯᠲᠠ  ᠪᠠᠨ ᠠᠪᠴᠤ ᠡᠪᠦᠷᠯᠡᠭᠡᠳ ᠬᠢᠯᠠᠷ ᠳᠠᠮᠪᠢ ᠶᠢ ᠡᠷᠢᠨ ᠭᠡᠮᠰᠢᠯ ᠢᠶᠠᠨ ᠲᠣᠭᠠᠴᠢᠭᠰᠠᠨ ᠳᠦ ᠠᠯᠲᠠᠨ ᠪᠤᠳᠤᠭ ᠴᠤᠬᠠᠭᠲᠠᠭᠠᠨ ᠪᠣᠯᠪᠠ ᠤᠤ? ᠠᠰᠪᠤᠷᠢ ᠯᠣᠳᠣᠨ ᠤ ᠬᠥᠭᠡᠷᠦᠬᠦᠢᠯᠡᠯᠲᠡᠢ ᠠᠴᠠ ᠪᠣᠯᠪᠠ ᠤᠤ? ᠬᠢᠯᠠᠷ ᠳᠠᠮᠪᠢ ᠭᠢᠳ ᠭᠢᠳ ᠢᠨᠢᠶᠡᠵᠦ ᠬᠠᠮᠠᠷ ᠲᠠᠮᠠᠬᠢ ᠡᠴᠡ ᠪᠠᠨ ᠬᠡᠳᠦ ᠲᠠᠲᠠᠭᠤᠯᠤᠭᠰᠠᠨ ᠪᠥᠭᠡᠳ ᠬᠠᠮᠢᠭ᠎ᠠ ᠪᠠᠢᠭᠰᠠᠨ ᠭᠠᠵᠠᠷ ᠡᠴᠡ ᠬᠠᠢᠪᠠᠭᠠᠨᠠᠨ ᠢᠷᠡᠵᠦ᠂ ᠠᠪᠳᠠᠷ᠎ᠠ ᠶᠢ ᠨᠢ ᠶᠠᠭᠤᠮ᠎ᠠ ᠪᠣᠯᠭᠠᠵᠤ ᠥᠭᠴᠡᠢ᠃
  ᠤᠭᠤᠷᠠᠭ ᠤᠨ ᠰᠢᠷ᠎ᠠ ᠳᠡᠪᠢᠰᠭᠡᠷ ᠳᠡᠭᠡᠷ᠎ᠡ ᠠᠯᠲᠠᠨ ᠯᠤᠤ ᠭᠠᠯ ᠪᠥᠮᠪᠦᠭᠡ ᠪᠠᠷ ᠲᠣᠭᠯᠠᠵᠤ᠂ ᠡᠭᠦᠯᠡᠨ ᠤᠭᠠᠯᠵᠠ ᠳᠥᠷᠪᠡᠨ ᠥᠨᠴᠦᠭ ᠲᠤ ᠦᠵᠡᠮᠵᠢ ᠪᠦᠷᠢᠯᠳᠦᠭᠦᠯᠦᠭᠡᠳ᠂ ᠥᠩᠭᠡ ᠠᠯᠠᠭᠯᠠᠭᠰᠠᠨ ᠠᠯᠤᠬᠠᠨ ᠬᠡ ᠬᠥᠪᠡᠭᠡ ᠳᠠᠷᠤᠨ᠎ᠠ᠃ ᠡᠨᠡ ᠨᠢ ᠬᠠᠮᠠᠷ ᠯᠣᠳᠣᠨ ᠤ ᠰᠠᠨᠠᠵᠤ ᠬᠦᠰᠡᠭᠰᠡᠨ ᠠᠴᠠ ᠬᠣᠯᠠ ᠳᠠᠪᠠᠵᠤ᠂ ᠤᠷᠢᠳᠤ ᠨᠠᠮᠵᠢᠯ ᠵᠠᠯᠠᠨ ᠤ ᠳᠦ ᠴᠤ᠌ ᠡᠢᠮᠦ ᠭᠣᠢᠲᠠ ᠰᠠᠢᠬᠠᠨ ᠠᠪᠳᠠᠷ᠎ᠠ ᠬᠠᠷᠠᠭᠳᠠᠭ᠎ᠠ ᠦᠭᠡᠢ ᠲᠤᠯᠠ ᠬᠥᠯ ᠨᠢ ᠭᠠᠵᠠᠷ ᠬᠦᠷᠬᠦ ᠦᠭᠡᠢ ᠬᠥᠭᠰᠡᠵᠦ᠂ ᠠᠮᠠ ᠨᠢ ᠬᠠᠮᠬᠢᠵᠤ ᠵᠠᠪᠳᠤᠯ ᠦᠭᠡᠢ ᠱᠠᠭᠰᠢᠭᠠᠳ᠂ ᠬᠠᠳᠠᠭ ᠰᠠᠮᠪᠠᠢ ᠶᠢᠨ ᠳᠡᠭᠡᠷ᠎ᠡ ᠭᠥᠷᠦᠨ ᠳᠦ ᠨᠡᠷᠡᠲᠡᠢ 《ᠸᠠᠨ ᠬᠤᠸᠠ ᠯᠤ᠌》 ᠲᠠᠮᠠᠬᠢ ᠲᠠᠯᠪᠢᠵᠤ ᠬᠢᠯᠠᠷ ᠳᠠᠮᠪᠢ ᠳᠦ ᠲᠠᠯᠠᠷᠬᠠᠵᠤ ᠪᠠᠷᠢᠭᠠᠳ ᠦᠳᠡᠵᠦ ᠬᠦᠷᠭᠡᠭᠰᠡᠨ ᠨᠢ ᠭᠠᠷᠴᠠᠭ᠎ᠠ ᠦᠭᠡᠢ᠃

    ᠡᠪ ᠬᠠᠮᠲᠤ ᠶᠢᠨ ᠪᠤᠳᠠᠭ᠎ᠠ ᠭᠡᠳᠡᠭ ᠴᠢᠨᠢ ᠢᠳᠡᠳᠡᠭ ᠯᠡ ᠬᠣᠭᠤᠯᠠ ᠪᠠᠢᠨ᠎ᠠ!
  ᠬᠠᠮᠠᠷ ᠯᠣᠳᠣᠨ ᠤ ᠪᠥᠮᠪᠦᠭᠡᠷ ᠴᠠᠭᠠᠨ ᠭᠡᠷ ᠲᠤ ᠶᠣᠰᠤᠲᠠᠢ ᠴᠢᠮᠡᠭ ᠰᠦᠷ ᠨᠡᠮᠡᠭᠳᠡᠵᠦ᠂ ᠯᠤᠤ ᠶᠢᠨ ᠬᠡ᠎ᠲᠡᠢ ᠠᠪᠳᠠᠷ᠎ᠠ ᠨᠢ ᠰᠢᠨ᠎ᠡ ᠠᠮᠢᠳᠤᠷᠠᠯ ᠤᠨ ᠪᠡᠯᠭᠡ ᠲᠡᠮᠳᠡᠭ ᠪᠣᠯᠤᠭᠠᠳ᠂ ᠬᠠᠪᠢ ᠲᠥᠰᠦᠷ ᠢ ᠳᠦᠷᠭᠢᠭᠦᠯᠵᠡᠢ᠃ ᠨᠡᠢᠭᠡᠮ ᠵᠢᠷᠤᠮ ᠤᠨ ᠰᠠᠢᠨ ᠰᠠᠢᠬᠠᠨ ᠡᠭᠡᠭᠡ ᠯᠡ ᠭᠠᠭᠴᠠᠬᠠᠨ ᠬᠠᠮᠠᠷ ᠯᠣᠳᠣᠨ ᠤ ᠳᠦ᠎ᠯᠠ ᠲᠥᠪᠯᠡᠷᠡᠭᠰᠡᠨ ᠶᠤᠮ ᠰᠢᠭ᠋ ᠰᠣᠨᠢᠭᠤᠴᠢᠷᠬᠠᠨ ᠱᠠᠭᠰᠢᠯᠳᠤᠨ᠎ᠠ᠃ ᠢᠩᠭᠢᠬᠦ ᠲᠤᠰᠤᠮ ᠬᠠᠮᠠᠷ ᠯᠣᠳᠣᠨ ᠠᠪᠳᠠᠷ᠎ᠠ  ᠪᠠᠨ ᠠᠮᠢ ᠲᠠᠢ  ᠪᠠᠨ ᠬᠣᠯᠪᠤᠵᠤ᠂ ᠡᠳᠦᠷ ᠤᠨ ᠠᠷᠪᠠᠨ ᠭᠤᠷᠪᠠ ᠵᠦᠯᠭᠦᠵᠦ ᠠᠷᠴᠢᠭᠠᠳ᠂ ᠬᠡᠨ ᠦ ᠠᠢᠯ ᠤᠨ ᠳᠡᠭᠵᠢᠨ ᠰᠢᠷ᠎ᠠ ᠨᠢ ᠬᠡᠷᠪᠡ ᠬᠢᠮᠤᠰᠤᠯᠠᠵᠤ ᠨᠢᠰᠠᠯᠪᠠᠯ᠂ ᠮᠠᠨᠴᠤᠷᠭᠠᠨ ᠬᠠᠮᠠᠷ ᠢᠶᠠᠨ ᠵᠡᠰ ᠤᠯᠠᠭᠠᠨ ᠪᠣᠯᠲᠠᠯ᠎ᠠ ᠴᠡᠨᠳᠡᠢᠯᠭᠡᠭᠡᠳ ᠨᠠᠷᠢᠨ ᠪᠤᠷᠭᠠᠰᠤ ᠪᠡᠷ ᠰᠢᠪᠠᠭᠳᠠᠵᠤ ᠭᠠᠷᠭᠠᠳᠠᠭ ᠪᠣᠯᠵᠠᠢ᠃
  ᠵᠡᠭᠦᠨ ᠭᠡᠷ ᠤᠨ ᠮᠡᠩᠭᠡᠲᠦ ᠶᠢᠨ ᠬᠦᠦ ᠶᠢ ᠬᠠᠮᠠᠷ ᠯᠣᠳᠣᠨ ᠴᠠᠭᠠᠨ᠎ᠠ ᠡᠴᠡ ᠪᠠᠨ ᠠᠳᠠᠯᠠᠵᠤ ᠵᠢᠭᠰᠢᠭᠡᠳ᠂ ᠳᠡᠯᠳᠡᠩ ᠴᠢᠬᠢ ᠶᠢ ᠨᠢ ᠤᠷᠠᠭᠳᠠᠵᠤ ᠰᠤᠨᠲᠠᠯ᠎ᠠ ᠮᠤᠰᠭᠢᠵᠤ ᠴᠢᠩᠭᠠᠭᠠᠭᠠᠳ ᠴᠢᠷᠴᠦ ᠭᠠᠷᠭᠠᠭᠰᠠᠨ ᠤᠳᠠᠭ᠎ᠠ ᠪᠤᠢ᠃
  ᠬᠠᠶᠠ ᠵᠠᠷᠢᠮ ᠦᠶ᠎ᠡ ᠶᠢᠨ ᠠᠨᠳᠠ ᠨᠢ ᠬᠠᠮᠠᠷ ᠯᠣᠳᠣᠨ ᠤ ᠳᠦ ᠣᠷᠤᠭᠠᠳ ᠭᠠᠷᠬᠤ   ᠳᠤ  ᠪᠠᠨ ᠴᠤ᠌ ᠠᠪᠳᠠᠷ᠎ᠠ ᠶᠢ ᠨᠢ ᠨᠢᠭᠡ ᠰᠢᠷᠪᠢᠵᠦ᠂ ᠡᠵᠡᠨ ᠢ ᠨᠢ ᠨᠢᠭᠡ ᠶᠣᠪᠤᠷᠤᠭᠠᠳ:
  《ᠮᠠᠨ ᠤ ᠬᠠᠮᠠᠷ ᠤᠨ ᠭᠡᠷ ᠶᠣᠰᠤᠲᠠᠢ ᠬᠥᠳᠡᠭᠡ  ᠳᠤ  ᠪᠠᠨ ᠳ᠋ᠧᠪᠠᠵᠠᠨ ᠪᠠᠢᠨ᠎ᠠ᠎ᠳᠠ᠃ 〈ᠰᠠᠢᠨ ᠡᠮᠡᠭᠡᠯ ᠠᠭᠲᠠ ᠶᠢᠨ ᠴᠢᠮᠡᠭ᠂ ᠰᠠᠢᠬᠠᠨ ᠪᠦᠰᠡᠭᠦᠢ ᠭᠡᠷ ᠤᠨ ᠴᠢᠮᠡᠭ〉 ᠭᠡᠳᠡᠭ ᠢᠶᠡᠷ ᠵᠠᠯᠠᠭᠤ ᠴᠢᠪᠠᠭᠠᠨᠴᠠ  ᠪᠠᠨ ᠬᠣᠢᠮᠤᠷ ᠲᠤ ᠪᠠᠨ ᠵᠠᠯᠠᠬᠤ ᠎ᠯᠠ ᠳᠤᠲᠠᠵᠤ ᠪᠠᠢᠨ᠎ᠠ ᠰᠢᠤ!》 ᠭᠡᠵᠦ ᠱᠣᠣᠯᠠᠵᠤ ᠭᠠᠷᠳᠠᠭ ᠢ ᠶᠠᠭᠠᠬᠢᠨ᠎ᠠ᠃ 
  ᠭᠤᠴᠢ ᠶᠢ ᠰᠢᠭᠦᠷᠡᠵᠦ ᠶᠠᠪᠤᠭ᠎ᠠ ᠬᠠᠮᠠᠷ ᠯᠣᠳᠣᠨ ᠬᠡᠳᠦᠨ ᠵᠢᠯ ᠤᠨ ᠡᠮᠦᠨ᠎ᠡ ᠠᠴᠠ ᠣᠪᠣᠭᠠᠨ ᠠᠷᠤ ᠳᠠᠬᠢ ᠵᠠᠯᠠᠭᠤ ᠴᠢᠪᠠᠭᠠᠨᠴᠠ ᠵᠠᠭᠷᠠᠢᠮ᠎ᠠ ᠲᠠᠢ ᠨᠠᠭᠠᠰᠢ ᠴᠠᠭᠠᠰᠢ ᠶᠠᠪᠤᠯᠴᠠᠵᠤ ᠢᠷᠡᠭᠰᠡᠨ ᠨᠢ ᠦᠨᠡᠨ᠃ ᠡᠷᠬᠡ ᠴᠢᠯᠦᠭᠡ᠎ᠲᠡᠢ ᠴᠡᠭᠡᠵᠢ ᠲᠡᠨᠢᠭᠦᠨ ᠠᠮᠢᠳᠤᠷᠠᠬᠤ ᠪᠣᠯᠤᠭᠰᠠᠨ ᠳᠤ ᠪᠠᠨ ᠵᠠᠭᠷᠠᠢᠮ᠎ᠠ  ᠪᠠᠨ ᠭᠡᠷ ᠤᠨ ᠴᠢᠮᠡᠭ ᠢᠶᠠᠷ ᠵᠠᠯᠠᠬᠤ ᠶᠢ ᠬᠡᠵᠢᠶ᠎ᠡ ᠶᠠᠵᠢᠶᠠᠨ ᠡᠴᠡ ᠬᠦᠰᠡᠵᠦ ᠵᠡᠭᠦᠳᠦᠯᠡᠳᠡᠭ ᠪᠠᠢᠨ᠎ᠠ᠃ ᠬᠠᠤᠯᠢ ᠶᠣᠰᠤᠭᠠᠷ ᠬᠠᠨᠢᠯᠠᠨ ᠰᠠᠭᠤᠬᠤ ᠰᠠᠨᠠᠭ᠎ᠠ  ᠪᠠᠨ ᠪᠤᠯᠲᠠᠢᠯᠭᠠᠭᠰᠠᠨ ᠤᠳᠠᠭ᠎ᠠ ᠪᠤᠢ ᠴᠤ᠌ ᠵᠠᠯᠠᠭᠤ ᠴᠢᠪᠠᠭᠠᠨᠴᠠ ᠨᠢ ᠲᠣᠯᠤᠭᠠᠢ ᠰᠡᠭᠰᠦᠷᠦᠭᠡᠳ ᠬᠦᠯᠢᠶᠡᠭᠰᠡᠨ ᠦᠭᠡᠢ᠃
  ᠡᠨᠡ ᠵᠠᠭᠷᠠᠢᠮ᠎ᠠ ᠭᠡᠳᠡᠭ ᠵᠠᠯᠠᠭᠤ ᠴᠢᠪᠠᠭᠠᠨᠴᠠ ᠶᠢᠨ ᠪᠣᠭᠲᠤᠯᠠᠵᠤ ᠬᠠᠷᠢᠯᠠᠭᠰᠠᠨ ᠬᠠᠷ᠎ᠠ ᠬᠥᠮᠦᠨ ᠨᠢ ᠨᠠᠮᠵᠢᠯ ᠵᠠᠯᠠᠨ ᠤ ᠰᠡᠲᠡᠷ᠎ᠲᠡᠢ ᠭᠡᠭᠦᠦ ᠳᠦ ᠨᠣᠭᠲᠤ ᠭᠦᠶᠦᠯᠭᠡᠭᠡᠳ᠂ ᠲᠣᠯᠤᠭᠠᠢ ᠳᠠᠭᠠᠭᠠᠬᠤ ᠦᠭᠡᠢ ᠶᠠᠯ᠎ᠠ ᠳᠦ ᠤᠨᠠᠵᠤ᠂ ᠬᠣᠰᠢᠭᠤ ᠶᠠᠮᠤᠨ ᠤ ᠱᠣᠷᠤᠩ ᠳᠦ ᠶᠠᠰᠤ  ᠪᠠᠨ ᠲᠠᠯᠪᠢᠭᠰᠠᠨ ᠪᠢᠯᠡ᠃ ᠪᠡᠯᠪᠡᠰᠦᠨ ᠬᠣᠴᠤᠷᠤᠭᠰᠠᠨ ᠵᠠᠯᠠᠭᠤ ᠪᠦᠰᠡᠭᠦᠢ ᠶᠢ ᠡᠪᠡᠳᠴᠢᠨ ᠡᠮᠭᠡᠭ ᠣᠷᠢᠶᠠᠭᠠᠳ ᠪᠠᠢᠬᠤᠯᠠᠷ ᠵᠢᠷᠤᠬᠠᠢᠴᠢ ᠯᠠᠮᠠᠬᠠᠢ ᠡᠴᠡ ᠠᠪᠤᠷᠠᠯ ᠭᠤᠶᠤᠵᠠᠢ᠃ 《ᠨᠢᠭᠦᠯ ᠤᠨ ᠦᠷ᠎ᠡ ᠠᠢᠬᠤᠪᠲᠤᠷ ᠬᠤᠷᠠᠯ᠎ᠠ ᠰᠢᠤ ᠳ᠋ᠠ ! ᠵᠢᠰᠦ ᠪᠠᠨ ᠬᠤᠪᠢᠯᠭᠠᠪᠠᠯ ᠡᠪᠡᠳᠴᠢᠨ ᠡᠮᠭᠡᠭ ᠠᠷᠢᠯᠵᠤ ᠪᠣᠯᠬᠤ ᠶᠤᠮ ᠪᠠᠢᠨ᠎ᠠ》 ᠭᠡᠵᠦ ᠯᠠᠮᠠᠬᠠᠢ ᠠᠢᠯᠠᠳᠤᠭᠰᠠᠨ ᠳᠦ ᠵᠠᠯᠠᠭᠤ ᠪᠦᠰᠡᠭᠦᠢ ᠰᠠᠬᠢᠯ ᠪᠠᠭᠰᠢ ᠪᠡᠷ ᠦᠰᠦ ᠪᠠᠨ ᠤᠷᠤᠮᠳᠠᠭᠤᠯᠵᠤ᠂ ᠲᠠᠩᠭᠠᠷᠢᠭ ᠥᠭᠭᠦᠨ ᠰᠠᠬᠢᠯ ᠬᠦᠷᠲᠡᠭᠡᠳ ᠴᠢᠪᠠᠭᠠᠨᠴᠠ ᠪᠣᠯᠪᠠ᠃ ᠰᠦᠮ᠎ᠡ ᠰᠠᠩ ᠤᠨ ᠪᠦᠷᠢᠶ᠎ᠡ ᠪᠢᠰᠭᠢᠭᠦᠷ ᠢ ᠰᠣᠨᠤᠰᠤᠨ᠂ ᠰᠠᠩ ᠬᠦᠵᠢ ᠶᠢᠨ ᠦᠨᠦᠷ ᠢ ᠦᠨᠦᠷᠲᠦᠵᠦ ᠰᠠᠭᠤᠶ᠎ᠠ ᠭᠡᠳ ᠣᠪᠤᠭᠠᠨ ᠠᠷᠤ ᠳᠦ ᠰᠠᠩ ᠰᠦᠷᠦᠭ ᠤᠨ ᠠᠢᠯ ᠲᠠᠢ ᠬᠠᠶᠠᠭ᠎ᠠ ᠳᠡᠷᠡᠯᠡᠨ ᠪᠠᠭᠤᠳᠠᠯᠯᠠᠵᠠᠢ᠃ ᠣᠳᠣ ᠰᠢᠨ᠎ᠡ ᠠᠮᠢᠳᠤᠷᠠᠯ ᠨᠢ ᠲᠡᠭᠦᠨ ᠦ ᠳᠤᠷ᠎ᠠ ᠰᠣᠨᠢᠷᠬᠠᠯ ᠢ ᠡᠷᠬᠡ ᠦᠭᠡᠢ ᠲᠠᠲᠠᠬᠤ ᠪᠣᠯᠵᠤ᠂ ᠬᠠᠮᠠᠷ ᠯᠣᠳᠣᠨ ᠲᠠᠢ ᠠᠮᠢᠳᠤᠷᠠᠯ ᠤᠨ ᠵᠢᠯᠤᠭᠤ  ᠪᠠᠨ ᠬᠠᠮᠲᠤᠳᠭᠠᠬᠤ ᠶᠢ ᠬᠡᠴᠢᠨᠡᠨ ᠰᠠᠨᠠᠭᠠᠷᠬᠠᠭᠰᠠᠨ ᠪᠣᠯᠪᠠᠴᠤ ᠮᠢᠩᠭᠠᠨ ᠣᠨ ᠤᠯᠠᠮᠵᠢᠯᠠᠭᠠᠳ ᠢᠷᠡᠭᠰᠡᠨ ᠬᠠᠷ᠎ᠠ ᠰᠢᠷ᠎ᠠ ᠶᠢᠨ ᠮᠤᠬᠤᠷ ᠪᠢᠰᠢᠷᠡᠯ ᠲᠡᠭᠦᠨ ᠦ ᠣᠶᠤᠨ ᠰᠠᠨᠠᠭ᠎ᠠ ᠶᠢ ᠳᠠᠪᠬᠤᠷ ᠳᠠᠪᠬᠤᠷ ᠣᠷᠢᠶᠠᠭᠰᠠᠨ ᠲᠤᠯᠠ ᠦᠨᠡᠨ ᠬᠤᠳᠠᠯ ᠴᠤ᠌ ᠠᠮᠠᠨ ᠲᠠᠩᠭᠠᠷᠢᠭ ᠢᠶᠠᠨ ᠪᠤᠴᠠᠭᠠᠬᠤ ᠵᠣᠷᠢᠭ ᠦᠭᠡᠢ᠂ ᠶᠠᠭᠤ ᠴᠤ᠌ ᠭᠡᠰᠡᠨ ᠠᠷᠪᠠᠨ ᠵᠢᠯ ᠬᠦᠵᠢ ᠵᠤᠯᠠ ᠡᠷᠭᠦᠵᠦ ᠪᠠᠢᠭᠠᠳ ᠪᠣᠯᠤᠶ᠎ᠠ ᠭᠡᠵᠦ ᠰᠢᠢᠳᠴᠡᠢ᠃
  ᠦᠭᠡ ᠪᠠᠨ ᠣᠯᠤᠯᠴᠠᠭᠰᠠᠨ ᠬᠠᠮᠠᠷ ᠯᠣᠳᠣᠨ ᠴᠤ᠌ ᠠᠷᠪᠠᠨ ᠵᠢᠯ ᠬᠦᠯᠢᠶᠡᠬᠦ ᠪᠠᠷ ᠪᠣᠯᠵᠤ᠂ ᠯᠤᠤ ᠶᠢᠨ ᠬᠡ᠎ᠲᠡᠢ ᠠᠪᠳᠠᠷ᠎ᠠ  ᠪᠠᠨ ᠬᠤᠮᠠᠬᠢ ᠲᠣᠭᠤᠰᠤ ᠰᠠᠭᠤᠯᠭᠠᠯ ᠦᠭᠡᠢ ᠵᠦᠯᠭᠦᠵᠦ ᠠᠷᠴᠢᠨ ᠭᠢᠯᠠ ᠴᠢᠯᠡ ᠬᠡᠪ ᠢᠶᠠᠷ ᠨᠢ ᠬᠠᠮᠠᠭᠠᠯᠠᠵᠤ ᠶᠠᠪᠤᠭᠰᠠᠨ  ᠢᠶᠠᠷ ᠪᠠᠷᠠᠬᠤ ᠦᠭᠡᠢ 《ᠵᠠᠭᠷᠠᠢᠮ᠎ᠠ  ᠳᠤ  ᠪᠠᠨ ᠬᠣᠭᠤᠰᠤᠨ ᠬᠣᠷᠭᠤ ᠶᠢᠨ ᠲᠦᠯᠬᠢᠭᠦᠷ ᠠᠳᠭᠤᠭᠤᠯᠤᠨ᠎ᠠ ᠦᠦ ᠳ᠋ᠠ?》 ᠭᠡᠳ ᠨᠢᠮᠭᠡᠨ ᠡᠮᠦᠰᠴᠦ ᠰᠢᠩᠭᠡᠨ ᠢᠳᠡᠵᠦ ᠪᠠᠢᠭᠠᠳ ᠬᠥᠬᠡ ᠲᠣᠷᠭᠠᠨ ᠵᠤᠪᠴᠠᠭ᠎ᠠ᠂ ᠶᠠᠭᠠᠨ ᠴᠢᠰᠴᠡᠦ ᠪᠦᠰᠡ᠂ ᠪᠤᠯᠢᠭᠠᠷᠢᠨ ᠭᠤᠲᠤᠯ᠂ ᠨᠣᠭᠤᠭᠠᠨ ᠳᠤᠷᠳᠤᠩ ᠠᠯᠴᠢᠭᠤᠷ ᠵᠡᠷᠭᠡ ᠪᠠᠷ ᠠᠪᠳᠠᠷ᠎ᠠ  ᠪᠠᠨ ᠳᠦᠭᠦᠷᠭᠡᠵᠦ ᠯᠡ ᠪᠠᠢᠯ᠎ᠠ᠃
  ᠬᠦᠯᠢᠶᠡᠭᠡᠳ ᠤᠳᠠᠭᠰᠠᠨ ᠠᠷᠪᠠᠨ ᠵᠢᠯ ᠨᠢ ᠬᠦᠷᠦᠭᠡᠳ ᠢᠷᠡᠪᠡ᠃ ᠡᠨᠡ ᠬᠣᠭᠤᠷᠤᠨᠳᠤ ᠬᠥᠯᠦᠰᠦ ᠰᠡᠪᠡᠬᠦ ᠵᠠᠪ ᠦᠭᠡᠢ ᠶᠠᠭᠠᠷᠠᠵᠤ ᠶᠠᠪᠤᠭᠰᠠᠨ ᠬᠠᠮᠠᠷ ᠯᠣᠳᠣᠨ ᠪᠢᠰᠢᠭᠦᠢ ᠬᠥᠷᠦᠩᠭᠡᠵᠢᠵᠦ᠂ ᠵᠠᠷᠤᠯᠭ᠎ᠠ ᠪᠠᠷᠢᠯᠭ᠎ᠠ   ᠳᠤ  ᠪᠠᠨ ᠴᠤ᠌ ᠶᠡᠬᠡ ᠭᠠᠷ ᠢᠶᠠᠷ ᠬᠥᠳᠡᠯᠳᠡᠭ ᠪᠣᠯᠤᠭᠠᠳ ᠰᠢᠨ᠎ᠡ ᠠᠮᠢᠳᠤᠷᠠᠯ ᠤᠨ ᠵᠠᠮ ᠳᠦ ᠮᠢᠨᠢ ᠭᠡᠭᠡᠨ ᠰᠠᠷᠠ ᠪᠣᠯᠬᠤ ᠦᠭᠡᠢ ᠴᠤ᠌ ᠭᠡᠷᠡᠯᠲᠦ ᠮᠥᠷ ᠢᠶᠠᠨ ᠦᠯᠡᠳᠡᠭᠡᠬᠦ ᠨᠢ ᠵᠠᠭᠷᠠᠢᠮ᠎ᠠ ᠶᠤᠮ ᠡ! ᠭᠡᠳ ᠬᠤᠷᠢᠮ ᠢᠶᠠᠨ ᠨᠠᠮᠪᠠᠲᠠᠢᠬᠠᠨ ᠷᠠᠪᠵᠢ ᠶᠢᠨ ᠵᠢᠷᠤᠭ᠎ᠠ ᠰᠠᠷᠠᠯ ᠢ ᠰᠤᠮᠤᠨ ᠳᠠᠷᠤᠭ᠎ᠠ ᠶᠢᠨ ᠮᠥᠩᠭᠦᠨ ᠡᠮᠡᠭᠡᠯ᠎ᠲᠡᠢ ᠵᠢᠭᠡᠯᠡᠵᠦ᠂ ᠪᠡᠷᠢ ᠶᠢᠨ ᠤᠨᠤᠯᠭ᠎ᠠ ᠪᠣᠯᠭᠠᠬᠤ ᠪᠡᠷ ᠪᠣᠯᠵᠤᠵᠤ᠂ ᠵᠢᠪᠵᠢᠳᠮ᠎ᠠ ᠬᠥᠭᠰᠢᠨ ᠢᠶᠠᠷ ᠲᠡᠷᠯᠢᠭ ᠡᠰᠭᠡᠭᠦᠯᠵᠦ᠂ ᠪᠠᠳᠮ᠎ᠠ ᠪᠡᠷᠭᠡᠨ ᠢᠶᠠᠷ ᠪᠤᠭᠤᠷᠰᠤᠭ ᠬᠠᠭᠠᠷᠢᠭᠤᠯᠤᠭᠠᠳ᠂ ᠬᠣᠷᠯᠣ ᠡᠪᠦᠭᠡᠨ ᠢ ᠲᠦᠷᠦᠭᠦᠦ ᠬᠤᠳᠠ ᠪᠡᠷ ᠵᠠᠯᠠᠭᠠᠳ ᠶᠠᠪ ᠶᠠᠭᠠᠷᠠᠤ᠃
  ᠠᠷᠪᠠᠨ ᠵᠢᠯ ᠨᠢ ᠶᠠᠭᠠᠬᠢᠵᠤ ᠡᠢᠭᠡᠳ ᠥᠩᠭᠡᠷᠡᠭᠰᠡᠨ ᠪᠣᠯᠪᠠᠴᠤ ᠠᠷᠪᠠᠬᠠᠨ ᠬᠣᠨᠤᠭ ᠨᠢ ᠶᠡᠷᠦ ᠥᠩᠭᠡᠷᠡᠵᠦ ᠥᠭᠬᠦ ᠦᠭᠡᠢ ᠬᠠᠮᠠᠷ ᠯᠣᠳᠣᠨ ᠢ ᠬᠡᠴᠡᠭᠦᠦ ᠬᠡᠢᠷᠭᠡᠭᠦᠯᠦᠨ᠎ᠡ᠃ ᠭᠣᠣᠨᠢ ᠪᠡᠶ᠎ᠡ ᠬᠣᠣᠰ ᠪᠣᠯᠵᠤ ᠭᠣᠯᠤᠮᠲᠠ ᠶᠢᠨ ᠵᠡᠭᠦᠨᠲᠡᠢ ᠨᠢ ᠪᠦᠰᠡᠭᠦᠢ ᠳᠣᠮᠪᠤᠢᠬᠤ ᠪᠣᠯᠤᠭᠰᠠᠨ ᠨᠢ ᠰᠢᠨ᠎ᠡ ᠴᠠᠭ ᠢᠷᠡᠭᠰᠡᠨ ᠦᠭᠡᠢ ᠪᠣᠯ ᠬᠠᠮᠠᠷ ᠯᠣᠳᠣᠨ ᠤ ᠵᠡᠭᠦᠳᠦᠨ ᠳᠦ ᠣᠷᠤᠬᠤ ᠦᠭᠡᠢ ᠶᠠᠪᠤᠳᠠᠯ ᠡ!
  ᠭᠡᠪᠡᠴᠦ ᠳᠡᠭᠡᠷ᠎ᠡ ᠠᠴᠠ ᠢᠷᠡᠭᠰᠡᠨ ᠨᠢᠭᠡᠨ ᠬᠠᠭᠤᠳᠠᠰᠤ ᠪᠢᠴᠢᠭ ᠡᠨᠡ ᠰᠠᠢᠬᠠᠨ ᠮᠥᠴᠡ ᠶᠢ ᠵᠡᠷᠭᠡᠯᠭᠡᠨ ᠮᠡᠲᠦ ᠰᠠᠷᠨᠢᠭᠤᠯᠤᠭᠠᠳ᠂ ᠬᠠᠮᠠᠷ ᠯᠣᠳᠣᠨ ᠵᠠᠯᠠᠭᠤ ᠴᠢᠪᠠᠭᠠᠨᠴᠠ ᠬᠣᠶᠠᠷ ᠢ ᠬᠡᠢ ᠪᠠᠷ ᠬᠥᠭᠡᠷᠦᠭᠦᠯᠵᠦ᠂ ᠬᠥᠭᠡᠰᠦ ᠪᠠᠷ ᠪᠥᠭᠡᠯᠵᠢᠭᠦᠯᠪᠡ᠃
  《ᠡᠪ ᠬᠠᠮᠲᠤ ᠶᠢᠨ ᠶᠣᠰᠤ ᠨᠢ ᠥᠨᠥ ᠮᠠᠷᠭᠠᠰᠢ ᠪᠡᠶᠡᠯᠡᠭᠳᠡᠬᠦ ᠲᠤᠯᠠ ᠤᠯᠤᠰ ᠳᠠᠶᠠᠭᠠᠷ ᠦᠰᠦᠷᠦᠩᠭᠦᠢ ᠳᠠᠪᠰᠢᠬᠤ ᠬᠡᠷᠡᠭᠲᠡᠢ》 ᠭᠡᠵᠦ ᠬᠣᠷᠰᠢᠶ᠎ᠠ ᠨᠡᠢᠲᠡ ᠪᠠᠷ ᠬᠥᠳᠡᠯᠭᠡᠭᠡᠨ ᠪᠣᠯᠪᠠ᠃ 《ᠬᠡᠳᠦᠢ ᠴᠢᠳᠠᠯ ᠲᠠᠢ ᠪᠣᠯ ᠲᠡᠳᠦᠢ ᠪᠠᠨ ᠭᠠᠷᠭᠠᠵᠤ ᠶᠠᠭᠤ ᠬᠡᠷᠡᠭ ᠲᠠᠢ ᠪᠣᠯ ᠲᠡᠭᠦᠨ ᠢᠶᠠᠨ ᠠᠪᠬᠤ》 ᠨᠢ ᠳᠠᠪᠰᠢᠩᠭᠤᠢ ᠭᠡᠭᠡᠨ ᠶᠣᠰᠤ ᠭᠠᠵᠠᠷ ᠳ᠋ᠠ᠂ ᠨᠠᠮᠵᠢᠯ ᠵᠠᠯᠠᠨ ᠢ ᠭᠠᠷᠭᠠᠪᠠᠯ ᠬᠡᠨ ᠴᠤ᠌ ᠭᠡᠳ ᠬᠦᠯᠢᠶᠡᠬᠦ ᠪᠠᠢᠯᠭᠦᠢ᠃ ᠬᠣᠶᠠᠷ ᠲᠣᠯᠤᠭᠠᠢ ᠤᠷᠭᠤᠭᠰᠠᠨ ᠴᠤ᠌᠂ ᠬᠤᠪᠢ ᠶᠢᠨ ᠠᠮᠢᠳᠤᠷᠠᠯ ᠢᠶᠠᠨ ᠲᠥᠪᠬᠢᠨᠡᠭᠦᠯᠦᠶ᠎ᠡ ᠭᠡᠵᠦ ᠬᠠᠮᠠᠷ ᠯᠣᠳᠣᠨ ᠠᠮᠠ ᠨᠡᠭᠡᠭᠡᠬᠦ ᠵᠢᠷᠦᠬᠡ ᠪᠠᠢᠨ᠎ᠠ ᠤᠤ? ᠵᠠᠪ ᠪᠠᠢᠨ᠎ᠠ ᠤᠤ?
