ᠠᠯᠲᠠᠨ ᠵᠢᠭᠠᠰᠤᠨ ᠤ ᠦᠯᠢᠭᠡᠷАлтан загасны үлгэр-Үлгэр 16 ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠵᠢᠭᠠᠰᠤᠨ ᠤ ᠦᠯᠢᠭᠡᠷАлтан загасны үлгэр-Үлгэр 16

ᠠᠯᠲᠠᠨ ᠵᠢᠭᠠᠰᠤᠨ ᠤ ᠦᠯᠢᠭᠡᠷАлтан загасны үлгэр-Үлгэр 16

ᠠᠩᠭᠢᠯᠠᠯ:ᠳᠣᠮᠣᠭ ᠦᠯᠢᠭᠡᠷ
2022-12-05

788

ᠡᠮᠦᠨᠡᠬᠢ ᠦᠭᠡ

  ᠥᠨᠥᠳᠥᠷ ᠪᠢ ᠬᠡᠦᠬᠡᠳ ‍ᠦᠳ ᠲᠠ ᠨᠠᠷ ᠎ᠲᠤ ᠎ᠪᠠᠨ ᠠᠯᠧᠻᠰᠠᠨᠳᠠᠷ ᠰᠧᠷᠭᠧᠶᠧᠸᠢᠴ ᠫᠥ᠋ᠱᠻᠢᠨ ‍ ‍ᠦ ᠠᠯᠲᠠᠨ ᠵᠢᠭᠠᠰᠤᠨ ‍ᠤ ᠦᠯᠢᠭᠡᠷ ‍ᠢ ᠶᠠᠷᠢᠵᠤ ᠥᠭᠭᠦᠶ᠎ᠡ ᠃
  ᠥᠨᠥᠳᠥᠷ ᠲᠠ ᠪᠦᠬᠦᠨ ‍ᠳᠦ ᠎ᠪᠡᠨ ᠤᠩᠰᠢᠵᠤ ᠥᠭᠭᠦᠭᠰᠡᠨ ᠠᠯᠲᠠᠨ ᠵᠢᠭᠠᠰᠤᠨ ‍ᠤ ᠦᠯᠢᠭᠡᠷ ‍ᠢ 1833 ᠣᠨ ‍ᠤ10 ᠎ᠳ᠋ᠤᠭᠠᠷ ᠰᠠᠷ᠎ᠠ ‍ᠳᠤ ᠣᠷᠣᠰ ‍ᠤᠨ ᠠᠯᠳᠠᠷᠲᠤ ᠢᠷᠠᠭᠤ ᠨᠠᠶ᠋ᠢᠷᠠᠭᠴᠢ ᠠᠯᠧᠻᠰᠠᠨᠳᠠᠷ ᠰᠧᠷᠭᠧᠶᠧᠸᠢᠴ ᠫᠥ᠋ᠱᠻᠢᠨ ᠪᠢᠴᠢᠵᠦ ᠪᠠᠶ᠋ᠢᠬᠰᠠᠨ ᠪᠥᠭᠡᠳ ᠳᠡᠯᠡᠬᠡᠢ ‍ᠶ᠋ᠢᠨ ᠣᠯᠠᠨ ᠬᠡᠯᠡ ᠳᠡᠭᠡᠷ᠎ᠡ ᠣᠷᠴᠢᠭᠤᠯᠤᠭᠳᠠᠭᠰᠠᠨ ᠡᠨᠡ ‍ᠬᠦ ᠦᠯᠢᠭᠡᠷ ‍ᠢ ᠮᠣᠩᠭᠣᠯ ‍ᠤᠨ ᠬᠣᠷᠢᠳᠤᠭᠠᠷ ᠵᠠᠭᠤᠨ  ᠤ ᠮᠠᠩᠯᠠᠢ ᠰᠣᠶᠣᠨ ᠬᠡᠬᠡᠷᠡᠭᠦᠯᠦᠭᠴᠢ ᠂ ᠣᠷᠴᠢᠨ ᠴᠠᠭ ‍ᠤᠨ ᠮᠣᠩᠭᠣᠯ ᠬᠡᠯᠡᠨ ‍ᠦ ᠳᠦᠷᠢᠮ ‍ᠦᠨ ᠦᠨᠳᠦᠰᠦᠯᠡᠭᠴᠢ ᠂ ᠡᠷᠳᠡᠮᠲᠡᠨ ᠂ ᠣᠷᠴᠢᠭᠤᠯᠤᠭᠴᠢ ᠂ ᠵᠣᠬᠢᠶᠠᠯᠴᠢ ᠬᠠᠳᠠᠬᠢᠨ ᠣᠪᠤᠭᠲᠤ ᠴᠡᠩᠳᠦ ‍ᠶ᠋ᠢᠨ ᠳᠠᠮᠳᠢᠨᠰᠦ᠋ᠷᠦᠩ ᠭᠤᠸᠠᠢ1938 ᠣᠨ ‍ᠳᠤ ᠮᠣᠩᠭᠣᠯ ᠬᠡᠯᠡᠨ᠎ᠡ ᠬᠥᠷᠪᠡᠭᠦᠯᠦᠨ ᠤᠩᠰᠢᠬᠴᠢ ᠪᠢᠳᠡᠨ ‍ᠳᠦ ᠲᠠᠨᠢᠯᠴᠠᠭᠤᠯᠤᠭᠰᠠᠨ ᠪᠠᠶ᠋ᠢᠳᠠᠭ ᠶᠤᠮ ᠰᠢᠦ ᠃

ᠠᠯᠲᠠᠨ ᠵᠢᠭᠠᠰᠤᠨ ᠤ ᠦᠯᠢᠭᠡᠷ

ᠬᠥᠷᠥᠰᠥᠲᠦ ᠠᠯᠲᠠᠨ ᠳᠡᠯᠡᠬᠡᠢ ‍ᠶ᠋ᠢᠨ
ᠬᠥᠪᠡᠭᠡ ᠬᠢᠵᠠᠭᠠᠷ ᠨᠤᠲᠤᠭ ᠲᠦ
ᠬᠥᠬᠡ ᠴᠡᠩᠬᠡᠷ ᠳᠠᠯᠠᠢ ‍ᠶ᠋ᠢᠨ
ᠡᠷᠬᠢ ᠢᠷᠮᠡᠭ ᠭᠠᠵᠠᠷ ᠲᠦ
ᠡᠷᠲᠡ ᠤᠷᠢᠳᠤ ‍ᠶ᠋ᠢᠨ ᠴᠠᠭ ᠲᠦ
ᠡᠮᠡᠭᠡᠨ ᠡᠪᠦᠭᠡᠨ ᠬᠣᠶᠠᠷ
ᠠᠶ᠋ᠢᠯ ᠪᠣᠯᠤᠨ ᠠᠮᠢᠳᠤᠷᠠᠵᠤ
ᠠᠵᠤ ᠲᠥᠷᠥᠨ ᠰᠠᠭᠤᠳᠠᠭ ᠪᠠᠶ᠋ᠢᠵᠠᠢ ᠃
ᠬᠠᠷ᠎ᠠ ᠤᠰᠤᠨ ᠤᠮᠳᠠ ᠎ᠲᠠᠢ
ᠬᠠᠳᠠ ᠴᠢᠯᠠᠭᠤᠨ ᠨᠥᠮᠥᠷᠢ ᠎ᠲᠡᠢ
ᠭᠠᠵᠠᠷ ‍ᠤᠨ ᠠᠭᠤᠢ ‍ᠳᠤ ᠬᠣᠷᠭᠣᠳᠠᠵᠤ
ᠭᠠᠯ ‍ᠤᠨ ᠢᠯᠴᠢᠨ ‍ᠳᠦ ᠰᠢᠲᠦᠵᠦ
ᠭᠤᠴᠢᠨ ᠵᠢᠯ ᠲᠡᠨᠦᠵᠦ
ᠳᠥᠴᠢᠨ ᠵᠢᠯ ᠰᠠᠭᠤᠵᠠᠢ ᠃
ᠡᠪᠦᠭᠡᠨ ᠨᠢ ᠵᠢᠭᠠᠰᠤ ᠪᠠᠷᠢᠵᠤ
ᠳᠠᠯᠠᠢ ‍ᠶ᠋ᠢᠨ ᠬᠥᠪᠡᠭᠡ ᠰᠠᠬᠢᠨ᠎ᠠ
ᠡᠮᠡᠭᠡᠨ ᠨᠢ ᠤᠲᠠᠰᠤ ᠡᠭᠡᠷᠡᠵᠦ
ᠭᠡᠷ ‍ᠦᠨ ᠮᠤᠬᠤᠷ ᠰᠠᠬᠢᠨ᠎ᠠ ᠃
ᠡᠪᠦᠭᠡᠨ ᠨᠢᠭᠡ ᠡᠳᠦᠷ
ᠳᠠᠯᠠᠢ ‍ᠶ᠋ᠢᠨ ᠬᠥᠪᠡᠭᠡᠨ ‍ᠳᠦ ᠣᠴᠢᠪᠠ
ᠲᠣᠣᠷ ‍ᠢᠶ᠋ᠠᠨ ᠤᠰᠤᠨ ‍ᠳᠤ ᠲᠠᠯᠪᠢᠵᠤ
ᠵᠢᠭᠠᠰᠤ ᠱᠦᠭᠦᠵᠦ ᠡᠬᠢᠯᠡᠵᠡᠢ ᠃
ᠠᠩᠬ᠎ᠠ ᠨᠢᠭᠡ ᠱᠦᠭᠦᠷᠳᠡᠭᠰᠡᠨ ‍ᠳᠦ
ᠨᠢᠯᠴᠠᠭᠠᠢ ᠵᠠᠮᠠᠭ ᠭᠠᠷᠴᠤ ᠭᠡᠨ᠎ᠡ
ᠠᠬᠢᠭᠠᠳ ᠱᠦᠭᠦᠷᠳᠡᠭᠰᠡᠨ ‍ᠳᠦ
ᠨᠣᠶ᠋ᠢᠲᠠᠨ ᠡᠪᠡᠰᠦ ᠭᠠᠷᠴᠤ ᠭᠡᠨ᠎ᠡ ᠃
ᠠᠳᠠᠭ ᠰᠡᠭᠦᠯ ‍ᠳᠦ ᠨᠢ
ᠠᠯᠲᠠᠨ ᠵᠢᠭᠠᠰᠤ ᠪᠠᠷᠢᠬᠳᠠᠪᠠ ᠭᠡᠨ᠎ᠡ ᠃
ᠠᠯᠢᠪᠠ ᠵᠢᠭᠠᠰᠤᠨ ᠠ᠋ᠴᠠ ᠣᠨᠴᠠᠭᠠᠢ
ᠬᠥᠮᠦᠨ ‍ᠦ ᠬᠡᠯᠡ ᠮᠡᠳᠡᠳᠡᠭ
ᠠᠯᠲᠠᠨ ᠵᠢᠭᠠᠰᠤ ᠭᠡᠨᠡᠳᠲᠡ
ᠠᠮᠢ ᠠᠪᠤᠷᠠᠭᠠᠴᠢ ᠭᠡᠵᠦ ᠭᠤᠶᠤᠵᠠᠢ ᠃
ᠡᠪᠦᠭᠡᠨ ᠪᠣᠯᠤᠭᠰᠠᠨ ᠠᠬ᠎ᠠ ᠮᠢᠨᠢ
ᠥᠷᠥᠰᠢᠶᠡᠵᠦ ᠨᠠᠮ᠎ᠠ ‍ᠶ᠋ᠢ ᠎ᠪᠡᠨ ᠬᠠᠶ᠋ᠢᠷᠠᠯᠠ
ᠤᠷᠠᠬ᠎ᠠ ᠲᠣᠣᠷ ᠠ᠋ᠴᠠ ᠎ᠪᠠᠨ ᠮᠤᠯᠲᠤᠯᠵᠤ
ᠤᠰᠤᠨ ‍ᠳᠤ ᠮᠢᠨᠢ ᠪᠤᠴᠠᠭᠠᠵᠤ ᠲᠠᠯᠪᠢᠨ᠎ᠠ ‍ᠦᠦ ?
ᠬᠠᠯᠠᠭᠤᠨ ᠠᠮᠢ ‍ᠶ᠋ᠢᠨ ‍ᠢᠶ᠋ᠡᠨ ᠣᠷᠣᠨ ‍ᠳᠤ
ᠬᠠᠮᠤᠭ ᠳᠤᠷᠠᠲᠠᠢ ‍ᠶ᠋ᠢ ᠴᠢᠨᠢ ᠥᠭᠭᠦᠶ᠎ᠡ ᠭᠡᠵᠦ ᠭᠡᠨ᠎ᠡ ᠃
ᠡᠨᠡ ᠦᠬᠡ ᠵᠢ ᠰᠣᠨᠣᠰᠤᠭᠠᠳ
ᠡᠪᠣᠬᠡᠨ ᠶᠠᠬᠡ ᠰᠣᠴᠢᠪᠠ ᠃ ᠥᠰᠦᠭᠰᠡᠨ ᠲᠥᠷᠥᠭᠰᠡᠨ ᠡᠴᠠ ᠨᠠᠭᠠᠰᠢ
ᠡᠪᠣᠬᠡᠨ ᠪᠣᠯᠲᠠᠯ᠎ᠠ ᠨᠠᠰᠤᠯᠠᠲᠠᠯ᠎ᠠ
ᠡᠳᠦᠢ ᠣᠯᠠᠨ ᠶ᠋ᠢᠯ ᠦᠨ ᠳᠣᠲᠣᠷ᠎ᠠ
ᠶ᠋ᠢᠭᠠᠰᠣ ᠪᠠᠷᠢᠵᠤ ᠠᠮᠢᠳᠤᠷᠠᠬᠤ ‍ᠳᠤ ᠎ᠪᠠᠨ ᠵᠠᠮᠠᠬ ᠲᠡᠭᠦᠵᠦ ᠶᠠᠪᠣᠠᠠᠣ ‍ᠳᠤ ᠎ᠪᠠᠨ
ᠦᠬᠡ ᠬᠡᠯᠠᠬᠥ ᠶ᠋ᠢᠭᠠᠰᠣ ᠵᠢ ᠦᠵᠩᠰᠠᠨ ᠤᠳᠠᠭ᠎ᠠ  ᠪᠠᠢᠬᠤ ᠦᠬᠡᠢ ᠃
ᠶᠠᠭᠠᠬᠢᠠᠠᠰᠠᠨ ᠬᠠᠴᠢᠨ ᠶᠠᠭᠣᠮ᠎ᠠ ᠪᠣᠢ ?ᠬᠡᠵᠣ
ᠠᠵᠢᠭ ᠰᠡᠵᠢᠭ ᠲᠦᠷᠣᠵᠣ ᠠᠶᠣᠠᠠᠣ ᠭᠠᠢᠬᠠᠬᠤ ᠵᠠᠷᠬᠡᠴᠠᠵᠣ
ᠠᠯᠲᠠᠨ ᠶ᠋ᠢᠭᠠᠰᠣ ᠵᠢ ᠲᠠᠯᠪᠢᠵᠠᠢ ᠭᠡᠨ᠎ᠡ ᠃
ᠴᠢᠨᠦ ᠥᠭᠬᠦ ᠶᠠᠭᠣᠮ᠎ᠠ
ᠨᠠᠳᠠ ‍ᠳᠦ ᠬᠡᠷᠩ ᠪᠠᠢᠬᠤ ᠦᠬᠡᠢ 
ᠴᠢᠨᠦ ᠦᠨ᠎ᠠ ᠲᠠᠢ ᠪᠠᠶ᠎ᠠ
ᠨᠠᠳᠠ ‍ᠳᠦ ᠣᠯᠵᠠ ᠪᠣᠯᠠᠠᠣ ᠦᠬᠡᠢ
ᠠᠯᠲᠠᠨ ᠥᠩᠭᠡ ᠎ᠲᠡᠢ ᠶ᠋ᠢᠭᠠᠰᠣ ᠮᠢᠨᠢ ᠠᠷᠢᠭᠤᠨ ᠲᠠᠯᠠᠢ ᠳᠤ ᠎ᠪᠡᠨ ᠴᠠᠩᠬᠡᠵᠣ
ᠠᠮᠣᠷ ᠮᠡᠨᠳᠦ ᠶᠠᠪᠣ ᠬᠡᠵᠣ
ᠰᠠᠢᠨ ᠦᠬᠡ ᠪᠠᠨ ᠬᠡᠯᠠᠵᠣ ᠰᠠᠢᠬᠠᠨ ᠢᠷᠣᠬᠡᠯ ᠶ᠋ᠢᠠᠨ ᠲᠠᠯᠪᠢᠵᠠᠢ ᠭᠡᠨ᠎ᠡ ᠃
ᠡᠪᠣᠬᠡᠨ ᠲᠡᠨᠳᠡ ᠡᠴᠠ ᠪᠣᠴᠠᠵᠣ
ᠭᠡᠷ  ᠲᠤ ᠎ᠪᠡᠨ ᠬᠠᠷᠢᠵᠤ ᠢᠷᠠᠬᠡᠣᠨ
ᠥᠨᠥᠬᠢ ᠰᠣᠨᠢᠨ ᠶᠠᠭᠣᠮ᠎ᠠ ᠪᠠᠨ
ᠡᠮᠠᠬᠡᠨ ‍ᠳᠦ ᠎ᠪᠡᠨ ᠶᠠᠷᠢᠵᠠᠢ ᠭᠡᠨ᠎ᠡ᠃
ᠥᠨᠥᠳᠥᠷ ᠪᠢ ᠲᠠᠯᠠᠢ ᠡᠴᠠ
ᠨ᠍ᠢᠬᠡ ᠶ᠋ᠢᠭᠠᠰᠣ ᠪᠠᠷᠢᠯ᠎ᠠ ᠃
ᠦᠩᠬᠡ ᠨᠢ ᠠᠯᠲᠠ ᠪᠣᠢᠬᠡᠣᠨ
ᠬᠥᠮᠣᠨ ‍ᠤ ᠬᠡᠯᠠ ᠮᠡᠳᠡᠨ᠎ᠡ ᠃
ᠠᠮᠢ ᠪᠠᠶ᠎ᠠ ᠪᠠᠨ ᠠᠪᠣᠷᠠᠵᠣ ᠣᠰᠣᠨ ‍ᠳᠦ ᠲᠠᠯᠪᠢᠠᠠᠣ ᠵᠢ ᠭᠣᠶᠣᠵᠣ
ᠠᠯᠢ ᠲᠣᠷ᠎ᠠ ᠲᠠᠢ ‍ᠶ᠋ᠢ ᠴᠢᠨᠢ ᠥᠭᠭᠦᠶ᠎ᠡ ᠭᠡᠯ᠎ᠡ
ᠠᠶᠣᠵᠣ ᠰᠠᠨᠳᠤᠷᠤᠭᠠᠳ ᠪᠢ
ᠶᠠᠭᠣ ᠴᠤ᠌ ᠠᠪᠴᠣ ᠴᠢᠳᠠᠭᠰᠠᠨ ᠦᠬᠡᠢ ᠬᠥᠬᠡᠷᠣᠬᠥᠢ ᠲᠠᠷᠠ ᠶ᠋ᠢᠭᠠᠰᠣ ᠵᠢ
ᠬᠥᠬᠡ ᠳᠠᠯᠠᠢ ‍ᠳᠤ ᠨᠢ ᠲᠠᠯᠪᠢᠴᠢᠬᠠᠭᠠᠳ
ᠬᠦᠷᠦᠭᠡᠳ ᠢᠷᠡᠯ᠎ᠡ ᠰᠢᠦ ᠳ᠋ᠡ ᠭᠡᠵᠡᠢ ᠃
ᠡᠮᠡᠭᠡᠨ ᠡᠪᠦᠭᠡᠨ ‍ᠢᠶ᠋ᠡᠨ ᠵᠢᠮᠡᠯᠡᠪᠡ
ᠮᠠᠭᠤᠬᠠᠢ ᠠᠮᠢᠲᠠᠨ ᠶᠠᠳᠠᠬᠤ ‍ᠳᠤ ᠎ᠪᠠᠨ
ᠮᠣᠳᠣᠨ ᠲᠡᠪᠰᠢ ᠭᠤᠶᠤᠭᠰᠠᠨ ᠪᠣᠯ
ᠮᠠᠰᠢ ᠬᠡᠷᠡᠭᠲᠡᠢ ᠪᠠᠶ᠋ᠢᠬᠰᠠᠨ
ᠮᠠᠨ ‍ᠤ ᠲᠡᠪᠰᠢ ᠬᠠᠭᠤᠴᠢᠷᠠᠵᠤ
ᠬᠠᠭᠠᠷᠠᠵᠤ ᠡᠪᠳᠡᠷᠡᠭᠡᠳ ᠪᠦᠷ
ᠬᠡᠮᠬᠡᠷᠡᠵᠦ ᠤᠨᠠᠬᠤ ᠰᠢᠬᠠᠭᠰᠠᠨ ᠰᠢᠦ ᠳ᠋ᠡ ᠭᠡᠵᠡᠢ ᠃
ᠡᠪᠦᠭᠡᠨ ᠭᠡᠳᠡᠷᠭᠦ ᠶᠠᠪᠤᠵᠤ
ᠥᠨᠥᠬᠢ ᠳᠠᠯᠠᠢ ‍ᠳᠤ ᠎ᠪᠠᠨ ᠢᠷᠡᠵᠡᠢ
ᠳᠠᠯᠠᠢ ‍ᠶ᠋ᠢᠨ ᠤᠰᠤ ᠮᠢᠷᠠᠯᠵᠠᠵᠤ
ᠳᠠᠩᠴᠤ ᠰᠠᠶ᠋ᠢᠬᠠᠨ ᠬᠠᠷᠠᠭᠳᠠᠯ᠎ᠠ
ᠠᠯᠲᠠᠨ ᠵᠢᠭᠠᠰᠤ ‍ᠶ᠋ᠢ ᠳᠠᠭᠤᠳᠠᠭᠰᠠᠨ ‍ᠳᠤ
ᠠᠯᠲᠠᠨ ᠵᠢᠭᠠᠰᠤ ᠬᠥᠪᠦᠭᠰᠡᠭᠡᠷ
ᠡᠮᠦᠨ᠎ᠡ ᠨᠢ ᠬᠦᠷᠴᠦ ᠢᠷᠡᠭᠡᠳ
ᠡᠪᠦᠭᠡᠨ ᠎ᠡᠴᠡ ᠢᠩᠭᠢᠵᠦ ᠠᠰᠠᠭᠤᠵᠠᠢ ᠭᠡᠨ᠎ᠡ ᠃
ᠬᠦᠨᠳᠦᠲᠦ ᠡᠪᠦᠭᠡᠨ ᠠᠬ᠎ᠠ ᠮᠢᠨᠢ
ᠬᠦᠷᠦᠭᠡᠳ ᠢᠷᠡᠪᠡ ‍ᠦᠦ ? ᠲᠠ
ᠶᠠᠪᠤᠳᠠᠯ ᠤᠴᠢᠷ ᠶᠠᠭᠤ ᠪᠠᠶ᠋ᠢᠨ᠎ᠠ ?
ᠶᠠᠮᠠᠷ ᠬᠡᠷᠡᠭ ‍ᠢᠶ᠋ᠡᠷ ᠢᠷᠡᠪᠡ ?
ᠡᠪᠦᠳᠦᠭ ᠨᠤᠭᠤᠯᠵᠤ ᠮᠥᠷᠭᠥᠭᠡᠳ
ᠡᠪᠦᠭᠡᠨ ᠬᠠᠷᠢᠭᠤ ᠬᠡᠯᠡᠵᠡᠢ
ᠬᠠᠲᠤᠨ ᠳᠡᠭᠡᠳᠦ ᠵᠢᠭᠠᠰᠤ ᠮᠢᠨᠢ
ᠬᠠᠶ᠋ᠢᠷᠠᠯᠠᠵᠤ ᠨᠠᠮ᠎ᠠ ‍ᠶ᠋ᠢ ᠥᠷᠥᠰᠢᠶᠡ
ᠠᠯᠲᠠᠨ ᠵᠢᠭᠠᠰᠤᠨ ᠠ᠋ᠴᠠ ᠶᠠᠭᠤᠮ᠎ᠠ ᠠᠪᠤᠭᠰᠠᠨ ᠦᠭᠡᠢ ᠭᠡᠵᠦ
ᠮᠠᠨ ‍ᠤ ᠡᠮᠡᠭᠡᠨ ᠨᠠᠮ᠎ᠠ ‍ᠶ᠋ᠢ
ᠮᠠᠰᠢ ᠶᠡᠬᠡ ᠎ᠪᠡᠷ ᠵᠠᠩᠨᠠᠵᠤ
ᠰᠢᠨ᠎ᠡ ᠲᠡᠪᠰᠢ ᠬᠡᠷᠡᠭ ᠎ᠲᠡᠢ ᠭᠡᠵᠦ
ᠰᠢᠷᠦᠭᠦᠨ ᠦᠭᠡ ᠬᠡᠯᠡᠯ᠎ᠡ
ᠡᠳ᠋ᠯᠡᠵᠦ ᠪᠠᠶ᠋ᠢᠬᠰᠠᠨ ᠲᠡᠪᠰᠢ ᠮᠢᠨᠢ
ᠡᠪᠳᠡᠷᠡᠵᠦ ᠤᠨᠠᠬᠤ ‍ᠳᠤ ᠬᠦᠷᠦᠭᠰᠡᠨ ᠭᠡᠨ᠎ᠡ ᠳ᠋ᠠ ᠭᠡᠬᠦ ‍ᠳᠦ
ᠠᠯᠲᠠᠨ ᠵᠢᠭᠠᠰᠤ ᠬᠡᠯᠡᠵᠦ ᠭᠡᠨ᠎ᠡ
ᠠᠴᠢᠲᠤ ᠪᠤᠭᠤᠷᠤᠯ ᠡᠪᠦᠭᠡᠨ ᠮᠢᠨᠢ
ᠵᠣᠷᠢᠵᠤ ᠢᠷᠡᠭᠰᠡᠨ ᠬᠡᠷᠡᠭ ᠴᠢᠨᠢ
ᠵᠣᠪᠠᠬᠤ ᠶᠠᠭᠤᠮ᠎ᠠ ᠦᠭᠡᠢ ᠪᠦᠲᠦᠨ᠎ᠡ
ᠡᠷᠬᠡᠲᠦ ᠲᠩᠷᠢ ‍ᠳᠦ ᠢᠲᠡᠭᠡᠵᠦ
ᠭᠡᠷ  ᠲᠤ ᠎ᠪᠡᠨ ᠬᠠᠷᠢ ᠳ᠋ᠠ ᠂ ᠡᠪᠦᠭᠡᠨ ᠮᠢᠨᠢ
ᠡᠪᠳᠡᠷᠬᠡᠢ ᠮᠠᠭᠤ ᠲᠡᠪᠰᠢ ᠴᠢᠨᠢ
ᠰᠢᠨ᠎ᠡ ᠎ᠪᠡᠷ ᠰᠣᠯᠢᠬᠳᠠᠬᠤ ᠪᠣᠯᠤᠨ᠎ᠠ

