ᠰᠣᠬᠣᠷ ᠬᠥᠮᠦᠨ ᠵᠠᠭᠠᠨ ᠲᠡᠮᠲᠡᠷᠢᠭᠰᠡᠨ ᠨᠢСохор хүн заан тамтарсан нь ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠣᠬᠣᠷ ᠬᠥᠮᠦᠨ ᠵᠠᠭᠠᠨ ᠲᠡᠮᠲᠡᠷᠢᠭᠰᠡᠨ ᠨᠢСохор хүн заан тамтарсан нь

ᠰᠣᠬᠣᠷ ᠬᠥᠮᠦᠨ ᠵᠠᠭᠠᠨ ᠲᠡᠮᠲᠡᠷᠢᠭᠰᠡᠨ ᠨᠢСохор хүн заан тамтарсан нь

ᠠᠩᠭᠢᠯᠠᠯ:ᠳᠣᠮᠣᠭ ᠦᠯᠢᠭᠡᠷ
2022-12-03

492

ᠰᠣᠬᠣᠷ ᠬᠥᠮᠦᠨ ᠵᠠᠭᠠᠨ ᠲᠡᠮᠲᠡᠷᠢᠭᠰᠡᠨ ᠨᠢ

   ᠳᠥᠷᠪᠡᠨ ᠰᠣᠬᠣᠷ ᠵᠠᠮ ᠳᠡᠭᠡᠷ᠎ᠡ ᠮᠣᠳᠣᠨ ‍ᠤ ᠳᠣᠣᠷ᠎ᠠ ᠰᠡᠷᠢᠭᠦᠴᠡᠵᠦ ᠪᠠᠶ᠋ᠢᠯ᠎ᠠ ᠂ ᠵᠠᠮ ‍ᠢᠶ᠋ᠠᠷ ᠵᠠᠭᠠᠨ ᠲᠠᠭᠤᠭᠰᠠᠨ ᠬᠥᠮᠦᠨ ᠢᠷᠡᠵᠡᠢ  ᠃
     《ᠵᠠᠭᠠᠨ ᠢᠷᠡᠯ᠎ᠡ ᠂ ᠵᠠᠶ᠋ᠢᠯᠠ  ᠵᠠᠶ᠋ᠢᠯᠠ 》  ᠭᠡᠵᠦ ᠵᠠᠭᠠᠨ ᠲᠠᠭᠤᠭᠰᠠᠨ ᠬᠥᠮᠦᠨ ᠶᠡᠬᠡ ᠳᠠᠭᠤᠨ ‍ᠢᠶ᠋ᠠᠷ ᠬᠠᠰᠬᠢᠷᠪᠠ ᠃
   ᠡᠭᠦᠨ ᠳ᠋ᠦ᠍ ᠲᠡᠳᠡ ᠳᠦᠷᠪᠡ ᠶ᠋ᠢᠨ ᠨᠢᠭᠡ ᠨᠢ 《 ᠵᠠᠭᠠᠨ ᠭᠡᠳᠡᠭ ᠨᠢ ᠶᠠᠮᠠᠷ ᠶᠠᠩᠵᠤ ᠲᠠᠢ ᠠᠮᠢᠲᠠᠨ ᠪᠣᠯ ᠳ᠋ᠠ ᠂ ᠪᠢᠳᠡ ᠲᠡᠮᠲᠡᠷᠢᠵᠦ ᠦᠵᠡᠶ᠎ᠡ 》 ᠭᠡᠰᠡᠨ ᠳ᠋ᠦ᠍ ᠪᠣᠰᠣᠳ ᠨᠢ ᠪᠠᠰᠠ 《 ᠲᠡᠭᠡᠶ᠎ᠡ ᠲᠡᠭᠡᠶ᠎ᠡ ᠂ ᠲᠡᠮᠲᠡᠷᠢᠵᠦ ᠦᠵᠡᠪᠡᠯ ᠮᠡᠳᠡᠴᠢᠬᠡᠨ᠎ᠡ ᠰᠢᠳᠡ 》 ᠭᠡᠵᠡᠭᠡᠪᠡ ᠃
  ᠲᠡᠳᠡ  《ᠵᠠᠭᠠᠨ ‍ᠢ ᠴᠢᠨᠢ ᠲᠡᠮᠲᠡᠷᠢᠵᠦ ᠦᠵᠡᠶ᠎ᠡ 》 ᠭᠡᠵᠦ ᠵᠠᠭᠠᠨ ᠲᠠᠭᠤᠭᠰᠠᠨ ᠬᠥᠮᠦᠨ ᠡᠴᠡ ᠭᠤᠶᠤᠭᠰᠠᠨ ᠳ᠋ᠤ᠌ ᠲᠡᠷᠡ ᠬᠥᠮᠦᠨ ᠵᠥᠪᠰᠢᠶᠡᠷᠡᠵᠡᠢ ᠃
  ᠢᠩᠬᠢᠭᠡᠳ ᠲᠡᠳᠡ ᠳᠥᠷᠪᠡᠭᠦᠯᠡ ᠪᠡᠨ ᠲᠡᠮᠲᠡᠷᠢᠵᠡᠭᠡᠯ᠎ᠠ ᠂ ᠨᠢᠭᠡ ᠨᠢ ᠵᠠᠭᠠᠨ ‍ᠤ ᠭᠡᠳᠡᠰᠦ ᠶ᠋ᠢ ᠨᠢ ᠲᠡᠮᠲᠡᠷᠢᠴᠢᠬᠡᠭᠡᠳ ᠄  《 ᠥ ᠂ ᠪᠢ ᠮᠡᠳᠡᠯ᠎ᠡ ᠂ ᠵᠠᠭᠠᠨ ᠭᠡᠳᠡᠭ ᠴᠢᠨᠢ ᠬᠡᠷᠡᠮ ᠲᠡᠢ ᠠᠳᠠᠯᠢᠬᠠᠨ ᠪᠠᠶ᠋ᠢᠨ᠎ᠠ ᠰᠢᠦ 》 ᠭᠡᠪᠡ ᠃
    ᠨᠥᠭᠥᠭᠡ ᠨᠢ ᠰᠣᠶᠣᠭ᠎ᠠ ᠶ᠋ᠢ ᠨᠢ ᠲᠡᠮᠲᠡᠷᠢᠴᠢᠬᠡᠭᠡᠳ ᠄ 《ᠵᠠᠭᠠᠨ ᠭᠡᠳᠡᠭ ᠴᠢᠨᠢ ᠭᠦᠯᠢᠭᠡᠷ ᠪᠦᠳᠦᠭᠦᠨ ᠰᠢᠳᠠᠮ ᠰᠢᠭ᠋ ᠪᠠᠶ᠋ᠢᠨ᠎ᠠ 》 ᠭᠡᠵᠡᠢ ᠃
  ᠭᠤᠷᠪᠠᠳᠡᠬᠢ ᠨᠢ ᠬᠦᠯ ‍ᠢ ᠨᠢ ᠲᠡᠪᠡᠷᠢᠵᠦ ᠠᠪᠤᠭᠠᠳ ᠄ 《ᠵᠠ ᠮᠡᠳᠡᠯ᠎ᠡ ᠂ ᠲᠠ ᠬᠣᠶᠠᠷ ‍ᠤᠨ ᠬᠡᠯᠡᠬᠦ ᠲᠠᠭᠠᠷᠠᠬᠤ ᠦᠭᠡᠢ ᠂ ᠵᠠᠭᠠᠨ ᠭᠡᠳᠡᠭ ᠴᠢᠨᠢ ᠲᠤᠯᠭᠠᠭᠤᠷᠢ ᠲᠠᠢ ᠠᠳᠠᠯᠢᠬᠠᠨ 》 ᠭᠡᠵᠡᠢ ᠃