  ᠳᠡᠭᠡᠷᠡᠬᠢ ᠶᠢᠨ ᠰᠠᠨᠠᠭ᠎ᠠ ᠪᠡᠷ ᠡᠭᠦᠷ ᠤᠨ ᠳᠠᠷᠤᠭ᠎ᠠ ᠡᠷᠦᠬᠡ ᠳᠠᠷᠠᠭᠠᠯᠠᠨ ᠬᠡᠰᠦᠵᠦ᠂ ᠪᠣᠷᠴᠠ ᠲᠠᠢ ᠠᠢᠯ ᠡᠴᠡ ᠪᠣᠷᠴᠠ ᠨᠡᠢᠯᠡᠭᠦᠯᠵᠦ᠂ ᠭᠤᠯᠢᠷ ᠲᠠᠢ ᠠᠢᠯ ᠤᠨ ᠬᠢᠨᠢ ᠬᠡᠦᠳᠡᠢ ᠶᠢ ᠭᠦᠪᠢᠭᠦᠯᠦᠭᠰᠡᠭᠡᠷ ᠡᠨᠡ ᠠᠢᠯ ᠤᠨ ᠰᠢᠨᠠᠭ᠎ᠠ᠂ ᠲᠡᠷᠡ ᠠᠢᠯ ᠤᠨ ᠳᠡᠪᠦᠷ᠎ᠡ ᠭᠡᠵᠦ ᠴᠤᠭᠯᠠᠭᠤᠯᠤᠭᠠᠳ ᠬᠣᠷᠰᠢᠶᠠᠨ ᠤ ᠬᠥᠮᠦᠷᠭᠡ ᠳᠦ ᠬᠣᠭᠤᠯᠠᠨ ᠭᠡᠷ ᠭᠠᠷᠭᠠᠬᠤ ᠪᠡᠷ ᠪᠣᠯᠵᠠᠢ᠃ ᠭᠠᠯ ᠲᠣᠭᠤᠭᠠᠨ ᠤ ᠠᠵᠢᠯ ᠳᠤ ᠪᠠᠨ ᠬᠠᠮᠠᠷ ᠯᠣᠳᠣᠨ ᠤᠷᠢᠳᠤ ᠡᠴᠡ ᠪᠠᠷᠤᠭᠲᠠᠢ ᠲᠤᠯᠠ ᠠᠢᠯ ᠤᠨ ᠲᠣᠭᠤᠭ᠎ᠠ ᠶᠢ ᠬᠠᠳᠠᠭᠰᠠᠭᠠᠷ ᠢᠷᠡᠭᠰᠡᠨ᠃ ᠭᠡᠷ ᠲᠡᠷᠭᠡ᠎ᠲᠡᠢ ᠪᠣᠯᠤᠭᠰᠠᠨ ᠡᠴᠡ ᠬᠣᠢᠰᠢ᠂ ᠠᠷᠭ᠎ᠠ ᠪᠤᠰᠤ ᠬᠣᠭᠤᠯᠠ ᠬᠤᠰᠢ ᠭᠡᠵᠦ ᠣᠷᠤᠯᠳᠤᠵᠤ ᠡᠬᠢᠯᠡᠭᠰᠡᠨ ᠪᠣᠯᠪᠠᠴᠤ ᠣᠯᠢᠭ ᠲᠠᠢ ᠠᠮᠲᠠ ᠪᠦᠷᠢᠯᠳᠦᠭᠦᠯᠦᠭᠰᠡᠨ ᠡᠷᠢᠨ ᠨᠢ ᠲᠣᠭ᠎ᠠ ᠲᠠᠢ᠃ ᠡᠪ ᠬᠠᠮᠲᠤ ᠶᠢᠨ ᠪᠤᠳᠠᠭ᠎ᠠ ᠭᠡᠳᠡᠭ ᠴᠢᠨᠢ ᠢᠳᠡᠳᠡᠭ ᠯᠠ ᠬᠣᠭᠤᠯᠠ᠂ ᠡᠷᠢᠨ ᠡᠷᠢᠨ ᠪᠡᠯᠡᠨ ᠪᠤᠳᠠᠭ᠎ᠠ ᠢᠳᠡᠨ᠎ᠡ ᠭᠡᠳᠡᠭ ᠴᠢᠨᠢ ᠡᠢᠮᠦ ᠰᠠᠢᠬᠠᠨ ᠴᠠᠭ ᠢᠷᠡᠭᠰᠡᠨ ᠦᠭᠡᠢ ᠪᠣᠯ ᠬᠠᠮᠠᠷ ᠨᠠᠳᠠ ᠬᠠᠮᠢᠭ᠎ᠠ ᠡᠴᠡ ᠣᠯᠳᠠᠬᠤ᠎ᠰᠠᠨ ᠪᠢᠯᠡ! ᠭᠡᠳ ᠬᠠᠮᠠᠷ ᠯᠣᠳᠣᠨ ᠴᠢᠮᠡᠭᠡ ᠪᠠᠷ ᠨᠢ ᠬᠥᠯ ᠦᠭᠡᠢ ᠳᠡᠷᠪᠡᠵᠦ ᠡᠬᠢᠯᠡᠪᠡ᠃
  ᠭᠤᠷᠪᠠᠨ ᠬᠣᠲᠠ ᠳᠥᠷᠪᠡᠨ ᠤᠰᠤᠨ ᠤ ᠬᠢᠨ ᠨᠢᠭᠡ᠎ᠯᠡ ᠡᠳᠦᠷ ᠲᠤ ᠣᠪᠤᠭᠠᠨ ᠰᠢᠯᠢ ᠳᠡᠭᠡᠷ᠎ᠡ ᠲᠥᠪᠯᠡᠷᠡᠨ ᠪᠠᠭᠤᠳᠠᠯᠯᠠᠭᠠᠳ᠂ ᠬᠣᠲᠠ ᠪᠠᠯᠭᠠᠰᠤ ᠰᠢᠭ᠋ ᠪᠣᠯᠪᠠ᠃ ᠡᠭᠦᠷ ᠤᠨ ᠳᠠᠷᠤᠭ᠎ᠠ ᠠᠢᠯ ᠤᠳ ᠤᠨ ᠢᠯᠡᠭᠦᠦ ᠭᠠᠷᠤᠭᠰᠠᠨ ᠲᠣᠭᠤᠭ᠎ᠠ ᠶᠢ ᠴᠤᠭᠯᠠᠭᠤᠯᠵᠤ᠂ ᠢᠳᠡ᠎ᠲᠡᠢ ᠪᠢᠷ᠎ᠠ ᠲᠠᠢ ᠵᠠᠯᠠᠭᠤᠰ  ᠢᠶᠠᠷ ᠨᠢᠴᠠ ᠨᠢᠴᠠ ᠳᠡᠪᠰᠡᠭᠦᠯᠦᠭᠡᠳ᠂ ᠪᠣᠯᠤᠳ ᠤᠨ ᠵᠤᠤᠬᠠᠨ ᠳᠦ ᠬᠦᠷᠭᠡᠵᠦ ᠪᠠᠢᠨ᠎ᠠ᠃ ᠬᠣᠭᠤᠯᠠᠨ ᠭᠡᠷ᠎ᠲᠡᠢ ᠪᠣᠯᠤᠭᠰᠠᠨ ᠶᠤᠮ ᠎ᠴᠢᠨᠢ ᠭᠡᠳ ᠬᠠᠮᠠᠷ ᠯᠣᠳᠣᠨ ᠪᠠᠢᠬᠤ ᠡᠴᠡ ᠭᠠᠭᠴᠠ ᠭᠠᠤᠯᠢᠨ ᠬᠠᠢᠪᠤ  ᠪᠠᠨ ᠠᠪᠠᠴᠢᠵᠤ ᠥᠭᠭᠦᠭᠰᠡᠨ ᠳᠦ ᠰᠢᠷᠡᠮᠦ ᠪᠢᠰᠢ ᠪᠣᠯ ᠠᠪᠬᠤ ᠦᠭᠡᠢ ᠭᠡᠳ ᠪᠤᠴᠠᠭᠠᠵᠠᠢ᠃
  ᠰᠦᠷᠦᠭ ᠨᠣᠬᠠᠳ ᠬᠤᠴᠠᠵᠤ ᠪᠤᠤᠷᠯᠠᠯᠳᠤᠭᠠᠳ ᠡᠮᠡᠰ ᠬᠡᠦᠬᠡᠳ ᠡᠭᠦᠳᠡᠨ  ᠡᠴᠡ ᠭᠠᠷᠬᠤ ᠶᠢᠨ ᠠᠷᠭ᠎ᠠ ᠦᠭᠡᠢ ᠪᠣᠯᠤᠭᠠᠳ ᠪᠠᠢᠨ᠎ᠠ᠃
  ᠬᠠᠮᠠᠷ ᠯᠣᠳᠣᠨ ᠴᠤ᠌ ᠨᠣᠬᠠᠢ ᠶᠢᠨ ᠠᠶᠤᠯ ᠡᠴᠡ ᠳᠥᠩᠭᠡᠵᠢ ᠮᠤᠯᠲᠤᠷᠠᠭᠠᠳ ᠡᠭᠦᠳᠡ ᠲᠠᠭᠠᠷᠠᠮᠠᠭᠴᠠ ᠰᠢᠷᠭᠤᠵᠤ ᠣᠷᠤᠭᠰᠠᠨ ᠳᠦ ᠵᠠᠯᠠᠭᠤ ᠴᠢᠪᠠᠭᠠᠨᠴᠠ ᠴᠠᠢ ᠴᠢᠨᠠᠨ ᠪᠥᠭᠴᠦᠭᠡᠨᠡᠵᠦ ᠪᠠᠢᠪᠠ᠃ ᠲᠣᠭᠤᠭ᠎ᠠ ᠳᠦᠭᠦᠷᠡᠩ ᠳᠠᠷᠭᠢᠯᠠᠬᠤ ᠬᠥᠬᠡ ᠴᠠᠢ ᠡᠴᠡ ᠡᠬᠡᠭᠦᠨ ᠦᠨᠦᠷ ᠰᠠᠩᠬᠢ ᠲᠠᠲᠠᠨ᠎ᠠ᠃
  《ᠵᠣᠯᠢᠭ ᠴᠢᠨᠢ ᠮᠥᠨ ᠴᠤ᠌ ᠮᠣᠷᠢ ᠲᠠᠢ ᠪᠠᠢᠨ᠎ᠠ!》 ᠭᠡᠵᠦ ᠵᠠᠯᠠᠭᠤ ᠴᠢᠪᠠᠭᠠᠨᠴᠠ ᠨᠢ ᠱᠣᠣᠯᠠᠵᠤ ᠭᠠᠷᠬᠤ ᠳᠦ:
  《ᠨᠣᠬᠠᠢ ᠳᠦ ᠲᠠᠭᠤᠭᠳᠠᠭᠰᠠᠨ ᠦᠭᠡᠢ ᠪᠣᠯ ᠴᠠᠢ ᠳᠡᠭᠡᠷ᠎ᠡ᠎ᠴᠢᠨᠢ ᠵᠠᠪᠳᠤᠬᠤ ᠦᠭᠡᠢ ᠎ᠯᠠ ᠳ᠋ᠠ 》 ᠭᠡᠳ ᠬᠠᠮᠠᠷ ᠯᠣᠳᠣᠨ ᠬᠠᠭᠵᠠᠷᠬᠠᠢ ᠰᠢᠷᠬᠤᠨᠠᠭ ᠢᠶᠠᠨ ᠬᠣᠷᠮᠤᠢ ᠪᠡᠷ ᠢᠶᠠᠨ ᠪᠥᠭᠯᠡᠵᠦ ᠰᠠᠭᠤᠪᠠ᠃
ᠬᠥᠬᠡ ᠴᠠᠢ ᠶᠢ ᠨᠢ ᠬᠥᠯᠦᠷᠡᠲᠡᠯ᠎ᠡ ᠤᠤᠭᠤᠵᠤ ᠰᠠᠭᠤᠬᠤ ᠵᠠᠭᠤᠷ᠎ᠠ ᠴᠢᠪᠠᠭᠠᠨᠴᠠ ᠶᠢᠨ ᠢᠶᠠᠨ ᠰᠢᠷᠡᠮᠦᠨ ᠲᠣᠭᠤᠭ᠎ᠠ ᠶᠢ ᠬᠠᠷᠠᠭᠠᠳ ᠬᠠᠮᠠᠷ ᠯᠣᠳᠣᠨ ᠭᠡᠨᠡᠳᠲᠡ ᠭᠡᠭᠡᠷᠡᠪᠡ᠃
  ᠴᠢᠪᠠᠭᠠᠨᠴᠠ ᠶᠢᠨ ᠲᠣᠭᠤᠭ᠎ᠠ ᠰᠦᠷᠡᠬᠡᠢ ᠴᠤ᠌ ᠶᠤᠮ ᠪᠠᠢᠨ᠎ᠠ᠃ ᠯᠠᠪ ᠨᠢᠭᠡ ᠵᠤᠤᠬ᠎ᠠ ᠰᠢᠲᠠᠭᠠᠵᠤ ᠬᠦᠷᠬᠦ ᠪᠠᠢᠬᠤ ᠳ᠋ᠠ !
  ᠬᠠᠮᠠᠷ ᠯᠣᠳᠣᠨ ᠭᠢᠳ ᠭᠢᠳ ᠭᠡᠭᠰᠡᠭᠡᠷ: 
  《ᠡᠨᠡ ᠲᠣᠭᠤᠭ᠎ᠠ  ᠪᠠᠨ ᠨᠠᠳᠠ ᠳᠤ ᠪᠠᠨ ᠥᠭᠴᠢᠬᠡ ᠳ᠋ᠠ !》 ᠭᠡᠵᠦ ᠬᠡ ᠴᠤ᠌ ᠦᠭᠡᠢ ᠭᠤᠶᠤᠭᠰᠠᠨ ᠳᠦ ᠵᠠᠯᠠᠭᠤ ᠴᠢᠪᠠᠭᠠᠨᠴᠠ ᠭᠠᠢᠬᠠᠵᠤ:
  《ᠭᠣᠷᠢ ᠦᠭᠡᠢ᠂ ᠭᠣᠷᠢ ᠦᠭᠡᠢ!》 ᠭᠡᠵᠦ ᠲᠣᠯᠤᠭᠠᠢ ᠳᠠᠮᠠᠷᠤᠳᠠᠪᠠ᠃
  《ᠮᠠᠷᠭᠠᠰᠢ ᠡᠴᠡ ᠬᠣᠭᠤᠯᠠᠨ ᠭᠡᠷ ᠲᠤ ᠴᠠᠪᠯᠠᠵᠠᠭᠠᠬᠤ ᠶᠤᠮ ᠎ᠴᠢᠨᠢ ᠡᠨᠡ ᠮᠠᠭᠤ ᠲᠣᠭᠤᠭ᠎ᠠ ᠪᠡᠷ ᠡᠴᠢᠭᠡ ᠪᠠᠨ ᠬᠢᠨ᠎ᠡ ᠦᠦ ?》 ᠭᠡᠳ ᠬᠠᠮᠠᠷ ᠯᠣᠳᠣᠨ ᠬᠠᠮᠠᠷ ᠢᠶᠠᠨ ᠴᠡᠨᠳᠡᠢᠯᠭᠡᠬᠦ ᠳᠦ:
  《ᠪᠠᠢᠭ ᠴᠠᠭᠠᠰᠢ! ᠪᠢ ᠳᠤᠲᠠᠭᠤ ᠨᠢᠭᠡ ᠡᠷᠢᠨ ᠦ ᠬᠣᠭᠤᠯᠠ ᠢᠳᠡᠭᠰᠡᠨ ᠴᠤ᠌ ᠴᠠᠢ ᠡᠴᠡ ᠪᠠᠨ ᠰᠠᠯᠵᠤ ᠴᠢᠳᠠᠳᠠᠭ ᠦᠭᠡᠢ ᠶᠢ ᠴᠢ ᠶᠠᠮᠠᠷ ᠮᠡᠳᠡᠬᠦ ᠦᠭᠡᠢ ᠪᠢᠰᠢ》 ᠭᠡᠵᠦ ᠵᠠᠯᠠᠭᠤ ᠴᠢᠪᠠᠭᠠᠨᠴᠠ ᠳᠤᠷᠠᠮᠠᠭᠴᠢᠬᠠᠨ ᠳᠦᠳᠦᠨᠡᠪᠡ᠃
ᠲᠡᠢᠮᠦ ᠴᠤ᠌ ᠲᠡᠢᠮᠦ ᠳ᠋ᠡ᠃ ᠴᠢᠪᠠᠭᠠᠨᠴᠠ ᠬᠥᠮᠦᠨ ᠦ ᠬᠠᠮᠤᠭ ᠡᠷᠳᠡᠮ ᠨᠢ ᠴᠠᠢ ᠭᠦᠵᠡᠭᠡᠯᠡᠬᠦ᠎ᠯᠡ ᠰᠢᠦ ᠳ᠋ᠠ !
  《ᠢᠩᠭᠢᠶ᠎ᠡ ᠬᠥ᠋ ᠂ ᠪᠢ ᠭᠠᠤᠯᠢᠨ ᠬᠠᠢᠪᠤ ᠪᠡᠷ ᠢᠶᠠᠨ ᠲᠣᠭᠤᠭ᠎ᠠ ᠶᠢ ᠎ᠴᠢᠨᠢ ᠰᠣᠯᠢᠵᠤ ᠠᠪᠤᠶ᠎ᠠ!ᠮᠢᠨᠦ ᠲᠡᠷᠡ ᠬᠠᠢᠪᠤ ᠳᠦ ᠴᠠᠢ ᠴᠢᠨᠠᠵᠤ ᠭᠠᠢᠭᠤᠢ ᠪᠣᠯᠤᠨ᠎ᠠ ᠰᠢᠤ!》
  ᠴᠢᠪᠠᠭᠠᠨᠴᠠ ᠬᠠᠷᠢᠭᠤ ᠳᠤᠤᠭᠠᠷᠤᠭᠰᠠᠨ ᠦᠭᠡᠢ᠃ ᠤᠳᠠᠵᠤ ᠤᠳᠠᠭᠠᠳ ᠲᠣᠯᠤᠭᠠᠢ ᠳᠣᠬᠢᠪᠠ᠃ ᠬᠠᠮᠠᠷ ᠯᠣᠳᠣᠨ ᠬᠠᠭᠠᠷᠠᠲᠠᠯ᠎ᠠ ᠬᠥᠭᠡᠷᠴᠦ᠂ ᠦᠰᠦᠷᠴᠦ ᠪᠣᠰᠤᠭᠠᠳ ᠲᠣᠭᠤᠭ᠎ᠠ ᠶᠢ ᠰᠤᠭᠤᠯᠪᠠ᠃
  ᠵᠠᠮ ᠵᠠᠭᠤᠷ᠎ᠠ᠂ ᠪᠦᠲᠦᠨ ᠲᠣᠭᠤᠭ᠎ᠠ ᠠᠪᠳᠠᠭ ᠦᠭᠡᠢ᠎ᠰᠠᠨ ᠭᠡᠵᠦ ᠪᠣᠳᠤᠭᠠᠳ ᠬᠠᠮᠠᠷ ᠯᠣᠳᠣᠨ ᠲᠣᠭᠤᠭ᠎ᠠ  ᠪᠠᠨ ᠰᠢᠳᠡᠵᠦ ᠶᠠᠪᠤᠭᠤᠯᠤᠭᠠᠳ ᠬᠠᠷ᠎ᠠ ᠬᠦᠴᠦ ᠪᠠᠷ ᠢᠶᠠᠨ ᠳᠡᠪᠰᠡᠭᠰᠡᠨ ᠪᠣᠯᠪᠠᠴᠤ᠂ ᠬᠥᠯ ᠤᠨ ᠤᠯᠠ ᠨᠢ ᠡᠭᠡᠷᠡᠲᠡᠯ᠎ᠡ ᠡᠪᠡᠳᠦᠭᠰᠡᠨ ᠠᠴᠠ ᠪᠢᠰᠢ ᠲᠣᠭᠤᠭ᠎ᠠ ᠨᠢ ᠬᠡᠮᠬᠡᠷᠡᠭᠰᠡᠨ ᠦᠭᠡᠢ᠃ ᠮᠡᠩᠭᠡᠲᠦ ᠶᠢᠨ ᠬᠦᠦ ᠳᠥᠷᠪᠡᠯᠵᠢᠨ ᠬᠥᠷᠵᠡᠩ ᠴᠢᠨᠡᠭᠡ ᠴᠢᠯᠠᠭᠤ ᠳᠠᠭᠠᠭ᠎ᠠ ᠶᠠᠳᠠᠨ ᠠᠪᠴᠢᠷᠠᠭᠠᠳ ᠲᠣᠭᠤᠭᠠᠨ ᠬᠦᠢᠰᠦ ᠲᠠᠭᠠᠷᠠᠭᠤᠯᠤᠨ ᠪᠠᠭᠤᠯᠭᠠᠪᠠ᠃ ᠨᠠᠰᠤ ᠪᠠᠯᠴᠢᠷ ᠴᠤ᠌ ᠤᠬᠠᠭᠠᠨ ᠬᠡᠴᠡᠭᠦᠦ᠃ ᠰᠢᠷᠡᠮᠦᠨ ᠲᠣᠭᠤᠭ᠎ᠠ ᠰᠦᠢᠷᠡᠵᠦ ᠣᠴᠢᠬᠤ ᠳᠦ ᠬᠠᠮᠠᠷ ᠯᠣᠳᠣᠨ ᠮᠠᠭᠠᠰᠠᠢᠵᠤ ᠢᠨᠢᠶᠡᠭᠡᠳ᠂ ᠬᠥ ᠶᠢ ᠴᠤ᠌ ᠬᠠᠮᠢᠶᠠᠷᠤᠯ ᠦᠭᠡᠢ ᠲᠡᠭᠦᠵᠦ ᠬᠣᠷᠮᠤᠢᠯᠠᠮᠠᠭᠴᠠ ᠭᠠᠷᠴᠤ ᠭᠦᠶᠦᠪᠡ᠃ ᠬᠠᠷᠠᠮᠰᠠᠯᠲᠠᠢ ᠨᠢ ᠭᠣᠵᠤᠢᠭᠰᠠᠨ ᠦᠭᠡᠢ ᠦᠵᠡᠭᠰᠡᠨ  ᠡᠴᠡ ᠪᠢᠰᠢ ᠬᠢᠮᠤᠰᠤᠨ ᠲᠡᠳᠦᠢ ᠱᠠᠩ ᠴᠤ᠌ ᠬᠦᠷᠲᠡᠭᠰᠡᠨ ᠦᠭᠡᠢ᠃
  ᠬᠠᠮᠠᠷ ᠯᠣᠳᠣᠨ ᠲᠣᠯᠤᠭᠠᠢ  ᠪᠠᠨ ᠭᠠᠨᠵᠤᠭᠠᠯᠠᠭᠠᠳ ᠪᠤᠴᠠᠵᠤ ᠬᠠᠷᠢᠬᠤ ᠳᠦ ᠯᠤᠤ ᠶᠢᠨ ᠬᠡ᠎ᠲᠡᠢ ᠠᠪᠳᠠᠷ᠎ᠠ ᠶᠢ ᠨᠢ ᠬᠣᠭᠤᠯᠠᠨ ᠭᠡᠷ ᠲᠤ ᠵᠠᠷᠤᠬᠤ ᠪᠡᠷ ᠬᠠᠰᠠᠭ ᠢᠷᠡᠭᠡᠳ ᠬᠦᠯᠢᠶᠡᠵᠦ ᠪᠠᠢᠪᠠ᠃ ᠨᠢᠯᠪᠤᠰᠤ ᠪᠥᠮᠪᠦᠷᠢᠮᠡᠷ ᠪᠣᠯᠤᠭᠰᠠᠨ ᠪᠣᠯᠪᠠᠴᠤ᠂ ᠵᠠᠯᠠᠭᠤ ᠴᠢᠪᠠᠭᠠᠨᠴᠠ ᠲᠠᠢ  ᠪᠠᠨ ᠰᠢᠷᠡᠭᠡ ᠬᠠᠪᠴᠢᠨ ᠬᠣᠭᠤᠯᠠᠯᠠᠬᠤ ᠶᠢ ᠪᠣᠳᠤᠮᠠᠭᠴᠠ᠂ ᠬᠠᠮᠠᠷ ᠯᠣᠳᠣᠨ ᠤ ᠪᠠᠷᠤᠢᠭᠰᠠᠨ ᠴᠢᠷᠠᠢ ᠴᠡᠯᠮᠡᠢᠵᠦ ᠪᠠᠶᠠᠰᠭᠤᠯᠠᠩ ᠲᠤᠶᠠᠭᠠᠷᠠᠭᠠᠳ᠂ ᠳᠠᠭᠤ ᠦᠭᠡᠢ ᠥᠭᠴᠦ ᠶᠠᠪᠤᠭᠤᠯᠪᠠ᠃
  ᠰᠢᠨ᠎ᠡ ᠴᠠᠭ ᠶᠤᠮ ᠴᠢᠨᠢ  ᠳ᠋ᠠ᠂ ᠬᠡᠯᠡᠪᠡᠯ ᠬᠢᠳᠡᠭ ᠯᠡ ᠶᠤᠮ ᠪᠠᠢᠨ᠎ᠠ᠃ ᠮᠠᠷᠭᠠᠰᠢ ᠥᠷᠯᠦᠭᠡᠭᠦᠷ ᠨᠢ ᠴᠠᠪ ᠤᠨ ᠳᠤᠩ ᠨᠡᠭᠡᠷᠡᠨ ᠴᠤ᠌ ᠠᠭᠤᠯᠠ ᠤᠰᠤ ᠶᠢ ᠪᠠᠶᠠᠰᠲᠠᠯ᠎ᠠ ᠳᠦᠩᠭᠢᠨᠡᠪᠡ᠃ ᠬᠠᠮᠠᠷ ᠯᠣᠳᠣᠨ ᠬᠣᠭᠤᠯᠠᠨ ᠭᠡᠷ ᠤᠨ ᠬᠠᠲᠠᠪᠴᠢ ᠶᠢ ᠠᠯᠬᠤᠮᠠᠭᠴᠠ ᠨᠢᠭᠡ ᠨᠢᠳᠦ ᠨᠢ ᠵᠠᠯᠠᠭᠤ ᠴᠢᠪᠠᠭᠠᠨᠴᠠ ᠳᠡᠭᠡᠷ᠎ᠡ ᠨᠥᠭᠦᠭᠡ ᠨᠢᠳᠦ ᠨᠢ ᠯᠤᠤ ᠶᠢᠨ ᠬᠡ᠎ᠲᠡᠢ ᠠᠪᠳᠠᠷ᠎ᠠ ᠳᠡᠭᠡᠷ᠎ᠡ ᠪᠠᠨ ᠲᠤᠰᠤᠭᠠᠳ ᠠᠪᠤᠯ᠎ᠠ᠃ ᠲᠦᠷᠦᠭᠦᠦ ᠡᠷᠢᠨ ᠦ ᠬᠣᠭᠤᠯᠠ  ᠣᠨᠴᠠᠭᠠᠢ ᠠᠮᠲᠠ ᠲᠠᠢ ᠰᠠᠨᠠᠭᠳᠠᠭᠰᠠᠨ ᠪᠥᠭᠡᠳ ᠨᠡᠩ ᠴᠤ᠌: 《ᠡᠪ ᠬᠠᠮᠲᠤ ᠶᠢᠨ ᠨᠡᠢᠭᠡᠮ ᠳᠦ ᠬᠤᠪᠢᠨ ᠤ ᠬᠣᠭᠰᠢᠯ ᠬᠡᠷᠡᠭ ᠦᠭᠡᠢ ᠴᠤ᠌ ᠬᠤᠪᠢᠨ ᠤ ᠪᠦᠰᠡᠭᠦᠢ ᠬᠡᠷᠡᠭ ᠲᠠᠢ ᠪᠠᠢᠯᠭᠦᠢ? ᠡᠳᠦᠷ ᠰᠥᠨᠢ ᠰᠣᠩᠭᠤᠵᠤ ᠪᠠᠢᠭᠠᠳ ᠥᠨᠥ ᠵᠢᠯ  ᠳᠤ  ᠪᠠᠨ ᠪᠠᠲᠤᠯᠠᠪᠤᠷᠢ  ᠪᠠᠨ ᠠᠪᠬᠤ ᠦᠦ ᠳ᠋ᠠ? ?》 ᠭᠡᠰᠡᠨ ᠵᠠᠭᠷᠠᠢᠮ᠎ᠠ ᠶᠢᠨ ᠬᠢᠨᠢ ᠬᠠᠯᠠᠭᠤᠨ ᠰᠢᠪᠡᠨᠡᠭᠡ ᠬᠠᠮᠠᠷ ᠯᠣᠳᠣᠨ ᠳᠦ ᠪᠠᠯ ᠡᠮᠬᠦᠭᠦᠯᠵᠡᠢ᠃
  ᠵᠠᠯᠠᠭᠤ ᠴᠢᠪᠠᠭᠠᠨᠴᠠ ᠲᠠᠢ  ᠪᠠᠨ ᠡᠳᠦᠷ ᠡᠳᠦᠷ ᠰᠢᠪᠡᠨᠡᠵᠦ ᠶᠠᠷᠢᠯᠳᠤᠬᠤ ᠲᠣᠬᠢᠶᠠᠯ ᠲᠠᠢ ᠪᠣᠯᠤᠭᠰᠠᠨ ᠨᠢ ᠬᠠᠮᠠᠷ ᠯᠣᠳᠣᠨ ᠳᠦ ᠮᠥᠨ ᠴᠤ᠌ ᠵᠢᠷᠭᠠᠯᠲᠠᠢ ᠰᠠᠨᠠᠭᠳᠠᠭᠰᠠᠨ ᠪᠣᠯᠪᠠᠴᠤ ᠯᠤᠤ ᠬᠡ᠎ᠲᠡᠢ ᠠᠪᠳᠠᠷ᠎ᠠ ᠨᠢ ᠣᠯᠠᠨ ᠤ ᠬᠥᠯ ᠳᠦ ᠲᠠᠯᠬᠢᠭᠳᠠᠬᠤ ᠶᠢ ᠦᠵᠡᠭᠡᠳ ᠵᠢᠷᠦᠬᠡ ᠨᠢ ᠵᠢᠮ ᠵᠢᠮ ᠪᠠᠵᠠᠯᠬᠢᠯᠠᠨ᠎ᠠ᠃
  ᠵᠤᠤᠬᠠᠨ ᠳᠦ ᠨᠠᠭᠠᠯᠳᠤᠭᠰᠠᠨ ᠬᠠᠪᠲᠠᠰᠤ ᠨᠢ ᠰᠢᠲᠠᠵᠤ ᠴᠤ᠌ ᠮᠡᠳᠡᠨ᠎ᠡ ᠭᠡᠳ ᠬᠠᠮᠠᠷ ᠯᠣᠳᠣᠨ ᠮᠠᠨᠴᠤᠷᠭᠠᠨ ᠬᠠᠮᠠᠷ ᠢᠶᠠᠨ ᠴᠡᠨᠳᠡᠢᠯᠭᠡᠬᠦ ᠳᠦ ᠵᠠᠯᠠᠭᠤ ᠴᠢᠪᠠᠭᠠᠨᠴᠠ ᠨᠢ ᠲᠡᠭᠦᠨ ᠢ ᠶᠣᠪᠤᠷᠴᠤ ᠠᠪᠤᠭᠠᠳ: 《ᠢᠩᠭᠢ᠂ ᠴᠢᠩᠭᠢ》 ᠭᠡᠪᠡ᠃ ᠬᠠᠮᠠᠷ ᠯᠣᠳᠣᠨ ᠬᠣᠭᠤᠯᠠ ᠬᠠᠮᠢᠶᠠᠷᠤᠭᠴᠢ ᠳᠦ:
  《ᠭᠤᠯᠢᠷ ᠤᠨ ᠠᠪᠳᠠᠷ᠎ᠠ  ᠪᠠᠨ ᠵᠤᠤᠬ᠎ᠠ ᠲᠣᠭᠤᠭᠠᠨ ᠡᠴᠡ ᠵᠢᠭᠠᠬᠠᠨ ᠵᠠᠢᠳᠠᠭᠤᠯᠤᠨ᠎ᠠ ᠤᠤ? ᠬᠠᠯᠠᠭᠤᠨ ᠢᠯᠴᠢᠨ ᠳᠦ ᠴᠢᠭᠢᠭ ᠲᠠᠢ ᠭᠤᠯᠢᠷ ᠭᠠᠰᠢᠯᠵᠤ ᠮᠡᠳᠡᠨ᠎ᠡ ᠰᠢᠦ!》 ᠭᠡᠵᠦ ᠵᠥᠪᠯᠡᠯᠭᠡ ᠲᠠᠯᠪᠢᠭᠰᠠᠨ ᠳᠦ ᠠᠪᠳᠠᠷ᠎ᠠ ᠶᠢ ᠨᠢ ᠨᠡᠭᠡᠷᠡᠨ ᠵᠤᠤᠬᠠᠨ ᠡᠴᠡ ᠵᠠᠢᠳᠠᠭᠤᠯᠪᠠ᠃
  ᠬᠡᠳᠦᠢ ᠲᠡᠢᠮᠦ ᠪᠣᠯᠪᠠᠴᠤ ᠴᠢᠭᠢᠭ ᠲᠠᠢ ᠬᠡᠷᠡᠮ ᠳᠦ ᠨᠠᠭᠠᠯᠳᠤᠭᠰᠠᠨ ᠠᠪᠳᠠᠷ᠎ᠠ ᠶᠢᠨ ᠬᠢᠨᠢ ᠠᠷᠤ ᠬᠠᠪᠲᠠᠰᠤ ᠨᠢ ᠬᠡᠳᠦᠬᠡᠨ ᠬᠣᠨᠣᠭ  ᠲᠤ ᠭᠠᠵᠢᠵᠤ ᠮᠤᠰᠢᠢᠭᠠᠳ᠂ ᠳᠣᠷᠰᠤᠢᠲᠠᠯ᠎ᠠ ᠠᠩᠭᠠᠢᠵᠠᠢ᠃
  《ᠡᠪ ᠬᠠᠮᠲᠤ ᠶᠣᠰᠤᠨ ᠳᠦ ᠬᠠᠯᠠᠭᠤᠨ ᠲᠠᠢ ᠯᠣᠳᠣᠨ》 ᠭᠡᠳ ᠡᠭᠦᠷ ᠠᠷᠪᠠᠨ ᠡᠴᠡ ᠣᠯᠠᠨ ᠤᠳᠠᠭ᠎ᠠ ᠮᠠᠭᠲᠠᠵᠤ ᠰᠠᠢᠰᠢᠶᠠᠪᠠ᠃ ᠭᠡᠪᠡᠴᠦ ᠰᠥᠨᠢ ᠶᠢᠨ ᠭᠦᠨ ᠪᠣᠯᠵᠤ ᠬᠥᠮᠦᠨ ᠠᠮᠢᠲᠠᠨ ᠤ ᠬᠥᠯ ᠬᠤᠷᠢᠶᠠᠭᠳᠠᠬᠤ ᠴᠠᠭ  ᠲᠤ ᠬᠠᠮᠠᠷ ᠯᠣᠳᠣᠨ ᠰᠢᠩᠭᠡᠨ ᠪᠤᠳᠠᠭᠠᠨ ᠤ ᠰᠢᠩᠭᠡᠭᠰᠡᠨ ᠬᠣᠢᠨᠠᠬᠢ ᠵᠣᠪᠠᠭᠤᠷᠢ ᠶᠢ ᠡᠳ᠋ᠯᠡᠨ ᠨᠣᠢᠷ ᠬᠣᠯᠬᠢᠨ ᠬᠡᠪᠲᠡᠬᠦ  ᠳᠤ  ᠪᠠᠨ:
  《ᠡᠪ ᠬᠠᠮᠲᠤ ᠶᠢᠨ ᠨᠡᠢᠭᠡᠮ ᠮᠠᠷᠭᠠᠰᠢ ᠢᠷᠡᠴᠢᠬᠡᠨ᠎ᠡ᠃ ᠲᠡᠢᠮᠦ ᠰᠠᠢᠬᠠᠨ ᠨᠡᠢᠭᠡᠮ ᠶᠤᠮ ᠴᠢᠨᠢ ᠮᠠᠭᠤ ᠠᠪᠳᠠᠷ᠎ᠠ ᠪᠡᠷ ᠶᠠᠭᠤ ᠬᠢᠬᠦ ᠪᠤᠢ? ᠯᠠᠪ ᠬᠡᠷᠡᠭ ᠦᠭᠡᠢ ᠶᠠᠭᠤᠮᠠᠨ ᠳᠦ ᠭᠠᠷᠭᠠᠵᠤ ᠬᠠᠶᠠᠬᠤ ᠪᠠᠢᠬᠤ ᠳ᠋ᠠ᠃ ᠡᠪ ᠬᠠᠮᠲᠤ ᠨᠡᠢᠭᠡᠮ ᠤᠨ ᠡᠭᠦᠳᠡᠨ ᠭᠠᠳᠠᠨ᠎ᠠ ᠬᠣᠴᠤᠷᠬᠤ ᠪᠡᠷ ᠢᠶᠠᠨ ᠨᠠᠮᠵᠢᠯ ᠵᠠᠯᠠᠨ ᠬᠠᠷᠢᠨ ᠠᠪᠴᠢᠬᠠᠵᠤ ᠮᠡᠳᠡᠨ᠎ᠡ ᠰᠢᠤ᠂ ᠲᠡᠭᠦᠨ ᠡᠴᠡ᠎ᠯᠡ ᠵᠠᠪᠳᠤᠶ᠎ᠠ! ᠁》 ᠭᠡᠵᠦ ᠣᠯᠢᠤ ᠰᠣᠯᠢᠤ ᠪᠣᠳᠤᠯ ᠳᠦ ᠮᠤᠩᠬᠠᠷᠠᠳᠠᠭ ᠢ ᠨᠢ ᠬᠡᠨ ᠴᠤ᠌ ᠮᠡᠳᠡᠭᠰᠡᠨ ᠦᠭᠡᠢ᠃

     ᠡᠢᠮᠦ ᠰᠠᠯᠬᠢ ᠡᠷᠭᠢᠭᠡᠳ ᠬᠣᠶᠠᠷ ᠵᠢᠯ ᠰᠠᠯᠬᠢᠯᠠᠭᠰᠠᠨ ᠴᠤ᠌ ᠶᠠᠭᠠᠮᠠᠢ ᠳ᠋ᠠ !