ᠡᠪᠦᠭᠡᠨ ᠭᠡᠷ  ᠲᠤ ᠎ᠪᠡᠨ ᠢᠷᠡᠲᠡᠯ᠎ᠡ
ᠥᠨᠥᠬᠢ ᠵᠢᠭᠠᠰᠤᠨ ‍ᠤ ᠬᠡᠯᠡᠭᠰᠡᠨ ‍ᠢᠶ᠋ᠡᠷ
ᠥᠩᠭᠡᠲᠡᠢ ᠰᠠᠶ᠋ᠢᠬᠠᠨ ᠲᠡᠪᠰᠢ
ᠡᠮᠦᠨ᠎ᠡ ᠨᠢ ᠬᠡᠪᠲᠡᠵᠦ ᠬᠠᠷᠠᠭᠳᠠᠪᠠ ᠃

ᠡᠮᠡᠭᠡᠨ ᠳᠡᠷᠭᠡᠳᠡ ᠨᠢ ᠵᠣᠭᠰᠣᠭᠠᠳ
ᠡᠯᠳᠡᠪ ‍ᠢᠶ᠋ᠡᠷ ᠬᠠᠷᠢᠶᠠᠬᠤ ᠨᠢ ᠰᠣᠨᠣᠰᠤᠭᠳᠠᠪᠠ ᠃
ᠡᠷᠭᠢᠭᠦᠦ ᠲᠡᠨᠡ ᠡᠪᠦᠭᠡᠨ ᠴᠢ
ᠡᠨᠡ ᠲᠡᠪᠰᠢ ‍ᠶ᠋ᠢ ᠭᠤᠶᠤᠭᠰᠠᠨ ‍ᠦᠦ ?
ᠲᠡᠪᠰᠢ ᠎ᠪᠡᠷ ᠶᠠᠭᠤ ᠬᠢᠬᠦᠪ ?
ᠪᠤᠴᠠᠵᠤ ᠣᠳᠣ ᠶᠠᠪᠤᠭᠠᠳ
ᠪᠠᠶ᠋ᠢᠰᠢᠩ ᠭᠤᠶᠤᠭᠠᠳ ᠢᠷ᠎ᠡ ᠭᠡᠵᠡᠢ ᠃
ᠡᠪᠦᠭᠡᠨ ᠭᠡᠳᠡᠷᠭᠦ ᠶᠠᠪᠤᠵᠤ
ᠥᠨᠥᠬᠢ ᠳᠠᠯᠠᠢ ‍ᠳᠤ ᠢᠷᠡᠵᠡᠢ
ᠠᠯᠲᠠᠨ ᠵᠢᠭᠠᠰᠤ ‍ᠶ᠋ᠢ ᠳᠠᠭᠤᠳᠠᠭᠰᠠᠨ ‍ᠳᠤ
ᠠᠯᠲᠠᠨ ᠵᠢᠭᠠᠰᠤ ᠬᠥᠪᠦᠭᠰᠡᠭᠡᠷ
ᠡᠮᠦᠨ᠎ᠡ ᠨᠢ ᠬᠦᠷᠴᠦ ᠢᠷᠡᠭᠡᠳ ᠄
ᠬᠦᠨᠳᠦᠲᠦ ᠡᠪᠦᠭᠡᠨ ᠠᠬ᠎ᠠ ᠮᠢᠨᠢ
ᠬᠦᠷᠦᠭᠡᠳ ᠢᠷᠡᠪᠡ ‍ᠦᠦ ? ᠪᠠᠰᠠ
ᠶᠠᠪᠤᠳᠠᠯ ᠤᠴᠢᠷ ᠶᠠᠭᠤ ?
ᠶᠠᠮᠠᠷ ᠬᠡᠷᠡᠭ ‍ᠢᠶ᠋ᠡᠷ ᠢᠷᠡᠪᠡ ?
ᠡᠪᠦᠳᠦᠭ ᠨᠤᠭᠤᠯᠵᠤ ᠮᠥᠷᠭᠥᠭᠡᠳ
ᠡᠪᠦᠭᠡᠨ ᠬᠠᠷᠢᠭᠤ ᠬᠡᠯᠡᠵᠡᠢ
ᠬᠠᠲᠤᠨ ᠳᠡᠭᠡᠳᠦ ᠵᠢᠭᠠᠰᠤ ᠮᠢᠨᠢ
ᠬᠠᠶ᠋ᠢᠷᠠᠯᠠᠵᠤ ᠨᠠᠮ᠎ᠠ ‍ᠶ᠋ᠢ ᠥᠷᠥᠰᠢᠶᠡ
ᠮᠠᠨ ‍ᠤ ᠡᠮᠡᠭᠡᠨ ᠠᠭᠤᠷᠯᠠᠵᠤ
ᠮᠠᠰᠢ ᠶᠡᠬᠡ ᠎ᠪᠡᠷ ᠵᠢᠮᠡᠯᠡᠵᠦ
ᠬᠥᠭᠰᠢᠨ ᠨᠠᠮ᠎ᠠ ‍ᠶ᠋ᠢ ᠠᠮᠠᠷᠠᠭᠤᠯᠬᠤ ᠦᠭᠡᠢ
ᠬᠥᠭᠡᠭᠡᠵᠦ ᠵᠠᠩᠨᠠᠭᠠᠳ ᠪᠠᠶ᠋ᠢᠨ᠎ᠠ ᠃
ᠪᠠᠯᠠᠢ ᠬᠡᠷᠡᠭᠦᠯᠴᠢ ᠡᠮᠡᠭᠡᠨ ‍ᠳᠦ ᠪᠠᠶ᠋ᠢᠰᠢᠩ ᠬᠡᠷᠡᠭᠲᠡᠢ ᠭᠡᠨ᠎ᠡ ᠭᠡᠬᠦ ‍ᠳᠦ
ᠠᠴᠢᠲᠤ ᠪᠤᠭᠤᠷᠤᠯ ᠡᠪᠦᠭᠡᠨ ᠮᠢᠨᠢ
ᠵᠣᠷᠢᠵᠤ ᠢᠷᠡᠭᠰᠡᠨ ᠬᠡᠷᠡᠭ ᠴᠢᠨᠢ
ᠵᠣᠪᠠᠬᠤ ᠶᠠᠭᠤᠮ᠎ᠠ ᠦᠭᠡᠢ ᠪᠦᠲᠦᠨ᠎ᠡ
ᠡᠷᠬᠡᠲᠦ ᠲᠩᠷᠢ ‍ᠳᠦ ᠢᠲᠡᠭᠡᠵᠦ
ᠭᠡᠷ  ᠲᠦ ᠎ᠪᠡᠨ ᠬᠠᠷᠢ ᠳ᠋ᠠ ᠂ ᠡᠪᠦᠭᠡᠨ ᠮᠢᠨᠢ
ᠡᠪᠳᠡᠷᠬᠡᠢ ᠮᠠᠭᠤ ᠭᠡᠷ ᠴᠢᠨᠢ
ᠰᠢᠨ᠎ᠡ ᠪᠠᠶ᠋ᠢᠰᠢᠩ ‍ᠢᠶ᠋ᠠᠷ ᠰᠣᠯᠢᠬᠳᠠᠨ᠎ᠠ ᠭᠡᠵᠡᠢ ᠃

ᠡᠪᠦᠭᠡᠨ ᠲᠡᠨᠳᠡ ᠎ᠡᠴᠡ ᠪᠤᠴᠠᠵᠤ
ᠭᠡᠷ  ᠲᠦ ᠎ᠪᠡᠨ ᠢᠷᠡᠪᠡᠯ
ᠥᠨᠥᠬᠢ ᠮᠠᠭᠤ ᠭᠡᠷ ᠨᠢ
ᠣᠷᠣ ᠦᠭᠡᠢ ᠪᠣᠯᠤᠭᠰᠠᠨ ᠪᠠᠶ᠋ᠢᠵᠠᠢ ᠭᠡᠨ᠎ᠡ ᠃
ᠭᠡᠷ ᠪᠠᠶ᠋ᠢᠬᠰᠠᠨ ᠭᠠᠵᠠᠷ  ᠲᠦ ᠨᠢ
ᠭᠡᠷᠡᠯ ᠣᠷᠣᠬᠤ ᠴᠣᠩᠬᠣ ᠎ᠲᠠᠢ
ᠴᠠᠷᠠᠰᠤ ᠮᠣᠳᠣᠨ ᠬᠠᠭᠠᠯᠭ᠎ᠠ ᠎ᠲᠠᠢ
ᠴᠠᠭᠠᠨ ᠪᠠᠶ᠋ᠢᠰᠢᠩ ᠬᠠᠷᠠᠭᠳᠠᠵᠠᠢ ᠭᠡᠨ᠎ᠡ
ᠡᠮᠡᠭᠡᠨ ᠴᠣᠩᠬᠣᠨ ‍ᠤ ᠳᠡᠷᠭᠡᠳᠡ
ᠡᠷᠬᠢᠮᠰᠦᠭ ᠶᠠᠩᠵᠤ ᠎ᠪᠠᠷ ᠰᠠᠭᠤᠭᠠᠳ
ᠬᠠᠮᠤᠭ ᠮᠠᠭᠤ ᠦᠭᠡ ᠎ᠪᠡᠷ
ᠬᠠᠷᠢᠶᠠᠵᠤ ᠵᠠᠩᠨᠠᠵᠤ ᠪᠠᠶ᠋ᠢᠨ᠎ᠠ ᠭᠡᠨ᠎ᠡ ᠃
ᠡᠷᠭᠢᠭᠦᠦ ᠲᠡᠨᠡᠭ ᠠᠮᠢᠲᠠᠨ ᠴᠢ
ᠡᠨᠡ ᠪᠠᠶ᠋ᠢᠰᠢᠩ ‍ᠢ ᠭᠤᠶᠤᠭᠰᠠᠨ ‍ᠦᠦ ?
ᠵᠢᠭᠠᠰᠤᠨ ‍ᠳᠤ ᠣᠴᠢᠭᠠᠳ ᠭᠣᠶᠣ
ᠵᠠᠯᠪᠠᠷᠢᠵᠤ ᠮᠥᠷᠭᠥᠭᠡᠳ ᠢᠷ᠎ᠡ
ᠶᠠᠳᠠᠭᠤ ᠲᠠᠷᠢᠶᠠᠴᠢᠨ ᠪᠠᠶ᠋ᠢᠬᠤ ‍ᠳᠤ
ᠶᠠᠮᠠᠷ ᠵᠢᠷᠭᠠᠯ ᠪᠠᠶ᠋ᠢᠬᠤ ᠪᠤᠢ
ᠬᠠᠷᠠᠴᠤ ᠢᠵᠠᠭᠤᠷ ‍ᠢᠶ᠋ᠠᠨ ᠰᠣᠯᠢᠵᠤ
ᠲᠠᠶ᠋ᠢᠵᠢ ᠪᠣᠯᠬᠤ ᠬᠡᠷᠡᠭᠲᠡᠢ
ᠬᠠᠷ᠎ᠠ ᠲᠠᠷᠢᠶᠠᠴᠢᠨ ‍ᠢᠶ᠋ᠠᠨ ᠪᠠᠶ᠋ᠢᠵᠤ
ᠨᠣᠶᠠᠨ ᠪᠣᠯᠬᠤ ‍ᠶ᠋ᠢ ᠬᠦᠰᠡᠨ᠎ᠡ
ᠡᠪᠦᠭᠡᠨ ᠭᠡᠳᠡᠷᠭᠦ ᠪᠤᠴᠠᠵᠤ
ᠥᠨᠥᠬᠢ ᠳᠠᠯᠠᠢ ‍ᠳᠤ ᠎ᠪᠠᠨ ᠢᠷᠡᠵᠡᠢ
ᠳᠠᠯᠠᠢ ‍ᠶ᠋ᠢᠨ ᠤᠰᠤ ᠶᠡᠬᠡ ᠎ᠪᠡᠷ
ᠳᠠᠪᠠᠯᠭᠠᠯᠠᠵᠤ ᠴᠠᠯᠭᠢᠵᠤ ᠪᠠᠶ᠋ᠢᠯ᠎ᠠ
ᠠᠯᠲᠠᠨ ᠵᠢᠭᠠᠰᠤ ‍ᠶ᠋ᠢ ᠳᠠᠭᠤᠳᠠᠲᠠᠯ᠎ᠠ
ᠠᠯᠲᠠᠨ ᠵᠢᠭᠠᠰᠤ ᠬᠥᠪᠦᠭᠰᠡᠭᠡᠷ
ᠡᠮᠦᠨ᠎ᠡ ᠨᠢ ᠬᠦᠷᠴᠦ ᠢᠷᠡᠭᠡᠳ
ᠡᠪᠦᠭᠡᠨ ᠎ᠡᠴᠡ ᠢᠩᠭᠢᠵᠦ ᠠᠰᠠᠭᠤᠵᠠᠢ ᠭᠡᠨ᠎ᠡ᠄
ᠬᠦᠨᠳᠦᠲᠦ ᠡᠪᠦᠭᠡᠨ ᠠᠬ᠎ᠠ ᠮᠢᠨᠢ
ᠬᠦᠷᠦᠭᠡᠳ ᠢᠷᠡᠪᠡ ‍ᠦᠦ ?  ᠪᠠᠰᠠ
ᠶᠠᠪᠤᠳᠠᠯ ᠤᠴᠢᠷ ᠶᠠᠭᠤ ?
ᠶᠠᠮᠠᠷ ᠬᠡᠷᠡᠭ ‍ᠢᠶ᠋ᠡᠷ ᠢᠷᠡᠪᠡ ?
ᠡᠪᠦᠳᠦᠭ ᠨᠤᠭᠤᠯᠵᠤ ᠮᠥᠷᠭᠥᠭᠡᠳ