    《ᠲᠠ ᠨᠠᠷ ‍ᠤᠨ ᠬᠡᠯᠡᠬᠦ ᠪᠦᠷ ᠲᠠᠭᠠᠷᠠᠬᠤ ᠦᠭᠡᠢ ᠂ ᠵᠠᠭᠠᠨ ᠭᠡᠳᠡᠭ ᠴᠢᠨᠢ ᠴᠣᠬᠣᠮ ᠨᠢᠭᠡ ᠪᠦᠳᠦᠭᠦᠨ ᠳᠡᠭᠡᠰᠦ ᠰᠢᠭ᠌ ᠯᠡ ᠶᠠᠭᠤᠮ᠎ᠠ ᠪᠠᠶ᠋ᠢᠨ᠎ᠠ 》 ᠭᠡᠵᠦ ᠰᠡᠭᠦᠯ ‍ᠢ ᠨᠢ ᠣᠯᠵᠤ ᠠᠳᠬᠤᠭᠰᠠᠨ ᠨᠢᠭᠡ ᠨᠢ ᠬᠡᠯᠡᠵᠢ ᠃
  ᠳᠥᠷᠪᠡᠭᠦᠯᠡ ᠪᠡᠨ ᠥᠪᠡᠷ ᠥᠪᠡᠷ ‍ᠦᠨ ᠬᠢ ᠪᠡᠨ ᠵᠥᠪᠲᠥᠭᠡᠵᠦ ᠬᠣᠭᠣᠷᠣᠨᠳᠣ ᠪᠠᠨ ᠮᠠᠷᠭᠤᠯᠳᠤᠵᠤ ᠪᠠᠶ᠋ᠢᠲᠠᠯ᠎ᠠ  ᠵᠠᠭᠠᠨ ᠲᠠᠭᠤᠭᠰᠠᠨ ᠬᠥᠮᠦᠨ ᠬᠠᠵᠠᠭᠤ ᠠ᠋ᠴᠠ ᠨᠢ ᠄ 《 ᠲᠠ ᠨᠠᠷ ‍ᠤᠨ ᠬᠡᠯᠡᠭᠰᠡᠨ ᠵᠦᠩᠳᠡᠭᠡᠨ ᠪᠦᠷᠢᠨ ᠪᠤᠰᠤ ᠂ ᠵᠠᠭᠠᠨ ‍ᠤ ᠪᠦᠬᠦ ᠪᠡᠶ᠎ᠡ ᠶ᠋ᠢ ᠲᠡᠮᠲᠡᠷᠢᠮᠡᠨᠵᠢᠨ ᠰᠠᠶᠢ ᠵᠠᠭᠠᠨ ᠪᠣᠯ ᠶᠠᠮᠠᠷ ᠶᠠᠩᠵᠤ ᠲᠠᠢ ᠭᠡᠳᠡᠭ ‍ᠢ ᠮᠡᠳᠡᠵᠦ ᠪᠣᠯᠤᠨ᠎ᠠ ᠂ ᠭᠡᠬᠦ ᠳ᠋ᠦ᠍ ᠲᠠ ᠨᠠᠷ ᠵᠥᠪᠬᠡᠨ ᠵᠠᠭᠠᠨ ‍ᠤ ᠨᠢᠭᠡ ᠬᠡᠰᠡᠭ ‍ᠢ ᠯᠡ ᠲᠡᠮᠲᠡᠷᠢᠭᠰᠡᠨ ᠲᠤᠯᠠ ᠶᠠᠭᠠᠬᠢᠨ ᠵᠠᠭᠠᠨ ‍ᠤ ᠪᠠᠶ᠋ᠢᠳᠠᠯ ‍ᠢ ᠪᠦᠷᠢᠨ ᠵᠥᠪ ᠬᠡᠯᠡᠵᠦ ᠴᠢᠳᠠᠬᠤ ᠪᠣᠢ 》 ᠭᠡᠵᠡᠢ ᠃