  ᠭᠣᠣᠯ ᠬᠠᠷᠠᠯᠠᠵᠤ ᠨᠣᠢᠷ ᠠᠯᠳᠠᠭᠰᠠᠨ ᠲᠡᠢᠮᠦ ᠨᠢᠭᠡ ᠰᠥᠨᠢ᠂ ᠬᠠᠮᠠᠷ ᠯᠣᠳᠣᠨ ᠤᠷᠪᠠᠨ ᠬᠦᠷᠪᠡᠨ ᠲᠡᠰᠬᠦ ᠠᠯᠳᠠᠷᠠᠬᠤ ᠳᠤ ᠪᠠᠨ ᠵᠢᠭᠠᠬᠠᠨ ᠢᠳᠡᠬᠦ ᠶᠠᠭᠤᠮ᠎ᠠ ᠡᠷᠭᠢᠴᠡᠭᠦᠯᠬᠦ ᠰᠠᠨᠠᠭᠠᠲᠠᠢ ᠴᠢᠪᠠᠭᠠᠨᠴᠠ ᠶᠢᠨ ᠬᠢ ᠶᠢ ᠰᠡᠮᠬᠡᠨ ᠴᠢᠭᠯᠡᠪᠡ᠃ ᠳᠡᠮᠡᠢ ᠶᠠᠪᠤᠭᠰᠠᠨ ᠦᠭᠡᠢ ᠬᠥᠯ ᠨᠢ ᠥᠪᠡᠷ ᠤᠨ ᠡᠷᠬᠡ ᠦᠭᠡᠢ ᠬᠣᠭᠤᠯᠠᠨ ᠭᠡᠷ ᠤᠷᠤᠭᠤ ᠡᠷᠭᠢᠵᠦ ᠴᠣᠩᠬᠤ ᠪᠡᠷ ᠡᠷᠬᠡ ᠦᠭᠡᠢ ᠱᠠᠭᠠᠢᠵᠠᠢ᠃ ᠱᠠᠭᠠᠢᠬᠤ ᠲᠤᠲᠤᠮ ᠰᠠᠯᠬᠤ ᠳᠤᠷ᠎ᠠ ᠦᠭᠡᠢ ᠪᠣᠯᠵᠤ᠂ ᠥᠩᠭᠡ ᠵᠢᠰᠦ ᠪᠠᠨ ᠠᠯᠳᠠᠭᠰᠠᠨ ᠠᠪᠳᠠᠷ᠎ᠠ ᠨᠢ ᠭᠣᠮᠤᠳᠠᠯ ᠲᠠᠢ ᠴᠢᠷᠠᠢ ᠪᠡᠷ ᠲᠡᠭᠦᠨ ᠢ ᠭᠢᠯᠤᠢᠵᠤ ᠪᠠᠢᠭ᠎ᠠ ᠰᠢᠭ᠋ ᠰᠠᠨᠠᠭᠳᠠᠭᠠᠳ᠂ ᠵᠢᠷᠦᠬᠡ ᠭᠣᠣᠯ ᠨᠢ ᠰᠠᠪᠠᠯᠠᠵᠤ ᠳᠡᠯᠡᠰᠬᠦ  ᠳᠤ  ᠪᠠᠨ ᠲᠡᠰᠴᠦ ᠴᠢᠳᠠᠭᠰᠠᠨ ᠦᠭᠡᠢ ᠬᠠᠮᠠᠷ ᠨᠢ ᠪᠤᠷᠬᠢᠷᠠᠨ ᠳᠣᠭᠤᠯᠠᠩ ᠨᠢᠯᠪᠤᠰᠤ ᠤᠨᠠᠭᠠᠪᠠ᠃ ᠡᠰᠡᠨ ᠪᠣᠰᠤᠨ ᠢ ᠪᠣᠳᠤᠵᠤ ᠡᠢᠰᠢ ᠲᠡᠢᠰᠢ ᠠᠵᠢᠭᠠᠳ᠂ ᠰᠢᠯ ᠦᠭᠡᠢ ᠴᠣᠩᠬᠤ ᠪᠡᠷ ᠪᠠᠭᠲᠠᠵᠤ ᠶᠠᠳᠠᠨ ᠰᠢᠷᠭᠤᠪᠠ᠃
  ᠭᠠᠷ  ᠲᠤ ᠲᠠᠭᠠᠷᠠᠵᠤ᠂ ᠨᠢᠳᠦᠨ ᠳᠦ ᠥᠷᠳᠦᠭᠰᠡᠨ  ᠠᠴᠠ ᠭᠡᠵᠦ ᠰᠢᠨᠠᠭ᠎ᠠ ᠱᠦᠭᠦᠷ ᠡᠯᠭᠦᠳᠡᠭ ᠬᠠᠳᠠᠭᠠᠰᠤ ᠡᠴᠡ ᠰᠤᠭᠤᠯᠤᠨ ᠠᠪᠴᠤ᠂ ᠪᠣᠣᠳᠤᠤ ᠶᠢᠨ ᠮᠥᠷᠦ ᠪᠠᠷ ᠠᠯᠤᠬ᠎ᠠ ᠪᠣᠯᠭᠠᠵᠤ᠂ ᠠᠪᠳᠠᠷ᠎ᠠ ᠶᠢᠨ ᠢᠶᠠᠨ ᠭᠠᠵᠢᠭᠰᠠᠨ ᠬᠠᠪᠲᠠᠰᠤ ᠶᠢ ᠬᠠᠳᠠᠵᠤ ᠬᠠᠳᠠᠭᠠᠳ ᠠᠶᠠᠭᠠᠨ ᠵᠦᠯᠭᠦᠭᠦᠷ ᠬᠢᠭᠰᠡᠨ ᠠᠮᠠ ᠳᠠᠪᠤᠤ ᠶᠢ ᠨᠢ ᠰᠢᠭᠦᠷᠡᠨ ᠠᠪᠴᠤ᠂ ᠨᠢᠭᠤᠷ ᠢ ᠨᠢ ᠵᠦᠯᠭᠦᠵᠦ ᠭᠠᠷᠴᠠᠢ᠃ ᠤᠲᠤᠭᠠᠨ ᠳᠦ ᠬᠠᠬᠠᠭᠰᠠᠨ ᠠᠯᠲᠠᠨ ᠯᠤᠤ ᠨᠢ ᠨᠢᠳᠦ ᠪᠠᠨ ᠪᠦᠯᠲᠡᠯᠵᠡᠭᠦᠯᠦᠨ᠂ ᠲᠣᠭᠤᠰᠤᠨ ᠳᠦ ᠳᠠᠷᠤᠭᠳᠠᠭᠰᠠᠨ ᠠᠯᠤᠬᠠᠨ ᠬᠡ ᠨᠢ ᠤᠯᠠᠭᠠᠨ ᠴᠠᠭᠠᠨ ᠢᠶᠠᠨ ᠭᠢᠯᠪᠠᠭᠤᠯᠵᠤ ᠡᠬᠢᠯᠡᠬᠦ ᠳᠦ ᠬᠠᠮᠠᠷ ᠯᠣᠳᠣᠨ ᠮᠠᠭᠠᠰᠠᠢᠵᠤ ᠪᠠᠶᠠᠰᠤᠭᠠᠳ ᠦᠷ ᠮᠠᠩᠬᠠᠢᠬᠤ ᠶᠢ ᠴᠤ᠌ ᠤᠪᠠᠢᠯᠠᠭᠰᠠᠨ ᠦᠭᠡᠢ᠃
  ᠭᠡᠨᠡᠳᠲᠡ ᠦᠰᠦᠲᠡᠢ ᠬᠠᠷ᠎ᠠ ᠭᠠᠷ ᠲᠡᠭᠦᠨ ᠢ ᠵᠠᠭᠠᠮᠠᠳᠠᠵᠤ ᠠᠪᠤᠭᠠᠳ ᠳᠠᠢᠪᠢᠯᠵᠠᠲᠠᠯ᠎ᠠ ᠳᠤᠭᠲᠤᠷᠪᠠ᠃
  ᠵᠣᠭ ᠲᠣᠰᠤᠭᠠᠳ ᠲᠣᠯᠤᠭᠠᠢ ᠡᠷᠭᠦᠪᠡᠯ ᠬᠣᠭᠤᠯᠠ ᠬᠠᠮᠢᠶᠠᠷᠤᠭᠴᠢ ᠬᠡᠳᠦᠨ ᠲᠣᠭᠤᠭᠠᠴᠢ ᠲᠠᠢ  ᠪᠠᠨ ᠲᠡᠭᠦᠨ ᠢ ᠪᠦᠰᠡᠯᠡᠵᠦ ᠠᠪᠤᠭᠠᠳ ᠪᠠᠷᠢᠵᠤ ᠢᠳᠡᠮᠡᠷ ᠠᠭᠠᠰᠢᠯᠠᠨ᠎ᠠ᠃ ᠲᠡᠳᠡ ᠭᠠᠷ ᠭᠠᠷ ᠲᠤ ᠪᠠᠨ ᠭᠠᠯ ᠤᠨ ᠰᠢᠯᠡᠭᠡᠪᠦᠷ ᠬᠠᠢᠴᠢ ᠬᠤᠰᠤᠭᠤᠷ ᠪᠠᠷᠢᠭᠰᠠᠨ ᠡᠴᠡ ᠦᠵᠡᠬᠦ ᠳᠦ ᠬᠡᠷᠡᠭ ᠶᠡᠷᠦ ᠨᠢ ᠮᠠᠭᠤᠬᠠᠢ ᠪᠣᠯᠬᠤ ᠪᠣᠯᠤᠯᠲᠠᠢ!
  《ᠬᠠᠮᠠᠷ ᠴᠢ ᠲᠣᠮᠤᠭᠠᠲᠠᠢ ᠬᠥᠮᠦᠨ ᠪᠠᠢᠭᠠᠳ ᠡᠢᠮᠦ ᠨᠢᠭᠤᠷ ᠦᠭᠡᠢ ᠬᠡᠷᠡᠭ ᠦᠢᠯᠡᠳᠦᠨ᠎ᠡ ᠭᠡᠳᠡᠭ ᠴᠢᠨᠢ! ᠥᠯᠦᠰᠦᠭᠰᠡᠨ ᠪᠣᠯ ᠪᠢᠳᠡᠨ ᠳᠦ ᠬᠡᠯᠡᠨ᠎ᠡ ᠪᠢᠵᠡ!》 ᠭᠡᠵᠦ ᠬᠣᠭᠤᠯᠠ ᠬᠠᠮᠢᠶᠠᠷᠤᠭᠴᠢ ᠨᠢᠳᠦ ᠦᠵᠦᠭᠦᠷᠯᠡᠬᠦ ᠳᠦ ᠬᠠᠮᠠᠷ ᠯᠣᠳᠣᠨ ᠪᠡᠷᠬᠡ ᠰᠠᠨᠳᠤᠷᠤᠭᠠᠳ:
  《 ᠦᠭᠡᠢ᠂ ᠦᠭᠡᠢ᠂ ᠮᠢᠨᠦ ᠴᠠᠳᠭᠤᠯᠠᠩ ᠢ ᠲᠡ᠊ ᠁ ᠲᠡᠭᠷᠢ ᠪᠠᠲᠤᠯᠠᠨ᠎ᠠ》 ᠭᠡᠵᠦ ᠪᠤᠯᠢᠬᠠᠢᠯᠠᠪᠠ᠃
  《ᠳᠠᠯᠳᠠᠯᠠᠪᠠᠴᠤ ᠳᠠᠯᠤ ᠴᠢᠨᠢ ᠢᠯᠡ! ᠦᠨᠡᠭᠡᠨ ᠬᠠᠷᠠᠩᠭᠤᠢ ᠪᠡᠷ ᠬᠣᠭᠤᠯᠠᠨ ᠭᠡᠷ ᠲᠤ ᠬᠤᠯᠠᠭᠤᠨ ᠣᠷᠤᠭᠠᠳ ᠶᠠᠭᠤ ᠬᠢᠬᠦ ᠭᠡᠰᠡᠨ ᠶᠤᠮ? ᠪᠢᠳᠡ ᠬᠠᠷᠢᠨ ᠬᠢᠯᠠᠷ ᠳᠠᠮᠪᠢ ᠪᠢᠰᠢ ᠰᠢᠦ! ᠬᠠ ᠬᠠ᠂ ᠬᠠ᠂ ᠬᠠ ᠁》
  《ᠴᠢ ᠠᠪᠳᠠᠷ᠎ᠠ ᠡᠴᠡ ᠭᠤᠯᠢᠷ ᠲᠠᠭᠠᠷᠴᠤᠭᠯᠠᠬᠤ  ᠭᠡᠰᠡᠨ ᠴᠢᠨᠢ ᠦᠨᠡᠨ ᠪᠢᠵᠡ?》 《᠁》
ᠬᠠᠮᠠᠷ ᠯᠣᠳᠣᠨ ᠬᠠᠬᠠᠴᠢᠬᠠᠪᠠ᠃ ᠠᠪᠳᠠᠷ᠎ᠠ  ᠪᠠᠨ ᠵᠦᠯᠭᠦᠯ᠎ᠡ ᠭᠡᠪᠡᠯ ᠡᠪ ᠬᠠᠮᠲᠤᠴᠢᠯᠠᠬᠤ ᠶᠢ ᠡᠰᠡᠷᠭᠦᠴᠡᠭᠰᠡᠨ ᠳᠦ ᠣᠷᠤᠨ᠎ᠠ ᠰᠢᠤ᠃ ᠨᠠᠮᠵᠢᠯ ᠵᠠᠯᠠᠨ ᠬᠣᠭᠤᠯᠠᠨ ᠭᠡᠷ ᠤᠨ ᠭᠠᠩ ᠲᠠᠢ ᠤᠰᠤᠨ ᠡᠴᠡ ᠠᠮᠠᠨ ᠴᠠᠩᠭᠠᠭ᠎ᠠ  ᠪᠠᠨ ᠭᠠᠷᠭᠠᠭᠠᠳ ᠤᠰᠤᠨ ᠳᠦ ᠬᠣᠣᠷ ᠬᠢᠵᠦ᠂ ᠡᠪ ᠬᠠᠮᠲᠤᠴᠢᠯᠠᠬᠤ ᠶᠢ ᠡᠰᠡᠷᠭᠦᠴᠡᠬᠦ ᠭᠡᠯ᠎ᠡ ᠭᠡᠵᠦ ᠬᠡᠯᠡ ᠠᠮᠠ ᠪᠣᠯᠤᠭᠠᠳ ᠬᠣᠶᠠᠷᠬᠠᠨ ᠬᠣᠨᠤᠵᠤ ᠪᠠᠢᠨ᠎ᠠ᠃ ᠬᠤᠯᠠᠭᠠᠢ ᠨᠡᠷ᠎ᠡ ᠶᠢ ᠡᠭᠦᠷᠦᠭᠰᠡᠨ ᠴᠤ᠌ ᠡᠪ ᠬᠠᠮᠲᠤᠴᠢᠯᠠᠬᠤ ᠶᠢ ᠡᠰᠡᠷᠭᠦᠴᠡᠭᠰᠡᠨ ᠶᠠᠯ᠎ᠠ ᠳᠦ ᠪᠤᠤ ᠣᠷᠤᠶ᠎ᠠ! 《ᠪᠢ ᠥᠯᠦᠰᠦᠭᠡᠳ ᠲᠡᠰᠬᠦ ᠦᠭᠡᠢ  ᠳᠤ  ᠪᠠᠨ ᠁》 ᠭᠡᠵᠦ ᠬᠠᠮᠠᠷ ᠯᠣᠳᠣᠨ ᠳᠣᠭᠤᠤᠷ ᠬᠠᠷᠠᠨ ᠳᠣᠷᠤᠢ ᠳᠤᠤᠭᠠᠷᠪᠠ᠃ ᠬᠣᠷᠤᠮᠬᠠᠨ ᠵᠠᠭᠤᠷ᠎ᠠ ᠲᠠᠯ᠎ᠠ ᠲᠤᠯᠠ ᠬᠠᠷ᠎ᠠ ᠭᠤᠯᠢᠷ ᠤᠨ ᠮᠠᠨᠲᠠᠤ᠂ ᠬᠣᠶᠠᠷ ᠭᠤᠷᠪᠠᠨ ᠲᠦᠭᠦᠬᠡᠢ ᠲᠥᠮᠦᠰᠦ ᠁ ᠭᠠᠷ  ᠲᠤ ᠠᠳᠭᠤᠭ᠎ᠠ ᠠᠶᠠᠭᠠᠨ ᠵᠦᠯᠭᠦᠭᠦᠷ ᠲᠤ ᠨᠢ ᠪᠥᠮᠪᠦᠯᠵᠡᠨ ᠣᠷᠤᠭᠠᠳ ᠬᠡᠳᠦᠨ ᠦᠰᠦᠭ ᠲᠠᠢ ᠭᠤᠷᠪᠠᠯᠵᠢᠨ ᠴᠠᠭᠠᠨ ᠳᠤᠭ ᠵᠠᠭᠠᠮᠠᠨ ᠳᠦ ᠨᠢ ᠬᠠᠳᠭᠤᠭᠳᠠᠪᠠ᠃
  ᠬᠣᠭᠤᠯᠠ ᠬᠠᠮᠢᠶᠠᠷᠤᠭᠴᠢ ᠶᠢᠨ ᠵᠣᠪᠠᠯᠠᠩ ᠪᠤᠢ᠃ ᠣᠢᠷ᠎ᠠ ᠡᠴᠡ ᠶᠡᠷᠦ ᠨᠢ ᠬᠣᠭᠤᠯᠠᠨ ᠭᠡᠷ ᠤᠨ ᠬᠠᠮᠤᠵᠤ ᠴᠤᠭᠯᠠᠭᠤᠯᠤᠭᠰᠠᠨ ᠵᠢᠭᠠᠬᠠᠨ ᠬᠦᠨᠡᠰᠦ ᠨᠢ ᠢᠷᠤᠭᠠᠷ ᠭᠠᠷᠬᠤ ᠲᠡᠢᠰᠢ ᠬᠠᠨᠳᠤᠭᠠᠳ ᠳᠠᠭᠠᠭᠠᠮᠠᠯ ᠰᠠᠭᠤᠭᠰᠠᠨ ᠲᠡᠭᠦᠨ ᠢ ᠬᠡᠴᠡᠭᠦᠦ ᠰᠠᠨᠳᠤᠷᠭᠠᠵᠠᠢ᠃ ᠳᠡᠭᠡᠭᠰᠢ ᠪᠠᠨ ᠮᠡᠳᠡᠭᠦᠯᠪᠡᠯ: ᠡᠪ ᠬᠠᠮᠲᠤ ᠶᠢᠨ ᠦᠢᠯᠡᠰ ᠲᠤ ᠡᠷᠴᠢ ᠨᠡᠮᠡᠬᠦ ᠠᠴᠠ ᠪᠢᠰᠢ ᠰᠤᠯᠠᠷᠠᠭᠤᠯᠵᠤ ᠶᠠᠭᠠᠬᠢᠭᠰᠠᠨ ᠴᠤ᠌ ᠪᠣᠯᠬᠤ ᠦᠭᠡᠢ᠂ ᠡᠪ ᠬᠠᠮᠲᠤ ᠶᠣᠰᠤᠨ ᠳᠦ ᠢᠲᠡᠭᠡᠯ ᠠᠯᠳᠠᠬᠤ ᠪᠣᠯ ᠠᠶᠤᠯᠲᠠᠢ! ᠭᠡᠰᠡᠨ ᠵᠢᠮ᠎ᠡ ᠬᠦᠯᠢᠶᠡᠨ᠎ᠡ᠃ ᠲᠡᠶ᠋ᠢᠨ ‍ᠬᠦ ᠠᠷᠭ᠎ᠠ ᠦᠭᠡᠢ  ᠳᠤ  ᠪᠠᠨ ᠵᠢᠩ ᠤᠨ ᠣᠳᠤ ᠶᠢ ᠢᠳᠡᠭ ᠢᠳᠡᠭ ᠢᠶᠠᠷ ᠳᠠᠷᠤᠵᠤ᠂ ᠥᠳᠭᠡᠨ ᠢ ᠰᠢᠩᠭᠡᠨ ᠪᠣᠯᠭᠠᠨ ᠬᠤᠪᠢᠷᠠᠭᠤᠯᠤᠭᠰᠠᠭᠠᠷ ᠴᠠᠳᠬᠤ ᠶ
  ᠪᠥᠭᠡᠮ ᠬᠥᠮᠦᠨ ᠬᠠᠮᠠᠷ ᠯᠣᠳᠣᠨ ᠢ ᠬᠦᠷᠢᠶᠡᠯᠡᠨ ᠱᠣᠬᠤᠭᠤᠷᠠᠬᠤ ᠳᠦ ᠨᠢᠭᠤᠷ ᠴᠢᠬᠢ ᠨᠢ ᠨᠢᠯ ᠨᠢᠯ ᠬᠢᠨ ᠬᠠᠯᠠᠭᠤ ᠣᠷᠭᠢᠨ᠎ᠠ᠃
  《ᠬᠦᠢ᠂ ᠬᠠᠮᠠᠷ ᠴᠢᠨᠢ ᠰᠤᠷᠮᠠᠭᠠᠢ ᠬᠤᠯᠠᠭᠠᠢᠴᠢ ᠪᠠᠢᠭᠰᠠᠨ ᠶᠤᠮ  ᠪᠠᠢᠵᠤ ᠰᠢᠤ ᠳ᠋ᠠ 》 ᠭᠡᠵᠦ ᠬᠡᠨ ᠨᠢᠭᠡ ᠨᠢ ᠬᠠᠯᠪᠠᠯᠵᠠᠨ ᠳᠡᠷᠪᠡᠯᠵᠡᠬᠦ ᠴᠠᠭᠠᠨ ᠲᠤᠭ ᠢ ᠵᠢᠭᠠᠨ᠎ᠠ᠃
  《ᠳᠠᠩᠴᠢ ᠲᠡᠢᠮᠦ ᠪᠠᠢᠬᠤ ᠳ᠋ᠠ᠃ ᠣᠢᠷ᠎ᠠ ᠡᠴᠡ ᠪᠢᠳᠡ ᠶᠡᠷᠦ ᠨᠢ ᠴᠠᠳᠭᠤᠯᠠᠩ ᠶᠠᠪᠤᠭ᠎ᠠ ᠦᠭᠡᠢ ᠰᠢᠤ᠃ ᠪᠠᠢᠳᠠᠭ ᠥᠳᠭᠡᠨ ᠢ ᠨᠢ ᠬᠠᠮᠠᠷ ᠮᠢᠨᠢ ᠬᠠᠭᠤᠷᠠᠢᠯᠠᠭᠠᠳ ᠰᠢᠩᠭᠡᠨ ᠱᠤᠩᠭᠤᠨ ᠨᠢ ᠮᠠᠨ ᠤ ᠪᠣᠯᠤᠭᠰᠠᠨ ᠶᠤᠮ ᠴᠢᠨᠢ!》
  《ᠥᠪᠡᠷ ᠢᠶᠠᠨ ᠬᠦᠷᠦᠭᠰᠡᠨ ᠢᠶᠠᠷ ᠪᠠᠷᠠᠬᠤ ᠦᠭᠡᠢ᠂ ᠴᠢᠪᠠᠭᠠᠨᠴᠠ ᠳᠤ ᠪᠠᠨ ᠬᠡᠳᠦᠢ ᠵᠥᠭᠡᠭᠡᠭᠰᠡᠨ ᠪᠣᠯ? ᠁》
ᠴᠢᠪᠠᠭᠠᠨᠴᠠ? ᠵᠠᠯᠠᠭᠤ ᠴᠢᠪᠠᠭᠠᠨᠴᠠ ᠡᠨᠡ ᠦᠶᠡᠰ ᠪᠤᠤ ᠎ᠯᠠ ᠦᠵᠡᠭᠳᠡᠭᠡᠰᠡᠢ ᠳ᠋ᠠ ! ᠬᠥᠬᠡ ᠴᠠᠢ  ᠳᠤ  ᠪᠠᠨ ᠬᠥᠯᠦᠷᠡᠭᠡᠳ ᠬᠣᠭᠤᠯᠠ ᠢᠳᠡᠬᠦ ᠪᠠᠨ ᠮᠠᠷᠲᠠᠭᠰᠠᠨ ᠴᠤ᠌ ᠶᠠᠭᠠᠮᠠᠢ᠂ ᠶᠠᠳᠠᠪᠠᠯ ᠤᠷᠢᠳᠤ ᠰᠥᠨᠢ ᠲᠠᠭᠰᠢᠭᠤᠷ ᠲᠤ ᠳᠠᠭᠠᠷᠢᠭᠳᠠᠭᠠᠳ ᠶᠣᠢᠯᠠᠨ ᠬᠡᠪᠲᠡᠭᠰᠡᠨ ᠴᠤ᠌ ᠶᠠᠭᠠᠮᠠᠢ ᠁ ᠭᠡᠵᠦ ᠬᠠᠮᠠᠷ ᠯᠣᠳᠣᠨ ᠳᠣᠲᠤᠷ᠎ᠠ  ᠪᠠᠨ ᠵᠠᠯᠪᠠᠷᠢᠨ᠎ᠠ᠃
ᠭᠡᠪᠡᠴᠦ ᠬᠠᠮᠠᠷ ᠯᠣᠳᠣᠨ ᠤ ᠮᠠᠭᠤ ᠶᠢ ᠨᠢ ᠮᠠᠯᠲᠠᠵᠤ ᠮᠤᠬᠤᠷ ᠢ ᠨᠢ ᠲᠥᠭᠡᠯᠡᠬᠦ ᠭᠡᠰᠡᠨ ᠶᠤᠮ ᠰᠢᠭ᠋ ᠶᠠᠭ ᠡᠨᠡ ᠭᠠᠯ ᠬᠥᠭ ᠳᠡᠭᠡᠷ᠎ᠡ ᠨᠢ ᠵᠠᠯᠠᠭᠤ ᠴᠢᠪᠠᠭᠠᠨᠴᠠ ᠲᠠᠯᠪᠢᠭᠠᠳ ᠢᠷᠡᠵᠡᠢ᠃ ᠵᠠᠭᠷᠠᠢᠮ᠎ᠠ ᠲᠡᠭᠦᠨ ᠦ ᠡᠮᠦᠨ᠎ᠡ ᠤᠳᠠᠲᠠᠯ᠎ᠠ ᠮᠡᠯᠡᠷᠡᠵᠦ ᠵᠣᠭᠰᠤᠭᠰᠠᠨ ᠢᠶᠠᠨ ᠭᠡᠨᠡᠳᠲᠡ ᠠᠯᠠᠭ᠎ᠠ ᠪᠡᠷ ᠢᠶᠠᠨ ᠨᠢᠭᠤᠷ ᠢᠶᠠᠨ ᠳᠠᠷᠤᠭᠠᠳ ᠬᠠᠢᠯᠠᠵᠤ ᠮᠠᠢᠯᠠᠭᠰᠠᠭᠠᠷ ᠪᠤᠴᠠᠵᠤ ᠭᠦᠶᠦᠪᠡ᠃
  ᠬᠠᠮᠠᠷ ᠯᠣᠳᠣᠨ ᠨᠢᠭᠤᠷ ᠢᠶᠠᠨ ᠢᠩᠭᠢᠵᠦ ᠪᠠᠷᠠᠵᠤ ᠭᠦᠢᠴᠡᠭᠡᠳ᠂ ᠬᠠᠭᠠᠰ ᠰᠠᠷ᠎ᠠ ᠪᠣᠯᠤᠳ ᠤᠨ ᠵᠤᠤᠬᠠᠨ ᠳᠦ ᠭᠠᠯ ᠨᠡᠮᠡᠬᠦ ᠲᠣᠷᠭᠠᠭᠤᠯᠢ ᠳᠦ ᠤᠨᠠᠵᠠᠢ᠃ ᠪᠢᠲᠡᠭᠦᠦ ᠲᠣᠭᠯᠠᠭᠠᠮ ᠳᠦ ᠤᠴᠠᠷᠠᠭᠰᠠᠨ ᠬᠠᠮᠠᠷ ᠯᠣᠳᠣᠨ ᠵᠣᠪᠠᠯᠠᠩ ᠢᠶᠠᠨ ᠲᠣᠭᠠᠴᠢᠬᠤ ᠭᠠᠵᠠᠷ ᠦᠭᠡᠢ  ᠳᠤ  ᠪᠠᠨ ᠵᠠᠯᠠᠭᠤ ᠴᠢᠪᠠᠭᠠᠨᠴᠠ  ᠪᠠᠨ ᠡᠷᠢᠨ ᠣᠴᠢᠪᠠ᠃ ᠠᠢ ᠯᠠᠮᠠ ᠡ! ᠵᠠᠭᠷᠠᠢᠮ᠎ᠠ ᠨᠢ ᠴᠠᠢ ᠴᠤ᠌ ᠦᠭᠡᠢ᠂ ᠴᠢᠷᠠᠢ ᠴᠤ᠌ ᠦᠭᠡᠢ ᠤᠭᠲᠤᠭᠠᠳ:
  《ᠰᠢᠷᠢᠨ ᠨᠢᠭᠤᠷ  ᠢᠶᠠᠷ ᠮᠢᠨᠦ ᠬᠠᠲᠠᠪᠴᠢ ᠶᠢ ᠠᠯᠬᠤᠪᠠ ᠤᠤ? ᠰᠢᠭᠢᠷ᠎ᠡ ᠪᠠᠨ ᠲᠠᠲᠠᠭᠰᠠᠨ ᠴᠢᠨᠢ ᠳᠡᠭᠡᠷ᠎ᠡ ᠦᠭᠡᠢ ᠦᠦ ?》 ᠭᠡᠳ ᠵᠥᠷᠢᠭᠦᠦ ᠬᠠᠷᠠᠴᠢᠬᠠᠪᠠ᠃
  《ᠪᠢ ᠂ ᠪᠢ ᠲᠡᠢᠮᠦ ᠪᠢᠰᠢ ᠁》 ᠭᠡᠵᠦ ᠬᠠᠮᠠᠷ ᠯᠣᠳᠣᠨ ᠬᠡᠯᠡᠭᠡᠢᠷᠡᠵᠦ ᠭᠠᠷᠲᠠᠯ᠎ᠠ:
  《ᠪᠠᠢᠭ ᠴᠠᠭᠠᠰᠢ!ᠮᠢᠨᠦ ᠨᠢᠭᠦᠯ ᠪᠠᠷᠠᠬᠤ ᠦᠭᠡᠢ ᠭᠡᠳ ᠨᠡᠮᠡᠬᠦ ᠨᠢ ᠦᠦ ? ᠬᠠᠷᠠᠯᠠ ᠭᠡᠮ᠂ ᠥᠨᠦᠳᠦᠷ ᠠᠴᠠ ᠬᠣᠢᠰᠢ ᠶᠡᠷᠦ ᠨᠢ ᠬᠤᠪᠢ ᠬᠤᠪᠢ  ᠪᠠᠨ᠎ᠯᠠ ᠬᠥᠭᠡᠭᠡᠶ᠎ᠡ!》 ᠭᠡᠳ ᠵᠠᠯᠠᠭᠤ ᠴᠢᠪᠠᠭᠠᠨᠴᠠ ᠱᠦᠭᠦᠷ ᠢᠶᠠᠨ ᠪᠠᠷᠢᠵᠤ ᠱᠠᠯᠠ  ᠪᠠᠨ ᠱᠦᠭᠦᠷᠳᠡᠵᠦ ᠡᠬᠢᠯᠡᠪᠡ᠃
  ᠶᠢᠷᠲᠢᠨᠴᠦ ᠳᠡᠭᠡᠷ᠎ᠡ ᠨᠢᠭᠤᠷ ᠯᠠ ᠬᠡᠷᠡᠭᠲᠡᠢ ᠶᠤᠮ ᠪᠠᠢᠨ᠎ᠠ᠂ ᠲᠡᠭᠦᠨ ᠢ ᠠᠯᠳᠠᠪᠠᠯ ᠶᠣᠰᠤ ᠲᠠᠢ ᠴᠤ᠌ ᠶᠣᠰᠤ ᠦᠭᠡᠢ ᠪᠣᠯᠵᠤ᠂ ᠬᠠᠨᠢᠯᠠᠭᠰᠠᠨ ᠡᠮ᠎ᠡ ᠴᠤ᠌ ᠰᠠᠯᠵᠤ ᠶᠠᠪᠤᠳᠠᠭ ᠶᠤᠮ  ᠪᠠᠢᠨ᠎ᠠ᠃ ᠬᠠᠮᠠᠷ ᠯᠣᠳᠣᠨ ᠭᠣᠩᠰᠤᠢᠵᠤ ᠬᠠᠷᠢᠬᠤ ᠳᠤ ᠪᠠᠨ ᠢᠩᠭᠢᠵᠦ ᠪᠣᠳᠤᠪᠠ᠃