ᠡᠪᠦᠭᠡᠨ ᠬᠠᠷᠢᠭᠤ ᠬᠡᠯᠡᠵᠡᠢ ᠭᠡᠨ᠎ᠡ
ᠬᠠᠲᠤᠨ ᠳᠡᠭᠡᠳᠦ ᠵᠢᠭᠠᠰᠤ ᠮᠢᠨᠢ
ᠬᠠᠶ᠋ᠢᠷᠠᠯᠠᠵᠤ ᠨᠠᠮ᠎ᠠ ‍ᠶ᠋ᠢ ᠎ᠪᠠᠨ ᠥᠷᠥᠰᠢᠶᠡ
ᠮᠠᠨ ‍ᠤ ᠡᠮᠡᠭᠡᠨ ᠠᠭᠤᠷᠯᠠᠵᠤ
ᠮᠠᠰᠢ ᠶᠡᠬᠡ ᠎ᠪᠡᠷ ᠵᠢᠮᠡᠯᠡᠵᠦ
ᠤᠷᠢᠳᠤ ᠵᠠᠩᠨᠠᠭᠰᠠᠨ ᠠ᠋ᠴᠠ ᠎ᠪᠡᠨ ᠢᠯᠡᠭᠦᠦ
ᠤᠯᠠᠮ ᠶᠡᠬᠡ ᠎ᠪᠡᠷ ᠬᠠᠷᠢᠶᠠᠵᠤ
ᠬᠥᠭᠰᠢᠨ ᠨᠠᠮ᠎ᠠ ‍ᠶ᠋ᠢ ᠠᠮᠠᠷᠠᠭᠤᠯᠬᠤ ᠦᠭᠡᠢ
ᠬᠥᠭᠡᠭᠡᠵᠦ ᠵᠠᠩᠨᠠᠭᠠᠳ ᠪᠠᠶ᠋ᠢᠨ᠎ᠠ ᠃
ᠨᠣᠣᠰᠣ ᠡᠭᠡᠷᠡᠳᠡᠭ ᠡᠮᠡᠭᠡᠨ ‍ ᠨᠣᠶᠠᠨ ᠪᠣᠯᠬᠤ ᠬᠦᠰᠡᠯ ᠎ᠲᠡᠢ ᠭᠡᠨ᠎ᠡ
ᠲᠠᠷᠢᠶᠠᠴᠢᠨ ᠢᠵᠠᠭᠤᠷ ‍ᠢᠶ᠋ᠠᠨ ᠰᠣᠯᠢᠵᠤ
ᠲᠠᠶ᠋ᠢᠵᠢ ᠪᠣᠯᠬᠤ ᠬᠦᠰᠡᠯ ᠎ᠲᠡᠢ ᠭᠡᠨ᠎ᠡᠭᠡᠬᠦ ‍ᠳᠦᠵᠣᠷᠢᠵᠤ ᠢᠷᠡᠭᠰᠡᠨ ᠬᠡᠷᠡᠭ ᠲᠠᠨᠢ
ᠵᠣᠪᠠᠬᠤ ᠶᠠᠭᠤᠮ᠎ᠠ ᠦᠭᠡᠢ ᠪᠦᠲᠦᠨ᠎ᠡ
ᠡᠷᠬᠡᠲᠦ ᠲᠩᠷᠢ ‍ᠶ᠋ᠢᠨ ᠢᠷᠦᠭᠡᠯ ‍ᠢᠶ᠋ᠡᠷ
ᠡᠮᠡᠭᠡᠨ ‍ᠦ ᠴᠢᠨᠢ ᠬᠦᠰᠡᠯ ᠪᠡᠶᠡᠯᠡᠨ᠎ᠡ
ᠡᠪᠦᠭᠡᠨ ‍ᠢ ᠪᠤᠴᠠᠭᠠᠳ ᠢᠷᠡᠲᠡᠯ᠎ᠡ
ᠥᠨᠳᠥᠷ ᠰᠠᠶ᠋ᠢᠬᠠᠨ ᠪᠠᠶ᠋ᠢᠰᠢᠩ
ᠥᠷᠭᠥᠭᠡ ᠰᠠᠶ᠋ᠢᠬᠠᠨ ᠣᠷᠳᠣᠨ
ᠡᠮᠦᠨ᠎ᠡ ᠨᠢ ᠬᠠᠷᠠᠭᠳᠠᠵᠤ ᠪᠠᠶ᠋ᠢᠨ᠎ᠠ ᠭᠡᠨ᠎ᠡ
ᠡᠨᠡ ᠰᠠᠶ᠋ᠢᠬᠠᠨ ᠣᠷᠳᠣᠨ ‍ᠳᠤ
ᠡᠮᠡᠭᠡᠨ ᠨᠢ ᠮᠣᠷᠢᠯᠠᠵᠤ ᠰᠠᠭᠤᠭᠠᠳ
ᠡᠷᠬᠢᠮ ᠪᠤᠯᠠᠭᠠᠨ ᠳᠡᠪᠡᠯ ᠎ᠲᠡᠢ
ᠡᠷᠢᠶᠡᠨ ᠬᠣᠷᠭᠣᠢ ᠮᠠᠯᠠᠭᠠᠢ ᠎ᠲᠠᠢ
ᠡᠷᠳᠡᠨᠢ ᠰᠤᠪᠤᠳ ‍ᠢᠶ᠋ᠠᠷ ᠴᠢᠮᠡᠭᠯᠡᠭᠰᠡᠨ
ᠡᠬᠡᠨᠡᠷ ᠪᠣᠯᠤᠭᠠᠳ ᠪᠠᠶ᠋ᠢᠵᠤ ᠪᠠᠶ᠋ᠢᠨ᠎ᠠ ᠭᠡᠨ᠎ᠡ ᠃
ᠤᠲᠠᠰᠤ ᠎ᠪᠠᠷ ᠤᠭᠠᠯᠵᠠ ᠲᠠᠯᠪᠢᠬᠰᠠᠨ
ᠤᠯᠠᠭᠠᠨ ᠭᠤᠲᠤᠯ ᠡᠮᠦᠰᠦᠭᠡᠳ
ᠤᠷᠳᠤᠬᠢ ᠵᠠᠷᠤᠴᠠ ᠎ᠪᠠᠨ ᠢᠰᠭᠦᠯᠵᠦ
ᠤᠴᠢᠷ ᠦᠭᠡᠢ ᠵᠠᠩᠨᠠᠵᠤ ᠭᠠᠷᠴᠠᠢ ᠭᠡᠨ᠎ᠡ
ᠠᠯᠲᠠᠨ ᠪᠥᠭᠡᠵᠢ ᠵᠡᠭᠦᠭᠰᠡᠨ
ᠠᠷᠪᠠᠨ ᠮᠣᠶ᠋ᠢᠨᠣᠭ ᠬᠤᠷᠤᠭᠤ ᠎ᠪᠠᠷ ‍ᠢᠶ᠋ᠠᠨ
ᠠᠶᠠᠭᠠᠴᠢ ᠬᠡᠦᠬᠡᠨ ‍ᠦ ᠦᠰᠦᠨ ᠎ᠡᠴᠡ
ᠠᠳᠬᠤᠵᠤ ᠠᠪᠤᠭᠠᠳ ᠵᠣᠳᠣᠵᠤ ᠪᠠᠶ᠋ᠢᠨ᠎ᠠ ᠭᠡᠨ᠎ᠡ
ᠡᠪᠦᠭᠡᠨ ᠬᠦᠷᠴᠦ ᠢᠷᠡᠭᠡᠳ
ᠡᠪᠦᠳᠦᠭ ᠰᠥᠭᠥᠳᠦᠨ ᠠᠶ᠋ᠢᠯᠠᠳᠬᠠᠪᠠ ᠭᠡᠨ᠎ᠡ
ᠲᠠᠶ᠋ᠢᠵᠢ ‍ᠶ᠋ᠢᠨ ᠡᠷᠬᠢᠮ ᠬᠠᠲᠤᠨ
ᠲᠠᠪᠠᠲᠠᠢ ᠮᠣᠷᠢᠯᠠᠵᠤ ᠪᠠᠶ᠋ᠢᠨ᠎ᠠ ‍ᠤᠤ ?
ᠲᠠᠨ ‍ᠤ ᠬᠦᠰᠡᠭᠰᠡᠨ ᠵᠦᠢᠯ
ᠲᠠᠭᠠᠯᠠᠯ ᠶᠣᠰᠣ ᠎ᠪᠠᠷ ᠪᠣᠯᠵᠤ
ᠰᠠᠨᠠᠭᠰᠠᠨ ᠬᠡᠷᠡᠭ ᠲᠠᠨᠢ ᠪᠦᠲᠦᠭᠰᠡᠨ ‍ᠳᠦ
ᠰᠠᠨᠠᠭ᠎ᠠ ᠰᠡᠳᠬᠢᠯ ᠲᠠᠨᠢ ᠠᠮᠠᠷᠠᠪᠠ ‍ᠦᠦ ?
ᠡᠪᠦᠭᠡᠨ ‍ᠢ ᠦᠵᠡᠭᠡᠳ ᠡᠮᠡᠭᠡᠨ
ᠥᠨᠳᠥᠷ ᠳᠠᠭᠤ ᠎ᠪᠠᠷ ᠵᠠᠩᠳᠤᠷᠴᠤ
ᠠᠭᠲᠠᠨ ‍ᠤ ᠬᠠᠰᠢᠶ᠎ᠠ ᠰᠠᠬᠢᠭᠤᠯᠵᠤ
ᠠᠳᠤᠭᠤ ᠮᠠᠨᠠᠭᠤᠯᠬᠤ ᠎ᠪᠠᠷ ᠪᠣᠯᠵᠠᠢ ᠭᠡᠨ᠎ᠡ
ᠬᠡᠳᠦ ᠬᠣᠨᠣᠭ ᠥᠩᠭᠡᠷᠡᠲᠡᠯ᠎ᠡ
ᠬᠡᠷᠡᠭ ᠳᠠᠬᠢᠭᠠᠳ ᠮᠠᠨᠳᠤᠵᠠᠢ ᠭᠡᠨ᠎ᠡ
ᠤᠷᠢᠳᠤᠬᠢ ᠠ᠋ᠴᠠ ᠎ᠪᠠᠨ ᠡᠮᠡᠭᠡᠨ
ᠤᠯᠠᠮ ᠢᠯᠡᠭᠦᠦ ᠎ᠪᠡᠷ ᠳᠣᠭᠰᠢᠷᠠᠵᠤ
ᠠᠳᠤᠭᠤᠴᠢᠨ ᠮᠠᠭᠤ ᠡᠪᠦᠭᠡᠨ ‍ᠢ
ᠠᠪᠴᠢᠷᠠᠭᠤᠯᠵᠤ ᠪᠠᠶ᠋ᠢᠭᠠᠳ ᠲᠤᠰᠢᠶᠠᠵᠠᠢ ᠭᠡᠨ᠎ᠡ
ᠵᠢᠭᠠᠰᠤᠨ ‍ᠳᠤ ᠣᠴᠢᠭᠠᠳ ᠮᠥᠷᠭᠥ
ᠵᠠᠯᠪᠠᠷᠢᠵᠤ ᠭᠤᠶᠤᠭᠠᠳ ᠢᠷ᠎ᠡ
ᠬᠠᠷ᠎ᠠ ᠲᠠᠷᠢᠶᠠᠴᠢᠨ ᠪᠠᠶ᠋ᠢᠭᠠᠳ
ᠬᠠᠮᠵᠢᠯᠭᠠᠲᠤ ᠲᠠᠶ᠋ᠢᠵᠢ ᠪᠣᠯᠤᠭᠰᠠᠨ ᠶᠤᠮ
ᠬᠠᠮᠵᠢᠯᠭᠠᠲᠤ ᠲᠠᠶ᠋ᠢᠵᠢ ᠎ᠪᠠᠨ ᠪᠣᠯᠢᠭᠠᠳ
ᠬᠠᠭᠠᠨ ᠪᠣᠯᠬᠤ ‍ᠳᠤ ᠶᠠᠭᠠᠬᠢᠳᠠᠭ ᠶᠤᠮ
ᠬᠠᠲᠤᠨ ᠬᠠᠭᠠᠨ ᠪᠣᠯᠤᠭᠠᠳ
ᠬᠠᠮᠤᠭ ‍ᠢ ᠵᠠᠬᠢᠷᠬᠤ ᠬᠦᠰᠡᠯ ᠎ᠲᠡᠢ ᠪᠠᠶ᠋ᠢᠨ᠎ᠠ ᠭᠡᠵᠡᠢ ᠃
ᠥᠨᠥᠬᠢ ᠦᠭᠡ ‍ᠶ᠋ᠢ ᠰᠣᠨᠣᠰᠤᠭᠠᠳ
ᠡᠪᠦᠭᠡᠨ ᠶᠡᠬᠡ ᠎ᠪᠡᠷ ᠰᠣᠴᠢᠵᠤ
ᠰᠢᠨᠤᠯᠲᠤ ᠮᠠᠭᠤ ᠡᠮᠡᠭᠡᠨ ‍ᠳᠦ
ᠰᠢᠭᠤᠳ ᠢᠩᠭᠢᠵᠦ ᠬᠡᠯᠡᠵᠡᠢ ᠭᠡᠨ᠎ᠡ
ᠬᠣᠪᠳᠣᠭ ᠰᠠᠨᠠᠭ᠎ᠠ ᠴᠢᠨᠢ ᠬᠡᠲᠦᠷᠡᠵᠦ
ᠬᠣᠭᠣᠰᠣᠨ ᠪᠠᠶ᠋ᠢᠬᠰᠠᠨ ‍ᠢᠶ᠋ᠠᠨ ᠮᠠᠷᠲᠠᠪᠠ ‍ᠦᠦ
ᠬᠣᠭᠣᠯᠠᠨ ‍ᠳᠤ ᠶᠡᠬᠡ ᠴᠠᠳᠴᠤ
ᠭᠠᠯᠵᠠᠭᠤ ᠡᠪᠡᠳᠴᠢᠨ ᠲᠤᠰᠪᠠ ‍ᠦᠦ ?
ᠲᠡᠭᠰᠢ ᠵᠥᠪ ᠠᠯᠬᠤᠵᠤ ᠴᠢᠳᠠᠬᠤ ᠦᠭᠡᠢ
ᠲᠡᠨᠡᠭ ᠮᠠᠭᠤ ᠡᠮᠡᠭᠡᠨ ᠴᠢ
ᠳᠡᠭᠡᠳᠦ ᠬᠠᠭᠠᠨ ᠪᠣᠯᠵᠤ
ᠶᠠᠭᠠᠬᠢᠵᠤ ᠴᠢᠳᠠᠬᠤ ᠶᠤᠮ ᠪᠤᠢ ?
ᠳᠡᠯᠡᠬᠡᠢ ‍ᠶ᠋ᠢᠨ ᠬᠥᠮᠦᠨ ᠠᠮᠢᠲᠠᠨ ‍ᠤ ᠳᠣᠭᠣᠬᠢ ᠪᠣᠯᠤᠨ᠎ᠠ
ᠪᠦᠲᠦᠨ ᠦᠭᠡ ᠬᠡᠯᠡᠵᠦ ᠴᠢᠳᠠᠬᠤ ᠦᠭᠡᠢ ᠡᠶ᠋ᠢᠮᠦ ᠡᠮᠡᠭᠡᠨ
ᠪᠦᠭᠦᠳᠡ ‍ᠶ᠋ᠢᠨ ᠬᠠᠭᠠᠨ ᠪᠣᠯᠵᠤ
ᠪᠦᠬᠦ ᠠᠮᠢᠲᠠᠨ ‍ᠤ ᠢᠴᠢᠭᠦᠷᠢ ᠪᠣᠯᠤᠨ᠎ᠠ ᠰᠢᠦ ᠳ᠋ᠡ ᠭᠡᠵᠡᠢ ᠃
ᠡᠮᠡᠭᠡᠨ ᠶᠡᠬᠡ ᠎ᠪᠡᠷ ᠠᠭᠤᠷᠯᠠᠵᠤ
ᠡᠯᠳᠡᠪ ᠵᠦᠢᠯ ‍ᠢᠶ᠋ᠡᠷ ᠬᠠᠷᠢᠶᠠᠵᠤ
ᠲᠠᠷᠢᠶᠠᠴᠢᠨ ᠡᠪᠦᠭᠡᠨ ‍ᠦ ᠬᠠᠴᠠᠷ ‍ᠢ
ᠲᠠᠰ ᠬᠢᠲᠡᠯ᠎ᠡ ᠠᠯᠠᠭᠠᠳᠠᠵᠤ ᠭᠡᠨ᠎ᠡ ᠃
ᠰᠦᠷᠡᠬᠡᠢ ᠶᠡᠬᠡ ᠎ᠪᠡᠷ ᠬᠠᠷᠠᠵᠤ
ᠰᠦᠷᠳᠡᠭᠦᠯᠵᠦ ᠪᠠᠶ᠋ᠢᠭᠠᠳ ᠲᠤᠰᠢᠶᠠᠵᠤ ᠭᠡᠨ᠎ᠡ
ᠲᠠᠶ᠋ᠢᠵᠢ ᠢᠵᠠᠭᠤᠷᠲᠤ ᠮᠢᠨᠦ
ᠲᠠᠭᠠᠯᠠᠯ ᠲᠤᠰᠢᠶᠠᠯ ᠬᠣᠶᠠᠷ ‍ᠢ
ᠲᠡᠨᠡᠭ ᠵᠥᠨᠥᠭ ᠡᠪᠦᠭᠡᠨ ᠴᠢ
ᠵᠥᠷᠢᠴᠡᠵᠦ ᠪᠣᠯᠳᠠᠭ ᠶᠤᠮ ‍ᠤᠤ
ᠳᠤᠷᠠᠲᠠᠢ ᠳᠣᠷ᠎ᠠ ᠦᠭᠡᠢ ‍ᠶ᠋ᠢ ᠴᠢᠨᠢ ᠠᠰᠠᠭᠤᠭ᠎ᠠ ᠦᠭᠡᠢ
ᠲᠤᠰᠢᠶᠠᠵᠤ ᠪᠠᠶ᠋ᠢᠨ᠎ᠠ ᠂ ᠴᠢᠮ᠎ᠠ ‍ᠳᠤ
ᠳᠠᠭᠤ ᠦᠭᠡᠢ ᠶᠠᠪᠤᠬᠤ ᠦᠭᠡᠢ ᠪᠣᠯ ᠴᠢᠷᠦᠭᠡᠳ ᠶᠠᠪᠤᠭᠤᠯᠤᠨ᠎ᠠ ᠭᠡᠵᠡᠢ ᠃
ᠡᠪᠦᠭᠡᠨ ᠭᠡᠳᠡᠷᠭᠦ ᠪᠤᠴᠠᠵᠤ
ᠥᠨᠥᠬᠢ ᠳᠠᠯᠠᠢ ‍ᠳᠤ ᠎ᠪᠠᠨ ᠢᠷᠡᠵᠡᠢ ᠭᠡᠨ᠎ᠡ
ᠳᠠᠯᠠᠢ ‍ᠶ᠋ᠢᠨ ᠤᠰᠤ ᠶᠡᠬᠡ ᠎ᠪᠡᠷ
ᠳᠠᠪᠠᠯᠭᠠᠯᠠᠵᠤ ᠴᠠᠯᠭᠢᠵᠤ ᠪᠠᠶ᠋ᠢᠨ᠎ᠠ ᠭᠡᠨ᠎ᠡ
ᠠᠯᠲᠠᠨ ᠵᠢᠭᠠᠰᠤ ‍ᠶ᠋ᠢ ᠳᠠᠭᠤᠳᠠᠵᠤ
ᠶᠠᠪᠤᠳᠠᠯ ᠤᠴᠢᠷ ‍ᠢᠶ᠋ᠠᠨ ᠬᠡᠯᠡᠪᠡ
ᠤᠷᠰᠢᠬᠲᠤ ᠮᠠᠭᠤ ᠡᠮᠡᠭᠡᠨ
ᠠᠭᠤᠷᠯᠠᠵᠤ ᠵᠠᠩᠨᠠᠭᠠᠳ ᠪᠣᠯᠳᠠᠭ ᠦᠭᠡᠢ
ᠬᠠᠷᠠᠴᠤ ᠲᠠᠷᠢᠶᠠᠴᠢᠨ ᠪᠠᠶ᠋ᠢᠭᠠᠳ
ᠬᠠᠮᠵᠢᠯᠭᠠᠲᠤ ᠲᠠᠶ᠋ᠢᠵᠢ ᠪᠣᠯᠤᠭᠰᠠᠨ ᠶᠤᠮ
ᠬᠠᠮᠵᠢᠯᠭᠠᠲᠤ ᠲᠠᠶ᠋ᠢᠵᠢ ᠎ᠪᠠᠨ ᠪᠣᠯᠢᠭᠠᠳ
ᠬᠠᠭᠠᠨ ᠪᠣᠯᠬᠤ ‍ᠳᠤ ᠶᠠᠭᠠᠬᠢᠳᠠᠭ ᠶᠤᠮ
ᠬᠠᠲᠤᠨ ᠬᠠᠭᠠᠨ ᠪᠣᠯᠤᠭᠠᠳ 

