ᠦᠨᠡᠭᠡ ᠲᠣᠭᠣᠷᠤᠤ ᠬᠣᠶᠠᠷ-ᠦᠯᠢᠭᠡᠷҮнэг тогоруу хоёр-Үлгэр 15
ᠦᠨᠡᠭᠡ ᠲᠣᠭᠣᠷᠤᠤ ᠬᠣᠶᠠᠷ
ᠡᠷᠲᠡ
ᠤᠷᠢᠳᠤ ᠶ᠋ᠢᠨ ᠴᠠᠭ ᠲᠤ᠌᠂ ᠦᠨᠡᠭᠡ ᠲᠣᠭᠣᠷᠤᠤ ᠬᠣᠶᠠᠷ ᠦᠶ᠎ᠡ ᠵᠠᠢ ᠦᠭᠡᠢ ᠨᠥᠬᠥᠷᠯᠡᠳᠡᠭ ᠪᠠᠶ᠋ᠢᠵᠠᠢ᠃ ᠪᠦᠷ
ᠡᠷᠲᠡᠨ ᠦ᠌ ᠠᠨᠳᠠ ᠨᠠᠶ᠋ᠢᠵᠠ ᠨᠤᠭᠤᠳ ᠪᠠᠶ᠋ᠢᠬᠰᠠᠨ ᠭᠡᠨ᠎ᠡ᠃
ᠨᠢᠭᠡᠨ
ᠤᠳᠠᠭ᠎ᠠ ᠦᠨᠡᠭᠡ ᠲᠣᠭᠣᠷᠤᠤ ᠶ᠋ᠢ ᠳᠠᠶ᠋ᠢᠯᠠᠬᠤ ᠪᠠᠷ ᠰᠢᠢᠳᠴᠦ ᠲᠡᠭᠦᠨ ᠊ᠢ ᠭᠡᠷ ᠲᠡᠭᠡᠨ ᠤᠷᠢᠬᠤ ᠪᠠᠷ
ᠣᠴᠢᠭᠠᠳ᠄ 《ᠲᠣᠭᠣᠷᠤᠤ
ᠠ᠋! ᠨᠠᠶ᠋ᠢᠵᠠ ᠮᠢᠨᠢ ᠂ ᠮᠠᠨ ᠤ᠋ ᠳ᠋ᠤ᠌ ᠬᠦᠷᠦᠭᠡᠳ ᠢᠷᠡᠭᠡᠷᠡᠢ! ᠬᠣᠩᠭᠣᠷ ᠮᠢᠨᠢ᠂ ᠪᠢ ᠴᠢᠮ᠎ᠠ ᠶ᠋ᠢ
ᠳᠠᠶ᠋ᠢᠯᠠᠬᠤ ᠪᠣᠯᠤᠨ᠎ᠠ! 》ᠭᠡᠵᠦ ᠭᠡᠨ᠎ᠡ᠃
ᠲᠣᠭᠣᠷᠤᠤ
ᠬᠢᠷᠢᠨ ᠳ᠋ᠡᠭᠡᠨ ᠪᠡᠯᠡᠳᠦᠭᠡᠳ ᠦᠨᠡᠭᠡ ᠶ᠋ᠢᠨ ᠳ᠋ᠦ᠍ ᠠᠶ᠋ᠢᠯᠴᠢᠯᠠᠵᠤ ᠣᠴᠢᠵᠠᠢ ᠭᠡᠨ᠎ᠡ᠃
ᠦᠨᠡᠭᠡ
ᠵᠤᠲᠠᠩ ᠴᠢᠨᠠᠭᠠᠳ ᠲᠡᠭᠦᠨ ᠊ᠢ ᠪᠡᠨ ᠲᠠᠪᠠᠭ ᠲᠤ᠌ ᠬᠢᠵᠦ ᠥᠭᠭᠦᠭᠡᠳ ᠲᠣᠭᠣᠷᠤᠤ ᠳ᠋ᠤ᠌ ᠢᠩᠭᠢᠵᠦ ᠬᠡᠯᠡᠵᠡᠢ᠄
《 ᠲᠣᠭᠣᠷᠤᠤ ᠠ᠋᠂ ᠮᠢᠨᠦ ᠬᠣᠩᠭᠣᠷ ᠨᠠᠶ᠋ᠢᠵᠠ ᠮᠢᠨᠢ᠂ ᠢᠳᠡ ᠳᠠ ᠠ᠋!ᠢᠳᠡ! ᠪᠦᠷ