  ᠬᠠᠯᠠ ᠲᠠᠮᠤ  ᠪᠠᠨ ᠠᠮᠰᠠᠵᠤ᠂ ᠬᠠᠨᠢ  ᠪᠠᠨ ᠠᠯᠳᠠᠭᠰᠠᠨ ᠬᠠᠮᠠᠷ ᠯᠣᠳᠣᠨ ᠴᠤ᠌ ᠶᠠᠭᠠᠬᠢᠬᠤᠪ᠂ ᠳᠤᠭᠤᠢ ᠨᠣᠮᠤᠢ ᠠᠮᠢᠳᠤᠷᠠᠭᠰᠠᠭᠠᠷ᠎ᠯᠠ᠃ ᠬᠠᠷᠢᠨ ᠥᠨᠥ ᠰᠦᠷᠡᠬᠡᠢ ᠬᠡᠢ ᠭᠣᠷᠢᠳᠠᠯ᠂ ᠪᠡᠯᠭᠡ ᠳᠡᠮᠪᠡᠷᠢᠯ ᠤᠨ ᠳᠤᠮᠳᠠ ᠱᠠᠩᠳᠠᠭᠤᠷᠠᠵᠤ ᠪᠠᠢᠭᠰᠠᠨ ᠡᠪ ᠬᠠᠮᠲᠤ ᠶᠢᠨ ᠰᠠᠯᠬᠢ ᠨᠢ ᠳᠡᠮᠡᠢ ᠬᠣᠶᠠᠷ ᠰᠠᠷ᠎ᠠ ᠶᠠᠪᠤᠭᠳᠠᠭᠰᠠᠨ ᠦᠭᠡᠢ ᠬᠡᠢ ᠨᠢ ᠭᠠᠷᠤᠭᠰᠠᠨ ᠲᠤᠯᠤᠮ ᠬᠥᠭᠡᠷᠭᠡ ᠰᠢᠭ ᠠᠶᠠᠨᠳᠠᠭᠠᠨ ᠬᠠᠮᠰᠢᠢᠬᠤ ᠳᠦ ᠬᠦᠷᠴᠦ᠂ ᠬᠠ ᠶᠠ ᠦᠭᠡᠢ ᠰᠡᠭᠦᠷᠡᠰᠦ ᠠᠯᠳᠠᠭᠰᠠᠨ ᠬᠥᠭᠡᠷᠦᠬᠦᠢ ᠳᠠᠭᠤᠨ ᠤ ᠳᠤᠮᠳᠠ ᠨᠤᠷᠠᠩᠬᠠᠢ ᠵᠤᠤᠬᠠᠨ ᠤ ᠪᠠᠭᠤᠷᠢ᠂ ᠳᠤᠲᠠᠭᠤ ᠬᠠᠢᠯᠤᠭᠰᠠᠨ ᠬᠦᠳᠡᠷ ᠤᠨ ᠵᠠᠷᠢᠮᠳᠤᠭ ᠢᠶᠠᠨ ᠳᠤᠷᠠᠰᠭᠠᠯ ᠪᠣᠯᠭᠠᠨ ᠦᠯᠡᠳᠡᠭᠡᠵᠦ ᠠᠷᠢᠯᠪᠠ᠃
  ᠬᠣᠭᠤᠯᠠᠨ ᠭᠡᠷ ᠪᠤᠰᠤᠷᠤᠭᠰᠠᠨ ᠴᠢᠮᠡᠭᠡ ᠪᠠᠷ ᠬᠠᠮᠠᠷ ᠯᠣᠳᠣᠨ 《ᠡᠪ ᠬᠠᠮᠲᠤ ᠶᠣᠰᠤ》 ᠢ᠋ᠢ ᠮᠥᠷᠦᠭᠡᠳᠬᠦ ᠵᠠᠪ ᠦᠭᠡᠢ᠂ ᠰᠢᠭᠤᠳ ᠵᠦᠢᠷᠡᠢ ᠠᠪᠳᠠᠷ᠎ᠠ  ᠪᠠᠨ ᠲᠡᠭᠡᠭᠡᠭᠡᠳ ᠭᠡᠷ ᠥᠭᠡᠳᠡ ᠪᠠᠨ ᠭᠣᠳᠤᠢᠵᠠᠢ᠃ ᠬᠣᠰᠢᠭᠤ ᠰᠤᠮᠤᠨ ᠤ ᠳᠠᠷᠤᠭ᠎ᠠ ᠲᠡᠭᠦᠨ  ᠡᠴᠡ ᠰᠠᠨᠠᠯ ᠬᠤᠷᠢᠶᠠᠨ ᠲᠥᠯᠦᠪᠦᠷᠢ ᠪᠤᠴᠠᠭᠠᠬᠤ ᠶᠢ ᠵᠥᠪᠰᠢᠭᠰᠡᠨ ᠳᠦ ᠬᠠᠮᠠᠷ ᠯᠣᠳᠣᠨ ᠬᠠᠷᠢᠨ:
  《ᠰᠠᠨᠠᠯ ᠦᠭᠡᠢ᠂ ᠰᠠᠨᠠᠯ ᠦᠭᠡᠢ᠂ ᠡᠢᠮᠦ ᠰᠠᠯᠬᠢ ᠡᠷᠭᠢᠭᠡᠳ ᠬᠣᠶᠠᠷ ᠵᠢᠯ ᠰᠠᠯᠬᠢᠯᠠᠭᠰᠠᠨ ᠴᠤ᠌ ᠶᠠᠭᠠᠮᠠᠢ ᠳ᠋ᠠ !》 ᠭᠡᠳ ᠢᠷᠡᠭᠰᠡᠨ ᠵᠣᠴᠢᠳ ᠢᠶᠠᠨ ᠢᠨᠢᠶᠡᠬᠦ ᠶᠢᠨ ᠴᠤ᠌ ᠠᠷᠭ᠎ᠠ ᠦᠭᠡᠢ᠂ ᠤᠬᠢᠯᠠᠬᠤ ᠶᠢᠨ ᠠᠷᠭ᠎ᠠ ᠦᠭᠡᠢ ᠪᠣᠯᠭᠠᠵᠠᠢ᠃
  ᠠᠪᠳᠠᠷ᠎ᠠ  ᠪᠠᠨ ᠣᠯᠤᠭᠠᠳ᠂ ᠴᠢᠪᠠᠭᠠᠨᠴᠠ  ᠪᠠᠨ ᠰᠠᠨᠠᠪᠠ᠃ ᠵᠥᠪ ᠢᠶᠠᠨ ᠣᠯᠵᠤ ᠵᠦᠭ ᠢᠶᠠᠨ ᠭᠠᠷᠭᠠᠭᠰᠠᠨ ᠢ ᠮᠢᠨᠢ ᠵᠠᠭᠷᠠᠢᠮ᠎ᠠ ᠴᠢᠬᠢ᠎ᠲᠡᠢ᠎ᠯᠡ ᠲᠥᠷᠦᠭᠰᠡᠨ ᠪᠣᠯ ᠰᠣᠨᠤᠰᠤᠭᠰᠠᠨ ᠪᠠᠢᠬᠤ᠃ ᠰᠠᠢᠨ ᠯᠣᠳᠣᠨ ᠢᠶᠠᠨ ᠮᠠᠭᠤ ᠯᠣᠳᠣᠨ ᠢᠶᠠᠷ ᠬᠠᠷᠠᠳᠠᠵᠤ᠂ ᠬᠠᠮᠠᠷ ᠢᠶᠠᠨ ᠬᠡᠴᠡᠭᠦᠦ ᠭᠣᠮᠤᠳᠠᠭᠠᠯ᠎ᠠ ᠭᠡᠳ ᠠᠮᠠ ᠨᠡᠭᠡᠭᠡᠬᠦ ᠠᠴᠠ ᠰᠢᠷᠭᠢᠵᠦ ᠪᠠᠢᠯᠭᠦᠢ᠂ ᠨᠢᠭᠤᠷ ᠤᠨ ᠠᠷᠠᠰᠤ ᠵᠤᠵᠠᠭᠠᠨ ᠢᠶᠠᠷ ᠢᠶᠠᠨ ᠪᠢ ᠳᠤᠭᠤᠢ᠎ᠯᠠ ᠣᠴᠢᠶ᠎ᠠ ! ᠬᠡᠳᠦᠨ ᠰᠠᠢᠬᠠᠨ ᠦᠭᠡ ᠰᠣᠨᠤᠰᠪᠠᠯ ᠬᠠᠭᠤᠴᠢᠨ ᠨᠠᠢᠷ ᠰᠡᠷᠭᠦᠵᠦ ᠪᠣᠯᠬᠤ ᠶᠠᠭᠤ ᠮᠠᠭᠠᠳ! ᠭᠡᠵᠦ ᠪᠣᠳᠤᠭᠠᠳ ᠬᠠᠮᠠᠷ ᠯᠣᠳᠣᠨ ᠬᠣᠷᠭᠤ ᠶᠢᠨ ᠢᠷᠤᠭᠠᠷ ᠡᠴᠡ ᠪᠠᠨ ᠨᠣᠭᠤᠭᠠᠨ ᠳᠤᠷᠳᠤᠩ ᠠᠯᠴᠢᠭᠤᠷ ᠠᠪᠴᠤ ᠡᠪᠦᠷᠯᠡᠭᠡᠳ᠂ ᠰᠢᠷ᠎ᠠ ᠪᠦᠷᠦᠢ ᠶᠢ ᠵᠠᠪᠳᠤᠨ ᠣᠪᠤᠭᠠᠨ ᠠᠷᠤ ᠶᠢ ᠰᠡᠮ ᠴᠢᠭᠯᠡᠪᠡ᠃
  ᠵᠠᠯᠠᠭᠤ ᠴᠢᠪᠠᠭᠠᠨᠴᠠ ᠲᠡᠭᠦᠨ ᠢ ᠦᠵᠡᠭᠡᠳ ᠭᠢᠯᠠᠪ ᠴᠢᠯᠡᠪ ᠬᠢᠭᠰᠡᠨ ᠦᠭᠡᠢ ᠪᠣᠯᠪᠠᠴᠤ ᠠᠶ᠎ᠠ ᠪᠡᠷ ᠳᠡᠮᠡᠢ᠎ᠯᠡ ᠪᠠᠢᠨ᠎ᠠ᠂ ᠵᠤᠤᠮᠠᠯᠵᠠᠨ ᠢᠨᠢᠶᠡᠭᠰᠡᠭᠡᠷ ᠬᠠᠮᠠᠷ ᠯᠣᠳᠣᠨ ᠲᠠᠢ ᠪᠢᠰᠢ ᠬᠠᠷᠢᠨ ᠬᠣᠷᠯᠣ ᠡᠪᠦᠭᠡᠨ ᠦ ᠬᠥᠯᠦᠰᠦᠯᠡᠭᠰᠡᠨ ᠬᠡᠯᠡᠭᠡᠢ ᠬᠣᠨᠢᠴᠢᠨ ᠲᠠᠢ ᠪᠡᠷᠬᠡ ᠶᠠᠭᠤᠮ᠎ᠠ ᠪᠣᠯᠤᠨ᠎ᠠ᠃
  《ᠬᠠᠭᠵᠠᠷᠬᠠᠢ ᠭᠤᠲᠤᠯ ᠢ ᠴᠢᠨᠢ ᠬᠡᠳᠦᠢᠨ ᠲᠣᠪᠬᠢᠭᠠᠳ ᠲᠠᠯᠪᠢᠭᠰᠠᠨ᠂ ᠠᠪᠠᠴᠢᠬᠤ ᠪᠡᠷ ᠢᠷᠡᠬᠦ ᠦᠭᠡᠢ ᠨᠢ ᠶᠠᠭᠤ ᠪᠤᠢ? ᠪᠢ ᠴᠢᠮᠠᠢ ᠪᠡᠷᠬᠡ ᠬᠠᠷᠠᠯ᠎ᠠ ᠰᠢᠤ᠃ ᠶᠠᠭᠤ ᠴᠤ᠌ ᠭᠠᠢᠭᠤᠢ᠂ ᠥᠨᠥ ᠬᠡᠳᠦᠨ ᠬᠣᠨᠢ  ᠪᠠᠨ᠎ᠯᠠ!》 ᠭᠡᠵᠦ ᠵᠠᠯᠠᠭᠤ ᠴᠢᠪᠠᠭᠠᠨᠴᠠ ᠪᠢᠲᠡᠭᠦᠦ ᠬᠠᠲᠠᠭᠤ ᠦᠭᠡ ᠪᠠᠷ  ᠬᠡᠯᠡᠭᠡᠢ ᠬᠣᠨᠢᠴᠢᠨ ᠢ ᠪᠠᠶᠠᠷᠯᠠᠭᠤᠯᠵᠤ᠂ ᠥᠷᠦᠮ᠎ᠡ ᠬᠤᠷᠤᠳ ᠢᠶᠠᠨ ᠠᠶᠠᠭ᠎ᠠ ᠳᠦᠭᠦᠷᠡᠩ ᠬᠥᠰᠭᠦᠯᠡᠵᠦ ᠥᠭᠭᠦᠭᠡᠳ᠂ ᠬᠠᠮᠠᠷ ᠯᠣᠳᠣᠨ ᠳᠦ ᠬᠠᠷᠢᠨ ᠬᠣᠭᠤᠰᠤᠨ ᠴᠠᠢ ᠪᠡᠷ ᠭᠡᠳᠡᠰᠦ ᠶᠢ ᠨᠢ ᠵᠠᠢᠯᠤᠭᠤᠯᠤᠭᠰᠠᠨ ᠢ ᠶᠠᠭᠠᠬᠢᠨ᠎ᠠ᠃
  ᠤᠷᠢᠳᠤ ᠵᠠᠭᠷᠠᠢᠮ᠎ᠠ ᠶᠢᠨ ᠶᠠᠭᠠᠬᠢᠬᠤ ᠨᠢ ᠴᠤ᠌ ᠰᠠᠢᠬᠠᠨ ᠪᠠᠢᠭᠰᠠᠨ ᠶᠤᠮ ᠃ ᠣᠳᠣ ᠬᠠᠷᠢᠨ ᠢᠨᠢᠶᠡᠬᠦ ᠨᠢ ᠴᠤ᠌ ᠮᠠᠭᠤᠬᠠᠢ ᠪᠣᠯᠵᠠᠢ᠃ ᠬᠠᠮᠠᠷ ᠯᠣᠳᠣᠨ ᠬᠠᠮᠠᠷ ᠢᠶᠠᠨ ᠴᠡᠨᠳᠡᠢᠯᠭᠡᠵᠦ᠂ ᠬᠠᠭᠠᠰ  ᠠᠶᠠᠭ᠎ᠠ ᠲᠠᠢ ᠶᠢ ᠲᠤᠯᠭ᠎ᠠ ᠤᠷᠤᠭᠤ ᠴᠠᠷᠳᠠᠭᠠᠳ᠂ ᠬᠠᠨᠴᠤᠢ ᠰᠠᠵᠢᠨ ᠭᠠᠷᠴᠤ ᠶᠠᠪᠤᠵᠠᠢ᠃ ᠲᠡᠭᠦᠨ  ᠡᠴᠡ ᠬᠣᠢᠰᠢ ᠵᠠᠯᠠᠭᠤ ᠴᠢᠪᠠᠭᠠᠨᠴᠠ ᠶᠢ ᠬᠠᠶᠠᠨ ᠳᠦ ᠨᠢ ᠬᠠᠶᠠᠵᠤ ᠣᠪᠤᠭᠠᠨ ᠠᠷᠤ ᠶᠢ ᠬᠠᠪᠢᠳᠠᠭᠰᠠᠨ ᠦᠭᠡᠢ ᠨᠠᠮᠤᠷ ᠢ ᠠᠪᠴᠢᠷᠠᠪᠠ᠃
  ᠯᠣᠳᠣᠨ ᠳᠦ ᠯᠣᠳᠣᠨ ᠤ ᠪᠣᠳᠤᠯ ᠪᠠᠢᠬᠤ ᠳᠦ ᠴᠢᠪᠠᠭᠠᠨᠴᠠ ᠳᠦ ᠪᠠᠰᠠ ᠴᠢᠪᠠᠭᠠᠨᠴᠠ ᠶᠢᠨ ᠠᠭᠠᠰᠢ ᠪᠤᠢ᠃ ᠥᠪᠡᠷ ᠤᠨ ᠮᠠᠭᠤ  ᠳᠤ  ᠪᠠᠨ ᠨᠢᠭᠤᠷ ᠢᠶᠠᠨ ᠪᠠᠷᠠᠴᠢᠬᠠᠭᠠᠳ ᠨᠠᠳᠠ ᠲᠠᠢ ᠤᠴᠢᠷ ᠦᠭᠡᠢ ᠥᠷᠢᠰᠦᠯᠳᠦᠬᠦ ᠶᠠᠭᠤ ᠪᠠᠢᠬᠤᠪ? ᠬᠦᠷᠦᠭᠡᠳ ᠢᠷᠡᠪᠡᠯ ᠪᠢ ᠴᠠᠭᠠᠰᠢ ᠭᠡᠬᠦ ᠦᠭᠡᠢ᠂ ᠢᠷᠡᠬᠦ ᠦᠭᠡᠢ ᠭᠡᠳ ᠪᠢ ᠯᠠᠪ ᠨᠠᠭᠠᠰᠢ ᠭᠡᠬᠦ ᠦᠭᠡᠢ᠂ ᠴᠢᠮ᠎ᠠ ᠲᠠᠢ ᠴᠢᠮ᠎ᠠ ᠦᠭᠡᠢ᠂ ᠨᠠᠳᠠ ᠡᠮᠲᠡᠷᠡᠵᠦ ᠬᠣᠬᠢᠷᠠᠬᠤ ᠵᠦᠢᠯ ᠨᠢᠭᠡ ᠴᠤ᠌ ᠦᠭᠡᠢ! ᠭᠡᠵᠦ ᠵᠠᠭᠷᠠᠢᠮ᠎ᠠ ᠴᠤ᠌ ᠦᠭᠡᠨ  ᠳᠤ  ᠪᠠᠨ ᠰᠠᠭᠤᠵᠤ᠂ ᠡᠪᠦᠯ ᠢ ᠥᠩᠭᠡᠷᠡᠭᠡᠵᠡᠢ᠃
  ᠵᠠᠯᠠᠭᠤ ᠴᠢᠪᠠᠭᠠᠨᠴᠠ ᠬᠡᠯᠡᠭᠡᠢ ᠬᠣᠨᠢᠴᠢᠨ ᠲᠠᠢ ᠲᠡᠭᠡᠵᠦ ᠰᠦᠷᠡᠬᠡᠢ ᠰᠠᠢᠮᠰᠤᠷᠠᠭᠰᠠᠨ ᠨᠢ ᠵᠥᠪᠬᠡᠨ ᠯᠠ ᠬᠤᠪᠢᠨ ᠤ ᠬᠡᠳᠦᠨ ᠬᠣᠨᠢ  ᠪᠠᠨ ᠠᠯᠳᠠᠵᠤ ᠳᠤᠰᠤᠬᠤ ᠡᠴᠡ ᠬᠢᠴᠢᠶᠡᠭᠰᠡᠨ ᠶᠤᠮ ᠭᠡᠳᠡᠭ ᠢ ᠬᠠᠮᠠᠷ ᠯᠣᠳᠣᠨ ᠬᠡᠵᠢᠶ᠎ᠡ ᠬᠣᠵᠢᠮ ᠨᠢ ᠰᠤᠷᠠᠭᠯᠠᠵᠤ ᠮᠡᠳᠡᠭᠡᠳ᠂ ᠲᠠᠪᠲᠤᠷ ᠦᠭᠡᠢ ᠠᠭᠠᠰᠢᠯᠠᠭᠰᠠᠨ  ᠳᠤ  ᠪᠠᠨ ᠬᠡᠴᠡᠭᠦᠦ ᠭᠡᠮᠰᠢᠵᠡᠢ᠃ ᠬᠡᠳᠦᠨ ᠵᠢᠯ ᠤᠨ ᠡᠮᠦᠨ᠎ᠡ ᠪᠣᠯᠤᠭᠰᠠᠨ ᠪᠣᠯ ᠪᠤᠷᠤᠭᠤ  ᠪᠠᠨ ᠬᠦᠯᠢᠶᠡᠭᠡᠳ ᠣᠴᠢᠬᠤ ᠡᠴᠡ ᠪᠤᠴᠠᠬᠤ ᠦᠭᠡᠢ ᠪᠠᠢᠭᠰᠠᠨ᠃ ᠭᠡᠲᠡᠯ᠎ᠡ ᠬᠢᠯᠠᠷ ᠳᠠᠮᠪᠢ ᠳᠦ ᠪᠡᠶ᠎ᠡ ᠪᠠᠨ ᠵᠢᠮᠡᠯᠡᠭᠡᠳ ᠬᠤᠯᠠᠭᠠᠢ ᠨᠡᠷ᠎ᠡ ᠵᠡᠭᠦᠬᠦ ᠪᠣᠯᠤᠭᠰᠠᠨ ᠳᠤ ᠪᠠᠨ ᠵᠢᠷᠦᠬᠡᠨ ᠳᠦ ᠨᠢ ᠰᠢᠷ᠎ᠠ ᠤᠰᠤ ᠴᠤᠭᠯᠠᠭᠠᠳ ᠬᠠᠰᠢᠯᠠ ᠣᠴᠢᠬᠤ ᠦᠭᠡᠢ ᠨᠢ ᠳᠡᠭᠡᠷ᠎ᠡ ᠭᠡᠵᠦ ᠪᠣᠳᠤᠭᠰᠠᠭᠠᠷ ᠵᠤᠨ ᠢᠶᠠᠨ ᠪᠠᠷᠠᠯᠠᠪᠠ᠃
 
    ᠮᠣᠷᠢᠨ ᠳᠡᠯ ᠳᠡᠭᠡᠭᠦᠷ ᠶᠠᠭᠠᠷᠠᠵᠤ ᠶᠠᠪᠤᠨ᠎ᠠ᠃ ᠣᠳᠣ ᠴᠤ᠌ ᠨᠢᠭᠡ ᠶᠠᠩᠵᠤ ᠪᠣᠯᠬᠤ ᠭᠡᠵᠦ ᠪᠠᠢᠨ᠎ᠠ!
  ᠨᠢᠭᠡᠳᠦᠯ ᠪᠠᠢᠭᠤᠯᠤᠭᠳᠠᠭᠠᠳ ᠬᠡᠳᠦᠨ ᠵᠢᠯ ᠪᠣᠯᠤᠯ᠎ᠠ᠃ ᠴᠢᠪᠠᠭᠠᠨᠴᠠ ᠲᠠᠢ ᠬᠥᠨᠳᠡᠢᠷᠡᠭᠰᠡᠨ  ᠳᠤ  ᠪᠠᠨ ᠬᠠᠮᠠᠷ ᠯᠣᠳᠣᠨ ᠪᠤᠳᠤᠭ ᠨᠢ ᠬᠣᠪᠬᠤᠷᠠᠬᠠᠢ ᠠᠪᠳᠠᠷ᠎ᠠ  ᠪᠠᠨ ᠰᠢᠨᠡᠳᠭᠡᠵᠦ ᠵᠠᠰᠠᠬᠤ ᠶᠢ ᠪᠣᠳᠤᠭᠰᠠᠨ ᠦᠭᠡᠢ᠂ ᠥᠩᠭᠡ ᠭᠠᠷᠲᠠᠯ᠎ᠠ ᠵᠦᠯᠭᠦᠬᠦ ᠪᠠᠨ ᠴᠤ᠌ ᠪᠣᠯᠢᠪᠠ᠃
  ᠲᠡᠭᠦᠨ ᠦ ᠠᠮᠢᠳᠤᠷᠠᠯ ᠤᠨ ᠡᠷᠢᠯ ᠬᠦᠰᠡᠯ ᠨᠢ ᠠᠪᠳᠠᠷ᠎ᠠ ᠶᠢᠨ ᠨᠢᠭᠤᠷ ᠲᠠᠢ  ᠪᠠᠨ ᠠᠳᠠᠯᠢᠬᠠᠨ ᠬᠣᠪᠬᠤᠷᠠᠵᠤ ᠡᠮᠲᠡᠷᠡᠭᠰᠡᠨ ᠪᠣᠯᠤᠯᠲᠠᠢ᠃ ᠠᠢ ᠳ᠋ᠠ ! ᠴᠢᠪᠠᠭᠠᠨᠴᠠ ᠬᠥᠮᠦᠨ ᠬᠠᠨᠠᠰᠠ ᠨᠠᠳᠠ ᠲᠠᠢ ᠨᠢᠭᠡ ᠰᠡᠳᠭᠢᠯ ᠪᠠᠢᠬᠤ ᠪᠣᠢ ? ᠬᠠᠮᠠᠷ ᠯᠣᠳᠣᠨ ᠪᠢ ᠰᠣᠷᠲᠤᠭᠤ ᠯᠠᠷᠵᠢᠶ᠎ᠠ ᠲᠠᠢ ᠶᠠᠪᠤᠵᠤ ᠴᠢᠪᠠᠭᠠᠨᠴᠠ ᠶᠢᠨ ᠠᠲᠠᠭ᠎ᠠ ᠶᠢ ᠪᠤᠴᠠᠯᠭᠠᠶ᠎ᠠ!
  ᠲᠡᠭᠦᠨ ᠡᠴᠡ ᠬᠣᠢᠰᠢ ᠬᠠᠮᠠᠷ ᠯᠣᠳᠣᠨ ᠨᠡᠢᠲᠡ ᠶᠢᠨ ᠴᠤ᠌ ᠪᠣᠯᠤᠭ ᠬᠤᠪᠢᠨ ᠤ ᠴᠤ᠌ ᠪᠣᠯᠤᠭ᠂ ᠬᠠᠮᠢᠭ᠎ᠠ ᠪᠣᠯ ᠲᠡᠨᠳᠡ ᠮᠣᠳᠤ ᠲᠠᠢ ᠨᠣᠴᠤᠯᠳᠤᠭᠠᠳ ᠮᠠᠬᠠᠷᠠᠳᠠᠭ ᠪᠣᠯᠪᠠᠴᠤ ᠵᠠᠩ ᠨᠢ ᠶᠠᠪᠤᠬᠤ ᠲᠤᠰᠤᠮ ᠰᠣᠨᠢᠨ ᠪᠣᠯᠵᠠᠢ᠃
  ᠬᠠᠩᠰᠢ ᠥᠩᠭᠡᠷᠡᠵᠦ ᠮᠠᠯ ᠴᠠᠳᠤᠭᠠᠳ ᠪᠠᠢᠬᠤ ᠳᠦ ᠪᠠᠷᠢᠭᠠᠳᠠ ᠡᠴᠡ ᠬᠥᠮᠦᠨ ᠢᠷᠡᠭᠦᠯᠵᠦ᠂ 《ᠨᠢᠭᠡᠳᠦᠯ ᠳᠡᠭᠡᠷ᠎ᠡ ᠮᠣᠳᠤᠨ ᠤ ᠠᠵᠢᠯ ᠲᠠᠢ》 ᠭᠡᠰᠡᠨ ᠦᠭᠡ ᠥᠭᠴᠡᠢ᠃ ᠬᠠᠮᠠᠷ ᠯᠣᠳᠣᠨ ᠤ ᠬᠠᠮᠠᠷ ᠨᠢ ᠴᠡᠨᠳᠡᠢᠭᠰᠡᠨ ᠦᠭᠡᠢ ᠮᠥᠷᠲᠡᠭᠡᠨ ᠮᠠᠭᠠᠰᠠᠢᠭᠠᠳ ᠢᠨᠢᠶᠡᠴᠢᠬᠡᠪᠡ᠃ ᠬᠠᠮᠠᠷ ᠯᠣᠳᠣᠨ ᠣᠳᠣ ᠴᠤ᠌ ᠨᠢᠭᠡ ᠥᠪᠴᠢᠬᠦ ᠴᠠᠭ ᠪᠣᠯᠵᠠᠢ ᠳ᠋ᠠ ! ᠰᠤᠮᠤᠨ ᠳᠠᠷᠤᠭ᠎ᠠ ᠬᠦᠷᠲᠡᠯ᠎ᠡ ᠬᠠᠮᠠᠷ ᠨᠠᠮᠠᠢ ᠪᠡᠷᠬᠡ ᠲᠣᠭᠤᠭᠰᠠᠨ ᠢ ᠦᠵᠡᠬᠦ ᠦᠭᠡᠢ ᠦᠦ ? ᠡᠭᠦᠷ ᠤᠨ ᠳᠠᠷᠤᠭ᠎ᠠ ᠴᠤ᠌ ᠰᠠᠨᠳᠤᠷᠤᠭᠰᠠᠨ ᠲᠥᠯᠦᠪᠲᠡᠢ ᠯᠠᠪ ᠴᠢᠬᠤᠯᠠ ᠠᠵᠢᠯ ᠲᠠᠢ ᠪᠠᠢᠬᠤ! ᠢᠷᠭᠡ ᠶᠢᠨ ᠰᠢᠭᠦᠰᠦ ᠲᠠᠯᠪᠢᠳᠠᠭ ᠠᠮᠠ ᠰᠢᠷᠡᠭᠡ ᠬᠢᠯᠭᠡᠬᠦ ᠭᠡᠵᠦ ᠪᠠᠢᠬᠤ ᠪᠣᠯ ᠤᠤ? ᠶᠠᠮᠤᠨ ᠣᠷᠳᠤᠨ ᠤ ᠨᠣᠶᠠᠨ ᠨᠢᠷᠤᠭᠤ ᠠᠮᠠᠯᠠᠭᠤᠯᠬᠤ ᠭᠡᠵᠦ ᠪᠠᠢᠬᠤ ᠪᠣᠯ ᠤᠤ? ᠁ ᠭᠡᠵᠦ ᠪᠣᠳᠤᠮᠠᠭᠴᠠ ᠪᠡᠷᠬᠡ ᠯᠡ ᠬᠥᠩᠭᠡᠨ ᠱᠥᠩᠭᠡᠨ ᠬᠥᠳᠡᠯᠦᠭᠡᠳ ᠥᠭᠴᠡᠢ᠃
  ᠵᠠᠮ  ᠳᠤ  ᠪᠠᠨ ᠲᠡᠷᠭᠡ ᠭᠡᠯᠢᠵᠦ ᠶᠠᠪᠤᠭ᠎ᠠ ᠲᠠᠨᠢᠬᠤ ᠦᠭᠡᠢ ᠵᠢᠭᠠᠯ ᠬᠦᠦ᠎ᠲᠡᠢ ᠲᠠᠭᠠᠷᠠᠯᠳᠤᠵᠤ ᠪᠠᠭᠠᠵᠢ  ᠪᠠᠨ ᠭᠤᠶᠤᠵᠤ ᠲᠠᠯᠪᠢᠪᠠ᠃ ᠠᠷᠠᠯ ᠤᠨ ᠱᠠᠷ ᠤᠨ ᠭᠡᠯᠳᠦᠷᠢᠭᠡ ᠶᠢ ᠳᠠᠭᠠᠵᠤ ᠪᠠᠢᠲᠠᠯ᠎ᠠ ᠨᠣᠭᠤᠭ᠎ᠠ ᠬᠥᠭᠡᠭᠡᠭᠰᠡᠨ ᠬᠣᠨᠢ  ᠪᠠᠨ ᠳᠠᠷᠤᠵᠤ ᠶᠠᠪᠤᠭ᠎ᠠ ᠬᠡᠯᠡᠭᠡᠢ ᠬᠣᠨᠢᠴᠢᠨ ᠲᠠᠢ ᠬᠠᠯᠵᠠ ᠲᠠᠭᠠᠷᠠᠯᠳᠤᠪᠠ᠃ ᠬᠠᠮᠠᠷ ᠯᠣᠳᠣᠨ ᠰᠣᠴᠢᠭᠰᠠᠨ ᠬᠦᠴᠦᠨ  ᠳᠤ  ᠪᠠᠨ ᠲᠡᠷᠭᠡ ᠶᠢ ᠣᠩᠬᠤᠯᠢᠳᠠᠲᠠᠯ᠎ᠠ ᠦᠰᠦᠷᠴᠦ ᠭᠠᠷᠤᠭᠠᠳ ᠯᠠᠭ ᠬᠢᠲᠡᠯ᠎ᠡ ᠵᠠᠪᠢᠯᠠᠵᠠᠢ᠃
  《ᠬᠠᠮᠠᠷ ᠠᠬ᠎ᠠ ᠬᠠᠮᠢᠭ᠎ᠠ ᠬᠦᠷᠦᠨ᠎ᠡ ᠪᠤᠢ?》
  《ᠡᠨᠡ᠂ ᠡᠨᠡ ᠁ ᠪᠢ ᠁ ᠰᠤᠮᠤᠨ ᠳᠠᠷᠤᠭ᠎ᠠ ᠵᠠᠯᠠᠯᠭ᠎ᠠ ᠠᠢᠯᠠᠳᠤᠭᠰᠠᠨ ᠲᠤᠯᠠ ᠨᠠᠢᠷ ᠲᠤ ᠣᠴᠢᠵᠤ ᠶᠠᠪᠤᠨ᠎ᠠ᠃ ᠥᠴᠦᠭᠡᠳᠦᠷ ᠡᠭᠦᠷ ᠤᠨ ᠳᠠᠷᠤᠭ᠎ᠠ ᠨᠠᠮᠠᠢ ᠵᠠᠯᠠᠭᠠᠳ ᠥᠨᠥᠳᠦᠷ ᠰᠤᠮᠤᠨ ᠳᠠᠷᠤᠭ᠎ᠠ ᠪᠠᠰᠠ ᠬᠦᠦ ᠪᠠᠷ ᠢᠶᠠᠨ ᠲᠡᠷᠭᠡ ᠬᠥᠲᠦᠯᠦᠭᠦᠯᠦᠭᠡᠳ ᠢᠷᠡᠭᠦᠯᠴᠢᠬᠡᠵᠡᠢ᠃ ᠠᠢ᠂ ᠣᠴᠢᠶ᠎ᠠ ᠳ᠋ᠠ ᠣᠴᠢᠶ᠎ᠠ ᠁》
  ᠬᠠᠮᠠᠷ ᠯᠣᠳᠣᠨ ᠢᠩᠭᠢᠵᠦ ᠣᠷᠤ ᠦᠭᠡᠢ ᠭᠠᠵᠠᠷ ᠣᠪᠤᠭ᠎ᠠ ᠪᠣᠰᠭᠠᠭᠰᠠᠨ ᠪᠣᠯᠪᠠᠴᠤ ᠢᠴᠢᠵᠦ ᠵᠣᠪᠠᠭᠰᠠᠨ ᠦᠭᠡᠢ ᠮᠥᠷᠲᠡᠭᠡᠨ ᠭᠡᠳᠡᠷᠭᠦ ᠪᠠᠶᠠᠷᠯᠠᠴᠢᠬᠠᠪᠠ᠃ ᠡᠨᠡ ᠦᠭᠡ ᠶᠢ ᠬᠡᠯᠡᠭᠡᠢ ᠬᠣᠨᠢᠴᠢᠨ ᠴᠢᠪᠠᠭᠠᠨᠴᠠ ᠶᠢᠨ ᠴᠢᠬᠢᠨ ᠳᠦ ᠬᠦᠷᠭᠡᠬᠦ ᠳᠦ ᠬᠦᠷᠪᠡᠯ ᠲᠡᠷᠡ ᠶᠠᠭᠠᠬᠢᠵᠤ ᠠᠲᠠᠭᠠᠷᠬᠠᠬᠤ ᠪᠣᠯ? ᠪᠠᠷᠤᠭ ᠬᠡᠷᠡᠮ ᠮᠥᠷᠭᠦᠭᠡᠳ ᠦᠬᠦᠬᠦ ᠪᠠᠢᠬᠤ ᠡ!