ᠬᠠᠮᠤᠭ ᠣᠯᠠᠨ ‍ᠢ ᠵᠠᠬᠢᠷᠤᠨ᠎ᠠ ᠭᠡᠨ᠎ᠡ
ᠡᠷ᠎ᠡ ᠬᠦᠴᠦ ᠲᠡᠭᠦᠯᠳᠡᠷ
ᠡᠵᠡᠨ ᠬᠠᠲᠤᠨ ᠪᠣᠯᠤᠨ᠎ᠠ ᠭᠡᠵᠦ
ᠡᠮᠡᠭᠡᠨ ᠵᠠᠩᠨᠠᠭᠠᠳ ᠪᠣᠯᠳᠠᠭ ᠦᠭᠡᠢᠭᠡᠬᠦ ‍ᠳᠦ
ᠠᠯᠲᠠᠨ ᠵᠢᠭᠠᠰᠤ ᠬᠡᠯᠡᠵᠡᠢ ᠭᠡᠨ᠎ᠡ
ᠠᠴᠢᠲᠤ ᠪᠤᠭᠤᠷᠤᠯ ᠡᠪᠦᠭᠡᠨ ᠮᠢᠨᠢ
ᠵᠣᠷᠢᠵᠤ ᠢᠷᠡᠭᠰᠡᠨ ᠬᠡᠷᠡᠭ ᠴᠢᠨᠢ


ᠵᠣᠪᠠᠬᠤ ᠶᠠᠭᠤᠮ᠎ᠠ ᠦᠭᠡᠢ ᠪᠦᠲᠦᠨ᠎ᠡ
ᠡᠷᠬᠡᠲᠦ ᠲᠩᠷᠢ ‍ᠳᠦ ᠢᠲᠡᠭᠡᠵᠦ
ᠭᠡᠷ  ᠲᠦ ᠎ᠪᠡᠨ ᠬᠠᠷᠢ᠂ ᠡᠪᠦᠭᠡᠨ ᠮᠢᠨᠢ
ᠡᠮᠡᠭᠡᠨ ᠴᠢᠨᠢ ᠣᠳᠣᠬᠠᠨ
ᠡᠵᠡᠨ ᠬᠠᠭᠠᠨ ᠪᠣᠯᠤᠨ᠎ᠠ ᠭᠡᠵᠦ ᠭᠡᠨ᠎ᠡ ᠃
ᠡᠪᠦᠭᠡᠨ ‍ᠢ ᠪᠤᠴᠠᠭᠠᠳ ᠢᠷᠡᠬᠦ ‍ᠳᠦ
ᠥᠷᠥᠭᠡ ᠣᠯᠠᠨ ᠲᠠᠰᠤᠯᠭ᠎ᠠ ᠎ᠲᠠᠢ
ᠥᠨᠳᠥᠷ ᠰᠠᠶ᠋ᠢᠬᠠᠨ ᠪᠠᠶ᠋ᠢᠰᠢᠩ
ᠡᠮᠦᠨ᠎ᠡ ᠨᠢ ᠬᠠᠷᠠᠭᠳᠠᠵᠤ ᠭᠡᠨ᠎ᠡ
ᠬᠠᠭᠠᠨ ‍ᠤ ᠣᠷᠳᠣᠨ ‍ᠳᠤ ᠡᠮᠡᠭᠡᠨ ᠨᠢ
ᠬᠠᠲᠤᠨ ᠪᠣᠯᠤᠭᠠᠳ ᠵᠠᠯᠠᠷᠠᠵᠤ ᠪᠠᠶ᠋ᠢᠯ᠎ᠠ ᠃
ᠡᠷᠬᠡᠲᠦ ᠬᠠᠲᠤᠨ ᠪᠣᠯᠤᠭᠠᠳ
ᠡᠵᠡᠨ ‍ᠦ ᠰᠢᠷᠡᠭᠡᠨ ‍ᠳᠦ ᠰᠠᠭᠤᠭᠠᠳ
ᠪᠢᠷ ᠴᠠᠭᠠᠰᠤ ᠪᠠᠷᠢᠬᠰᠠᠨ
ᠪᠢᠴᠢᠭ ‍ᠦᠨ ᠲᠦᠰᠢᠮᠡᠳ ‍ᠢᠶ᠋ᠡᠷ ᠲᠣᠭᠣᠷᠢᠭᠤᠯᠵᠤ
ᠪᠠᠯᠳᠠ ᠰᠦᠬᠡ ᠳᠠᠯᠠᠶ᠋ᠢᠬᠰᠠᠨ
ᠪᠠᠭᠠᠲᠤᠷ ᠴᠡᠷᠢᠭ ‍ᠢᠶ᠋ᠡᠷ ᠬᠦᠷᠢᠶᠡᠯᠡᠭᠦᠯᠵᠦ
ᠨᠣᠶᠠᠳ ‍ᠢᠶ᠋ᠠᠷ ᠬᠤᠨᠳᠠᠭ᠎ᠠ ᠪᠠᠷᠢᠭᠤᠯᠵᠤ
ᠲᠦᠰᠢᠮᠡᠳ ‍ᠢᠶ᠋ᠡᠷ ᠰᠥᠩ ᠲᠦᠰᠢᠭᠦᠯᠵᠦ
ᠳᠠᠯᠠᠢ ‍ᠶ᠋ᠢᠨ ᠴᠠᠭᠠᠨ᠎ᠠ ᠠ᠋ᠴᠠ ᠠᠪᠴᠢᠷᠠᠭᠰᠠᠨ
ᠳᠠᠷᠠᠰᠤ ᠤᠤᠭᠤᠭᠠᠳ ᠨᠠᠷᠭᠢᠵᠤ ᠪᠠᠶ᠋ᠢᠨ᠎ᠠ ᠭᠡᠨ᠎ᠡ
ᠠᠷᠢᠭᠤᠨ ᠰᠠᠶ᠋ᠢᠬᠠᠨ ᠢᠳᠡᠭᠡ ‍ᠶ᠋ᠢ
ᠠᠮᠲᠠᠯᠠᠵᠤ ᠦᠵᠡᠭᠡᠳ ᠢᠷᠪᠠᠶ᠋ᠢᠵᠤ ᠪᠠᠶ᠋ᠢᠨ᠎ᠠ ᠭᠡᠨ᠎ᠡ
ᠡᠪᠦᠭᠡᠨ ᠲᠡᠭᠦᠨ ‍ᠢ ᠬᠠᠷᠠᠭᠠᠳ
ᠥᠪᠡᠷ ‍ᠦᠨ ᠡᠷᠬᠡ ᠦᠭᠡᠢ ᠰᠦᠷᠳᠡᠵᠦ
ᠠᠶᠤᠮᠰᠢᠬᠲᠤ ᠬᠠᠲᠤᠨ ᠬᠠᠭᠠᠨ ‍ᠤ
ᠠᠮᠤᠷ ‍ᠢ ᠠᠶ᠋ᠢᠯᠠᠳᠬᠠᠵᠤ ᠮᠥᠷᠭᠥᠵᠡᠢ ᠭᠡᠨ᠎ᠡ
ᠡᠷᠬᠢᠮ ᠳᠡᠭᠡᠳᠦ ᠬᠠᠲᠤᠨ ᠮᠢᠨᠢ
ᠡᠩᠬᠡ ᠮᠣᠷᠢᠯᠠᠵᠤ ᠪᠠᠶ᠋ᠢᠨ᠎ᠠ ‍ᠦᠦ ?
ᠲᠠᠨ ‍ᠤ ᠬᠦᠰᠡᠭᠰᠡᠨ ᠵᠦᠢᠯ
ᠲᠠᠭᠠᠯᠠᠯ ‍ᠤᠨ ᠶᠣᠰᠣ ᠎ᠪᠠᠷ ᠪᠣᠯᠵᠤ
ᠰᠠᠨᠠᠭᠰᠠᠨ ᠬᠡᠷᠡᠭ ᠪᠦᠲᠦᠭᠰᠡᠨ ‍ᠳᠦ
ᠰᠠᠨᠠᠭ᠎ᠠ ᠰᠡᠳᠬᠢᠯ ᠴᠢᠨᠢ ᠠᠮᠠᠷᠠᠪᠠ ‍ᠦᠦ ? 