ᠴᠠᠳᠲᠠᠯ᠎ᠠ ᠪᠠᠨ ᠰᠠᠢᠨ ᠢᠳᠡᠵᠦ ᠠᠪᠤᠭᠠᠷᠠᠢ! ᠪᠢ ᠴᠢᠮ᠎ᠠ ᠳ᠋ᠤ᠌ ᠵᠣᠷᠢᠭᠤᠯᠤᠭᠠᠳ ᠥᠪᠡᠷ ᠦ᠋ᠨ ᠢ᠋ᠶ᠋ᠡᠨ ᠭᠠᠷ
᠊ᠢ ᠭᠠᠷᠭᠠᠵᠤ ᠬᠢᠭᠰᠡᠨ ᠶᠦ᠍ᠮ ᠰᠢᠦ!》 ᠭᠡᠵᠦ ᠭᠡᠨ᠎ᠡ᠃ ᠲᠣᠭᠣᠷᠤᠤ
ᠬᠠᠮᠠᠷ ᠢ᠋ᠶ᠋ᠠᠷ ᠢ᠋ᠶ᠋ᠠᠨ ᠲᠤᠭ ᠲᠤᠭ ᠭᠡᠵᠦ ᠳᠤᠩᠰᠢᠭᠰᠠᠭᠠᠷ ᠪᠠᠶ᠋ᠢᠬᠰᠠᠨ ᠴᠤ᠌ ᠠᠮᠠᠨ ᠳ᠋ᠤᠨᠢ ᠶᠠᠭᠤ ᠴᠤ᠌
ᠣᠷᠣᠭᠰᠠᠨ ᠦᠭᠡᠢ ᠭᠡᠨ᠎ᠡ᠃ ᠬᠠᠷᠢᠨ ᠡᠨᠡ ᠬᠣᠭᠣᠷᠣᠨᠳᠣ ᠦᠨᠡᠭᠡ ᠵᠤᠲᠠᠩ ᠢ᠋ᠶ᠋ᠠᠨ ᠳᠣᠯᠢᠶᠠᠭᠰᠠᠭᠠᠷ ᠪᠠᠶ᠋ᠢᠵᠤ
ᠪᠦᠭᠦᠳᠡ ᠶ᠋ᠢ ᠨᠢ ᠢᠳᠡᠴᠢᠬᠡᠵᠡᠢ᠃ ᠵᠤᠲᠠᠩ ᠳᠠᠭᠤᠰᠬᠤ ᠳ᠋ᠤ᠌ ᠦᠨᠡᠭᠡ ᠢᠩᠭᠢᠵᠦ ᠬᠡᠯᠡᠵᠡᠢ᠄ 《 ᠲᠣᠭᠣᠷᠤᠤ! ᠬᠣᠩᠭᠣᠷ ᠨᠠᠶ᠋ᠢᠵᠠ ᠮᠢᠨᠢ᠂ ᠪᠢᠲᠡᠭᠡᠢ ᠶᠠᠭᠤᠮ᠎ᠠ ᠪᠣᠳᠣᠭᠠᠷᠠᠢ!
ᠳᠠᠬᠢᠭᠠᠳ ᠳᠠᠶ᠋ᠢᠯᠠᠬᠤ ᠵᠦᠢᠯ ᠳᠠᠩᠴᠤ ᠨᠠᠶ᠋ᠢᠵᠠ ᠳ᠋ᠤ᠌ ᠨᠢ ᠠᠯᠠᠭ᠎ᠠ ᠪᠠᠶ᠋ᠢᠨ᠎ᠠ ᠳᠠ! 》 ᠭᠡᠵᠦ ᠭᠡᠨ᠎ᠡ᠃ ᠬᠠᠷᠢᠭᠤ ᠳ᠋ᠤᠨᠢ ᠲᠣᠭᠣᠷᠤᠤ᠄ 《 ᠨᠠᠮ᠎ᠠ ᠶ᠋ᠢ ᠤᠷᠢᠭᠰᠠᠨ ᠳ᠋ᠤ᠌ ᠮᠠᠰᠢ ᠶᠡᠬᠡ ᠪᠠᠶᠠᠷᠯᠠᠯ᠎ᠠ ᠨᠠᠶ᠋ᠢᠵᠠ ᠠ᠋! ᠬᠠᠷᠢᠨ