  ᠨᠢᠭᠡᠳᠦᠯ ᠳᠡᠭᠡᠷ᠎ᠡ ᠬᠡᠳᠦ ᠬᠣᠨᠤᠬᠤ ᠵᠠᠭᠤᠷ᠎ᠠ᠂ ᠠᠯᠪᠠᠨ ᠭᠡᠷ ᠲᠤ ᠶᠠᠷᠢᠯᠳᠤᠬᠤ ᠳᠠᠭᠤᠨ ᠭᠠᠷᠴᠤ᠎ᠯᠠ ᠪᠠᠢᠪᠠᠯ ᠬᠠᠮᠠᠷ ᠯᠣᠳᠣᠨ ᠭᠠᠷ ᠲᠠᠬᠢ  ᠪᠠᠨ ᠬᠠᠶᠠᠭᠠᠳ ᠴᠣᠩᠬᠤᠨ ᠳᠣᠣᠷ᠎ᠠ ᠨᠢ ᠣᠴᠢᠵᠤ ᠴᠢᠬᠢ ᠲᠠᠯᠪᠢᠵᠤ ᠎ᠯᠠ ᠪᠠᠢᠯ᠎ᠠ᠃ ᠭᠡᠪᠡᠴᠦ ᠲᠡᠷᠡ ᠪᠣᠯᠭᠠᠨ ᠤ ᠤᠬᠠᠭᠠᠨ ᠢ ᠨᠢ ᠶᠡᠷᠦ ᠣᠯᠬᠤ ᠦᠭᠡᠢ᠂ ᠲᠣᠭᠲᠠᠭᠠᠵᠤ ᠠᠪᠬᠤ ᠣᠢ ᠲᠣᠢ ᠨᠡᠩ ᠦᠭᠡᠢ᠃ ᠠᠷᠪᠠᠭᠠᠳ ᠬᠣᠨᠣᠭ  ᠲᠤ ᠵᠥᠪᠬᠡᠨ ᠯᠠ: 《᠁ ᠮᠣᠷᠢᠨ ᠳᠡᠯ ᠳᠡᠭᠡᠭᠦᠷ ᠶᠠᠭᠠᠷᠠᠵᠤ ᠶᠠᠪᠤᠨ᠎ᠠ᠃ ᠣᠳᠣ ᠴᠤ᠌ ᠨᠢᠭᠡ ᠶᠠᠩᠵᠤ ᠪᠣᠯᠬᠤ ᠭᠡᠵᠦ ᠪᠠᠢᠨ᠎ᠠ》
  ᠭᠡᠰᠡᠨ ᠬᠠᠭᠠᠰ ᠳᠤᠲᠠᠭᠤ ᠦᠭᠡ ᠶᠢ ᠨᠢ᠎ᠯᠡ ᠣᠯᠵᠤ ᠴᠡᠭᠡᠵᠢᠯᠡᠭᠰᠡᠨ ᠢ ᠶᠠᠭᠠᠮᠠᠢ᠃ ᠬᠠᠮᠠᠷ ᠯᠣᠳᠣᠨ ᠨᠢᠭᠡᠳᠦᠯ ᠤᠨ ᠳᠠᠷᠤᠭ᠎ᠠ ᠳᠦ ᠡᠷᠳᠡᠮ ᠢᠶᠠᠨ ᠭᠠᠢᠬᠠᠭᠤᠯᠵᠤ ᠨᠢᠭᠤᠷ ᠣᠯᠬᠤ ᠰᠠᠨᠠᠭᠠᠲᠠᠢ᠃ 《ᠬᠡᠷᠡᠭ ᠦᠭᠡᠢ》 ᠭᠡᠵᠦ ᠪᠠᠢᠲᠠᠯ᠎ᠠ ᠮᠣᠳᠤᠨ ᠣᠷᠤ ᠬᠢᠬᠦ  ᠳᠤ  ᠪᠠᠨ ᠳᠥᠷᠪᠡᠨ ᠲᠠᠯ᠎ᠠ ᠳᠦ ᠨᠢ ᠢᠯᠡᠭᠦᠴᠡ ᠬᠠᠰᠢᠯᠭ᠎ᠠ ᠲᠠᠭᠠᠷᠠᠭᠤᠯᠵᠤ ᠥᠭᠴᠡᠢ᠃ ᠨᠢᠭᠡᠳᠦᠯ ᠤᠨ ᠳᠠᠷᠤᠭ᠎ᠠ ᠬᠥᠮᠦᠰᠭᠡ ᠪᠠᠨ ᠵᠠᠩᠭᠢᠳᠴᠤ ᠠᠪᠤᠭᠠᠳ ᠲᠡᠭᠦᠨ ᠢ ᠭᠡᠷ ᠲᠤ ᠨᠢ ᠪᠤᠴᠠᠭᠠᠭᠰᠠᠨ ᠳᠦ᠂ ᠠᠶ᠎ᠠ! ᠬᠠᠮᠠᠷ ᠨᠠᠮᠠᠢ ᠥᠩᠭᠡᠷᠡᠦ ᠵᠦᠳᠡᠷᠡᠬᠦ ᠠᠴᠠ ᠬᠢᠴᠢᠶᠡᠭᠡᠳ ᠪᠤᠰᠤᠳ ᠡᠴᠡ ᠡᠮᠦᠨ᠎ᠡ ᠴᠢᠯᠦᠭᠡ ᠥᠭᠴᠢᠬᠡᠯ᠎ᠡ ᠰᠢᠦ ᠭᠡᠵᠦ ᠪᠠᠶᠠᠷᠯᠠᠭᠰᠠᠨ ᠢ ᠶᠠᠭᠠᠬᠢᠨ᠎ᠠ᠃
  ᠬᠡᠯᠡᠭᠡᠢ ᠬᠣᠨᠢᠴᠢᠨ ᠴᠢᠪᠠᠭᠠᠨᠴᠠ ᠶᠢᠨ ᠳᠦ ᠣᠴᠢᠭᠠᠳᠤᠢ ᠶᠢ ᠰᠤᠷᠠᠭᠯᠠᠵᠤ ᠮᠡᠳᠡᠭᠡᠳ ᠬᠠᠮᠠᠷ ᠯᠣᠳᠣᠨ ᠰᠢᠷ᠎ᠠ ᠪᠦᠷᠦᠢ ᠪᠠᠷ  ᠬᠡᠯᠡᠭᠡᠢ ᠬᠣᠨᠢᠴᠢᠨ ᠲᠠᠢ ᠠᠭᠤᠯᠵᠠᠬᠤ ᠪᠡᠷ ᠬᠦᠷᠴᠡᠢ᠃ 《ᠵᠠ᠂ ᠬᠠᠮᠠᠷ ᠠᠬ᠎ᠠ ᠬᠡᠳᠦᠨ ᠬᠣᠨᠣᠭ ᠢᠶᠠᠷ ᠨᠢᠭᠡᠳᠦᠯ ᠳᠡᠭᠡᠷ᠎ᠡ ᠰᠠᠭᠤᠭᠠᠳ ᠨᠠᠢᠷ ᠥᠨᠳᠦᠷ ᠪᠣᠯᠤᠭᠰᠠᠨ ᠪᠢᠵᠡ?》
  《ᠬᠡᠯᠡᠳᠡᠭ ᠦᠦ  ᠳ᠋ᠠ᠂ ᠡᠷᠢᠨ ᠡᠷᠢᠨ ᠳᠦ ᠳᠤᠮᠳᠠ  ᠪᠠᠨ ᠭᠠᠯ ᠲᠠᠢ᠂ ᠲᠣᠭᠤᠷᠢᠭᠠᠳ ᠱᠥᠯᠦ᠎ᠲᠡᠢ ᠬᠣᠭᠤᠯᠠ! ᠰᠤᠮᠤᠨ ᠳᠠᠷᠤᠭ᠎ᠠ᠂ ᠡᠭᠦᠷ ᠤᠨ ᠳᠠᠷᠤᠭ᠎ᠠ ᠮᠠᠨ ᠤ ᠭᠤᠷᠪᠠ ᠵᠥᠪᠳᠡᠯᠴᠡᠭᠡᠳ ᠁》
  《ᠶᠠᠭᠤ ᠭᠡᠵᠦ ?》
  《᠁ ᠮᠣᠷᠢᠨ ᠳᠡᠯ ᠳᠡᠭᠡᠭᠦᠷ ᠶᠠᠭᠠᠷᠠᠵᠤ ᠶᠠᠪᠤᠨ᠎ᠠ᠃ ᠣᠳᠣ ᠴᠤ᠌ ᠨᠢᠭᠡ ᠶᠠᠩᠵᠤ ᠪᠣᠯᠬᠤ ᠭᠡᠵᠦ ᠪᠠᠢᠨ᠎ᠠ!》
  《ᠶᠠᠮᠠᠷ ᠶᠠᠩᠵᠤ ᠪᠣᠯᠬᠤ ᠭᠡᠨ᠎ᠡ ᠪᠤᠢ?》
ᠴᠣᠬᠤᠮ ᠶᠠᠮᠠᠷ ᠶᠠᠩᠵᠤ ᠪᠣᠯᠬᠤ ᠶᠢ ᠬᠠᠮᠠᠷ ᠯᠣᠳᠣᠨ ᠥᠪᠡᠷ ᠢᠶᠠᠨ ᠴᠤ᠌ ᠫᠠᠳ ᠲᠤᠯᠠ ᠬᠡᠯᠡᠭᠡᠢ ᠠᠴᠠ ᠢᠯᠡᠭᠦᠦ ᠢᠯᠠᠭᠠᠢ ᠪᠣᠯᠵᠤ:
  《ᠡᠨᠡ ᠁ ᠲᠡᠢᠮᠦ ᠶᠠᠩᠵᠤ ᠁ ᠮᠣᠷᠢᠨ ᠳᠡᠯ ᠳᠡᠭᠡᠭᠦᠷ ᠁ ᠶᠠᠭᠤ ᠴᠤ᠌ ᠭᠡᠰᠡᠨ ᠴᠢᠪᠠᠭᠠᠨᠴᠠ᠂ ᠬᠡᠯᠡᠭᠡᠢ  ᠤᠯᠤᠰ  ᠤᠳ᠎ᠯᠠ ᠬᠡᠴᠡᠭᠦᠦ ᠭᠡᠨ᠎ᠡ ᠳ᠋ᠠ !》 ᠭᠡᠵᠦ ᠲᠠᠪᠠ ᠪᠡᠷ ᠢᠶᠠᠨ ᠠᠢᠯᠠᠳᠤᠭᠠᠳ᠂ ᠰᠡᠩᠳᠡ ᠮᠡᠩᠳᠡ ᠵᠢᠯᠢᠢᠵᠦ ᠣᠷᠬᠢᠵᠠᠢ᠃
  ᠡᠨᠡ ᠨᠢ ᠨᠡᠭᠡᠷᠡᠨ ᠲᠤᠰᠠ ᠭᠠᠷᠴᠤ ᠬᠡᠯᠡᠭᠡᠢ ᠬᠣᠨᠢᠴᠢᠨ ᠢ ᠲᠡᠷᠡ ᠮᠥᠷ ᠲᠤ ᠨᠢ ᠠᠪᠤᠭᠠᠳ ᠠᠷᠤ ᠥᠭᠡᠳᠡ ᠭᠦᠶᠦᠯᠭᠡᠵᠦ ᠴᠢᠳᠠᠵᠠᠢ᠃ ᠤᠤᠬᠠᠢ ᠮᠥᠨ ᠪᠣᠯᠵᠤ ᠪᠠᠢᠨ᠎ᠠ! ᠮᠠᠭᠤ ᠴᠢᠪᠠᠭᠠᠨᠴᠠ ᠰᠦᠨᠡᠰᠦ ᠪᠠᠨ ᠵᠠᠢᠯᠠᠲᠠᠯ᠎ᠠ ᠠᠶᠤᠵᠤ ᠪᠠᠢᠨ᠎ᠠ ᠳ᠋ᠠ᠂ ᠠᠶᠠᠭᠦᠢᠳᠡᠪᠡᠯ 《ᠢᠯᠠᠢ ᠶᠠᠭᠠᠬᠢᠳᠠᠭ ᠪᠢᠯᠡ? ᠠᠷᠭ᠎ᠠ ᠪᠠᠢᠨ᠎ᠠ ᠤᠤ? ᠬᠠᠮᠠᠷ ᠮᠢᠨᠢ ᠡ!》 ᠭᠡᠳ ᠠᠪᠤᠷᠠᠯ ᠭᠤᠶᠤᠬᠤ ᠪᠡᠷ ᠢᠷᠡᠵᠦ ᠮᠡᠳᠡᠨ᠎ᠡ ᠰᠢᠦ!
  ᠬᠠᠮᠠᠷ ᠯᠣᠳᠣᠨ ᠭᠠᠷᠤᠨ ᠣᠷᠤᠨ ᠠᠪᠤᠷᠠᠯ ᠭᠤᠶᠤᠬᠤ ᠬᠥᠮᠦᠨ ᠢᠶᠠᠨ ᠬᠠᠷᠠᠭᠰᠠᠭᠠᠷ ᠪᠣᠯᠪᠠᠴᠤ ᠴᠢᠪᠠᠭᠠᠨᠴᠠ ᠶᠢᠨ ᠪᠠᠷ᠎ᠠ ᠠᠯᠠᠭ᠎ᠠ ᠶᠢ ᠶᠠᠭᠠᠬᠢᠨ᠎ᠠ᠃ ᠨᠣᠬᠠᠢ ᠳᠣᠯᠢᠶᠠ! ᠮᠥᠨ ᠴᠤ᠌ ᠰᠠᠭᠤᠷᠢ ᠲᠠᠢ ᠡᠮ᠎ᠡ ᠪᠠᠢᠨ᠎ᠠ ᠳ᠋ᠠ ! ᠭᠡᠵᠦ ᠬᠠᠮᠠᠷ ᠯᠣᠳᠣᠨ ᠤᠯᠠᠮ ᠠᠲᠠᠭᠠᠷᠬᠠᠵᠠᠢ᠃
    ᠡᠳᠡ ᠴᠢᠨᠢ ᠶᠠᠭᠠᠬᠢᠨ᠎ᠠ ᠭᠡᠪᠡᠯ ᠲᠡᠭᠡᠵᠦ᠂ ᠲᠡᠭᠷᠢ ᠳᠦ ᠭᠠᠷᠬᠤ ᠡᠴᠡ ᠪᠤᠴᠠᠳᠠᠭ ᠦᠭᠡᠢ ᠤᠯᠤᠰ ᠳ᠋ᠠ !
  ᠵᠤᠨ ᠤ ᠰᠡᠭᠦᠯᠴᠢ ᠨᠠᠮᠤᠷ ᠤᠨ ᠡᠬᠢᠨ ᠳᠦ ᠨᠢᠭᠡ ᠡᠳᠦᠷ ᠪᠢᠴᠢᠬᠠᠨ ᠵᠠᠩᠵᠤᠨ ᠨᠠᠷ ᠢ ᠲᠡᠭᠡᠭᠡᠭᠰᠡᠨ ᠨᠣᠭᠤᠭᠠᠨ ᠮᠠᠰᠢᠨ ᠵᠢᠭᠠᠬᠠᠨ ᠰᠦᠮ᠎ᠡ ᠳᠦ ᠬᠤᠪᠢᠰᠭᠠᠯ ᠬᠢᠬᠦ ᠪᠠᠷ  ᠢᠷᠡᠭᠰᠡᠨ ᠣᠨᠴᠠ ᠰᠣᠨᠢᠨ ᠴᠢᠮᠡᠭᠡ ᠳᠤᠭᠤᠯᠳᠠᠪᠠ᠃
  ᠤᠷᠢᠳᠤ ᠬᠠᠮᠠᠷ ᠯᠣᠳᠣᠨ ᠬᠠᠭᠠᠰ ᠰᠥᠨᠢ ᠶᠢᠨ ᠨᠣᠢᠷ ᠢᠶᠠᠨ ᠪᠦᠷᠢᠯᠭᠡᠵᠦ ᠪᠠᠢᠭᠠᠳ ᠬᠤᠭᠤᠷᠴᠢ ᠶᠢᠨ ᠠᠮᠠ ᠪᠡᠷ 《ᠵᠠᠩᠵᠤᠨ ᠮᠣᠷᠳᠠᠭᠤᠯᠵᠤ》 ᠪᠠᠢᠭᠰᠠᠨ ᠪᠢᠯᠡ᠃ 《ᠭᠡᠷᠡᠯ ᠲᠤᠰᠤᠭᠰᠠᠨ ᠭᠡᠭᠡᠨ ᠮᠠᠩᠨᠠᠢ᠂ ᠬᠡᠪᠲᠡᠭᠡ ᠪᠠᠷᠰ ᠤᠨ ᠬᠠᠷ᠎ᠠ ᠬᠥᠮᠦᠰᠭᠡ᠂ ᠨᠠᠮᠤᠷ ᠤᠨ ᠤᠰᠤᠨ ᠮᠣᠢᠯ ᠨᠢᠳᠦ᠂ ᠨᠠᠴᠢᠨ ᠱᠣᠩᠬᠤᠷ ᠤᠨ ᠰᠣᠢᠷ ᠰᠣᠷᠮᠤᠤᠰᠤ》᠂ 《ᠮᠢᠨᠳᠠᠰᠤᠨ ᠬᠤᠶᠠᠭ᠂ ᠮᠥᠩᠭᠦᠨ ᠳᠤᠭᠤᠯᠠᠭ᠎ᠠ᠂ ᠰᠤᠪᠤᠳ ᠤᠨ ᠬᠤᠶᠠᠭ》 ᠁ ᠣᠳᠣ ᠶᠢᠨ ᠵᠠᠩᠵᠤᠨ ᠮᠥᠨ ᠯᠠ ᠡᠢᠮᠦ ᠪᠠᠢᠭ᠎ᠠ ᠳ᠋ᠠ᠂ ᠶᠠᠳᠠᠬᠤ ᠳᠦ 《ᠥᠷᠭᠡᠨ ᠴᠢᠬᠢ ᠮᠥᠷᠦ ᠪᠠᠨ ᠳᠡᠷᠡᠯᠡᠵᠦ᠂ ᠥᠨᠳᠦᠷ ᠮᠥᠴᠢ ᠡᠪᠦᠳᠦᠭ ᠠᠴᠠ ᠢᠯᠡᠭᠦᠳᠡᠭᠰᠡᠨ》 ᠵᠠᠭᠠᠨ ᠵᠠᠭᠠᠨ ᠢᠶᠠᠷ ᠪᠡᠶ᠎ᠡ᠎ᠲᠡᠢ᠎ᠯᠡ ᠪᠠᠢᠬᠤ ᠶᠣᠰᠤᠲᠠᠢ! ᠁ 《ᠬᠦᠨᠳᠦ ᠲᠡᠮᠦᠷ ᠳᠠᠮ ᠢᠯᠳᠦ ᠶᠢ ᠬᠦᠳᠡᠷ ᠭᠠᠷ ᠲᠤ ᠪᠠᠨ ᠪᠠᠷᠢᠭᠠᠳ᠂ ᠬᠦᠯᠦᠭ ᠤᠨ ᠬᠥᠯᠥᠭ ᠦᠨ ᠵᠦᠭ ᠲᠤ  ᠪᠠᠨ ᠬᠦᠷᠴᠦ ᠬᠥᠮᠦᠯᠳᠦᠷᠭᠡ ᠵᠢᠯᠤᠭᠤ ᠰᠤᠭᠰᠤᠷᠤᠭᠠᠳ》 ᠁ 《ᠲᠡᠮᠦᠷ ᠵᠤᠤᠵᠠᠢ ᠶᠠᠩᠭᠢᠨᠠᠭᠤᠯᠵᠤ᠂ ᠳᠥᠷᠦᠭᠡᠨ ᠳᠡᠭᠡᠷ᠎ᠡ ᠪᠠᠨ ᠳᠠᠪ ᠬᠢᠵᠦ》 ᠁ ᠣᠳᠣ ᠶᠢᠨ ᠵᠠᠩᠵᠤᠨ ᠲᠡᠮᠦᠷ ᠢᠯᠳᠦ ᠦᠭᠡᠢ ᠴᠤ᠌ ᠭᠠᠩ ᠫᠤᠤ ᠲᠠᠢ ᠪᠠᠢᠯᠭᠦᠢ᠂ ᠮᠠᠰᠢᠨ ᠳᠡᠭᠡᠷ᠎ᠡ ᠪᠠᠨ ᠳᠠᠪ ᠬᠢᠵᠦ ᠮᠥᠨ ᠴᠤ᠌ ᠵᠢᠪᠬᠤᠭ᠎ᠠ ᠲᠠᠢ ᠪᠠᠢᠯᠭᠦᠢ! ᠪᠠᠰᠠ ᠴᠢᠩᠭᠢᠭᠡᠳ ᠪᠢᠴᠢᠬᠠᠨ ᠭᠡᠨ᠎ᠡ ᠰᠢᠦ᠂ ᠪᠣᠭᠳᠠ ᠴᠢᠩᠭᠢᠰ ᠳᠣᠯᠤᠭᠠᠨ ᠨᠠᠰᠤᠲᠠᠢ ᠳᠠᠢᠨ ᠳᠦ ᠮᠣᠷᠳᠠᠵᠤ᠂ ᠭᠤᠨᠠᠭᠠᠨ ᠤᠯᠠᠭᠠᠨ ᠪᠠᠭᠠᠲᠤᠷ ᠮᠠᠩᠭᠤᠰ ᠢ ᠳᠠᠷᠤᠬᠤ ᠳᠦ ᠭᠤᠷᠪᠠᠬᠠᠨ ᠨᠠᠰᠤᠲᠠᠢ ᠪᠠᠢᠭᠰᠠᠨ ᠳ᠋ᠠᠭ᠂ ᠵᠠᠩᠵᠤᠨ ᠢ ᠪᠢᠴᠢᠬᠠᠨ ᠭᠡᠵᠦ ᠪᠤᠤ᠎ᠯᠠ ᠬᠢᠷᠢᠴᠢᠯᠡᠶ᠎ᠡ᠂ ᠨᠡᠩ ᠴᠤ᠌ ᠨᠣᠭᠤᠭᠠᠨ ᠮᠠᠰᠢᠨ ᠲᠠᠢ ᠵᠠᠩᠵᠤᠨ ᠢ! ᠁
  ᠬᠠᠮᠠᠷ ᠯᠣᠳᠣᠨ ᠪᠣᠳᠤᠬᠤ ᠲᠤᠰᠤᠮ᠂ ᠵᠠᠪ ᠢ ᠠᠯᠳᠠᠵᠤ ᠪᠣᠯᠬᠤ ᠦᠭᠡᠢ ᠭᠡᠵᠦ ᠪᠡᠶ᠎ᠡ ᠪᠠᠨ ᠡᠷᠴᠢᠯᠡᠨ᠎ᠡ᠃ ᠣᠳᠣ ᠨᠢᠳᠦ ᠪᠠᠨ ᠨᠡᠭᠡᠭᠡᠬᠦ ᠦᠭᠡᠢ ᠬᠡᠵᠢᠶ᠎ᠡ ᠨᠢᠳᠦ ᠪᠠᠨ ᠨᠡᠭᠡᠭᠡᠬᠦ ᠪᠤᠢ? ᠬᠠᠮᠠᠷ ᠯᠣᠳᠣᠨ ᠭᠠᠷ ᠲᠠᠬᠢ ᠠᠵᠤ  ᠪᠠᠨ ᠬᠠᠶᠠᠭᠠᠳ ᠬᠠᠮᠤᠭ ᠲᠡᠩᠬᠡᠭᠡ ᠪᠠᠷ  ᠢᠶᠠᠨ ᠵᠢᠭᠠᠬᠠᠨ ᠰᠦᠮ᠎ᠡ ᠥᠭᠡᠳᠡ ᠭᠦᠶᠦᠬᠦ  ᠳᠤ  ᠪᠠᠨ ᠲᠡᠷᠯᠢᠭ ᠢᠶᠠᠨ ᠴᠤ᠌ ᠡᠮᠦᠰᠬᠦ ᠪᠠᠨ ᠮᠠᠷᠲᠠᠴᠢᠬᠠᠵᠠᠢ᠃
  ᠯᠣᠳᠣᠨ ᠵᠢᠭᠠᠬᠠᠨ ᠰᠦᠮ᠎ᠡ ᠳᠦ ᠣᠢᠷᠠᠳᠲᠠᠯ᠎ᠠ ᠭᠠᠨᠵᠢᠷ᠎ᠠ ᠶᠢᠨ ᠣᠷᠤᠨ ᠳᠦ ᠬᠠᠳᠭᠤᠭᠳᠠᠭᠰᠠᠨ ᠰᠢᠷ᠎ᠠ ᠦᠰᠦᠭ ᠲᠠᠢ ᠤᠯᠠᠭᠠᠨ ᠳᠤᠭ ᠲᠡᠭᠦᠨ ᠢ ᠤᠷᠢᠶᠠᠯᠠᠨ ᠳᠠᠯᠠᠯᠤᠭᠰᠠᠨ ᠳᠦ ᠬᠠᠷ᠎ᠠ ᠬᠤᠷᠳᠤ ᠪᠡᠷ ᠫᠤᠤᠵᠢᠩ ᠰᠢᠭ᠋ ᠲᠠᠯᠪᠢᠭᠤᠨ ᠬᠦᠷᠪᠡ᠃ ᠲᠣᠭᠤᠰᠤ ᠲᠣᠷᠲᠤᠭ᠂ ᠤᠲᠤᠭ᠎ᠠ ᠮᠠᠨᠠᠨ ᠰᠦᠮ᠎ᠡ ᠶᠢᠨ ᠬᠦᠷᠢᠶ᠎ᠡ ᠶᠢ ᠵᠠᠯᠭᠢᠵᠤ᠂ ᠲᠤᠩ ᠣᠯᠠᠨ ᠬᠥᠮᠦᠨ ᠴᠤᠭᠯᠠᠭᠰᠠᠨ ᠲᠤᠯᠠ ᠯᠣᠳᠣᠨ ᠥᠯᠮᠡᠢ ᠳᠡᠭᠡᠷ᠎ᠡ ᠪᠠᠨ ᠶᠠᠭᠠᠬᠢᠵᠤ ᠥᠨᠳᠡᠯᠵᠡᠭᠰᠡᠨ ᠴᠤ᠌ ᠳᠣᠲᠤᠷ᠎ᠠ ᠨᠢ ᠶᠠᠭᠤ ᠪᠣᠯᠵᠤ ᠪᠠᠢᠭ᠎ᠠ ᠶᠢ ᠣᠯᠵᠤ ᠦᠵᠡᠭᠰᠡᠨ ᠦᠭᠡᠢ᠃ ᠮᠠᠨᠴᠤᠷᠭᠠᠨ ᠬᠠᠮᠠᠷ ᠨᠢ ᠴᠡᠨᠳᠡᠢᠵᠦ ᠠᠪᠤᠭᠠᠳ᠂ ᠬᠥᠮᠦᠬᠡᠢ ᠵᠠᠭᠤᠮᠠᠭᠴᠠ ᠬᠠᠷ᠎ᠠ ᠴᠢᠳᠠᠯ ᠢᠶᠠᠷ ᠢᠶᠠᠨ ᠣᠯᠠᠨ ᠢ ᠬᠠᠪᠢᠷᠭᠠᠯᠠᠨ ᠱᠤᠩᠭᠤᠯᠠᠭᠰᠠᠭᠠᠷ ᠳᠥᠩᠭᠡᠵᠢ ᠳᠣᠲᠤᠭᠰᠢᠯᠠᠯ᠎ᠠ᠃
  ᠮᠥᠷᠦ ᠪᠠᠨ ᠴᠠᠪᠴᠢᠭᠤᠯᠵᠤ᠂ ᠲᠣᠯᠤᠭᠠᠢ ᠨᠢ ᠰᠠᠯᠤᠭᠰᠠᠨ ᠮᠠᠬᠠᠷᠠᠨᠽᠠ ᠬᠠᠭᠠᠷᠬᠠᠢ ᠬᠡᠩᠭᠡᠷᠭᠡ ᠳᠡᠷᠡᠯᠡᠵᠦ ᠤᠨᠠᠭᠠᠳ᠂ ᠱᠠᠭᠢᠮᠤᠨᠢ ᠶᠢᠨ ᠭᠡᠭᠡᠨ ᠳᠦᠷᠢ ᠳᠤᠭᠠᠩ ᠤᠨ ᠰᠠᠷᠠᠪᠴᠢᠨ ᠡᠴᠡ ᠪᠣᠭᠤᠮᠢᠯᠠᠭᠳᠠᠵᠠᠢ᠃ ᠰᠠᠮᠪᠠᠷ᠎ᠠ ᠰᠠᠮᠪᠠᠷ᠎ᠠ ᠰᠤᠳᠤᠷ ᠨᠣᠮ ᠰᠦᠮ᠎ᠡ ᠶᠢᠨ ᠬᠦᠷᠢᠶᠡᠨ ᠳᠦ ᠭᠠᠯ ᠠᠪᠤᠯᠴᠠᠭᠠᠳ᠂ ᠬᠦᠵᠢ ᠶᠢᠨ ᠦᠨᠦᠷ᠎ᠲᠡᠢ ᠬᠥᠬᠡ ᠤᠲᠤᠭ᠎ᠠ ᠣᠭᠲᠠᠷᠭᠤᠢ ᠳᠦ ᠪᠤᠷᠭᠢᠯᠤᠨ᠎ᠠ᠃ ᠰᠤᠳᠤᠷ ᠨᠣᠮ ᠳᠡᠭᠡᠷ᠎ᠡ ᠪᠤᠤ᠎ᠯᠠ ᠭᠢᠰᠭᠢᠵᠦ ᠬᠢᠯᠢᠨᠴᠡ ᠨᠢᠭᠦᠯ ᠦᠢᠯᠡᠳᠦᠶ᠎ᠡ ᠭᠡᠵᠦ ᠣᠯᠠᠨ ᠤ ᠳᠤᠮᠳᠠᠭᠤᠷ ᠰᠢᠬᠠᠯᠴᠠᠬᠤ ᠳᠤ ᠪᠠᠨ ᠬᠠᠮᠠᠷ ᠯᠣᠳᠣᠨ ᠪᠠᠢᠨ ᠪᠠᠢᠨ ᠬᠥᠯ ᠳᠣᠣᠷᠠᠬᠢ  ᠪᠠᠨ ᠠᠵᠢᠭᠯᠠᠨ᠎ᠠ᠃
  ᠥᠪᠴᠢ ᠪᠡᠶ᠎ᠡ ᠴᠤᠯᠤ ᠨᠣᠭᠤᠭᠠᠨ ᠬᠤᠪᠴᠠᠰᠤ ᠲᠠᠢ᠂ ᠪᠣᠭᠲᠤᠰᠤᠨ ᠳᠤ ᠪᠠᠨ ᠤᠯᠠᠭᠠᠨ 《ᠳᠤᠭ》 ᠵᠡᠭᠦᠭᠰᠡᠨ ᠨᠠᠮᠬᠠᠨ ᠪᠡᠶ᠎ᠡ᠎ᠲᠡᠢ ᠬᠠᠷ᠎ᠠ ᠬᠦᠦ ᠰᠦᠮ᠎ᠡ ᠶᠢᠨ ᠶᠡᠨᠳᠡᠷ ᠳᠡᠭᠡᠷ᠎ᠡ ᠨᠠᠮᠪᠠ ᠲᠠᠢ ᠢᠯᠡᠷᠡᠭᠡᠳ᠂ ᠬᠠᠨᠴᠤᠢ  ᠪᠠᠨ ᠲᠣᠬᠤᠢ ᠳᠤ ᠪᠠᠨ ᠲᠤᠯᠲᠠᠯ᠎ᠠ ᠰᠢᠭᠤᠭᠠᠳ ᠨᠢᠳᠤᠷᠭ᠎ᠠ  ᠪᠠᠨ ᠬᠤᠷᠤᠢᠯᠠᠨ ᠨᠢᠭᠡ ᠶᠠᠭᠤᠮ᠎ᠠ ᠬᠠᠰᠭᠢᠴᠢᠵᠤ ᠭᠠᠷᠤᠨ᠎ᠠ᠃ ᠣᠯᠠᠨ ᠬᠥᠮᠦᠨ ᠫᠠᠷᠭᠢᠯᠳᠤᠨ᠂ ᠪᠠᠯᠪᠠᠴᠢᠵᠤ ᠬᠡᠮᠬᠡᠯᠬᠦ ᠳᠠᠭᠤᠨ ᠦᠷᠭᠦᠯᠵᠢᠯᠡᠭᠰᠡᠨ ᠲᠤᠯᠠ ᠶᠠᠮᠠᠷ ᠨᠣᠮ ᠲᠠᠯᠪᠢᠵᠤ ᠪᠠᠢᠭ᠎ᠠ ᠶᠢ ᠬᠠᠮᠠᠷ ᠯᠣᠳᠣᠨ ᠴᠢᠬᠢ ᠪᠠᠢᠭᠠᠳ ᠣᠯᠵᠤ ᠰᠣᠨᠤᠰᠬᠤ ᠦᠭᠡᠢ ᠨᠢ ᠬᠠᠢᠷᠠᠯᠠᠯ ᠲᠠᠢ᠂ ᠭᠠᠷᠴᠠᠭ᠎ᠠ ᠦᠭᠡᠢ ᠪᠢᠴᠢᠬᠠᠨ ᠵᠠᠩᠵᠤᠨ! ᠤᠷᠲᠤ ᠰᠣᠷᠮᠤᠤᠰᠤ ᠲᠠᠢ ᠬᠠᠷ᠎ᠠ ᠨᠢᠳᠦ᠂ ᠳᠡᠪᠢᠭᠦᠷ ᠭᠡᠮᠡᠷ ᠳᠡᠯᠳᠡᠩ ᠴᠢᠬᠢ ᠪᠠᠷ  ᠨᠢ ᠬᠠᠮᠠᠷ ᠯᠣᠳᠣᠨ ᠢᠩᠭᠢᠵᠦ ᠲᠠᠨᠢᠪᠠ᠃ ᠰᠢᠨ᠎ᠡ ᠴᠠᠭ ᠤᠨ ᠵᠠᠩᠵᠤᠨ ᠭᠡᠵᠦ ᠮᠥᠨ ᠴᠤ᠌ ᠬᠡᠴᠡᠭᠦᠦ᠂ ᠭᠠᠯᠪᠠ ᠶᠢ ᠡᠵᠡᠯᠡᠭᠰᠡᠨ ᠱᠠᠭᠢᠮᠤᠨᠢ ᠲᠠᠢ ᠴᠤ᠌ ᠬᠠᠯᠳᠠᠭᠠᠳ ᠪᠠᠢᠳᠠᠭ ᠨᠢ ᠯᠠᠪ᠎ᠯᠠ ᠬᠤᠷᠮᠤᠰᠲᠠ ᠡᠴᠡ ᠪᠠᠭᠤᠵᠤ ᠢᠷᠡᠭᠰᠡᠨ ᠶᠤᠮ ᠪᠠᠢᠯᠭᠦᠢ᠃ ᠪᠣᠭᠲᠤᠰᠤᠨ ᠳᠤ ᠪᠠᠨ ᠵᠡᠭᠦᠭᠰᠡᠨ ᠤᠯᠠᠭᠠᠨ ᠲᠤᠭ ᠨᠢ ᠯᠠᠪ ᠨᠣᠮ ᠤᠨ ᠦᠰᠦᠭ ᠲᠠᠢ ᠠᠮᠢᠨ ᠰᠠᠬᠢᠶ᠎ᠠ ᠪᠠᠢᠭ᠎ᠠ ᠳ᠋ᠠ᠃ ᠭᠡᠷᠡᠯ ᠣᠢᠭᠰᠠᠨ ᠲᠣᠯᠢ ᠲᠠᠢ ᠰᠢᠯ ᠢᠶᠠᠷ ᠬᠡᠪᠲᠡᠭᠡ ᠪᠠᠷᠰ ᠤᠨ ᠬᠥᠮᠦᠰᠭᠡ ᠪᠠᠨ ᠳᠠᠷᠤᠵᠤ ᠡᠩᠭᠡᠷ ᠳᠡᠭᠡᠷ᠎ᠡ ᠨᠢ ᠳᠤᠯᠠᠯᠵᠠᠵᠤ ᠬᠠᠷᠠᠭᠳᠠᠬᠤ ᠨᠢ ᠭᠤᠤ ᠳᠦ ᠰᠠᠭᠤᠯᠭᠠᠭᠰᠠᠨ ᠪᠤᠷᠬᠠᠨ ᠴᠤ᠌ ᠪᠣᠯᠪᠠ ᠤᠤ? ᠬᠠᠮᠠᠷ ᠯᠣᠳᠣᠨ ᠡᠷᠬᠡ ᠦᠭᠡᠢ ᠠᠢᠳᠠᠰ ᠬᠦᠷᠦᠭᠡᠳ ᠳᠤᠲᠠᠭᠠᠬᠤ ᠶᠢ ᠪᠣᠳᠤᠭᠰᠠᠨ ᠪᠣᠯᠪᠠᠴᠤ ᠬᠠᠮᠠᠷ ᠪᠢ ᠱᠠᠭᠢᠮᠤᠨᠢ ᠶᠢᠨ ᠬᠦᠦ ᠪᠢᠰᠢ᠂ ᠶᠠᠳᠠᠬᠤ ᠳᠦ ᠬᠣᠯᠠ ᠶᠢᠨ ᠰᠠᠳᠤᠨ ᠨᠢ ᠴᠤ᠌ ᠪᠢᠰᠢ ᠲᠤᠯᠠ ᠭᠠᠢᠭᠤᠢ ᠪᠢᠵᠡ ᠡ! ᠭᠡᠵᠦ ᠪᠣᠳᠤᠪᠠ᠃
  ᠭᠡᠨᠡᠳᠲᠡ ᠪᠢᠴᠢᠬᠠᠨ ᠵᠠᠩᠵᠤᠨ ᠤᠯᠠᠭᠠᠨ ᠳᠡᠪᠲᠡᠷ ᠢᠶᠠᠨ ᠳᠡᠭᠡᠷ᠎ᠡ ᠬᠤᠷᠤᠢᠯᠳᠤᠭᠤᠯᠤᠨ:
  《ᠴᠢᠳᠭᠦᠷ ᠱᠣᠯᠤᠮ ᠢ ᠴᠢᠷᠴᠦ ᠭᠠᠷᠭᠠᠶ᠎ᠠ! ᠴᠣᠬᠢᠵᠤ ᠤᠨᠠᠭᠠᠶ᠎ᠠ! ᠱᠦᠭᠦᠷᠳᠡᠨ ᠠᠷᠢᠯᠭᠠᠶ᠎ᠠ!》 ᠭᠡᠵᠦ ᠨᠢᠭᠡᠨ ᠵᠡᠷᠭᠡ ᠬᠠᠰᠭᠢᠷᠤᠭᠰᠠᠨ ᠳᠦ ᠣᠯᠠᠨ ᠳᠠᠭᠠᠯᠴᠠᠨ ᠣᠷᠢᠯᠠᠨ᠎ᠠ᠃ ᠴᠢᠬᠢ ᠳᠦᠯᠡᠢᠷᠡᠮ᠎ᠡ ᠬᠠᠰᠭᠢᠷᠤᠯᠳᠤᠭᠠᠨ ᠳᠤᠮᠳᠠ ᠰᠦᠮ᠎ᠡ ᠶᠢᠨ ᠯᠠᠮᠠ ᠨᠠᠷᠢ ᠶᠡᠨᠳᠡᠷ ᠳᠡᠭᠡᠷ᠎ᠡ ᠭᠠᠷᠭᠠᠨ ᠵᠡᠷᠭᠡᠴᠡᠭᠦᠯᠦᠨ ᠲᠣᠩᠭᠤᠢᠯᠭᠠᠪᠠ᠃ ᠴᠠᠭᠠᠨ ᠴᠠᠭᠠᠰᠤᠨ ᠭᠣᠮᠰᠢᠶ᠎ᠠ ᠲᠣᠯᠤᠭᠠᠢ ᠳᠡᠭᠡᠷ᠎ᠡ ᠪᠠᠨ ᠰᠤᠪᠤᠷᠭᠠᠯᠠᠭᠰᠠᠨ ᠨᠢ ᠵᠢᠭᠠᠬᠠᠨ ᠰᠦᠮ᠎ᠡ ᠶᠢᠨ ᠭᠡᠭᠡᠨ ᠪᠠᠢᠨ᠎ᠠ᠃ ᠨᠣᠮ ᠤᠨ ᠰᠠᠮᠪᠠᠷ᠎ᠠ ᠬᠦᠵᠦᠭᠦᠦ ᠠᠴᠠ ᠪᠠᠨ ᠳᠡᠭᠦᠵᠢᠯᠡᠭᠰᠡᠨ ᠨᠢ ᠳ᠋ᠠ ᠯᠠᠮᠠ ᠰᠢᠪ ᠳ᠋ᠠ᠃ ᠲᠡᠭᠦᠨ  ᠡᠴᠡ ᠳᠠᠷᠠᠭᠠᠬᠢ ᠨᠢ ᠴᠠᠮ ᠤᠨ ᠬᠣᠬᠢᠮᠠᠢ  ᠪᠠᠭ ᠤᠳ ᠵᠡᠭᠦᠭᠰᠡᠨ ᠲᠤᠯᠠ ᠬᠠᠮᠠᠷ ᠯᠣᠳᠣᠨ ᠬᠡᠨ ᠬᠡᠨ ᠢ ᠨᠢ ᠡᠰᠡ ᠲᠠᠨᠢᠪᠠ᠃
  ᠣᠯᠠᠨ ᠴᠢᠳᠭᠦᠷ ᠤᠨ ᠳᠤᠮᠳᠠ ᠵᠠᠯᠠᠭᠤ ᠴᠢᠪᠠᠭᠠᠨᠴᠠ ᠲᠣᠩᠭᠤᠢᠵᠤ ᠪᠠᠢᠭ᠎ᠠ ᠨᠢ ᠭᠡᠨᠡᠳᠲᠡ ᠦᠵᠡᠭᠳᠡᠪᠡ᠃ ᠬᠥᠭᠡᠷᠦᠬᠦᠢ ᠵᠠᠭᠷᠠᠢᠮ᠎ᠠ ᠨᠢ ᠬᠦᠵᠦᠭᠦᠨ ᠠᠴᠠ ᠪᠠᠨ ᠬᠢᠩᠭᠠᠷ᠎ᠠ ᠳᠢᠩᠭᠠᠷ ᠬᠣᠩᠬᠤ ᠳᠠᠮᠠᠷᠤ ᠳᠡᠭᠦᠵᠢᠯᠡᠭᠡᠳ ᠳᠠᠭᠵᠢᠨ ᠴᠡᠴᠡᠷᠡᠵᠦ ᠪᠠᠢᠬᠤ ᠨᠢ ᠪᠡᠷᠬᠡ᠃ ᠬᠠᠮᠠᠷ ᠯᠣᠳᠣᠨ ᠤ ᠮᠠᠨᠴᠤᠷᠭᠠᠨ ᠬᠠᠮᠠᠷ ᠨᠢ ᠪᠤᠷᠭᠢᠷᠠᠵᠤ ᠡᠬᠢᠯᠡᠭᠰᠡᠨ ᠢᠶᠠᠨ ᠳᠣᠣᠷᠠᠬᠠᠨ ᠢᠶᠠᠨ ᠴᠡᠨᠳᠡᠢᠴᠢᠬᠡᠪᠡ᠃ ᠪᠣᠯᠵᠠᠢ᠂ ᠶᠠᠭᠤᠨ ᠤ ᠰᠠᠢᠨ ᠶᠤᠮ ! ᠴᠢᠮ᠎ᠠ ᠳᠦ ᠪᠠᠰᠠ ᠡᠢᠮᠦ ᠴᠠᠭ ᠪᠠᠢᠳᠠᠭ ᠶᠤᠮ ᠤᠤ? ᠬᠠᠮᠠᠷ ᠯᠣᠳᠣᠨ ᠤ᠎ᠯᠠ ᠮᠠᠭᠤ ᠶᠢ ᠦᠵᠡᠨ᠎ᠡ ᠦᠦ ? ᠴᠢ! ᠮᠠᠷᠭᠠᠰᠢ ᠡᠴᠡ ᠪᠢ ᠪᠠᠰᠠ ᠴᠢᠮᠠᠢ 《ᠰᠢᠷᠢᠨ ᠨᠢᠭᠤᠷ  ᠢᠶᠠᠷ ᠮᠢᠨᠦ ᠬᠠᠲᠠᠪᠴᠢ ᠶᠢ ᠠᠯᠬᠤᠪᠠ ᠤᠤ? ᠰᠢᠭᠢᠷ᠎ᠡ ᠪᠠᠨ ᠲᠠᠲᠠᠭᠰᠠᠨ ᠴᠢᠨᠢ ᠳᠡᠭᠡᠷ᠎ᠡ ᠦᠭᠡᠢ ᠦᠦ ?》 ᠭᠡᠵᠦ ᠬᠠᠷᠢᠶᠠᠨ᠎ᠠ ᠳ᠋ᠠ ! ᠵᠠᠭᠷᠠᠢᠮ᠎ᠠ ᠳᠦ ᠲᠠᠯ᠎ᠠ ᠲᠤᠯᠠ ᠮᠠᠨᠲᠠᠤ ᠶᠠᠳᠠᠪᠠᠯ ᠲᠠᠬᠢᠯ ᠤᠨ ᠪᠠᠯᠢᠩ ᠴᠤ᠌ ᠶᠠᠭᠠᠬᠢᠬᠤᠪ ᠬᠣᠶᠠᠷ ᠢ ᠠᠳᠭᠤᠭᠤᠯᠤᠭᠠᠳ ᠭᠤᠷᠪᠠᠯᠵᠢᠨ ᠴᠠᠭᠠᠨ ᠳᠤᠭ ᠵᠠᠭᠠᠮᠠᠨ ᠳᠦ ᠨᠢ ᠬᠠᠪᠴᠢᠭᠤᠯᠤᠭᠰᠠᠨ ᠪᠣᠯ ᠡ! ᠭᠡᠵᠦ ᠬᠠᠮᠠᠷ ᠯᠣᠳᠣᠨ ᠪᠡᠷᠬᠡ ᠲᠠᠪᠠᠯᠠᠨ᠎ᠠ᠃
  ᠪᠢᠴᠢᠬᠠᠨ ᠵᠠᠩᠵᠤᠨ ᠭᠡᠭᠡᠨ ᠯᠠᠮᠠᠬᠠᠢ ᠶᠢ ᠬᠦᠵᠦᠭᠦᠦ ᠶᠢ ᠨᠢ ᠰᠤᠨᠲᠠᠯ᠎ᠠ ᠳᠠᠷᠤᠵᠤ ᠶᠠᠪᠤᠨ᠎ᠠ᠃ ᠡᠳᠡ ᠴᠢᠨᠢ ᠶᠠᠭᠠᠬᠢᠨ᠎ᠠ ᠭᠡᠪᠡᠯ ᠲᠡᠭᠡᠵᠦ᠂ ᠲᠡᠭᠷᠢ ᠳᠦ ᠭᠠᠷᠬᠤ ᠡᠴᠡ ᠴᠤ᠌ ᠪᠤᠴᠠᠳᠠᠭ ᠦᠭᠡᠢ ᠤᠯᠤᠰ ᠳ᠋ᠠ ᠁ ᠡᠳᠡ ᠴᠣᠬᠤᠮ ᠶᠠᠭᠠᠬᠢᠵᠤ ᠴᠤ᠌ ᠱᠦᠭᠦᠷᠳᠡᠳᠡᠭ ᠰᠠᠨ ᠪᠣᠯ? ᠪᠠᠷᠤᠭ ᠤᠨ ᠱᠦᠭᠦᠷ ᠡᠳᠡᠨ ᠢ ᠬᠥᠳᠡᠯᠭᠡᠵᠦ ᠴᠢᠳᠠᠬᠤ ᠦᠭᠡᠢ ᠳ᠋ᠠ᠂ ᠨᠡᠩ ᠴᠤ᠌ ᠶᠣᠯᠬᠤᠭᠤᠷ ᠭᠡᠳᠡᠰᠦ᠎ᠲᠡᠢ ᠭᠡᠭᠡᠨ᠂ ᠪᠥᠬᠡᠴᠢᠨ ᠶᠠᠪᠤᠭᠰᠠᠨ ᠳ᠋ᠠ ᠯᠠᠮᠠ ᠶᠢ! ᠴᠣᠬᠤᠮ ᠭᠠᠷ ᠫᠤᠤ ᠪᠡᠷ ᠫᠤᠤᠳᠠᠵᠤ ᠤᠨᠠᠭᠠᠳᠠᠭ ᠪᠣᠯ ᠤᠤ?! ᠬᠠᠷᠢᠨ ᠰᠦᠮ᠎ᠡ ᠶᠢᠨ ᠠᠷᠢᠭᠤᠨ ᠶᠡᠨᠳᠡᠷ ᠳᠡᠭᠡᠷ᠎ᠡ᠂ ᠱᠠᠭᠢᠮᠤᠨᠢ ᠶᠢᠨ ᠭᠡᠭᠡᠨ ᠨᠢᠳᠦᠨ ᠳᠣᠣᠷ᠎ᠠ᠂ ᠪᠤᠤ᠎ᠯᠠ ᠴᠢᠰᠤ ᠨᠥᠵᠢ ᠶᠢ ᠨᠢ ᠪᠢᠯᠳᠠ ᠳ᠋ᠠ ! ᠨᠢᠭᠦᠯ ᠬᠤᠷᠢᠶᠠᠵᠤ ᠦᠢᠯᠡ ᠶᠢᠨ ᠦᠷ᠎ᠡ ᠪᠠᠨ ᠲᠠᠷᠢᠬᠤ ᠦᠭᠡᠢ ᠶᠢᠨ ᠲᠥᠯᠦᠭᠡ ᠵᠠᠯᠠᠭᠤ ᠴᠢᠪᠠᠭᠠᠨᠴᠠ ᠶᠢ ᠴᠣᠬᠢᠨ ᠤᠨᠠᠭᠠᠬᠤ ᠦᠶᠡᠰ ᠨᠢᠳᠦ ᠪᠠᠨ ᠠᠨᠢᠵᠤ ᠨᠠᠮᠠᠨᠴᠢᠯᠠᠶ᠎ᠠ ᠭᠡᠵᠦ ᠲᠡᠷᠡ ᠪᠣᠳᠤᠪᠠ!