ᠡᠮᠠᠬᠡᠨ ᠡᠪᠣᠬᠡᠨ ‍ᠢ ᠬᠠᠷᠠᠭᠠᠳ
ᠡᠷᠬᠢᠮᠰᠦᠭ ᠵᠠᠩ ᠭᠠᠷᠭᠠᠵᠤ
ᠡᠷᠭᠢᠭᠦᠦ ᠮᠠᠭᠣ ᠡᠪᠦᠭᠡᠨ ᠢ
  ᠡᠨᠳᠡ ᠎ᠡᠴᠡ ᠬᠤᠷᠳᠤᠨ ᠬᠥᠭᠡᠭᠡᠵᠦ ᠭᠠᠷᠭ᠎ᠠ
ᠨᠢᠳᠦᠨ  ᠳᠤ ᠦᠯᠣ ᠬᠠᠷᠠᠭᠳᠠᠬᠤ
ᠴ᠍ᠢᠬᠢᠨ  ᠳᠤ ᠦᠯᠣ ᠳᠤᠭᠤᠯᠳᠠᠬᠤ
ᠵᠠᠬ᠎ᠠ ᠬᠣᠯᠠ ᠭᠠᠵᠠᠷ ᠵᠠᠶ᠋ᠢᠯᠠᠭᠤᠯᠵᠤ ᠬᠥᠭᠡᠭᠡᠵᠦ ᠶᠠᠪᠣᠭᠣᠯ ! ᠬᠡᠵᠣ ᠵᠠᠷᠣᠴᠠ ᠣᠯᠠᠨ ᠬᠥᠮᠣᠨ ‍ᠳᠦ ᠎ᠪᠡᠨ
ᠵᠠᠷᠯᠢᠭ ᠪᠠᠭᠣᠯᠭᠠᠵᠣ ᠲᠤᠰᠢᠶᠠᠵᠠᠢ ᠭᠡᠨ᠎ᠡ᠃
ᠣᠯᠠᠨ ᠴᠡᠷᠢᠭ ‍ᠦᠨ ᠲᠦᠰᠢᠮᠡᠳ ᠨᠢ
ᠣᠮᠣᠭᠲᠠᠢ ᠴ᠍ᠢᠩᠭ᠎ᠠ ᠪᠠᠷ ᠲᠣᠣᠭᠠᠷᠴᠣ
ᠵᠢᠭᠠᠰᠤᠴᠢᠨ ᠮᠠᠭᠣ ᠡᠪᠣᠬᠡᠨ ‍ᠢ
ᠵᠠᠭᠠᠮᠠᠳᠠᠵᠤ ᠪᠠᠷᠢᠵᠤ ᠠᠪᠣᠭᠠᠣᠨ
ᠭᠠᠳᠠᠨ᠎ᠠ ᠭᠠᠷᠲᠠᠯ᠎ᠠ ᠲᠦᠯᠬᠢᠪᠠ
ᠭᠠᠵᠠᠷ ᠤᠨᠠᠲᠠᠯ᠎ᠠ ᠢᠰᠬᠥᠯᠪᠠ ᠃
ᠬᠠᠭᠠᠯᠭ᠎ᠠ ᠪᠠᠷ ᠭᠠᠷᠠᠠᠣ ᠶ᠋ᠢᠨ ᠦᠶ᠎ᠠ  ᠳᠤ
ᠬᠠᠷᠠᠭᠣᠯ ᠦᠨ ᠴᠠᠭᠳᠠᠭ᠎ᠠ ᠲᠣᠯᠭᠠᠷᠠᠵᠣ
ᠠᠯᠮᠠᠰ ᠰᠦᠬᠡ ᠳᠠᠯᠠᠢᠭᠠᠳ
ᠠᠷᠠᠢ ᠯᠠ ᠴᠠᠪᠴᠢᠵᠤ ᠠᠯᠠᠠᠠᠰᠠᠨ ᠦᠬᠡᠢ
ᠣᠷᠳᠣᠨ ᠡᠴᠠ ᠲᠦᠩᠬᠡᠵᠢ ᠭᠠᠷᠲᠠᠯ᠎ᠠ
ᠣᠯᠠᠨ ᠬᠥᠮᠦᠨ ‍ᠦ ᠢᠨᠢᠶᠡᠯᠳᠦᠵᠦ
ᠶᠠᠮᠪᠠᠰ ᠶᠠᠬᠡᠰ ᠲᠠᠢ ᠠᠭᠣᠯᠵᠠᠠᠠᠣ
ᠶᠠᠮᠠᠷ ᠬᠡᠷᠩ ᠲᠠᠢ ᠶᠤᠮ ᠴᠢ ᠬᠢᠷᠢ ᠪᠠᠨ ᠮᠡᠳᠡᠵᠦ ᠶᠠᠪᠣ ᠪᠢᠷ᠎ᠠ ᠪᠠᠨ ᠮᠡᠳᠡᠵᠦ ᠡᠷᠬᠥ ! ᠭᠡᠵᠡᠢ
ᠬᠡᠷᠩ ᠲᠦᠪᠡᠭ ᠭᠠᠷᠭᠠᠯ ᠦᠬᠡᠢ
ᠬᠡᠳᠦ ᠬᠣᠨᠣᠵᠤ ᠪᠠᠶ᠋ᠢᠲᠠᠯ᠎ᠠ
ᠬᠡᠷᠠᠬᠥᠯᠴᠢ ᠮᠠᠭᠣ ᠡᠮᠡᠭᠡᠨ ‍ᠦ
ᠬᠡᠷᠴᠠᠬᠡᠢ ᠵᠠᠩ ᠬᠥᠳᠡᠯᠵᠡᠢ ᠭᠡᠨ᠎ᠡ ᠃
ᠡᠷ᠎ᠠ ᠨᠦᠬᠥᠷ ᠶ᠋ᠢᠠᠨ ᠣᠯ ᠬᠡᠵᠣ
ᠡᠮᠠᠬᠡᠨ ᠵᠠᠩᠳᠤᠷᠴᠤ ᠲᠤᠰᠢᠶᠠᠭᠠᠳ
ᠣᠷᠳᠣᠨ ‍ᠤ ᠪᠠᠷ᠎ᠠ ᠪᠣᠯᠣᠭᠰᠠᠳ ‍ᠢ
ᠣᠯᠠᠨ ᠲᠡᠶ᠋ᠢᠰᠢ ᠨᠢ ᠶᠠᠪᠤᠭᠤᠯᠵᠠᠢ ᠭᠡᠨ᠎ᠡ ᠃
ᠡᠯᠴᠢ ᠴᠠᠭᠳᠠᠭ᠎ᠠ ᠮᠣᠷᠳᠠᠭᠤᠯᠵᠤ
ᠡᠷᠢᠵᠦ ᠰᠣᠷᠠᠵᠣ ᠣᠯᠣᠭᠠᠣᠨ
ᠬᠥᠭᠡᠷᠦᠬᠦᠢ ᠮᠠᠭᠤ ᠡᠪᠦᠭᠡᠨ ‍ᠢ
ᠬᠠᠲᠤᠨ ᠬᠠᠭᠠᠨ  ᠳᠤ ᠰᠥᠭᠦᠳᠦᠭᠦᠯᠵᠡᠢ ᠭᠡᠨ᠎ᠡ ᠃  