ᠮᠠᠷᠭᠠᠰᠢ ᠮᠠᠨ ᠤ᠋ ᠬᠢ ᠪᠡᠷ ᠵᠣᠴᠢᠯᠠᠵᠤ ᠢᠷᠡᠭᠡᠷᠡᠢ 》 ᠭᠡᠵᠦ ᠬᠠᠷᠢᠭᠤ ᠤᠷᠢᠯᠭ᠎ᠠ ᠶ᠋ᠢ ᠲᠣᠭᠣᠷᠤᠤ ᠥᠭᠴᠡᠢ ᠭᠡᠨ᠎ᠡ᠃
ᠮᠠᠷᠭᠠᠰᠢ
ᠨᠢ ᠪᠣᠯᠵᠤ ᠦᠨᠡᠭᠡ ᠲᠡᠳᠡᠨ ᠦ᠌ ᠳ᠋ᠦ᠍ ᠣᠴᠢᠵᠤ ᠭᠡᠨ᠎ᠡ᠃ ᠲᠣᠭᠣᠷᠤᠤ ᠠᠮᠲᠠᠲᠠᠢ ᠰᠠᠢᠬᠠᠨ ᠪᠤᠭᠤᠳᠠᠢ
ᠵᠢᠩᠨᠡᠭᠡᠳ ᠤᠷᠲᠤ ᠨᠠᠷᠢᠬᠠᠨ ᠠᠮᠠᠰᠠᠷ ᠲᠠᠢ ᠸᠠᠭᠠᠷ ᠲᠤ᠌ ᠬᠢᠵᠦ ᠦᠨᠡᠭᠡ ᠶ᠋ᠢᠨ ᠡᠮᠦᠨᠡᠬᠢ ᠰᠢᠷᠡᠭᠡᠨ
ᠳᠡᠭᠡᠷ᠎ᠡ ᠲᠠᠯᠪᠢᠭᠠᠳ ᠡᠶ᠋ᠢᠨ ᠬᠦ ᠬᠡᠯᠡᠵᠡᠢ ᠭᠡᠨ᠎ᠡ᠄ 《 ᠦᠨᠡᠭᠡ ᠨᠠᠶ᠋ᠢᠵᠠ ᠮᠢᠨᠢ ᠳᠡ! ᠨᠠᠶ᠋ᠢᠵᠠ
ᠮᠢᠨᠢ! ᠰᠠᠢᠨ ᠢᠳᠡᠭᠡᠳ ᠠᠪ! ᠪᠦᠷ ᠴᠠᠳᠲᠠᠯ᠎ᠠ ᠪᠠᠨ ᠰᠠᠢᠬᠠᠨ ᠢᠳᠡᠭᠡᠳ ᠠᠪ᠂ ᠥᠭᠡᠷ᠎ᠡ ᠬᠣᠭᠣᠯᠠ
ᠨᠠᠶ᠋ᠢᠵᠠ ᠳ᠋ᠤ᠌ ᠨᠢ ᠪᠠᠶ᠋ᠢᠬᠤ ᠦᠭᠡᠢ ᠪᠣᠯᠬᠣᠷ ᠨᠠᠭᠠᠳᠤᠬᠢ ᠪᠠᠨ ᠰᠠᠢᠨ ᠢᠳᠡᠭᠡᠷᠡᠢ! 》 ᠭᠡᠵᠦ ᠭᠡᠨ᠎ᠡ᠃ ᠦᠨᠡᠭᠡ ᠴᠦ᠍ ᠸᠠᠭᠠᠷ ᠤ᠋ᠨ ᠬᠠᠵᠠᠭᠤ ᠪᠠᠷ ᠡᠷᠭᠢᠯᠳᠦᠵᠦ ᠡᠬᠢᠯᠡᠵᠡᠢ ᠭᠡᠨ᠎ᠡ᠃
ᠢᠩᠭᠢᠵᠦ ᠴᠦ᠍ ᠨᠢᠭᠡ ᠦᠵᠡᠭᠡᠳ ᠲᠡᠭᠡᠵᠦ ᠴᠦ᠍ ᠨᠢᠭᠡ ᠣᠷᠣᠯᠳᠣᠭᠠᠳ᠂ ᠳᠣᠯᠢᠶᠠᠭᠠᠳ᠂ ᠦᠨᠦᠷᠯᠡᠭᠡᠳ
ᠶᠠᠭᠤᠨ ᠳ᠋ᠤ᠌ ᠴᠤ᠌ ᠬᠦᠷᠴᠦ ᠴᠢᠳᠠᠭᠰᠠᠨ ᠦᠭᠡᠢ ᠭᠡᠨ᠎ᠡ᠃ ᠲᠣᠯᠣᠭᠠᠢ ᠨᠢ ᠸᠠᠭᠠᠷ ᠲᠤ᠌ ᠦᠨᠡᠬᠡᠷ ᠪᠠᠭᠲᠠᠬᠤ
