ᠮᠠᠢᠭ ᠤᠨ ᠮᠠᠢᠭ - ᠵ · ᠤᠷᠳᠤᠨᠠᠰᠤᠨ Майгийн майг - З · Уртнасан
ᠮᠠᠢᠭ ᠤᠨ ᠮᠠᠢᠭ
ᠵᠣᠬᠢᠶᠠᠭᠴᠢ ᠄ ᠵ · ᠤᠷᠳᠤᠨᠠᠰᠤᠨ
ᠨᠠᠮᠤᠷ ᠤᠨ ᠰᠡᠭᠦᠯᠴᠢ ᠵᠢᠨ ᠪᠣᠷᠣᠭ᠎ᠠ ᠴᠠᠰᠤ ᠪᠣᠯᠬᠤ ᠭᠡᠵᠦ ᠶᠠᠭᠠᠷᠠᠭᠠᠳ ᠯᠡ
ᠨᠠᠪᠴᠢᠨ ᠦ ᠨᠣᠭᠣᠭᠠᠨ ᠰᠤᠳᠠᠰᠤ ᠬᠦᠷᠲᠡᠯ᠎ᠡ ᠪᠡᠭᠡᠷᠡᠭᠰᠢᠵᠦ ᠠᠪᠴᠢᠭᠠᠳ ᠯᠠ
ᠨᠠᠰᠤ ᠵᠢᠯ ᠭᠡᠨᠡᠳᠲᠡ ᠥᠲᠡᠯᠴᠢᠬᠡᠭᠰᠡᠨ ᠶᠤᠮ ᠰᠢᠭ᠋ ᠰᠠᠨᠠᠭᠳᠠᠭᠠᠳ ᠯᠡ
ᠨᠠᠳᠠ ᠳᠤ ᠬᠠᠶ᠋ᠢᠷᠠᠲᠠᠢ ᠬᠥᠮᠦᠰ ᠪᠦᠭᠦᠳᠡᠭᠡᠷ ᠦᠭᠡ ᠳᠠᠭᠤᠨ ᠴᠥᠭᠡᠷᠡᠭᠡᠳ ᠯᠡ
ᠪᠢ ᠮᠠᠶ᠋ᠢᠭ ᠊ᠤᠨ ᠮᠠᠶ᠋ᠢᠭ ᠪᠣᠯᠤᠭᠠᠳ ᠯᠠ
ᠣᠨ ᠤ ᠰᠡᠭᠦᠯᠴᠢ ᠵᠢᠨ ᠪᠣᠷᠣᠭ᠎ᠠ ᠳᠡᠭᠡᠪᠦᠷ ᠲᠤᠭᠤᠷᠭ᠎ᠠ ᠴᠠᠷᠴᠠᠭᠠᠭᠠᠳ ᠯᠡ
ᠣᠭᠣᠲᠣᠨ᠎ᠠ ᠵᠤᠷᠠᠮ᠎ᠠ ᠵᠢᠨ ᠬᠦᠶᠦᠭᠡ ᠭᠠᠵᠠᠷ ᠲᠠᠢ ᠨᠠᠭᠠᠯᠳᠤᠨ ᠬᠦᠯᠳᠡᠭᠡᠳ ᠯᠡ
ᠣᠷᠣᠨ ᠭᠠᠷᠤᠨ ᠵᠢᠷᠦᠬᠡ ᠮᠢᠨᠢ ᠬᠡᠨ ᠨᠢᠭᠡᠨ ᠢ ᠦᠭᠡᠶ᠋ᠢᠯᠡᠭᠡᠳ ᠯᠡ
ᠣᠯᠠᠨ ᠬᠥᠮᠦᠰ ᠢ ᠪᠢ ᠪᠥᠷ ᠭᠣᠮᠣᠳᠠᠭᠠᠴᠢᠬᠠᠭᠰᠠᠨ ᠶᠤᠮ ᠰᠢᠭ᠋ ᠪᠣᠳᠣᠭᠳᠠᠭᠠᠳ ᠯᠡ
ᠪᠢ ᠮᠠᠶ᠋ᠢᠬ ᠤᠨ ᠮᠠᠶ᠋ᠢᠬ ᠪᠣᠯᠤᠭᠠᠳ ᠯᠠ
ᠰᠡᠭᠦᠯ ᠰᠡᠭᠦᠯᠴᠢ ᠵᠢᠨ ᠪᠣᠷᠣᠭᠠᠨ ᠳᠤ ᠪᠣᠯᠵᠣᠮᠣᠷ ᠱᠠᠭᠠᠵᠠᠭᠠᠢ ᠪᠦᠪᠦᠶ᠋ᠢᠭᠡᠳ ᠯᠡ
ᠰᠤᠯᠢ ᠲᠠᠢ ᠰᠢᠷᠭᠠᠯ ᠮᠠᠩᠬᠠᠨ ᠳᠡᠭᠡᠷ᠎ᠡ ᠭᠠᠭᠴᠠᠬᠠᠨ ᠪᠦᠷᠭᠦᠳ ᠦᠲᠦᠶ᠋ᠢᠭᠡᠳ ᠯᠡ
ᠰᠦᠷᠦᠭ ᠮᠠᠯ ᠤᠨ ᠲᠦᠷᠦᠭᠦᠴᠢ ᠡᠪᠦᠯᠵᠢᠶᠡᠨ ᠤ ᠪᠡᠨ ᠵᠠᠮ ᠢᠶ᠋ᠠᠷ ᠭᠡᠯᠳᠦᠷᠢᠭᠡᠳ ᠯᠡ
ᠰᠡᠭᠦᠳᠡᠷ ᠪᠢᠳᠡ ᠬᠣᠶᠠᠷ ᠪᠡᠶ᠎ᠡ ᠪᠡᠶ᠎ᠡ ᠳᠦ ᠪᠡᠨ ᠠᠭᠤᠰᠣᠯᠳᠣᠭᠠᠳ ᠯᠡ
ᠪᠢ ᠰᠡᠭᠦᠯ ᠰᠡᠭᠦᠯ ᠳᠦ ᠪᠡᠨ ᠪᠥᠷ ᠮᠠᠶ᠋ᠢᠭ ᠊ᠤᠨ ᠮᠠᠶ᠋ᠢᠭ ᠪᠣᠯᠤᠭᠠᠳ ᠯᠡ
Майгийн майг
Зохиогч ᠄ З· Уртнасан
Намрын сүүлч жин бороо цас болох гэж яараад л
Навчний ногоон судас хүртэл бээрэгшиж авчаад л
Нас жил гэнэт үдэлчихсэн юм ших санагдаад л
Надад хайртай хүмүүс бүгдгэр үг дуун цөөрөөд л
Би майгийн майг болоод л
Оны сүүлч жин бороо дээвэр туурга царцгаагаад л
Оготно зурам жин хөеө газартай наалдан хөлдөөд л
Орон гаран зүрх минь хэн нэгнийг үгүйлээд л
Олон хүмүүсийг би бүр гомдоочихсон юм ших бодогдоод л
Би майгийн майг болоод л
Сүүл сүүлч жин бороонд болжмор шаазгай бүүвээгээд л
Сольтой шаргал манхан дээр ганцхан бүргэд өдийгөөд л
Сүрэг малын түрүүч өвөлжөөнийхөө замаар гэлтрээд л
Сүүдэр бид хоёр бие биедээ уусалдаад л
Би сүүл сүүлдээ бүр майгийн майг болоод л