ᠡᠷᠬᠡᠲᠦ ᠡᠵᠡᠨ ‍ᠦ ᠰ᠍ᠢᠷᠠᠬᠡᠨ ᠲᠠᠬᠡᠷ᠎ᠠ ᠡᠴᠠ
ᠡᠪᠣᠬᠡᠨ ᠪᠣᠯᠣᠠᠠᠰᠠᠨ ᠨᠦᠬᠥᠷ  ᠲᠦ ᠎ᠪᠡᠨ
ᠥᠨᠳᠥᠷ ᠳᠠᠭᠤ ᠎ᠪᠠᠷ ᠲᠤᠰᠢᠶᠠᠵᠠᠢ ᠭᠡᠨ᠎ᠡ ᠄
 ᠶ᠋ᠢᠭᠠᠰᠣᠨ  ᠳᠤ ᠣᠴᠢᠭᠠᠳ ᠮᠦᠷᠬᠥ ᠵᠠᠯᠪᠠᠷᠢᠵᠤ ᠭᠣᠶᠣᠭᠠᠣᠨ ᠢᠷ᠎ᠠ
ᠬᠥᠮᠦᠨ ‍ᠦ ᠬᠠᠭᠠᠨ ᠪᠣᠯᠣᠠᠠᠰᠠᠨ  ᠴᠤ᠌ ᠬᠥᠰᠠᠯ ᠶ᠋ᠢᠷᠭᠠᠯ ᠮᠢᠨᠢ ᠳᠤᠲᠠᠭᠤ ᠪᠠᠢᠨ᠎ᠠ
ᠡᠵᠠᠨ ᠬᠠᠭᠠᠨ ᠪᠣᠯᠣᠠᠠᠰᠠᠨ  ᠴᠤ᠌
ᠡᠷᠬᠡ ᠶᠠᠩᠪᠠ ᠪᠠᠨ ᠴ᠍ᠢᠮᠠᠯᠠᠨ᠎ᠠ ᠪᠢ
ᠲᠠᠩᠬᠢᠰ ᠲᠠᠯᠠᠢ ᠵᠢ ᠵᠠᠬᠢᠷᠴᠤ
ᠲᠩᠷᠢ ᠭᠠᠵᠠᠷ ‍ᠢ ᠡᠵᠡᠯᠡᠨ᠎ᠡ
ᠠᠯᠲᠠᠨ ᠶ᠋ᠢᠭᠠᠰᠣ ᠦᠪᠠᠷ ᠶ᠋ᠢᠠᠨ
ᠠᠯᠪᠠᠲᠤ ᠵᠠᠷᠣᠴᠠ ᠮ᠍ᠢᠨ᠋ᠢ ᠪᠣᠯᠣᠬ
ᠶᠠᠪᠣ ᠬᠡᠰᠠᠨ ᠭᠠᠵᠠᠷ  ᠲᠤ ᠮᠢᠨᠢ
ᠶᠠᠪᠣᠵᠣ ᠪᠠᠢᠭ ᠲᠠᠷᠠ
ᠵᠣᠭᠰᠣ ᠭᠡᠰᠡᠨ ᠭᠠᠵᠠᠷ  ᠲᠦ ᠮᠢᠨᠢ
ᠵᠣᠭᠰᠣᠵᠤ ᠪᠠᠶ᠋ᠢᠬ ᠲᠡᠷᠡᠭᠡᠵᠦ ᠭᠡᠨ᠎ᠡ ᠃
ᠡᠪᠣᠬᠡᠨ ᠂ ᠡᠮᠡᠭᠡᠨ ‍ᠢ ᠪᠤᠷᠤᠭᠤᠳᠬᠠᠪᠠᠴᠤ
ᠦᠬᠡ ᠬᠡᠯᠠᠵᠣ ᠴᠢᠳᠠᠭᠰᠠᠨ ᠦᠬᠡᠢ
ᠲᠤᠰᠢᠶᠠᠯ ‍ᠢ ᠲᠠᠭᠠᠵᠣ ᠭᠦᠢᠴᠡᠳᠬᠡᠬᠦ ᠪᠠᠷ
ᠳᠠᠭᠤ ᠦᠭᠡᠢ ᠭᠡᠳᠡᠷᠭᠦ ᠡᠷᠭᠢᠵᠡᠢ ᠭᠡᠨ᠎ᠡ᠃
ᠲᠠᠪᠠᠯᠭ᠎ᠠ ᠭᠡᠳᠡᠭ ᠤᠴᠢᠷ ᠦᠬᠡᠢ
ᠬᠠᠷ᠎ᠠ ᠰᠠᠯᠬᠢ ᠦᠯᠢᠶᠡᠵᠦ ᠬᠠᠷᠠᠩᠭᠣᠢ ᠰ᠍ᠢᠭᠣᠷᠭ᠎ᠠ ᠲᠠᠯᠪᠢᠵᠣ
ᠰᠦᠷᠠᠬᠡᠢ ᠲᠣᠯᠬᠢᠶᠠᠨ ᠴᠠᠯᠬᠢᠵᠣ
ᠰᠦ᠍ᠢᠣᠨ ᠪᠣᠯᠵᠣ ᠪᠠᠢᠨ᠎ᠠ ᠬᠡᠨ᠎ᠠ ᠃
ᠠᠯᠲᠠᠨ ᠶ᠋ᠢᠭᠠᠰᠣ ᠵᠢ ᠳᠠᠭᠤᠳᠠᠲᠠᠯ᠎ᠠ
ᠠᠯᠲᠠᠨ ᠶ᠋ᠢᠭᠠᠰᠣ ᠬᠥᠪᠦᠭᠰᠡᠭᠡᠷ
ᠡᠮᠣᠨ᠎ᠠ ᠨᠢ ᠬᠥᠷᠴᠣ ᠢᠷᠠᠬᠡᠣᠨ
ᠡᠪᠣᠬᠡᠨ ᠡᠴᠠ ᠢᠩᠬᠢᠵᠣ ᠠᠰᠠᠭᠤᠵᠠᠢ ᠭᠡᠨ᠎ᠡ᠄
ᠬᠦᠨᠳᠦᠲᠦ ᠡᠪᠣᠬᠡᠨ ᠠᠬ᠎ᠠ ᠮᠢᠨᠢ
ᠬᠥᠷᠣᠬᠡᠣᠨ ᠢᠷᠡᠪᠡ ‍ᠦᠦ ? ᠪᠠᠰᠠ
ᠶᠠᠪᠤᠳᠠᠯ ᠤᠴᠢᠷ ᠶᠠᠭᠣ ?
ᠶᠠᠮᠠᠷ ᠬᠡᠷᠩ ᠶ᠋ᠢᠠᠷ ᠢᠷᠠᠪᠠ ?
ᠡᠪᠦᠳᠦᠭ ᠨᠣᠭᠣᠯᠵᠣ ᠪᠠᠶ᠋ᠢᠭᠠᠳ
ᠡᠪᠣᠬᠡᠨ ᠤᠴᠢᠷ ‍ᠢᠶ᠋ᠠᠨ ᠬᠡᠯᠡᠵᠡᠢ ᠭᠡᠨ᠎ᠡ ᠄
ᠬᠠᠲᠤᠨ ᠳᠡᠭᠡᠳᠦ ᠵᠢᠭᠠᠰᠤ ᠮᠢᠨᠢ
ᠬᠠᠢᠷᠠᠯᠠᠵᠤ ᠥᠷᠥᠰᠢᠶᠡ ᠨᠠᠮ᠎ᠠ ‍ᠶ᠋ᠢ ᠎ᠪᠡᠨ
ᠤᠷᠰᠢᠬᠲᠤ ᠮᠠᠭᠣ ᠡᠮᠠᠬᠡᠨ
ᠤᠯᠠᠮ ᠶᠡᠬᠡ ᠎ᠪᠡᠷ ᠳᠠᠪᠠᠭᠤᠷᠠᠵᠤ
ᠬᠥᠮᠦᠨ ‍ᠦ ᠬᠠᠭᠠᠨ ᠪᠣᠯᠣᠠᠠᠰᠠᠨ  ᠴᠤ᠌ ᠬᠥᠰᠠᠯ ᠶ᠋ᠢᠷᠭᠠᠯ ᠨᠢ ᠳᠤᠲᠠᠭᠤ ᠬᠡᠨ᠎ᠠ ᠂
ᠡᠵᠠᠨ ᠬᠠᠭᠠᠨ ᠪᠣᠯᠣᠠᠠᠰᠠᠨ  ᠴᠤ᠌
ᠡᠷᠬᠡ ᠶᠠᠮᠪᠠ ᠪᠠᠨ ᠭᠣᠯᠣᠵᠤ
ᠲᠠᠩᠬᠢᠰ ᠲᠠᠯᠠᠢ ᠵᠢ ᠵᠠᠬᠢᠷᠴᠤ
ᠲᠩᠷᠢ ᠭᠠᠵᠠᠷ ‍ᠢ ᠡᠵᠡᠯᠡᠵᠦ
ᠠᠯᠲᠠᠨ ᠶ᠋ᠢᠭᠠᠰᠣ ᠴ᠍ᠢᠮ᠎ᠠ ᠵᠢ
ᠠᠯᠪᠠᠲᠤ ᠵᠠᠷᠣᠴᠠ ᠪᠠᠨ ᠪᠣᠯᠭᠠᠨ᠎ᠠ ᠬᠡᠨ᠎ᠠ ᠂
ᠶᠠᠪᠣ ᠬᠡᠰᠠᠨ ᠭᠠᠵᠠᠷ  ᠲᠤ ᠨᠢ ᠶᠠᠪᠤᠬᠤ ᠶᠣᠰᠣ ᠎ᠲᠠᠢ ᠬᠡᠨ᠎ᠠ ᠂
ᠵᠣᠠᠠᠰᠣ ᠬᠡᠰᠠᠨ ᠭᠠᠵᠠᠷ  ᠲᠤ ᠨᠢ
ᠵᠣᠠᠠᠰᠣᠠᠠᠣ ᠶᠣᠰᠣ ᠎ᠲᠠᠢ ᠬᠡᠨ᠎ᠠ ᠃
ᠡᠨᠡ ᠦᠬᠡ ᠵᠢ ᠰᠣᠨᠣᠰᠤᠭᠠᠳ
ᠡᠷᠳᠡᠨᠢᠲᠦ ᠠᠯᠲᠠᠨ ᠶ᠋ᠢᠭᠠᠰᠣ
ᠬᠠᠷᠢᠭᠤ ᠶᠠᠭᠣ  ᠴᠤ᠌ ᠬᠡᠯᠩᠰᠠᠨ ᠦᠬᠡᠢ
ᠬᠠᠵᠠᠭᠣ ᠲᠡᠶ᠋ᠢᠰᠢ ᠪᠠᠨ ᠡᠷᠬᠢᠵᠣ
ᠰᠠᠬᠥᠯ ᠶ᠋ᠢᠠᠨ ᠭᠠᠠᠠᠴᠠᠠᠠᠠᠨ ᠰ᠍ᠢᠷᠪᠠᠭᠠᠣᠨ
ᠬᠥᠨ ᠲᠠᠯᠠᠢ  ᠳᠤ ᠎ᠪᠡᠨ ᠣᠷᠣᠴᠢᠬᠠᠵᠠᠢ ᠭᠡᠨ᠎ᠡ ᠃
ᠡᠪᠣᠬᠡᠨ ᠬᠠᠷᠢᠭᠤ ᠬᠦᠯᠢᠶᠡᠵᠦ
ᠥᠨᠢ ᠪᠣᠯᠲᠠᠯ᠎ᠠ ᠵᠣᠠᠠᠰᠣᠪᠠᠴᠣ
ᠠᠯᠲᠠᠨ ᠶ᠋ᠢᠭᠠᠰᠣ ᠶᠠᠷᠣ ᠠᠬᠢᠵᠣ ᠭᠠᠷᠴᠣ ᠢᠷᠩᠰᠠᠨ ᠦᠬᠡᠢ
ᠬᠠᠷᠢᠭᠤ ᠬᠦᠯᠢᠶᠡᠵᠦ ᠶᠠᠳᠠᠭᠠᠳ
ᠬᠠᠷᠢᠵᠤ ᠡᠮᠠᠬᠡᠨ ‍ᠳᠤ ᠎ᠪᠠᠨ ᠢᠷᠡᠲᠡᠯ᠎ᠡ
ᠣᠷᠳᠣ ᠬᠠᠷᠰᠢ ᠶ᠋ᠢᠨ ᠵᠦ᠍ᠢᠯ
ᠣᠷᠣ ᠦᠬᠡᠢ ᠠᠯᠠᠭ᠎ᠠ ᠪᠠᠶ᠋ᠢᠵᠠᠢ ᠬᠡᠨ᠎ᠠ ᠂ ᠭᠠᠢᠬᠠᠵᠤ ᠪᠠᠰᠠ ᠬᠠᠷᠠᠲᠠᠯ᠎ᠠ
ᠭᠠᠵᠠᠷ ᠬᠡᠷ ᠨᠢ ᠬᠠᠷᠠᠭᠳᠠᠪᠠ ᠬᠡᠨ᠎ᠠ ᠂ ᠡᠮᠠᠬᠡᠨ ᠲᠡᠭᠦᠨ ‍ᠦ ᠡᠭᠦᠳᠡᠨ  ᠳᠤ
ᠡᠭᠡᠷᠡᠭᠦᠯ ᠶ᠋ᠢᠠᠨ ᠪᠠᠷᠢᠭᠠᠳ ᠰᠠᠭᠣᠨ᠎ᠠ
ᠡᠮᠡᠭᠡᠨ ‍ᠦ ᠳᠡᠷᠭᠡᠳᠡ ᠪᠠᠰᠠ
ᠡᠪᠳᠡᠷᠬᠡᠢ ᠲᠠᠪᠰᠢ ᠨᠢ ᠬᠠᠷᠠᠭᠳᠠᠵᠠᠢ ᠭᠡᠨ᠎ᠡ ᠃