ᠦᠭᠡᠢ ᠪᠠᠶ᠋ᠢᠯ᠎ᠠ᠃ ᠬᠠᠷᠢᠨ ᠲᠣᠭᠣᠷᠤᠤ ᠲᠡᠷᠡ ᠬᠣᠭᠣᠷᠣᠨᠳᠣ ᠲᠣᠩᠰᠢᠭᠰᠠᠭᠠᠷ ᠪᠠᠶ᠋ᠢᠭᠠᠳ ᠪᠤᠭᠤᠳᠠᠢ ᠪᠠᠨ
ᠪᠦᠭᠦᠳᠡ ᠶ᠋ᠢ ᠢᠳᠡᠴᠢᠬᠡᠵᠡᠢ ᠭᠡᠨ᠎ᠡ᠃ ᠲᠡᠭᠡᠭᠡᠳ ᠲᠣᠭᠣᠷᠤᠤ᠄ 《 ᠦᠨᠡᠭᠡ ᠨᠠᠶ᠋ᠢᠵᠠ ᠮᠢᠨᠢ!ᠪᠢᠲᠡᠭᠡᠢ ᠭᠣᠮᠣᠳᠠᠭᠠᠷᠠᠢ! ᠨᠠᠶ᠋ᠢᠵᠠ ᠳ᠋ᠤᠨᠢ ᠳᠠᠬᠢᠭᠠᠳ
ᠳᠠᠶ᠋ᠢᠯᠠᠬᠤ ᠶᠠᠭᠤᠮ᠎ᠠ ᠳᠠᠩᠴᠤ ᠠᠯᠠᠭ᠎ᠠ ᠳᠠ! 》 ᠭᠡᠵᠦ ᠭᠡᠨ᠎ᠡ᠃
ᠦᠨᠡᠭᠡ
ᠠᠭᠤᠷᠯᠠᠵᠠᠢ ᠭᠡᠨ᠎ᠡ᠃ ᠲᠡᠷᠡ ᠤᠭ ᠨᠢ ᠳᠣᠯᠣᠭᠠᠨ ᠬᠣᠨᠣᠭ ᠤ᠋ᠨ ᠢ᠋ᠶ᠋ᠠᠨ ᠬᠣᠭᠣᠯᠠ ᠶ᠋ᠢ ᠢᠳᠡᠨ᠎ᠡ ᠭᠡᠵᠦ
ᠪᠣᠳᠣᠵᠤ ᠡᠨᠳᠡ ᠢᠷᠡᠭᠰᠡᠨ ᠶᠤᠮ ᠰᠠᠨᠵᠠᠢ᠃ ᠭᠡᠰᠡᠨ ᠴᠦ᠍ ᠦᠨᠡᠭᠡ ᠥᠯᠥᠨ ᠬᠣᠳᠣᠭᠣᠳᠣ ᠲᠠᠢ ᠪᠠᠨ ᠭᠡᠷ
ᠤᠷᠤᠭᠤ ᠪᠠᠨ ᠪᠤᠴᠠᠬᠤ ᠪᠣᠯᠵᠠᠢ ᠭᠡᠨ᠎ᠡ᠃
ᠲᠡᠷᠡ
ᠯᠠ ᠦᠶ᠎ᠡ ᠡᠴᠡ ᠬᠣᠶ᠋ᠢᠰᠢ ᠦᠨᠡᠭᠡ ᠲᠣᠭᠣᠷᠤᠤ ᠬᠣᠶᠠᠷ ᠨᠥᠬᠥᠷᠯᠡᠬᠦ ᠪᠡᠨ ᠪᠣᠯᠢᠭᠰᠠᠨ ᠶᠤᠮ ᠭᠡᠨ᠎ᠡ᠃
ᠦᠰᠦᠭ ᠠᠮᠢᠯᠠᠭᠤᠯᠤᠭᠰᠠᠨ ᠨᠢ ᠄ᠪᠦᠷᠢᠨᠴᠡᠴᠡᠭ ᠣᠳᠣᠨᠭᠡᠷᠡᠯ
ᠦᠰᠦᠭ
ᠬᠠᠲᠠᠭᠰᠠᠨ ᠨᠢ ᠄ᠬᠠᠰᠴᠢᠮᠡᠭ
ᠬᠢᠨᠠᠭᠴᠢ ᠄ ᠮᠥᠴᠢᠷ᠂ ᠨᠡᠷᠡᠨ᠎ᠡ᠂ ᠾᠦᠩ ᠸᠧᠢ