  ᠥᠨᠥ ᠨᠠᠮᠬᠠᠨ ᠪᠢᠴᠢᠬᠠᠨ ᠵᠠᠩᠵᠤᠨ᠂ ᠥᠨᠳᠦᠷ ᠲᠠᠷᠭᠤᠨ ᠭᠡᠭᠡᠨ ᠦ ᠥᠭᠡᠳᠡ ᠴᠣᠷᠤᠢᠨ᠂ ᠰᠢᠷ᠎ᠠ ᠣᠷᠬᠢᠮᠵᠢ ᠶᠢ ᠨᠢ ᠬᠠᠤ ᠲᠠᠲᠠᠭᠠᠳ 《ᠴᠢᠳᠭᠦᠷ ᠤᠨ ᠠᠷᠠᠰᠤ!》 ᠭᠡᠵᠦ ᠠᠮᠠᠨ  ᠳᠤ  ᠪᠠᠨ ᠵᠦᠬᠡᠭᠰᠡᠭᠡᠷ ᠳᠦᠷᠡᠯᠵᠡᠬᠦ ᠭᠠᠯ ᠳᠦ ᠰᠢᠳᠡᠵᠦ ᠣᠷᠤᠭᠤᠯᠪᠠ᠃ ᠬᠦᠷᠡᠩ᠂ ᠰᠢᠷ᠎ᠠ ᠥᠩᠭᠡ ᠨᠢ ᠴᠢᠳᠭᠦᠷ ᠤᠨ ᠢᠪᠡᠭᠡᠯᠲᠦ ᠥᠩᠭᠡ ᠶᠤᠮ ᠪᠠᠢᠨ᠎ᠠ ᠰᠢᠤ ᠭᠡᠵᠦ ᠪᠣᠳᠤᠭᠰᠠᠭᠠᠷ᠂ ᠬᠠᠮᠠᠷ ᠯᠣᠳᠣᠨ ᠳ᠋ᠠ ᠯᠠᠮᠠ ᠶᠢᠨ ᠢᠴᠢᠭᠦᠷᠢ ᠭᠤᠲᠤᠮᠰᠢᠭ ᠢ ᠱᠣᠬᠤᠭᠤᠷᠠᠬᠤ ᠪᠡᠷ ᠤᠷᠤᠭᠰᠢ ᠨᠥᠷᠢᠲᠡᠯ᠎ᠡ᠂ ᠬᠥᠯ ᠳᠦ ᠨᠢ ᠨᠢᠭᠡ ᠬᠠᠪ ᠬᠠᠲᠠᠭᠤ ᠶᠠᠭᠤᠮ᠎ᠠ ᠲᠣᠷᠪᠠ᠃ ᠨᠢᠳᠦ ᠬᠠᠷᠠᠪᠠᠯ ᠯᠤᠤ ᠶᠢᠨ ᠬᠡ᠎ᠲᠡᠢ ᠮᠥᠩᠭᠦᠨ ᠴᠥᠭᠦᠴᠡ ᠠᠵᠢ᠃ ᠬᠠᠮᠠᠷ ᠯᠣᠳᠣᠨ ᠥᠪᠡᠷ ᠤᠨ ᠡᠷᠬᠡ ᠦᠭᠡᠢ ᠥᠯᠮᠡᠢ ᠪᠠᠷ ᠢᠶᠠᠨ ᠬᠠᠮᠤᠵᠤ ᠣᠢᠷᠠᠲᠤᠭᠤᠯᠤᠭᠠᠳ᠂ ᠰᠡᠮᠬᠡᠨ ᠰᠢᠭᠦᠷᠡᠵᠦ ᠡᠪᠦᠷᠯᠡᠬᠦ ᠰᠠᠨᠠᠭ᠎ᠠ ᠲᠠᠢ ᠪᠥᠬᠦᠢᠭᠰᠡᠨ ᠢᠶᠠᠨ ᠬᠥᠯᠦᠰᠦ ᠭᠬᠢᠷ ᠪᠣᠯᠤᠭᠰᠠᠨ ᠰᠡᠮᠡᠷᠬᠡᠢ ᠬᠠᠨᠲᠠᠭᠠᠵᠠ ᠶᠢᠨ ᠢᠶᠠᠨ ᠳᠡᠭᠡᠭᠦᠷ ᠰᠢᠷ᠎ᠠ ᠬᠣᠷᠭᠤᠢ ᠡᠯᠢᠭᠡᠪᠴᠢ ᠳᠠᠪᠬᠤᠷᠯᠠᠵᠤ ᠡᠮᠦᠰᠴᠦ ᠶᠠᠪᠤᠭ᠎ᠠ  ᠪᠠᠨ ᠭᠡᠨᠡᠳᠲᠡ ᠣᠯᠵᠤ ᠦᠵᠡᠪᠡ᠃ ᠠᠢ ᠪᠠᠯᠠᠷᠠ! ᠵᠠᠭᠷᠠᠢᠮ᠎ᠠ ᠶᠢᠨ ᠣᠶᠤᠵᠤ ᠳᠤᠷᠠᠰᠭᠠᠭᠰᠠᠨ ᠡᠨᠡ ᠡᠯᠢᠭᠡᠪᠴᠢ ᠶᠢ ᠲᠡᠷᠡ ᠶᠡᠷᠦ ᠠᠴᠠ ᠢᠯᠡ ᠪᠤᠯᠲᠠᠢᠯᠭᠠᠭᠰᠠᠨ ᠦᠭᠡᠢ᠎ᠰᠠᠨ᠃ ᠥᠨᠥᠳᠦᠷ ᠵᠠᠩᠵᠤᠨ ᠦᠵᠡᠬᠦ ᠭᠡᠵᠦ ᠬᠡᠢᠷᠬᠡᠵᠦ ᠪᠠᠢᠭᠰᠠᠭᠠᠷ ᠲᠡᠷᠯᠢᠭ ᠢᠶᠠᠨ ᠡᠮᠦᠰᠴᠦ ᠢᠷᠡᠬᠦ ᠪᠠᠨ ᠲᠠᠭ ᠮᠠᠷᠲᠠᠵᠠᠢ᠃ ᠬᠠᠮᠠᠷ ᠯᠣᠳᠣᠨ ᠤ ᠳᠣᠲᠤᠷ᠎ᠠ ᠫᠠᠯ ᠬᠢᠵᠦ ᠡᠳᠡ ᠴᠢᠨᠢ ᠭᠡᠭᠡᠨ ᠢ ᠬᠦᠷᠲᠡᠯ᠎ᠡ ᠨᠣᠭᠤᠭᠠᠨ ᠤ ᠪᠢᠷᠠᠭᠤ ᠶᠢᠨ ᠪᠡᠨ᠎ᠡ᠎ᠲᠡᠢ ᠦᠵᠡᠬᠦ ᠦᠭᠡᠢ᠂ ᠬᠠᠮᠢᠭᠠᠰᠢ ᠨᠢ ᠵᠠᠯᠠᠨ᠎ᠠ ᠭᠡᠪᠡᠯ ᠲᠡᠢᠰᠢ ᠨᠢ ᠭᠤᠶᠠᠳᠠᠵᠤ ᠪᠠᠢᠬᠤ ᠶᠤᠮ ᠎ᠴᠢᠨᠢ᠂ ᠬᠠᠮᠠᠷ ᠯᠣᠳᠣᠨ ᠢ ᠶᠠᠭᠤ ᠪᠠᠢᠬᠤᠪ᠂ ᠰᠢᠷ᠎ᠠ ᠡᠯᠢᠭᠡᠪᠴᠢ᠎ᠲᠡᠢ ᠨᠢ ᠭᠠᠯ ᠳᠦ ᠰᠢᠳᠡᠭᠰᠡᠨ ᠴᠤ᠌ ᠪᠦᠷ ᠴᠢᠳᠠᠬᠤ ᠭᠠᠷ ᠤᠳ ᠡ! ᠦᠭᠡᠢ᠂ ᠶᠡᠷᠦ ᠨᠢ ᠪᠢᠴᠢᠬᠠᠨ ᠵᠠᠩᠵᠤᠨ ᠤ ᠨᠢᠳᠦᠨ ᠳᠦ ᠥᠷᠲᠦᠭᠡ ᠦᠭᠡᠢ ᠵᠠᠪ ᠲᠤ! ᠭᠡᠳ ᠲᠡᠷᠡ ᠠᠷᠤ  ᠳᠠᠬᠢ ᠬᠥᠮᠦᠰ ᠢᠶᠠᠨ ᠪᠥᠭᠰᠡ ᠪᠠᠷ ᠢᠶᠠᠨ ᠨᠦᠳᠦᠴᠢᠨ ᠪᠠᠢᠵᠤ᠂ ᠣᠯᠠᠨ ᠤ ᠬᠦᠷᠢᠶᠡᠨ ᠠᠴᠠ ᠴᠣ᠋ ᠴᠢᠮᠠᠢ ᠰᠢᠪᠲᠤᠯᠵᠤ ᠭᠠᠷᠤᠭᠠᠳ ᠭᠣᠳ ᠵᠢᠭᠤᠳᠠᠪᠠ᠃
  ᠬᠡᠳᠦᠨ ᠳᠣᠪᠤ ᠶᠢ ᠮᠡᠳᠡᠭᠡ᠎ᠲᠡᠢ ᠮᠡᠳᠡᠭᠡ ᠦᠭᠡᠢ ᠳᠠᠪᠠᠵᠤ᠂ ᠨᠠᠭᠤᠷ ᠤᠨ ᠤᠰᠤ ᠶᠢ ᠭᠤᠲᠤᠯ ᠲᠠᠢ  ᠪᠠᠨ ᠳᠣᠭᠤᠴᠠᠵᠤ ᠭᠦᠶᠦᠭᠰᠡᠭᠡᠷ ᠬᠣᠲᠠ  ᠪᠠᠨ ᠣᠢᠷᠠᠲᠤᠭᠰᠠᠨ ᠢᠶᠠᠨ ᠮᠡᠳᠡᠪᠡ᠃ ᠭᠡᠷ ᠤᠷᠤᠭᠤ  ᠪᠠᠨ ᠰᠠᠷᠠᠪᠴᠢᠯᠠᠭᠰᠠᠨ ᠢᠶᠠᠨ ᠵᠣᠭ ᠲᠣᠰᠴᠤ ᠮᠡᠯᠡᠷᠡᠴᠢᠬᠡᠪᠡ᠃ ᠮᠠᠢᠵᠢᠭᠢ ᠪᠣᠷᠤ ᠭᠡᠷ ᠤᠨ ᠬᠢᠨᠢ ᠡᠭᠦᠳᠡᠨ ᠳᠦ ᠬᠥᠮᠦᠨ ᠠᠮᠢᠲᠠᠨ ᠣᠪᠤᠭᠠᠷᠠᠯᠳᠤᠨ ᠬᠥᠯ ᠪᠣᠯᠵᠤ ᠪᠠᠢᠨ᠎ᠠ᠃ ᠪᠣᠳᠤᠪᠠᠯ ᠬᠤᠪᠢᠰᠭᠠᠯ ᠬᠢᠵᠦ ᠪᠠᠢᠭ᠎ᠠ ᠪᠣᠯᠤᠯᠲᠠᠢ᠃ ᠬᠠᠮᠠᠷ ᠯᠣᠳᠣᠨ ᠤ ᠲᠣᠯᠤᠭᠠᠢ ᠶᠢᠨ ᠦᠰᠦ ᠨᠢ ᠨᠢᠭᠡ ᠨᠢᠭᠡ ᠪᠠᠷ ᠪᠣᠰᠤᠭᠠᠳ᠂ ᠰᠢᠷ᠎ᠠ ᠡᠯᠢᠭᠡᠪᠴᠢ ᠪᠠᠨ ᠲᠠᠢᠯᠵᠤ ᠬᠤᠮᠢᠵᠤ ᠬᠤᠮᠢᠭᠠᠳ᠂ ᠳᠡᠷᠡᠰᠦᠨ ᠦ ᠰᠤᠯᠢ ᠳᠣᠭᠤᠤᠷ ᠡᠪᠲᠡᠢᠬᠡᠨ ᠰᠢᠷᠭᠤᠭᠤᠯᠵᠤ ᠲᠠᠯᠪᠢᠪᠠ᠃ ᠤᠷᠤᠭᠰᠢ ᠬᠣᠶᠠᠷ ᠠᠯᠬᠤᠭᠰᠠᠨ ᠢᠶᠠᠨ ᠶᠡᠷᠦ ᠵᠢᠭᠠᠬᠠᠨ ᠬᠠᠨᠤᠮᠵᠢ ᠦᠭᠡᠢ ᠰᠠᠨᠠᠭᠳᠠᠭᠠᠳ ᠪᠠᠢᠬᠤᠯᠠᠷ᠂ ᠬᠠᠷ᠎ᠠ ᠲᠣᠷᠭᠠᠨ ᠲᠣᠭᠤᠷᠴᠤᠭ ᠡᠴᠡ ᠪᠠᠨ ᠬᠠᠭᠵᠠᠷᠬᠠᠢ ᠮᠠᠢᠵᠢᠭᠢ ᠭᠤᠲᠤᠯ ᠳᠤ ᠪᠠᠨ ᠣᠷᠤᠲᠠᠯ᠎ᠠ ᠳᠠᠬᠢᠵᠤ ᠨᠢᠭᠡ ᠤᠳᠠᠭ᠎ᠠ ᠨᠡᠩᠵᠢᠯᠲᠡ ᠬᠢᠪᠡ᠃ ᠴᠢᠩᠭᠢᠭᠡᠳ ᠬᠦᠷᠡᠩ ᠳᠠᠯᠢᠩᠪᠤᠤ ᠲᠡᠯᠡᠢ ᠪᠠᠨ ᠲᠦᠭᠳᠡᠷᠡᠯ ᠦᠭᠡᠢ ᠲᠠᠢᠯᠵᠤ ᠠᠪᠤᠭᠠᠳ᠂ ᠡᠪᠡᠰᠦᠨ ᠦ ᠥᠳᠭᠡᠨ ᠳᠦ ᠭᠤᠯᠳᠤᠢᠲᠠᠯ᠎ᠠ ᠰᠢᠳᠡᠵᠡᠢ᠃ ᠣᠳᠣ ᠶᠠᠭᠤ ᠴᠤ᠌ ᠭᠡᠰᠡᠨ ᠭᠠᠢᠭᠤᠢ ᠪᠠᠢᠬᠤ ᠭᠡᠵᠦ ᠬᠠᠮᠠᠷ ᠯᠣᠳᠣᠨ ᠤᠷᠲᠤᠬᠠᠨ ᠠᠮᠢᠰᠭᠤᠵᠤ ᠠᠪᠤᠭᠠᠳ᠂ ᠠᠭᠤᠵᠢᠮ ᠵᠠᠬ᠎ᠠ ᠲᠠᠢ ᠳᠠᠪᠬᠤᠷ ᠥᠮᠦᠳᠦ ᠪᠠᠨ ᠲᠠᠲᠠᠭᠰᠠᠭᠠᠷ ᠭᠡᠷ ᠵᠦᠭ ᠢᠶᠠᠨ ᠬᠡᠬᠦᠯᠵᠡᠨ ᠠᠯᠬᠤᠪᠠ᠃
     ᠬᠠᠮᠠᠷᠲᠤ ᠪᠢ ᠠᠮᠪᠠᠨ ᠰᠠᠭᠤᠭᠰᠠᠨ ᠪᠠᠢᠬᠤ ᠳᠦ ᠮᠡᠩᠭᠡᠲᠦ ᠶᠢᠨ ᠬᠦᠦ ᠳᠥᠩᠭᠡᠵᠢ ᠵᠠᠩᠭᠢ᠎ᠯᠠ ᠪᠢᠵᠡ!
  ᠵᠦᠢᠷᠡᠢ ᠠᠪᠳᠠᠷ᠎ᠠ ᠨᠢ ᠡᠭᠦᠳᠡᠨ ᠭᠠᠳᠠᠨ᠎ᠠ ᠬᠠᠶᠠᠭᠳᠠᠵᠤ᠂ ᠴᠤᠯᠤ ᠨᠣᠭᠤᠭᠠᠨ ᠬᠤᠪᠴᠠᠰᠤᠯᠠᠭᠰᠠᠨ ᠮᠡᠩᠭᠡᠲᠦ ᠶᠢᠨ ᠬᠦᠦ ᠵᠢᠵᠢᠭ ᠤᠯᠠᠭᠠᠨ ᠳᠡᠪᠲᠡᠷ ᠳᠡᠯᠭᠡᠭᠡᠳ: 《ᠬᠠᠮᠤᠭ ᠤᠨ ᠳᠡᠭᠡᠳᠦ ᠵᠢᠭᠠᠪᠤᠷᠢ: ᠁ ᠴᠣᠬᠢᠬᠤ ᠦᠭᠡᠢ ᠪᠣᠯ ᠤᠨᠠᠬᠤ ᠦᠭᠡᠢ ᠁》 ᠭᠡᠵᠦ ᠣᠯᠠᠨ ᠳᠦ ᠤᠬᠠᠭᠤᠯᠭ᠎ᠠ ᠲᠠᠯᠪᠢᠨ᠎ᠠ᠃ ᠵᠡᠭᠦᠨ ᠠᠢᠯ ᠤᠨ ᠲᠠᠷᠬᠠᠨ ᠤ ᠲᠣᠮᠤ ᠠᠯᠤᠬ᠎ᠠ ᠶᠢ ᠠᠯᠢ ᠵᠠᠪ ᠲᠤ ᠨᠢ ᠠᠪᠴᠢᠷᠠᠭᠰᠠᠨ ᠢ ᠪᠤᠤ ᠮᠡᠳᠡ᠂ ᠨᠢᠭᠡᠨ ᠮᠠᠷᠢᠶ᠎ᠠ ᠮᠢᠬ᠎ᠠ ᠲᠠᠢ ᠪᠢᠴᠢᠬᠠᠨ ᠵᠠᠩᠵᠤᠨ ᠳᠡᠭᠡᠷ᠎ᠡ ᠭᠡᠭᠴᠢ ᠳᠠᠯᠠᠢᠵᠤ ᠵᠣᠭᠰᠤᠭᠠᠳ᠂ ᠬᠠᠵᠠᠭᠤ  ᠳᠠᠬᠢ ᠪᠠᠨ ᠶᠠᠷᠢᠶ᠎ᠠ ᠲᠡᠭᠦᠰᠦᠮᠡᠭᠴᠡ᠂ ᠠᠪᠳᠠᠷ᠎ᠠ ᠳᠡᠭᠡᠷ᠎ᠡ ᠨᠢᠴᠠ ᠪᠠᠭᠤᠯᠭᠠᠬᠤ ᠳᠦ ᠪᠡᠯᠡᠬᠡᠨ ᠪᠠᠢᠨ᠎ᠠ᠃ ᠬᠠᠮᠠᠷ ᠯᠣᠳᠣᠨ ᠡᠭᠡᠷ ᠲᠠᠲᠠᠵᠤ ᠠᠪᠤᠭᠠᠳ᠂ ᠮᠡᠩᠭᠡᠲᠦ ᠶᠢᠨ ᠬᠦᠦ ᠵᠦᠭ ᠲᠡᠮᠡᠦᠯᠬᠦ  ᠳᠤ  ᠪᠠᠨ ᠠᠪᠳᠠᠷ᠎ᠠ ᠳᠣᠲᠤᠷ᠎ᠠ ᠡᠴᠡ ᠭᠣᠭᠤᠵᠢᠵᠤ ᠭᠡᠭᠡᠭᠳᠡᠭᠰᠡᠨ ᠶᠠᠭᠠᠨ ᠳᠤᠷᠳᠤᠩ ᠠᠯᠴᠢᠭᠤᠷ ᠣᠯᠠᠨ ᠤ ᠬᠥᠯ ᠳᠦ ᠳᠡᠪᠰᠡᠭᠳᠡᠨ ᠪᠠᠢᠭ᠎ᠠ ᠶᠢ ᠦᠵᠡᠭᠡᠳ ᠰᠡᠮᠬᠡᠨ ᠰᠢᠭᠦᠷᠡᠵᠦ ᠠᠪᠤᠭᠠᠳ ᠲᠡᠯᠡᠢᠯᠠᠪᠡ᠃
  《ᠨᠠᠢᠷ ᠪᠣᠳᠤᠵᠤ ᠥᠷᠦᠰᠢᠶᠡᠯ ᠦᠵᠡᠭᠦᠯᠴᠢᠬᠡ᠂ ᠳᠡᠭᠦᠦ ᠮᠢᠨᠢ!》
  《ᠭᠣᠷᠢ ᠦᠭᠡᠢ᠂ ᠭᠣᠷᠢ ᠦᠭᠡᠢ᠂ ᠳᠥᠷᠪᠡᠨ ᠬᠠᠭᠤᠴᠢᠨ ᠰᠤᠷᠲᠠᠯ ᠢ ᠡᠪᠳᠡᠬᠦ ᠨᠢ ᠮᠠᠨ ᠤ ᠤᠯᠠᠭᠠᠨ ᠬᠠᠮᠠᠭᠠᠯᠠᠬᠤ ᠴᠡᠷᠢᠭ ᠤᠨ ᠳᠠᠷᠬᠠᠨ ᠦᠢᠯᠡᠰ! ᠨᠠᠳᠠ ᠲᠠᠢ ᠪᠠᠢᠲᠤᠭᠠᠢ ᠡᠪᠦᠭᠡ᠎ᠲᠡᠢ ᠮᠢᠨᠢ ᠨᠠᠢᠷ ᠲᠠᠢ ᠶᠠᠪᠤᠭᠰᠠᠨ ᠴᠤ᠌ ᠢᠯᠳᠠᠷ ᠬᠠᠶᠠᠬᠤ ᠦᠭᠡᠢ᠃ ᠶᠠᠭᠤ ᠪᠣᠯᠤᠭᠰᠠᠨ ᠴᠤ᠌ ᠹᠧᠣᠳᠠᠯ ᠶᠣᠰᠤ ᠶᠢ ᠤᠬᠠᠭᠤᠯᠤᠭᠰᠠᠨ ᠵᠢᠷᠤᠭ ᠢ ᠦᠯᠡᠳᠡᠭᠡᠵᠦ ᠪᠣᠯᠬᠤ ᠦᠭᠡᠢ!》
  《ᠯᠣᠳᠣᠨ ᠠᠬ᠎ᠠ ᠨᠢ ᠠᠯᠲᠠᠨ ᠯᠤᠤ  ᠪᠠᠨ ᠁ ᠦᠭᠡᠢ᠂ ᠬᠠᠷ᠎ᠠ ᠹᠸᠣᠳᠠᠯ ᠢᠶᠠᠨ ᠠᠷᠢᠯᠭᠠᠭᠠᠳ ᠬᠠᠶᠠᠴᠢᠬᠠᠪᠠᠯ ᠠᠪᠳᠠᠷ᠎ᠠ ᠶᠢ ᠮᠢᠨᠢ ᠪᠠᠯᠪᠠᠴᠢᠬᠤ ᠦᠭᠡᠢ ᠳᠦ ᠪᠣᠯᠤᠨ᠎ᠠ ᠤᠤ?》 ᠭᠡᠵᠦ ᠬᠠᠮᠠᠷ ᠯᠣᠳᠣᠨ ᠰᠡᠬᠡᠭᠡ ᠦᠭᠡᠢ ᠠᠰᠠᠭᠤᠬᠤ ᠳᠦ:
  《ᠠᠷᠢᠯᠭᠠᠭᠠᠳ ᠬᠠᠶᠠᠨ᠎ᠠ ᠭᠡᠨ᠎ᠡ? ᠲᠡᠭᠡᠪᠡᠯ ᠪᠠᠰᠠ ᠶᠠᠭᠠᠮᠠᠢ᠂ ᠬᠣᠣᠷ ᠲᠠᠷᠬᠠᠭᠠᠭᠰᠠᠨ ᠢᠶᠠᠨ ᠣᠯᠠᠨ ᠤ ᠨᠢᠭᠤᠷ ᠳᠡᠭᠡᠷ᠎ᠡ ᠮᠡᠳᠡᠷᠡᠳᠡᠭ ᠶᠤᠮ ᠪᠣᠯ ᠶᠠᠭᠠᠬᠢᠬᠤᠪ᠂ ᠤᠯᠠᠭᠠᠨ ᠲᠠᠪᠤᠨ ᠲᠥᠷᠦᠯ ᠳᠦ ᠪᠠᠭᠲᠠᠭᠰᠠᠨ ᠳᠤ ᠴᠢᠨᠢ᠎ᠯᠠ ᠨᠠᠢᠷ ᠬᠠᠷᠠᠵᠤ ᠨᠢᠭᠡ ᠤᠳᠠᠭ᠎ᠠ ᠠᠭᠤᠴᠢᠯᠠᠴᠢᠬᠠᠶ᠎ᠠ!》 ᠭᠡᠳ ᠰᠦᠪᠡᠭᠡ ᠲᠤᠯᠤᠨ ᠰᠦᠷ ᠮᠠᠨᠳᠤᠭᠤᠯᠵᠤ ᠪᠠᠢᠭᠰᠠᠨ ᠮᠡᠩᠭᠡᠲᠦ ᠶᠢᠨ ᠬᠦᠦ ᠵᠢᠭᠠᠬᠠᠨ ᠠᠶᠠᠳᠠᠵᠤ ᠵᠥᠭᠡᠯᠡᠷᠡᠪᠡ᠃
  ᠪᠠᠢᠳᠠᠭ ᠪᠠᠭᠠᠵᠢ  ᠪᠠᠨ ᠪᠠᠷᠢᠭᠠᠳᠠ ᠳᠡᠭᠡᠷ᠎ᠡ ᠲᠠᠯᠪᠢᠭᠰᠠᠨ ᠲᠤᠯᠠ ᠬᠠᠮᠠᠷ ᠯᠣᠳᠣᠨ ᠭᠠᠷ ᠮᠤᠬᠤᠷᠳᠠᠵᠤ ᠰᠠᠨᠳᠤᠷᠤᠨ᠎ᠠ᠃ ᠠᠪᠳᠠᠷ᠎ᠠ ᠶᠢᠨ ᠬᠥᠨᠳᠡᠢ ᠪᠠᠷ ᠡᠮᠲᠡᠷᠡᠵᠦ ᠮᠣᠬᠤᠭᠰᠠᠨ ᠤᠭᠤᠯᠢ ᠶᠢᠨ ᠲᠣᠯᠤᠭᠠᠢ  ᠪᠠᠨ ᠰᠠᠨᠠᠵᠤ᠂ ᠮᠤᠷᠤᠢ ᠮᠣᠳᠤᠨ ᠳᠦ ᠳᠥᠭᠦᠮᠬᠡᠨ ᠡᠰᠢᠯᠡᠪᠡ᠃
  ᠲᠦᠰ - ᠮᠣᠬᠤᠭᠤ ᠤᠭᠤᠯᠢ ᠶᠢᠨ ᠲᠤᠰᠤᠯᠲᠠ ᠬᠠᠮᠠᠷ ᠯᠣᠳᠣᠨ ᠤ ᠵᠢᠷᠦᠬᠡ ᠶᠢ ᠣᠨᠤᠪᠠ᠃ ᠮᠠᠩᠨᠠᠢ ᠳᠦᠭᠦᠷᠡᠩ ᠳᠠᠭᠠᠪᠤᠷᠢᠯᠠᠬᠤ ᠬᠥᠯᠦᠰᠦ ᠨᠢ ᠮᠡᠯᠮᠡᠢ ᠳᠦᠭᠦᠷᠡᠩ ᠲᠤᠨᠤᠯᠵᠠᠬᠤ ᠨᠢᠯᠪᠤᠰᠤ ᠲᠠᠢ ᠨᠢ ᠨᠡᠢᠯᠡᠭᠡᠳ ᠮᠠᠨᠴᠤᠷᠭᠠᠨ ᠬᠠᠮᠠᠷ ᠤᠨ ᠬᠢᠨᠢ ᠤᠭ ᠢᠶᠠᠷ ᠵᠢᠮ ᠪᠣᠯᠤᠨ ᠵᠤᠷᠠᠢᠭᠰᠠᠭᠠᠷ ᠵᠠᠪᠠᠵᠢᠨ ᠳᠦ ᠨᠢ ᠬᠤᠷᠠᠵᠤ ᠱᠣᠷᠪᠤᠭ ᠠᠮᠲᠠ ᠠᠮᠲᠠᠭᠳᠠᠨ᠎ᠠ᠃ ᠮᠠᠨᠳᠠᠭᠠᠨ ᠴᠤ᠌ ᠴᠢᠪᠠᠭᠠᠨᠴᠠ ᠲᠠᠢ ᠭᠡᠷᠯᠡᠭᠰᠡᠨ ᠦᠭᠡᠢ᠂ ᠴᠢᠪᠠᠭᠠᠨᠴᠠ ᠲᠠᠢ ᠭᠡᠷᠯᠡᠭᠰᠡᠨ ᠪᠣᠯ ᠪᠠᠰᠠ ᠨᠢᠭᠡ ᠹᠸᠣᠳᠠᠯ ᠢᠶᠠᠨ ᠠᠷᠢᠯᠭᠠᠭᠤᠯᠬᠤ ᠪᠣᠯᠤᠨ᠎ᠠ᠃
  ᠮᠡᠩᠭᠡᠲᠦ ᠶᠢᠨ ᠬᠦᠦ ᠴᠣᠬᠤᠮ ᠶᠠᠭᠤ ᠪᠣᠳᠤᠭᠰᠠᠨ ᠢ ᠪᠤᠤ ᠮᠡᠳᠡ᠂ ᠬᠠᠮᠠᠷ ᠯᠣᠳᠣᠨ ᠳᠦ ᠪᠣᠭᠲᠤᠰᠤᠨ ᠲᠡᠮᠳᠡᠭ ᠢᠶᠠᠨ ᠪᠡᠯᠡᠭᠯᠡᠵᠦ ᠵᠡᠭᠦᠯᠭᠡᠭᠡᠳ: 《ᠯᠣᠳᠣᠨ ᠳᠦ ᠮᠡᠨᠳᠦᠴᠢᠯᠡᠯ ᠬᠦᠷᠭᠡᠶ᠎ᠡ! ᠯᠣᠳᠣᠨ ᠲᠠᠢ ᠬᠠᠮᠲᠤ ᠪᠠᠢᠯᠳᠤᠵᠤ᠂ ᠯᠣᠳᠣᠨ ᠲᠠᠢ ᠬᠠᠮᠲᠤ ᠢᠯᠠᠯᠲᠠ ᠣᠯᠤᠨ᠎ᠠ!》 ᠭᠡᠵᠦ ᠬᠠᠰᠭᠢᠷᠤᠭᠰᠠᠭᠠᠷ ᠣᠮᠤᠭᠲᠠᠢᠬᠠᠨ ᠠᠶᠠᠷᠯᠠᠨ ᠣᠳᠴᠠᠢ᠃
  ᠬᠠᠮᠠᠷ ᠯᠣᠳᠣᠨ ᠰᠤᠭᠤ ᠨᠢ ᠬᠡᠭᠵᠡᠷᠡᠵᠦ᠂ ᠮᠥᠷᠦ ᠨᠢ ᠲᠠᠰᠤᠷᠠᠭᠰᠠᠨ ᠰᠡᠮᠡᠷᠬᠡᠢ ᠬᠠᠨᠲᠠᠭᠠᠵᠠ ᠶᠢᠨ ᠢᠶᠠᠨ ᠬᠠᠨᠴᠤᠢ ᠳᠦ ᠤᠯᠠᠯᠵᠠᠬᠤ ᠠᠮᠢᠨ ᠰᠠᠬᠢᠶ᠎ᠠ ᠲᠠᠢ ᠤᠯᠠᠭᠠᠨ 《ᠳᠤᠭ》 ᠢ ᠰᠠᠨᠠᠨ ᠰᠠᠨᠠᠨ ᠰᠢᠨᠵᠢᠭᠰᠡᠭᠡᠷ᠂ ᠳᠣᠭᠳᠤᠯᠤᠨ ᠬᠥᠭᠰᠡᠭᠰᠡᠨ ᠭᠡᠵᠦ ᠵᠢᠭᠲᠡᠢ᠃ ᠡᠰᠡ᠎ᠯᠡ ᠰᠣᠯᠢᠶᠠᠷᠠᠪᠠ᠃ ᠬᠠᠮᠠᠷ ᠬᠠᠰᠢ᠎ᠯᠠ ᠬᠠᠮᠠᠷ᠃ ᠰᠢᠷ᠎ᠠ ᠬᠣᠷᠭᠤᠢ ᠡᠯᠢᠭᠡᠪᠴᠢ᠂ ᠬᠦᠷᠡᠩ ᠳᠠᠯᠢᠩᠪᠤᠤ ᠲᠡᠯᠡᠢ ᠪᠠᠷ ᠢᠶᠠᠨ ᠡᠢᠮᠦ ᠰᠠᠢᠬᠠᠨ ᠶᠠᠭᠤᠮ᠎ᠠ ᠰᠣᠯᠢᠭᠠᠳ ᠨᠢᠳᠦ ᠢᠷᠮᠡᠬᠦ ᠵᠠᠭᠤᠷ᠎ᠠ ᠰᠠᠬᠢᠭᠤᠯᠰᠤᠨ ᠤ ᠡᠩᠨᠡᠭᠡᠨ ᠳᠦ ᠲᠠᠯᠪᠢᠭᠠᠳ ᠣᠷᠤᠴᠢᠬᠠᠪᠠ᠃ ᠯᠣᠳᠣᠨ ᠤᠷᠢᠳᠤ ᠶᠢᠨ ᠯᠣᠳᠣᠨ ᠪᠢᠰᠢ ᠪᠣᠯᠵᠠᠢ᠂ ᠣᠳᠣ᠎ᠴᠢᠨᠢ ᠵᠠᠩᠵᠤᠨ ᠮᠥᠷᠲᠡᠭᠡᠨ ᠭᠠᠯ ᠤᠨ ᠠᠬ᠎ᠠ ᠨᠢ ᠡ ᠁ ᠬᠠᠮᠠᠷ ᠯᠣᠳᠣᠨ ᠭᠡᠨᠡᠳᠲᠡ ᠠᠪᠳᠠᠷ᠎ᠠ ᠶᠢᠨ ᠢᠷᠤᠭᠠᠷ ᠢᠶᠠᠨ ᠠᠭᠤᠳᠠᠯᠤᠨ᠂ ᠹᠧᠣᠳᠠᠯ ᠪᠠᠢᠬᠤ ᠡᠰᠡᠬᠦ ᠶᠢ ᠪᠠᠢᠴᠠᠭᠠᠵᠤ ᠡᠬᠢᠯᠡᠪᠡ᠃ ᠰᠡᠮᠡᠷᠬᠡᠢ ᠬᠠᠳᠠᠭ᠂ ᠱᠠᠵᠠᠩ ᠬᠥᠬᠦᠷ᠂ ᠭᠠᠤᠯᠢᠨ ᠴᠥᠭᠦᠴᠡ ᠁ ᠳᠥᠷᠪᠡᠨ ᠬᠠᠭᠤᠴᠢᠨ ᠰᠤᠷᠲᠠᠯ ᠭᠡᠰᠡᠨ ᠶᠤᠮ ᠳ᠋ᠠ᠂ ᠮᠢᠨᠦ ᠡᠨᠡ᠎ᠴᠢᠨᠢ ᠭᠤᠷᠪᠠᠬᠠᠨ᠎ᠯᠠ ᠪᠠᠢᠨ᠎ᠠ᠃ ᠥᠭᠡᠷ᠎ᠡ ᠶᠠᠭᠤ  ᠪᠠᠨ ᠰᠢᠯᠢᠵᠦ ᠭᠠᠷᠭᠠᠳᠠᠭ ᠪᠢᠯᠡ? ᠬᠠᠮᠠᠷ ᠯᠣᠳᠣᠨ ᠪᠠᠢᠳᠠᠭ ᠬᠥᠷᠦᠩᠭᠡ ᠳᠡᠭᠡᠷ᠎ᠡ ᠪᠠᠨ ᠨᠢᠭᠡ ᠵᠡᠷᠭᠡ ᠨᠢᠳᠦ ᠪᠡᠯᠴᠢᠭᠡᠭᠰᠡᠨ ᠢᠶᠠᠨ ᠲᠤᠤᠵᠠ ᠬᠠᠳᠭᠤᠮᠠᠯ ᠲᠠᠢ ᠲᠣᠷᠭᠠᠨ ᠲᠡᠷᠯᠢᠭ ᠢᠶᠠᠨ ᠰᠢᠭᠦᠷᠦᠨ ᠠᠪᠤᠪᠠ᠃ ᠲᠡᠷᠡ ᠵᠢᠯ ᠪᠠᠳᠮ᠎ᠠ ᠪᠡᠷᠭᠡᠨ ᠦ ᠪᠠᠯᠪᠠᠷᠬᠠᠢ ᠲᠣᠭᠤᠨᠤ ᠶᠢ ᠪᠦᠬᠦᠯᠢ ᠡᠳᠦᠷ ᠵᠠᠰᠠᠵᠤ ᠪᠠᠢᠭᠠᠳ ᠬᠡᠷᠡᠭ ᠪᠣᠯᠭᠠᠵᠤ ᠣᠶᠤᠭᠤᠯᠤᠭᠰᠠᠨ ᠶᠤᠮ  ᠳ᠋ᠠᠭ᠃ ᠵᠠᠭᠷᠠᠢᠮ᠎ᠠ ᠲᠠᠢ ᠭᠡᠷᠯᠡᠬᠦ ᠦᠶ᠎ᠡ  ᠳᠤ  ᠪᠠᠨ ᠡᠮᠦᠰᠬᠦ ᠭᠡᠵᠦ ᠴᠣ᠋ ᠰᠢᠨ᠎ᠡ ᠪᠠᠷ ᠨᠢ ᠬᠠᠳᠠᠭᠠᠯᠠᠭᠰᠠᠭᠠᠷ ᠡᠳᠦᠢ ᠪᠣᠯᠵᠠᠢ᠃ ᠬᠠᠶᠠᠪᠠᠯ ᠳᠡᠩᠴᠢ ᠬᠠᠢᠷᠠᠨ᠂ ᠪᠣᠯᠵᠠᠢ ᠴᠠᠭᠠᠰᠢ! ᠰᠢᠨ᠎ᠡ ᠪᠣᠯᠪᠠᠴᠤ  ᠬᠠᠭᠤᠴᠢᠨ ᠢᠶᠠᠷ ᠪᠣᠳᠤᠴᠢᠬᠠᠶ᠎ᠠ! ᠵᠠᠩᠵᠤᠨ ᠪᠣᠯᠤᠭᠰᠠᠨ ᠬᠥᠮᠦᠨ ᠡᠳᠦᠢᠬᠡᠨ ᠢ ᠠᠯᠳᠠᠬᠤ ᠳᠦ ᠭᠡᠮᠰᠢᠬᠦ ᠶᠣᠰᠤ ᠶᠠᠭᠤ ᠪᠠᠢᠨ᠎ᠠ? ᠁ ᠬᠠᠮᠠᠷ ᠯᠣᠳᠣᠨ 《ᠳᠥᠷᠪᠡᠨ ᠬᠠᠭᠤᠴᠢᠨ ᠰᠤᠷᠲᠠᠯ》 ᠢ ᠴᠢᠳᠠᠨ ᠶᠠᠳᠠᠨ ᠪᠦᠷᠢᠳᠦᠭᠦᠯᠵᠦ᠂ ᠦᠨᠡᠰᠦᠨ ᠣᠪᠤᠭᠠᠨ ᠳᠡᠭᠡᠷ᠎ᠡ ᠪᠤᠯᠠᠵᠤ ᠬᠠᠶᠠᠭᠠᠳ ᠢᠯᠠᠭᠤᠭᠰᠠᠨ ᠴᠢᠷᠠᠢ ᠳᠦ ᠨᠢ ᠪᠠᠶᠠᠰᠭᠤᠯᠠᠩ ᠲᠤᠶᠠᠭᠠᠷᠠᠪᠠ᠃
  ᠵᠠᠩᠵᠤᠨ ᠪᠣᠯᠤᠭᠰᠠᠨ ᠬᠥᠮᠦᠨ ᠳᠦ ᠥᠭᠡᠷ᠎ᠡ ᠶᠠᠭᠤ ᠬᠡᠷᠡᠭᠲᠡᠢ ᠪᠢᠯᠡ? ᠭᠡᠵᠦ ᠬᠠᠮᠠᠷ ᠯᠣᠳᠣᠨ ᠰᠦᠮ᠎ᠡ ᠶᠢᠨ ᠬᠦᠷᠢᠶᠡᠨ ᠳᠦ᠂ ᠭᠡᠷ ᠤᠨ ᠬᠢᠨᠢ ᠡᠭᠦᠳᠡᠨ ᠳᠦ ᠪᠣᠯᠵᠤ ᠪᠠᠢᠭᠰᠠᠨ ᠠᠯᠢᠪᠠ ᠶᠠᠪᠤᠳᠠᠯ ᠢ ᠡᠷᠭᠢᠴᠡᠭᠦᠯᠪᠡ᠃ ᠥ ᠲᠡᠢᠮᠦ᠂ ᠮᠠᠯᠠᠭᠠᠢ ᠪᠠ ᠡᠩᠭᠡᠷ ᠳᠡᠭᠡᠷ᠎ᠡ ᠪᠠᠨ ᠬᠥᠷᠦᠭ ᠵᠡᠭᠦᠭᠰᠡᠨ ᠪᠠᠢᠬᠤ ᠬᠡᠷᠡᠭᠲᠡᠢ᠃ ᠭᠠᠷ ᠲᠤ ᠪᠠᠨ ᠵᠢᠵᠢᠭ ᠤᠯᠠᠭᠠᠨ ᠳᠡᠪᠲᠡᠷ ᠠᠳᠭᠤᠭᠰᠠᠨ ᠪᠠᠢᠬᠤ ᠬᠡᠷᠡᠭᠲᠡᠢ᠃ ᠠᠮᠠ ᠨᠡᠭᠡᠭᠡᠬᠦ ᠪᠣᠯᠭᠠᠨ 《ᠬᠠᠮᠤᠭ ᠤᠨ ᠳᠡᠭᠡᠳᠦ ᠵᠢᠭᠠᠪᠤᠷᠢ》 ᠭᠡᠵᠦ ᠤᠩᠰᠢᠬᠤ ᠬᠡᠷᠡᠭᠲᠡᠢ! ᠭᠡᠲᠡᠯ᠎ᠡ 《ᠬᠠᠮᠤᠭ ᠤᠨ ᠳᠡᠭᠡᠳᠦ ᠵᠢᠭᠠᠪᠤᠷᠢ》 ᠨᠢ ᠶᠠᠭᠤ ᠪᠣᠯᠬᠤ ᠶᠢ ᠬᠠᠮᠠᠷ ᠯᠣᠳᠣᠨ ᠶᠠᠭ ᠮᠡᠳᠡᠬᠦ ᠦᠭᠡᠢ ᠲᠤᠯᠠ᠂ 《ᠤᠮ ᠮᠠ ᠨᠢ ᠪᠠᠳ ᠮᠧ ᠬᠤᠮ》 ᠭᠡᠵᠦ ᠤᠩᠰᠢᠬᠤ ᠪᠣᠯᠳᠠᠭ ᠪᠣᠯ᠎ ᠤᠤ? ᠭᠡᠵᠦ ᠪᠣᠳᠤᠵᠠᠢ᠃   ᠮᠠᠷᠭᠠᠰᠢ ᠡᠴᠡ ᠨᠢ ᠬᠠᠮᠠᠷ ᠯᠣᠳᠣᠨ ᠬᠠᠷ᠎ᠠ ᠪᠣᠷᠤ ᠠᠵᠢᠯ ᠢᠶᠠᠨ ᠬᠠᠶᠠᠭᠠᠳ ᠡᠨᠳᠡ ᠲᠡᠨᠳᠡ ᠭᠦᠶᠦᠵᠦ᠂ ᠬᠠᠮᠤᠭ ᠤᠨ ᠳᠡᠭᠡᠳᠦ ᠵᠢᠭᠠᠪᠤᠷᠢ ᠭᠡᠵᠦ ᠪᠣᠯᠪᠠᠰᠤᠷᠠᠵᠤ ᠡᠬᠢᠯᠡᠪᠡ᠃ ᠴᠢᠩᠭᠢᠭᠡᠳ ᠠᠢᠯ ᠤᠨ ᠬᠣᠭᠤᠯᠠ ᠬᠤᠰᠢᠨ ᠳᠡᠭᠡᠷ᠎ᠡ ᠲᠠᠭᠠᠷᠠᠪᠠᠯ: ᠬᠠᠭᠤᠴᠢᠨ ᠪᠡᠯᠡᠨ ᠢᠶᠠᠨ ᠢᠳᠡᠵᠦ ᠪᠣᠯᠬᠤ ᠦᠭᠡᠢ᠂ ᠰᠢᠨ᠎ᠡ ᠭᠤᠯᠢᠷ ᠪᠠᠢᠬᠤ ᠬᠡᠷᠡᠭᠲᠡᠢ ᠬᠡᠮᠡᠬᠦ ᠪᠣᠯᠵᠠᠢ᠃ ᠬᠠᠮᠤᠭ ᠤᠨ ᠠᠮᠵᠢᠯᠲᠠ ᠲᠠᠢ ᠰᠤᠷᠴᠤ ᠬᠡᠷᠡᠭᠯᠡᠭᠰᠡᠨ ᠨᠢᠭᠡ ᠤᠳᠠᠭ᠎ᠠ ᠭᠡᠪᠡᠯ ᠬᠥᠳᠡᠭᠡ ᠶᠢᠨ ᠬᠡᠳᠦᠨ ᠵᠠᠯᠠᠭᠤᠰ 《ᠪᠠᠢᠯᠳᠤᠬᠤ ᠠᠩᠭᠢ》 ᠪᠠᠢᠭᠤᠯᠬᠤ ᠳᠦ ᠬᠣᠷᠤᠬᠠᠢᠯᠠᠵᠤ᠂ ᠬᠠᠪᠢ ᠲᠥᠰᠦᠷ᠎ᠲᠡᠭᠡᠨ ᠭᠠᠭᠴᠠᠬᠠᠨ ᠪᠣᠭᠲᠤᠰᠤᠨ ᠲᠡᠮᠳᠡᠭ ᠲᠠᠢ ᠪᠠᠷ ᠨᠢ ᠬᠠᠮᠠᠷ ᠯᠣᠳᠣᠨ ᠢ ᠡᠷᠢᠨ ᠵᠥᠪᠳᠡᠯᠴᠡᠵᠡᠢ᠃ ᠬᠠᠮᠠᠷ ᠯᠣᠳᠣᠨ ᠴᠤ᠌ ᠭᠠᠯ ᠤᠨ ᠠᠬ᠎ᠠ ᠶᠢᠨ ᠰᠡᠭᠡᠷᠳᠡᠭᠦᠦ ᠵᠠᠩ᠎ ᠢᠶᠠᠷ:   《ᠲᠡᠷᠡ ᠴᠤ᠌ ᠪᠣᠯᠤᠯᠭᠦᠢ ᠳ᠋ᠠ᠂ ᠭᠠᠭᠴᠠ ᠨᠠᠮᠵᠢᠯ ᠵᠠᠯᠠᠨ ᠶᠠᠭᠤ ᠭᠡᠵᠦ ᠪᠠᠢᠨ᠎ᠠ ᠪᠤᠢ?》 ᠭᠡᠵᠦ ᠠᠰᠠᠭᠤᠵᠠᠢ᠃ ᠬᠡᠳᠦᠨ ᠵᠠᠯᠠᠭᠤᠰ ᠦᠭᠡᠨ ᠦ ᠬᠢᠨᠢ ᠤᠬᠠᠭᠠᠨ ᠢ ᠣᠯᠵᠤ ᠶᠠᠳᠠᠨ ᠪᠡᠶ᠎ᠡ ᠪᠡᠶ᠎ᠡ ᠪᠠᠨ ᠰᠢᠷᠲᠡᠯᠴᠡᠭᠰᠡᠨ ᠢᠶᠠᠨ ᠨᠢᠭᠡ ᠨᠢ:    《ᠨᠠᠮᠵᠢᠯ ᠵᠠᠯᠠᠨ ᠶᠠᠭᠤ ᠴᠤ᠌ ᠭᠡᠰᠡᠨ ᠦᠭᠡᠢ᠂ ᠪᠠᠢᠯᠳᠤᠬᠤ ᠠᠩᠭᠢ ᠪᠠᠢᠭᠤᠯᠪᠠᠯ ᠪᠢ ᠪᠠᠰᠠ ᠣᠷᠤᠶ᠎ᠠ ᠭᠡᠵᠦ ᠵᠠᠯᠠᠨ ᠤ ᠰᠢᠷ᠎ᠠ ᠬᠦᠦ᠎ᠯᠡ ᠪᠡᠷᠬᠡ ᠭᠤᠶᠤᠵᠤ ᠪᠠᠢᠭᠰᠠᠨ》 ᠭᠡᠵᠦ ᠠᠮᠠ ᠠᠯᠳᠠᠪᠠ᠃
  《ᠪᠦᠷ ᠲᠡᠢᠮᠦ ᠪᠣᠯᠬᠤ ᠶᠤᠮ  ᠡ! ᠳᠠᠢᠰᠤᠨ ᠤ ᠬᠣᠷᠤᠬᠠᠢᠯᠠᠳᠠᠭ ᠪᠦᠬᠦᠨ ᠢ ᠪᠢᠳᠡ ᠡᠰᠡᠷᠭᠦᠴᠡᠨ᠎ᠡ᠃ ᠪᠠᠢᠯᠳᠤᠬᠤ ᠠᠩᠭᠢ ᠭᠠᠷᠭᠠᠵᠤ ᠪᠣᠯᠬᠤ ᠦᠭᠡᠢ》 ᠭᠡᠵᠦ ᠬᠠᠮᠠᠷ ᠯᠣᠳᠣᠨ ᠭᠠᠭᠴᠠᠬᠠᠨ ᠦᠭᠡ ᠪᠠᠷ ᠬᠠᠮᠤᠭ ᠵᠠᠯᠠᠭᠤᠰ ᠤᠨ ᠲᠦᠭᠦᠰᠢ ᠶᠢ ᠵᠠᠭᠤᠷᠠᠭᠤᠯᠵᠤ ᠲᠠᠯᠪᠢᠵᠠᠢ᠃ ᠲᠡᠢᠮᠦ ᠠᠴᠠ ᠬᠥᠳᠡᠭᠡ ᠶᠢᠨ ᠬᠥᠮᠦᠰ ᠬᠠᠮᠠᠷ ᠯᠣᠳᠣᠨ ᠭᠡᠪᠡᠯ ᠨᠡᠭᠡᠷᠡᠨ ᠪᠢᠰᠢᠷᠡᠵᠦ ᠬᠦᠨᠳᠦᠯᠡᠳᠡᠭ ᠠᠴᠠ ᠭᠠᠳᠠᠨ᠎ᠠ ᠪᠠᠰᠠ ᠵᠢᠭᠠᠬᠠᠨ ᠠᠶᠤᠬᠤ ᠳᠠᠢᠵᠢᠳᠠᠭ ᠪᠣᠯᠵᠠᠢ᠃
  ᠢᠩᠭᠢᠬᠦ ᠲᠤᠲᠤᠮ ᠬᠠᠮᠠᠷ ᠯᠣᠳᠣᠨ ᠬᠡᠨ ᠢ ᠴᠤ᠌ ᠨᠢᠳᠦᠨ  ᠳᠤ  ᠪᠠᠨ ᠬᠠᠪᠴᠢᠬᠤ ᠦᠭᠡᠢ ᠪᠣᠯᠵᠤ᠂ ᠵᠥᠪᠬᠡᠨ ᠯᠠ ᠮᠡᠩᠭᠡᠲᠦ ᠶᠢᠨ ᠬᠦᠦ᠎ᠲᠡᠢ ᠪᠤᠯᠤ ᠲᠡᠩᠬᠡᠯᠢᠭ ᠪᠣᠯᠤᠨ ᠨᠡᠢᠯᠡᠨ᠎ᠡ᠃ ᠪᠢᠴᠢᠬᠠᠨ ᠵᠠᠩᠵᠤᠨ ᠭᠡᠳᠡᠭ ᠴᠢᠨᠢ ᠶᠣᠰᠤᠲᠠᠢ ᠱᠠᠭᠢᠮᠤᠨᠢ ᠶᠢᠨ ᠡᠪᠦᠭᠡ ᠠᠴᠠ ᠴᠤ᠌ ᠢᠯᠡᠭᠦᠦ ᠰᠠᠢᠨ ᠵᠠᠩ ᠲᠠᠢ ᠤᠯᠤᠰ ᠪᠠᠢᠨ᠎ᠠ ᠳ᠋ᠠ ! ᠬᠠᠨᠢᠯᠠᠪᠠᠯ ᠡᠢᠮᠦ  ᠯᠡ ᠤᠯᠤᠰ ᠲᠠᠢ ᠬᠠᠨᠢᠯᠠᠵᠤ᠂ ᠮᠥᠷᠳᠡᠪᠡᠯ ᠡᠨᠡ᠎ᠯᠡ ᠵᠠᠮ ᠢ ᠮᠥᠷᠳᠡᠶ᠎ᠡ! ᠪᠤᠷᠤᠭᠤ ᠮᠡᠳᠡᠷᠡᠭᠰᠡᠨ ᠪᠠᠢᠲᠠᠯ᠎ᠠ ᠮᠠᠭᠤ ᠶᠢ ᠨᠢ ᠳᠤᠷᠠᠰᠤᠭᠠᠳ ᠪᠠᠢᠳᠠᠭ ᠬᠢᠯᠠᠷ ᠳᠠᠮᠪᠢ᠂ ᠴᠠᠭᠠᠨ ᠬᠥᠮᠦᠨ ᠦ ᠲᠣᠯᠤᠭᠠᠢ ᠳᠡᠭᠡᠷ᠎ᠡ ᠬᠠᠷ᠎ᠠ ᠲᠣᠭᠤᠭ᠎ᠠ ᠬᠥᠮᠦᠷᠢᠳᠡᠭ ᠬᠣᠭᠤᠯᠠ ᠬᠠᠮᠢᠶᠠᠷᠤᠭᠴᠢ᠂ ᠶᠠᠯᠢᠭᠦᠢ ᠶᠠᠭᠤᠮ᠎ᠠ ᠳᠦ ᠥᠰ ᠵᠠᠩᠭᠢᠳᠤᠭᠰᠠᠨ ᠵᠠᠯᠠᠭᠤ ᠴᠢᠪᠠᠭᠠᠨᠴᠠ ᠁ ᠵᠠᠩᠵᠤᠳ ᠤᠨ ᠮᠢᠨᠢ ᠳᠡᠷᠭᠡᠳᠡ ᠡᠳᠡ ᠶᠣᠰᠤᠲᠠᠢ᠎ᠯᠠ ᠬᠤᠳᠳᠤᠭ ᠤᠨ ᠮᠡᠯᠡᠬᠡᠢ! ᠤᠯᠠᠭᠠᠨ ᠨᠠᠷᠠ᠂ ᠤᠯᠠᠭᠠᠨ ᠵᠢᠷᠦᠬᠡ᠃ ᠤᠯᠠᠭᠠᠨ ᠳᠡᠪᠲᠡᠷ᠂ ᠤᠯᠠᠭᠠᠨ ᠬᠥᠷᠦᠭ᠃ ᠤᠯᠠᠭᠠᠨ ᠪᠣᠭᠲᠤᠰᠤᠨ 《ᠳᠤᠭ》᠂ ᠤᠯᠠᠭᠠᠨ ᠣᠳᠣ ᠁ ᠠᠶ᠎ᠠ! ᠪᠢ᠎ᠴᠢᠨᠢ ᠡᠢᠮᠦ ᠬᠤᠷᠳᠤᠨ ᠤᠯᠠᠭᠠᠨ ᠵᠢᠷᠭᠤᠭᠠᠨ ᠲᠥᠷᠦᠯ᠎ᠲᠡᠢ ᠪᠣᠯᠴᠢᠬᠠᠯ᠎ᠠ᠃ ᠬᠡᠳᠦ ᠬᠣᠨᠤᠪᠠᠯ ᠠᠷᠪᠠ ᠬᠣᠷᠢᠨ ᠤᠯᠠᠭᠠᠨ ᠲᠠᠢ ᠴᠤ᠌ ᠪᠣᠯᠵᠤ ᠮᠡᠳᠡᠨ᠎ᠡ ᠳ᠋ᠠ ! ᠦᠭᠡᠢ ᠶᠡᠷᠦ ᠨᠢ ᠮᠡᠩᠭᠡᠲᠦ ᠶᠢᠨ ᠬᠦᠦ ᠪᠡᠶ᠎ᠡ ᠪᠠᠨ ᠬᠡᠵᠢᠶᠡᠳᠡ ᠤᠯᠠᠭᠠᠨ ᠲᠠᠪᠤᠨ ᠲᠥᠷᠦᠯ ᠭᠡᠵᠦ ᠭᠠᠢᠬᠠᠭᠤᠯᠳᠠᠭ ᠪᠢᠰᠢ ᠦᠦ ? ᠬᠠᠮᠠᠷ ᠯᠣᠳᠣᠨ ᠣᠳᠣ ᠲᠡᠭᠦᠨ ᠢ ᠲᠡᠯᠡᠢ  ᠳᠤ  ᠪᠠᠨ ᠴᠤ᠌ ᠬᠠᠪᠴᠢᠭᠤᠯᠬᠤ ᠦᠭᠡᠢ ᠪᠣᠯᠤᠭᠰᠠᠨ ᠡ᠃ ᠬᠠᠭᠤᠴᠢᠨ ᠢᠶᠠᠷ ᠵᠢᠱ᠋ᠢᠪᠡᠯ ᠬᠠᠮᠠᠷ ᠪᠢ ᠠᠮᠪᠠᠨ ᠰᠠᠭᠤᠭᠰᠠᠨ ᠪᠠᠢᠬᠤ ᠳᠦ ᠮᠡᠩᠭᠡᠲᠦ ᠶᠢᠨ ᠬᠦᠦ ᠳᠥᠩᠭᠡᠵᠢ ᠵᠠᠩᠭᠢ᠎ᠯᠠ ᠪᠢᠵᠡ!

    ᠬᠠᠮᠲᠤ ᠶᠢᠨ ᠢᠯᠠᠯᠲᠠ  ᠪᠠᠨ ᠣᠯᠬᠤ ᠡᠴᠡ ᠡᠮᠦᠨ᠎ᠡ ᠬᠠᠮᠠᠷ ᠯᠣᠳᠣᠨ ᠳᠤ ᠪᠠᠨ ᠪᠠᠭᠤᠴᠢᠬᠠᠬᠤ ᠨᠢ ᠡᠨᠡ ᠦᠦ ?!
  ᠨᠢᠭᠡᠳᠦᠯ ᠳᠡᠭᠡᠷ᠎ᠡ 《ᠰᠧᠯᠢᠩᠪᠦ᠋》 ᠶᠢ ᠫᠤᠤᠳᠠᠬᠤ ᠠᠨᠳᠠᠭᠠᠢᠯᠠᠯᠲᠠ ᠶᠢᠨ ᠶᠡᠬᠡ ᠬᠤᠷᠠᠯ ᠪᠣᠯᠪᠠ᠃ ᠶᠠᠳᠠᠭᠤ ᠮᠠᠯᠴᠢᠨ ᠤ ᠲᠥᠯᠦᠭᠡᠯᠡᠭᠴᠢ ᠭᠡᠵᠦ ᠬᠠᠮᠠᠷ ᠯᠣᠳᠣᠨ ᠪᠢᠴᠢᠬᠠᠨ ᠵᠠᠩᠵᠤᠨ ᠤ ᠮᠣᠲ᠋ᠤᠷ ᠤᠨ ᠠᠷᠤ ᠳᠦ ᠰᠤᠨᠳᠠᠯᠠᠨ ᠢᠷᠡᠭᠡᠳ᠂ ᠲᠡᠷᠢᠭᠦᠯᠡᠭᠴᠢ ᠶᠢᠨ ᠲᠠᠢᠰᠠᠨ ᠳᠦ ᠵᠠᠯᠠᠭᠳᠠᠨ ᠭᠠᠷᠤᠭᠰᠠᠨ ᠨᠢ ᠳᠠᠮᠵᠢᠭ ᠦᠭᠡᠢ᠃ ᠬᠠᠮᠠᠷ ᠯᠣᠳᠣᠨ ᠡᠨᠡ ᠶᠠᠪᠤᠭ᠎ᠠ ᠨᠠᠰᠤᠨ  ᠳᠤ  ᠪᠠᠨ ᠡᠢᠮᠦ ᠥᠪᠡᠳᠡᠭᠰᠢ ᠴᠤᠭᠯᠠᠭᠠᠨ ᠳᠦ ᠠᠩᠬ᠎ᠠ ᠤᠳᠠᠭ᠎ᠠ ᠣᠷᠤᠯᠴᠠᠵᠤ ᠮᠢᠩᠭᠠᠨ ᠬᠥᠮᠦᠨ ᠦ ᠡᠮᠦᠨ᠎ᠡ ᠲᠣᠩᠬᠤᠢᠨ ᠰᠠᠭᠤᠵᠤ ᠪᠠᠢᠭ᠎ᠠ ᠲᠤᠯᠠ ᠵᠢᠷᠦᠬᠡ ᠨᠢ ᠡᠷᠬᠡ ᠦᠭᠡᠢ ᠰᠠᠪᠠᠯᠠᠵᠤ᠂ ᠵᠠᠩᠭᠤᠤ ᠵᠠᠢᠳᠠᠯᠠᠭᠰᠠᠨ ᠶᠤᠮ  ᠰᠢᠭ᠋ ᠣᠪᠤᠭᠤᠨᠠᠵᠤ ᠪᠠᠢᠯ᠎ᠠ᠃
  ᠲᠠᠢᠰᠠᠨ ᠳᠣᠣᠷ᠎ᠠ ᠡᠯᠳᠡᠪ ᠡᠰᠡ ᠶᠢᠨ ᠮᠠᠯᠠᠭᠠᠢ ᠫᠠᠢᠰᠠ ᠲᠠᠢ ᠨᠢᠭᠡᠳᠦᠯ ᠤᠨ ᠱᠦᠵᠢ᠂ ᠨᠠᠮᠵᠢᠯ ᠵᠠᠯᠠᠨ᠂ ᠰᠦᠮ᠎ᠡ ᠶᠢᠨ ᠭᠡᠭᠡᠨ᠂ ᠬᠢᠯᠠᠷ ᠳᠠᠮᠪᠢ ᠁ ᠭᠡᠳ ᠪᠥᠭᠡᠮ ᠴᠢᠳᠭᠦᠷ ᠱᠣᠯᠤᠮ ᠢ ᠣᠯᠠᠨ ᠤ ᠡᠰᠡᠷᠭᠦ ᠲᠣᠯᠤᠭᠠᠢ ᠪᠥᠬᠦᠢᠯᠭᠡᠨ ᠵᠣᠭᠰᠤᠭᠠᠵᠠᠢ᠃ ᠨᠠᠮᠵᠢᠯ ᠵᠠᠯᠠᠨ ᠤ ᠠᠳᠤᠭᠤᠴᠢᠨ ᠳᠦ ᠶᠠᠪᠤᠵᠤ ᠪᠠᠢᠭᠰᠠᠨ ᠨᠢᠭᠡᠳᠦᠯ ᠤᠨ ᠳᠠᠷᠤᠭ᠎ᠠ᠂ ᠰᠦᠮ᠎ᠡ ᠶᠢᠨ ᠭᠡᠭᠡᠨ ᠦ ᠬᠥᠯᠦᠰᠦ ᠦᠭᠡᠢ ᠠᠯᠪᠠᠨ ᠳᠦ ᠪᠠᠷᠢᠭᠳᠠᠵᠤ ᠪᠠᠢᠭᠰᠠᠨ ᠬᠢᠯᠠᠷ ᠳᠠᠮᠪᠢ ᠨᠠᠷ ᠥᠪᠡᠷ ᠤᠨ ᠳᠠᠢᠰᠤᠨ ᠡᠲᠡᠭᠡᠳ ᠲᠠᠢ ᠪᠠᠨ ᠵᠡᠷᠭᠡᠴᠡᠨ ᠲᠣᠩᠭᠤᠢᠭᠰᠠᠨ ᠨᠢ ᠳᠡᠩᠴᠢ ᠡᠪ ᠦᠭᠡᠢ ᠶᠤᠮ ᠦᠦ ? ᠭᠡᠵᠦ ᠯᠣᠳᠣᠨ ᠪᠣᠳᠤᠪᠠ᠃
  ᠪᠢᠴᠢᠬᠠᠨ ᠵᠠᠩᠵᠤᠨ ᠤ ᠬᠢᠭᠰᠡᠨ ᠢᠯᠡᠳᠭᠡᠯ ᠨᠢ ᠬᠠᠮᠠᠷ ᠯᠣᠳᠣᠨ ᠢ ᠨᠢᠭᠡᠮᠦᠰᠦᠨ ᠬᠢᠷᠳ᠋ᠬᠢᠯᠭᠡᠪᠡ᠃ ᠬᠦᠢ ᠳ᠋ᠠ᠂ ᠭᠥᠷᠦᠨ ᠲᠥᠷᠦ᠎ᠴᠢᠨᠢ ᠲᠦᠪᠰᠢᠨ ᠦᠭᠡᠢ ᠪᠣᠯᠤᠭᠰᠠᠨ ᠶᠤᠮ  ᠪᠠᠢᠨ᠎ᠠ ᠰᠢᠤ! ᠰᠦᠷᠡᠬᠡᠢ ᠪᠦᠳᠦᠭᠦᠨ ᠬᠡᠷᠡᠭ ᠭᠠᠷᠴᠤ ᠭᠡᠨ᠎ᠡ᠃ ᠨᠢᠭᠡᠳᠦᠯ ᠤᠨ ᠱᠦᠵᠢ ᠪᠠᠰᠠ ᠰᠠᠪᠠᠭ᠎ᠠ ᠦᠭᠡᠢ ᠳᠤᠮᠳᠠ ᠨᠢ ᠳᠡᠯᠳᠡᠭᠡᠨᠡᠵᠦ ᠨᠠᠮᠵᠢᠯ ᠵᠠᠯᠠᠨ ᠢ ᠡᠷᠭᠦᠨ ᠪᠣᠰᠭᠠᠭᠠᠳ᠂ ᠳᠠᠯᠳᠠᠭᠤᠷ ᠨᠢᠭᠡ ᠨᠢᠭᠤᠴᠠ ᠶᠠᠮᠤᠨ ᠪᠠᠢᠭᠤᠯᠬᠤ ᠪᠡᠷ ᠬᠦᠴᠦᠯᠡᠵᠦ ᠭᠡᠨ᠎ᠡ᠂ ᠬᠣᠰᠢᠭᠤ ᠶᠠᠮᠤᠨ ᠭᠠᠷᠬᠤ ᠳᠦ ᠬᠦᠷᠪᠡᠯ ᠪᠦᠬᠦᠯᠢ ᠶᠢᠨ ᠰᠢᠭᠦᠰᠦᠨ ᠦ ᠠᠮᠠᠨ ᠰᠢᠷᠡᠭᠡ ᠬᠢᠬᠦ ᠨᠢ ᠯᠠᠪ! ᠠᠮᠠᠨ ᠰᠢᠷᠡᠭᠡ ᠬᠢᠬᠦ ᠳᠦ ᠬᠦᠷᠪᠡᠯ ᠬᠠᠮᠠᠷ ᠯᠣᠳᠣᠨ ᠢ ᠠᠯᠪᠠ ᠳᠦ ᠪᠠᠷᠢᠵᠤ ᠠᠪᠠᠴᠢᠬᠤ ᠨᠢ ᠭᠠᠷᠴᠠᠭ᠎ᠠ ᠦᠭᠡᠢ᠂ ᠲᠡᠷᠡ ᠨᠢ ᠴᠤ᠌ ᠭᠠᠢᠭᠤᠢ᠎ᠯᠠ ᠪᠠᠢᠨ᠎ᠠ᠃ ᠠᠬᠠᠳᠠᠪᠠᠯ ᠬᠡᠳᠦᠨ ᠵᠢᠩ ᠮᠢᠬ᠎ᠠ  ᠪᠠᠨ ᠭᠡᠭᠡᠨ᠎ᠡ᠎ᠯᠡ ᠪᠢᠵᠡ᠃ ᠬᠠᠮᠤᠭ ᠤᠨ ᠬᠡᠴᠡᠭᠦᠦ ᠨᠢ ᠬᠠᠷᠢᠨ ᠶᠠᠮᠤᠨ ᠤ ᠠᠭᠠᠷᠤ ᠬᠠᠪᠲᠠᠰᠤ ᠪᠡᠷ ᠠᠪᠳᠠᠷ᠎ᠠ ᠬᠢᠭᠰᠡᠨ ᠤᠴᠢᠷ! ᠵᠦᠰᠦᠵᠦ ᠵᠦᠢᠭᠡᠳ ᠰᠦᠢᠳᠭᠡᠭᠰᠡᠨ ᠮᠥᠷᠲᠡᠭᠡᠨ ᠨᠢᠭᠤᠷ ᠤᠨ ᠬᠠᠪᠲᠠᠰᠤ ᠶᠢ ᠨᠢ ᠬᠢᠮᠤᠰᠤ ᠮᠡᠲᠦ ᠨᠢᠮᠭᠡᠷᠡᠲᠡᠯ᠎ᠡ ᠬᠤᠰᠤᠭᠰᠠᠨ ᠢ᠎ ᠮᠢᠨᠢ ᠠᠮᠪᠠᠨ ᠨᠣᠶᠠᠨᠲᠠᠨ ᠠᠵᠢᠭ ᠠᠪᠤᠪᠠᠯ ᠬᠥᠩᠭᠡᠨ  ᠳᠤ  ᠪᠠᠨ ᠨᠠᠰᠤᠨ ᠤ ᠪᠣᠭᠤᠯ ᠪᠣᠯᠭᠠᠵᠤ᠂ ᠬᠡᠯᠲᠦᠰᠬᠢᠪᠡᠯ ᠴᠢᠪᠠᠭᠠᠨᠴᠠ ᠶᠢᠨ ᠬᠠᠷ᠎ᠠ ᠬᠥᠮᠦᠨ ᠦ ᠣᠷᠤ ᠶᠢ ᠳᠠᠷᠤᠭᠤᠯᠬᠤ ᠳᠦ ᠣᠢᠷᠠᠬᠠᠨ ᠰᠢᠤ! ᠁ ᠠᠶ᠎ᠠ! ᠡᠨᠡ ᠮᠠᠭᠤ ᠨᠢᠭᠡᠳᠦᠯ ᠤᠨ ᠱᠦᠵᠢ ᠬᠣᠣᠷ᠎ᠠ ᠢᠷᠤ᠎ᠠ ᠲᠠᠢ ᠭᠡᠵᠦ ᠡ! ᠁ ᠴᠢᠮᠠᠢ ᠴᠣᠬᠢᠵᠤ ᠤᠨᠠᠭᠠᠬᠤ ᠨᠢ ᠪᠦᠷ ᠲᠠᠭᠠᠷᠠᠨ᠎ᠠ᠂ ᠴᠣᠬᠢᠭᠠᠳ ᠠᠯᠠᠪᠠᠴᠤ ᠰᠠᠨᠠᠯ ᠦᠭᠡᠢ᠃
  ᠬᠠᠮᠠᠷ ᠯᠣᠳᠣᠨ ᠮᠠᠨᠴᠤᠷᠭᠠᠨ ᠬᠠᠮᠠᠷ ᠢᠶᠠᠨ ᠤᠭ ᠲᠤᠨᠢ ᠲᠤᠯᠲᠠᠯ᠎ᠠ ᠤᠯᠠᠢᠯᠭᠠᠵᠤ ᠴᠡᠨᠳᠡᠢᠯᠭᠡᠭᠡᠳ ᠰᠠᠭᠤᠷᠢ ᠦᠭᠡᠢ ᠣᠪᠤᠯᠵᠠᠵᠤ ᠪᠠᠢᠲᠠᠯ᠎ᠠ᠂ ᠮᠡᠩᠭᠡᠲᠦ ᠶᠢᠨ ᠬᠦᠦ:
  《ᠣᠳᠣ ᠶᠠᠳᠠᠭᠤ ᠮᠠᠯᠴᠢᠨ ᠤ ᠵᠢᠩᠬᠢᠨᠢ ᠲᠥᠯᠦᠭᠡᠯᠡᠭᠴᠢ ᠨᠥᠬᠦᠷ ᠯᠣᠳᠣᠨ ᠴᠢᠬᠤᠯᠠ ᠶᠠᠷᠢᠶ᠎ᠠ ᠲᠠᠯᠪᠢᠨ᠎ᠠ》 ᠭᠡᠵᠦ ᠵᠠᠷᠯᠠᠭᠠᠳ᠂ ᠤᠷᠭᠠᠨ ᠤ ᠪᠣᠯᠴᠤᠤ ᠭᠡᠮᠡᠷ ᠰᠣᠨᠢᠨ ᠡᠳ᠋ ᠡᠮᠦᠨ᠎ᠡ ᠨᠢ ᠠᠪᠴᠢᠷᠠᠵᠤ ᠲᠠᠯᠪᠢᠪᠠ᠃
  ᠢᠷᠠᠢᠲᠠᠯ᠎ᠠ ᠰᠠᠭᠤᠭᠰᠠᠨ ᠮᠢᠩᠭᠠᠨ ᠠᠮᠢᠲᠠᠨ ᠤ ᠠᠶᠤᠩᠭ᠎ᠠ ᠮᠡᠲᠦ ᠨᠢᠵᠢᠭᠢᠨᠡᠭᠰᠡᠨ ᠠᠯᠠᠭ᠎ᠠ ᠲᠠᠰᠢᠯᠲᠠ ᠬᠠᠮᠠᠷ ᠯᠣᠳᠣᠨ ᠤ ᠵᠢᠷᠦᠬᠡ ᠶᠢ ᠫᠣᠯ ᠫᠣᠯ ᠲᠦᠭᠰᠢᠭᠦᠯᠵᠦ᠂ ᠰᠠᠨᠳᠤᠷᠴᠤ ᠲᠡᠪᠡᠳᠡᠬᠦ ᠶᠢᠨ ᠲᠤᠢᠯ ᠳᠦ ᠬᠦᠷᠦᠭᠦᠯᠵᠡᠢ᠃ ᠬᠡᠳᠦᠨ ᠦᠭᠡ ᠶᠠᠷᠢᠬᠤ ᠦᠭᠡᠢ ᠪᠣᠯ ᠮᠡᠩᠭᠡᠲᠦ ᠶᠢᠨ ᠬᠦᠦ ᠳᠦ ᠣᠰᠤᠯᠳᠠᠵᠤ᠂ ᠪᠢᠴᠢᠬᠠᠨ ᠵᠠᠩᠵᠤᠨ ᠳᠦ ᠭᠣᠯᠤᠭᠳᠠᠵᠤ ᠮᠡᠳᠡᠨ᠎ᠡ ᠰᠢᠦ᠃ ᠶᠠᠷᠢᠴᠢᠬᠠᠶ᠎ᠠ ᠭᠡᠬᠦ ᠳᠦ ᠡᠢᠮᠦ ᠣᠯᠠᠨ ᠬᠥᠮᠦᠨ ᠦ ᠡᠮᠦᠨ᠎ᠡ ᠪᠠᠢᠲᠤᠭᠠᠢ᠂ ᠡᠭᠦᠷ ᠠᠷᠪᠠᠨ ᠤ ᠴᠤᠭᠯᠠᠭ᠎ᠠ ᠳᠡᠭᠡᠷ᠎ᠡ ᠬᠡᠳᠦᠬᠡᠨ ᠦᠭᠡᠨ ᠳᠦ ᠬᠡᠯᠡ ᠪᠠᠨ ᠪᠣᠯᠵᠠᠭᠠᠵᠤ ᠬᠠᠮᠤᠭ ᠠᠮᠢᠲᠠᠨ ᠤ ᠬᠠᠷ᠎ᠠ ᠢᠨᠢᠶᠡᠳᠦ ᠪᠣᠯᠵᠤ ᠶᠠᠪᠤᠭᠰᠠᠨ ᠳ᠋ᠠᠭ᠃ ᠠᠢ! ᠬᠥᠭᠰᠢᠨ ᠪᠤᠬ᠎ᠠ ᠵᠢᠷᠤᠭ᠎ᠠ ᠰᠤᠷᠬᠤ᠎ᠯᠠ ᠬᠡᠷᠡᠭᠲᠡᠢ ᠪᠣᠯᠵᠠᠢ ᠳ᠋ᠠ ! ᠶᠠᠭᠤ ᠴᠤ᠌ ᠭᠡᠰᠡᠨ 《ᠬᠠᠮᠤᠭ ᠤᠨ ᠳᠡᠭᠡᠳᠦ ᠵᠢᠭᠠᠪᠤᠷᠢ》  ᠪᠠᠨ ᠤᠩᠰᠢᠵᠤ ᠪᠠᠢᠭᠠᠳ ᠪᠣᠯᠤᠶ᠎ᠠ ᠭᠡᠵᠦ ᠪᠣᠳᠤᠭᠠᠳ ᠬᠠᠮᠠᠷ ᠯᠣᠳᠣᠨ ᠳᠠᠷᠤᠭᠳᠠᠭᠰᠠᠨ ᠢᠰᠢᠭᠡ ᠶᠢᠨ ᠮᠠᠭᠤᠬᠠᠢ ᠬᠣᠭᠤᠯᠠᠢ ᠪᠡᠷ:
  《ᠬᠠᠮᠤᠭ ᠤᠨ ᠁ ᠳᠡᠭᠡᠳᠦ ᠵᠢᠭᠠᠪᠤᠷᠢ:
ᠬᠡᠨ ᠴᠢᠨᠦ ᠳᠠᠢᠰᠤᠨ ᠪᠤᠢ ᠁ ᠬᠡᠨ ᠮᠢᠨᠦ ᠬᠠᠨᠢ ᠪᠤᠢ? ᠁ ᠡᠨᠡ ᠪᠣᠯ ᠬᠤᠪᠢᠰᠭᠠᠯ ᠤᠨ ᠁ ᠲᠦᠷᠦᠭᠦᠦ ᠬᠤᠳᠠ ᠮᠥᠨ》 ᠭᠡᠪᠡ᠃ ᠴᠠᠭᠠᠰᠢ ᠲᠡᠭᠡᠭᠯᠡᠴᠢᠬᠡᠭᠡᠳ ᠬᠣᠭᠤᠯᠠᠢ  ᠪᠠᠨ ᠵᠠᠰᠠᠵᠤ ᠪᠠᠢᠲᠠᠯ᠎ᠠ᠂ ᠮᠡᠩᠭᠡᠲᠦ ᠶᠢᠨ ᠬᠦᠦ ᠶᠢᠨ ᠴᠢᠷᠠᠢ ᠨᠢᠭᠡ᠎ᠯᠡ ᠬᠠᠴᠢᠨ ᠪᠣᠯᠵᠤ ᠠᠪᠤᠭᠠᠳ᠂ ᠲᠡᠮᠦᠷ ᠪᠣᠯᠴᠤᠤ  ᠪᠠᠨ ᠰᠤᠭᠤ ᠲᠡᠳᠡᠨ ᠠᠪᠴᠢᠬᠠᠪᠠ᠃ ᠵᠠ ᠪᠣᠯᠵᠠᠢ᠂ ᠲᠡᠷᠡ᠎ᠲᠡᠢ ᠲᠡᠷᠡ ᠦᠭᠡᠢ ᠬᠡᠳᠦᠨ ᠦᠭᠡ ᠡᠪᠯᠡᠭᠦᠯᠵᠦ ᠬᠡᠯᠡᠭᠡᠳ ᠲᠠᠮᠤ ᠡᠴᠡ ᠬᠤᠷᠳᠤᠬᠠᠨ ᠮᠤᠯᠲᠤᠷᠠᠶ᠎ᠠ᠃
  ᠪᠢᠴᠢᠬᠠᠨ ᠵᠠᠩᠵᠤᠳ ᠨᠢᠭᠡᠨ ᠵᠡᠷᠭᠡ ᠬᠥᠯ ᠪᠣᠯᠵᠤ᠂ ᠴᠢᠬᠢ ᠴᠢᠬᠢ ᠪᠠᠨ ᠵᠠᠭᠤᠯᠴᠠᠭᠰᠠᠨ ᠢᠶᠠᠨ ᠮᠡᠩᠭᠡᠲᠦ ᠶᠢᠨ ᠬᠦᠦ ᠭᠡᠨᠡᠳᠲᠡ:
  《ᠬᠠᠮᠠᠷ ᠯᠣᠳᠣᠨ ᠲᠠᠢᠰᠠᠨ ᠡᠴᠡ ᠪᠠᠭᠤ!》 ᠭᠡᠵᠦ ᠬᠠᠰᠭᠢᠷᠪᠠ᠃ 《ᠥ᠂ ᠳᠣᠣᠷ᠎ᠠ ᠪᠠᠭᠤᠭᠠᠳ ᠶᠠᠷᠢᠪᠠᠯ ᠣᠯᠠᠨ ᠬᠥᠮᠦᠨ ᠲᠣᠳᠤ ᠰᠣᠨᠤᠰᠬᠤ ᠳᠦ ᠠᠮᠠᠷ ᠭᠡᠵᠦ ᠪᠠᠢᠨ᠎ᠠ᠎ ᠤᠤ? ᠵᠠ᠂ ᠵᠠ! ᠁》 ᠭᠡᠵᠦ ᠬᠠᠮᠠᠷ ᠯᠣᠳᠣᠨ ᠲᠠᠪᠴᠠᠩ ᠡᠴᠡ ᠪᠠᠭᠤᠬᠤ ᠶᠢᠨ ᠳᠠᠭᠠᠤ: 《ᠨᠢᠭᠡᠳᠦᠯ ᠤᠨ ᠱᠦᠵᠢ ᠦᠨᠡᠬᠡᠷ ᠣᠯᠢᠭ ᠦᠭᠡᠢ ᠁》 ᠭᠡᠵᠦ ᠠᠮᠠᠨ ᠳᠣᠲᠤᠷ᠎ᠠ  ᠪᠠᠨ ᠳᠦᠳᠦᠨᠡᠵᠦ ᠶᠠᠪᠤᠨ᠎ᠠ᠃
  《ᠲᠡᠨᠳᠡ ᠵᠣᠭᠰᠤ!》 ᠭᠡᠵᠦ ᠮᠡᠩᠭᠡᠲᠦ ᠶᠢᠨ ᠬᠦᠦ ᠴᠢᠳᠭᠦᠷ ᠱᠣᠯᠤᠮ ᠤᠨ ᠵᠦᠭ ᠵᠢᠭᠠᠭᠰᠠᠨ ᠳᠦ᠂ ᠶᠠᠭᠤ ᠪᠢᠯᠡ ? ᠭᠡᠵᠦ ᠬᠠᠮᠠᠷ ᠯᠣᠳᠣᠨ ᠵᠣᠭ ᠲᠣᠰᠤᠭᠰᠠᠨ ᠢᠶᠠᠨ ᠬᠠᠭᠵᠠᠷᠬᠠᠢ ᠭᠤᠲᠤᠯ ᠤᠨ ᠬᠣᠩᠰᠢᠶᠠᠷ ᠢᠶᠠᠨ ᠬᠠᠷᠠᠵᠤ᠂ ᠣᠷᠤᠨ ᠳᠤ ᠪᠠᠨ ᠪᠠᠷᠪᠠᠢᠨ ᠵᠣᠭᠰᠤᠪᠠ᠃
  ᠲᠠᠢᠰᠠᠨ ᠳᠡᠭᠡᠷ᠎ᠡ ᠠᠴᠠ ᠭᠡᠨᠡᠳᠲᠡ:
  《ᠣᠳᠣ ᠪᠡᠷ ᠢᠶᠠᠨ ᠠᠵᠢᠯᠯᠠᠭ᠎ᠠ ᠲᠠᠢ ᠬᠤᠪᠢᠰᠭᠠᠯ ᠢ ᠡᠰᠡᠷᠭᠦᠴᠡᠭᠴᠢ ᠬᠠᠮᠠᠷ ᠯᠣᠳᠣᠨ ᠢ ᠴᠣᠬᠢᠨ ᠤᠨᠠᠭᠠᠶ᠎ᠠ!》 ᠭᠡᠵᠦ ᠴᠢᠬᠢ ᠳᠦᠯᠡᠢᠷᠡᠲᠡᠯ᠎ᠡ ᠬᠠᠰᠭᠢᠷᠤᠭᠰᠠᠨ ᠳᠦ ᠬᠠᠮᠠᠷ ᠯᠣᠳᠣᠨ ᠰᠣᠴᠢᠭᠠᠨ ᠳᠡᠭᠡᠷ᠎ᠡ ᠪᠠᠨ ᠨᠢᠳᠦ ᠨᠢ ᠣᠷᠤᠢ ᠳᠡᠭᠡᠷ᠎ᠡ ᠪᠠᠨ ᠭᠠᠷᠪᠠ᠃ ᠯᠠᠮᠠ ᠭᠣᠨᠴᠤᠭ ᠰᠦᠮ᠎ᠡ! ᠬᠣᠷᠤᠮ ᠤᠨ ᠵᠠᠭᠤᠷ᠎ᠠ ᠢᠵᠢᠯᠢ ᠳᠠᠰᠤᠯ ᠬᠠᠷᠠᠴᠠ᠎ᠨᠤᠭᠤᠳ ᠨᠢ ᠡᠷᠡᠢᠵᠦ ᠦᠵᠦᠭᠦᠷᠯᠡᠭᠰᠡᠨ ᠬᠢᠯᠢᠩᠲᠦ ᠬᠠᠷᠠᠴᠠ ᠪᠣᠯᠤᠨ ᠬᠤᠪᠢᠷᠠᠵᠤ ᠬᠡᠳᠦᠨ ᠮᠢᠩᠭᠠᠨ ᠵᠠᠩᠭᠢᠳᠤᠭᠰᠠᠨ ᠨᠢᠳᠤᠷᠭ᠎ᠠ ᠪᠦᠷ᠎ ᠯᠡ ᠲᠡᠭᠦᠨ ᠦ ᠥᠭᠡᠳᠡ ᠵᠠᠩᠭᠠᠯᠴᠠᠨ᠎ᠠ᠃ ᠬᠠᠮᠠᠷ ᠯᠣᠳᠣᠨ ᠴᠡᠴᠡᠷᠡᠵᠦ ᠳᠠᠭᠵᠢᠭᠰᠠᠭᠠᠷ᠂ ᠴᠢᠪᠠᠭᠠᠨᠴᠠ ᠶᠢᠨ ᠢᠶᠠᠨ ᠠᠷᠤ ᠳᠦ ᠣᠴᠢᠵᠤ ᠲᠣᠩᠭᠤᠢᠪᠠ᠃
  ᠲᠦᠮᠡᠨ ᠨᠢᠳᠦᠲᠡᠢ ᠲᠡᠭᠷᠢ᠂ ᠲᠥᠷᠦᠯᠬᠢ ᠮᠡᠷᠭᠡᠨ ᠵᠠᠩᠵᠤᠨ ᠡ! ᠬᠠᠮᠠᠷ ᠯᠣᠳᠣᠨ ᠴᠢᠨᠢ ᠬᠠᠮᠢᠭ᠎ᠠ ᠨᠢ ᠲᠠ ᠨᠠᠷ ᠤᠨ ᠦᠭᠡ ᠪᠠᠷ ᠶᠠᠪᠤᠭᠰᠠᠨ ᠦᠭᠡᠢ ᠪᠤᠢ? ᠬᠤᠪᠢᠰᠭᠠᠯ ᠢ ᠢᠩᠭᠢᠵᠦ ᠬᠢᠳᠡᠭ ᠭᠡᠵᠦ ᠪᠢ ᠲᠠ ᠨᠠᠷ ᠡᠴᠡ ᠰᠤᠷᠴᠤ ᠮᠡᠳᠡᠭᠡᠳ᠂ ᠭᠠᠭᠴᠠ ᠰᠡᠳᠭᠢᠯ ᠪᠠᠷᠢᠵᠤ᠂ ᠲᠥᠭᠡ ᠰᠠᠯᠤᠯ ᠦᠭᠡᠢ ᠮᠥᠷᠳᠡᠭᠰᠡᠭᠡᠷ ᠢᠷᠡᠭᠰᠡᠨ᠃ ᠁ ᠠᠯᠲᠠᠨ ᠯᠤᠤ  ᠪᠠᠨ ᠬᠤᠰᠤᠵᠤ ᠬᠠᠶᠠᠯ᠎ᠠ᠂ ᠠᠮᠠᠷᠠᠭ ᠴᠢᠪᠠᠭᠠᠨᠴᠠ  ᠪᠠᠨ ᠭᠣᠯᠤᠭᠠᠳ ᠬᠠᠶᠠᠯ᠎ᠠ᠃ ᠳᠥᠷᠪᠡᠨ ᠬᠠᠭᠤᠴᠢᠨ ᠰᠤᠷᠲᠠᠯ ᠢᠶᠠᠨ ᠪᠤᠯᠠᠵᠤ ᠲᠠᠯᠪᠢᠯ᠎ᠠ᠂ ᠲᠠᠪᠤᠨ ᠤᠯᠠᠭᠠᠨ ᠢ ᠪᠦᠷᠢᠳᠦᠯᠭᠦᠵᠦ ᠳᠠᠭᠠᠭᠠᠳ ᠪᠠᠰᠠ ᠵᠠᠪᠳᠤᠬᠤ ᠦᠭᠡᠢ ᠪᠠᠢᠨ᠎ᠠ ᠰᠢᠤ! ᠁ ᠬᠠᠮᠲᠤ ᠪᠠᠢᠯᠳᠤᠵᠤ ᠬᠠᠮᠲᠤ ᠶᠢᠨ ᠢᠯᠠᠯᠲᠠ  ᠪᠠᠨ ᠣᠯᠬᠤ ᠡᠴᠡ ᠡᠮᠦᠨ᠎ᠡ ᠬᠠᠮᠠᠷ ᠯᠣᠳᠣᠨ  ᠳᠤ  ᠪᠠᠨ ᠪᠠᠭᠤᠴᠢᠬᠠᠬᠤ ᠨᠢ ᠡᠨᠡ ᠦᠦ ? ᠪᠠᠭᠤᠬᠤ ᠮᠥᠷᠲᠡᠭᠡᠨ ᠳᠠᠢᠰᠤᠨ ᠲᠠᠢ ᠴᠤᠭ ᠬᠠᠷᠠᠯᠠᠭᠤᠯᠴᠢᠬᠠᠨ᠎ᠠ ᠭᠡᠵᠦ ᠦᠦ ?! ᠁ ᠬᠠᠮᠠᠷ ᠯᠣᠳᠣᠨ ᠤ ᠭᠣᠮᠤᠳᠠᠯ ᠤᠨ ᠨᠢᠯᠪᠤᠰᠤ ᠨᠢ ᠬᠣᠷᠢᠭᠠᠵᠤ ᠵᠠᠪᠳᠤᠯ ᠦᠭᠡᠢ ᠡᠩᠭᠡᠷ ᠢ ᠨᠢ ᠳᠡᠪᠲᠦᠭᠡᠨ᠎ᠡ᠃
  ᠬᠠᠮᠠᠷ ᠯᠣᠳᠣᠨ ᠢᠩᠭᠢᠵᠦ ᠭᠣᠮᠤᠳᠠᠯᠲᠠᠢᠬᠠᠨ ᠲᠣᠩᠭᠤᠢᠭᠠᠳ᠂ ᠨᠢᠭᠡ  ᠮᠡᠳᠡᠭᠰᠡᠨ ᠴᠢᠨᠢ ᠠᠷᠪᠠᠨ ᠵᠢᠯ ᠪᠣᠯᠵᠠᠢ᠃ ᠡᠨᠡ ᠳᠤᠮᠳᠠ ᠶᠠᠭᠤ ᠪᠣᠯᠵᠤ ᠶᠠᠭᠠᠬᠢᠵᠤ ᠶᠠᠪᠤᠭᠰᠠᠨ ᠢᠶᠠᠨ ᠲᠡᠷᠡ ᠥᠪᠡᠷ ᠢᠶᠠᠨ ᠴᠤ᠌ ᠬᠡᠯᠡᠵᠦ ᠮᠡᠳᠡᠬᠦ ᠦᠭᠡᠢ᠃ ᠰᠦᠭ ᠰᠦᠨᠡᠰᠦ ᠨᠢ ᠲᠠᠮᠤ ᠶᠢᠨ ᠢᠷᠤᠭᠠᠷ ᠲᠤ ᠬᠡᠪᠲᠡᠭᠡᠳ᠂ ᠬᠣᠭᠤᠰᠤᠨ ᠮᠠᠬᠠᠪᠤᠳ ᠲᠡᠳᠦᠢ ᠣᠪᠤᠢᠵᠤ ᠪᠠᠢᠭᠰᠠᠨ ᠲᠤᠯᠠ ᠠᠮᠢ ᠭᠣᠣᠯ ᠪᠠᠢᠭᠠᠳ ᠳᠤᠤᠭᠠᠷᠴᠤ ᠪᠣᠯᠬᠤ ᠦᠭᠡᠢ᠂ ᠬᠠᠲᠠᠭᠤ ᠬᠦᠨᠳᠦ ᠬᠥᠳᠡᠯᠮᠦᠷᠢ ᠶᠢ ᠪᠡᠶᠡᠯᠡᠭᠦᠯᠦᠭᠡᠳ ᠠᠰᠢᠭ ᠰᠢᠮ᠎ᠡ ᠬᠦᠷᠲᠡᠵᠦ ᠪᠣᠯᠬᠤ ᠦᠭᠡᠢ ᠭᠡᠳᠡᠭ ᠢ᠎ᠯᠡ ᠴᠡᠭᠡᠵᠢᠯᠡᠵᠦ ᠶᠠᠪᠤᠭᠰᠠᠨ᠃ ᠠᠮᠢᠳᠤᠷᠠᠯ ᠤᠨ ᠵᠠᠮ ᠳᠦ ᠲᠡᠭᠦᠨ ᠳᠦ ᠬᠤᠮᠠᠬᠢ ᠶᠢᠨ ᠲᠡᠳᠦᠢᠯᠡ ᠭᠡᠭᠡ ᠣᠯᠭᠤᠭᠰᠠᠨ ᠬᠥᠮᠦᠨ ᠨᠢ ᠭᠡᠪᠡᠯ ᠵᠠᠯᠠᠭᠤ  ᠪᠠᠨ ᠥᠩᠭᠡᠷᠡᠵᠦ ᠵᠠᠵᠢ ᠨᠢ ᠴᠠᠢᠵᠤ ᠡᠬᠢᠯᠡᠭᠰᠡᠨ ᠴᠢᠪᠠᠭᠠᠨᠴᠠ ᠵᠠᠭᠷᠠᠢᠮ᠎ᠠ ᠨᠢ᠎ᠯᠠ ᠠᠵᠢ᠃
  《ᠬᠡᠨ ᠬᠡᠨ ᠢᠶᠠᠨ ᠬᠡᠯᠡᠯᠭᠡ ᠦᠭᠡᠢ᠂ ᠬᠡᠭᠡᠷ ᠮᠣᠷᠢ  ᠪᠠᠨ ᠭᠤᠶᠠᠳᠠᠯᠭ᠎ᠠ ᠦᠭᠡᠢ᠃ ᠴᠢᠨᠦ ᠮᠢᠨᠦ ᠵᠠᠶᠠᠭ᠎ᠠ ᠨᠢᠭᠡ᠎ᠯᠡ! ᠭᠣᠮᠤᠳᠠᠭᠠᠳ ᠴᠤ᠌ ᠶᠠᠭᠠᠬᠢᠨ᠎ᠠ ᠪᠤᠢ? ᠬᠣᠷᠤᠰᠤᠭᠠᠳ ᠴᠤ᠌ ᠶᠠᠭᠠᠬᠢᠨ᠎ᠠ ᠪᠤᠢ?》 ᠭᠡᠳ ᠬᠥᠭᠰᠢᠨ ᠴᠢᠪᠠᠭᠠᠨᠴᠠ ᠲᠡᠭᠦᠨ ᠲᠠᠢ ᠪᠡᠷᠬᠡ ᠣᠢᠷᠠᠳᠴᠤ᠂ ᠣᠭᠤᠴᠢ ᠤᠰᠤ ᠣᠯᠪᠠᠴᠤ ᠬᠤᠪᠢᠶᠠᠵᠤ ᠤᠤᠭᠤᠨ᠂ ᠵᠦᠰᠦᠮ ᠪᠢᠰᠢᠯᠠᠭ ᠣᠯᠪᠠᠴᠤ ᠲᠠᠯᠠᠯᠠᠵᠤ ᠢᠳᠡᠭᠰᠡᠭᠡᠷ ᠡᠳᠦᠢ ᠪᠣᠯᠵᠠᠢ᠃
  ᠡᠨᠡ ‍ᠬᠦ ᠶᠢᠷᠲᠢᠨᠴᠦ ᠶᠢᠨ ᠬᠠᠷ᠎ᠠ ᠰᠢᠭᠤᠷᠭᠠᠨ ᠳᠦ᠂ ᠨᠢᠭᠡᠳᠦᠯ ᠤᠨ ᠱᠦᠵᠢ᠂ ᠬᠢᠯᠠᠷ ᠳᠠᠮᠪᠢ ᠁ ᠠᠷᠤ ᠠᠷᠤ ᠡᠴᠡ ᠪᠠᠨ ᠡᠷᠯᠢᠭ ᠲᠤ ᠣᠴᠢᠬᠤ ᠳᠦ᠂ ᠬᠠᠮᠠᠷ ᠯᠣᠳᠣᠨ ᠬᠠᠷᠢᠨ ᠵᠡᠷᠯᠢᠭ ᠡᠪᠡᠰᠦ ᠰᠢᠭ ᠠᠮᠢ ᠪᠥᠬᠡ ᠲᠠᠢ  ᠳᠤ ᠪᠠᠨ ᠵᠣᠯ ᠢᠶᠠᠷ ᠦᠯᠡᠳᠡᠵᠡᠢ᠃ ᠬᠥᠷᠦᠬᠦ ᠰᠢᠬᠠᠭᠰᠠᠨ ᠵᠢᠷᠦᠬᠡᠨ ᠳᠦ ᠨᠢ ᠪᠦᠯᠢᠶᠡᠨ ᠴᠢᠰᠤ ᠣᠯᠭᠤᠯ᠎ᠠ ᠭᠡᠪᠡᠯ ᠲᠡᠷᠡ ᠨᠢ ᠴᠢᠪᠠᠭᠠᠨᠴᠠ ᠵᠠᠭᠷᠠᠢᠮ᠎ᠠ ᠶᠢᠨ ᠰᠤᠯᠠᠬᠠᠨ ᠰᠢᠪᠡᠨᠡᠭᠡ ᠪᠠ ᠥᠷᠦᠪᠳᠦᠯ ᠤᠨ ᠬᠠᠷᠠᠴᠠ᠎ᠯᠠ!