ᠨᠢᠭᠡ ᠲᠦᠭᠡ ᠡᠪᠤᠭᠡᠨ-ᠲᠤᠮᠤᠭ ᠦᠯᠢᠭᠡᠷНэг төө өвгөн-домог үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡ ᠲᠦᠭᠡ ᠡᠪᠤᠭᠡᠨ-ᠲᠤᠮᠤᠭ ᠦᠯᠢᠭᠡᠷНэг төө өвгөн-домог үлгэр

ᠨᠢᠭᠡ ᠲᠦᠭᠡ ᠡᠪᠤᠭᠡᠨ-ᠲᠤᠮᠤᠭ ᠦᠯᠢᠭᠡᠷНэг төө өвгөн-домог үлгэр

ᠠᠩᠭᠢᠯᠠᠯ:ᠳᠣᠮᠣᠭ ᠦᠯᠢᠭᠡᠷ
2022-12-02

532

ᠨᠢᠭᠡ ᠲᠦᠭᠡ ᠡᠪᠤᠭᠡᠨ-ᠲᠤᠮᠤᠭ ᠦᠯᠢᠭᠡᠷ

  ᠡᠷᠳᠡ ᠤᠷᠢᠳᠤ ‍ᠶ᠋ᠢᠨ ᠴᠠᠭ  ᠲᠤ ᠨᠢᠭᠡ ᠲᠦᠭᠡ ᠪᠡᠶ᠎ᠡ ᠎ᠲᠡᠢ ᠬᠤᠶᠠᠷ ᠲᠦᠭᠡ ᠰᠠᠬᠠᠯ ᠎ᠲᠠᠢ ᠨᠢᠭᠡ ᠡᠪᠤᠭᠡᠨ ᠪᠠᠶ᠋ᠢᠵᠠᠢ ᠃ ᠲᠡᠷᠡ ᠬᠥᠮᠦᠨ ᠬᠦᠷᠤᠩᠭᠡ ᠪᠤᠯᠬᠤ ᠪᠦᠭᠡᠰᠤᠨ ᠪᠢᠷᠠᠭᠤ ᠲᠠᠢ ᠬᠢᠭᠤᠷᠰᠤᠨ ᠨᠤᠬᠠᠢ ᠲᠠᠢ ᠲᠡᠷᠡᠰᠤᠨ ᠲᠡᠷᠭᠡ ᠎ᠲᠡᠢ ᠶᠤᠮ ᠰᠠᠨᠵᠠᠢ ᠃ ᠵᠠ ᠢᠩᠭᠢᠭᠡᠳ ᠡᠪᠤᠭᠡᠨ ᠨᠢᠭᠡ ᠡᠳᠦᠷ  ᠪᠦᠭᠡᠰᠤᠨ ᠪᠢᠷᠠᠭᠤ ᠎ᠪᠠᠨ ᠪᠦᠩ ᠪᠦᠩ  ᠪᠥᠩ  ᠬᠢᠯᠭᠡᠵᠦ ᠂  ᠭᠢᠭᠤᠷᠰᠤᠨ ᠨᠣᠬᠠᠢ ᠎ᠪᠠᠨ ᠬᠠᠪ ᠬᠠᠪ ᠬᠠᠪ ᠬᠠᠪ  ᠬᠤᠴᠠᠭᠤᠯᠤᠭᠠᠳ ᠂ ᠳᠡᠷᠡᠰᠦᠨ ᠲᠡᠷᠭᠡ ᠎ᠪᠡᠨ ᠬᠠᠷ ᠬᠠᠷ ᠬᠠᠷ ᠬᠠᠷ  ᠬᠠᠷ ᠬᠢᠯᠭᠡᠵᠦ ᠶᠠᠪᠤᠵᠤ ᠭᠡᠨ᠎ᠡ᠃ ᠦᠭᠡᠢ ᠶᠠᠪᠤᠵᠤ ᠪᠠᠶ᠋ᠢᠲᠠᠯ᠎ᠠ ᠨᠢᠭᠡ ᠬᠥᠪᠡᠭᠡᠨ ᠳᠡᠭᠡᠭᠦᠷ ᠭᠠᠷᠤᠭᠰᠠᠨ ᠴᠢᠨᠢ ᠬᠠᠷᠢᠨ ᠨᠢᠭᠡ ᠮᠣᠭᠠᠢ ᠲᠠᠭᠠᠷᠠᠯᠳᠤᠵᠤ ᠭᠡᠨ᠎ᠡ᠃ ᠲᠡᠷᠡ ᠨᠢ ‍ᠶ᠋ᠢ ᠡᠷ᠎ᠡ ᠬᠥᠮᠦᠨ ᠎ᠳ᠋ᠦ᠍ ᠣᠯᠵᠠ ᠭᠡᠵᠦ ᠠᠪᠤᠭᠠᠳ ᠳᠡᠷᠡᠰᠦᠨ ᠲᠡᠷᠭᠡᠨ ᠳᠡᠭᠡᠷ᠎ᠡ ᠎ᠪᠡᠨ ᠬᠠᠶᠠᠴᠢᠬᠠᠭᠠᠳ ᠴᠠᠭᠠᠰᠢ ᠶᠠᠪᠤᠵᠤ ᠪᠠᠶ᠋ᠢᠲᠠᠯ᠎ᠠ ᠨᠢᠭᠡ  ᠠᠶ᠋ᠢᠯ ‍ᠤᠨ ᠨᠤᠲᠤᠭ ᠲᠠᠭᠠᠷᠠᠯᠳᠤᠵᠤ ᠭᠡᠨ᠎ᠡ᠃ ᠲᠡᠨᠳᠡ ᠨᠢ ᠣᠴᠢᠭᠰᠠᠨ ᠴᠢᠨᠢ ᠨᠢᠭᠡ ᠰᠢᠪᠡᠭᠡ ᠨᠢᠭᠡ ᠮᠠᠭᠤ ᠲᠡᠪᠡᠨᠡ ᠨᠢᠭᠡ ᠰᠢᠪᠠᠭᠤᠨ ‍ᠤ ᠳᠣᠯᠣᠭᠠᠨ ᠥᠨᠳᠡᠭᠡ ᠂ ᠠ ᠲᠡᠭᠡᠭᠡᠳ ᠪᠠᠰᠠ ᠨᠢᠭᠡ ᠮᠠᠭᠤ ᠲᠡᠮᠦᠷ ᠮᠤᠨᠠ ᠪᠠᠶ᠋ᠢᠭᠰᠠᠨ ‍ᠢ ᠠᠪᠤᠭᠠᠳ ᠴᠠᠭᠠᠰᠢ ᠶᠠᠪᠤᠵᠤ ᠪᠠᠶ᠋ᠢᠲᠠᠯ᠎ᠠ ᠮᠠᠩᠭᠤᠰ ‍ᠤᠨ ᠥᠨᠳᠥᠷ ᠬᠠᠷ᠎ᠠ  ᠠᠭᠤᠶ᠋ᠢᠬᠠᠢ  ᠲᠠᠭᠠᠷᠠᠯᠳᠤᠵᠤ ᠭᠡᠨ᠎ᠡ᠃ᠳᠠᠪᠬᠢᠭᠠᠳ ᠣᠴᠢᠭᠰᠠᠨ ᠴᠢᠨᠢ ᠮᠠᠩᠭᠤᠰ ᠨᠢ ᠡᠵᠡᠭᠦᠢ ᠪᠠᠶ᠋ᠢᠨ᠎ᠠ ᠭᠡᠨ᠎ᠡ ᠲᠡᠭᠡᠬᠦ ᠎ᠪᠡᠷ ᠨᠢ  ᠲᠦᠭᠡ ᠡᠪᠤᠭᠡᠨ ᠣᠷᠣᠵᠤ ᠬᠣᠭᠣᠯᠠ  ᠤᠮᠳᠠ ᠠ᠋ᠴᠠ ᠨᠢ ᠢᠳᠡᠵᠦ ᠤᠤᠭᠤᠴᠢᠬᠠᠭᠠᠳ ᠮᠠᠩᠭᠤᠰ ‍ᠢ ᠬᠣᠣᠷᠯᠠᠬᠤ ᠭᠡᠵᠦ    ᠲᠡᠪᠡᠨᠡ ‍ᠢᠶ᠋ᠡᠨ ᠣᠷᠣᠨ ᠳᠡᠭᠡᠷ᠎ᠡ ᠨᠢ ᠬᠠᠳᠬᠤᠵᠤ ᠠᠶ᠋ᠢᠷᠠᠭ ᠤᠷᠤᠭᠤ ᠨᠢ ᠮᠣᠭᠠᠢ ᠎ᠪᠠᠨ ᠬᠢᠵᠦ᠂ ᠨᠤᠷᠮᠠᠨ ᠳᠣᠲᠣᠷ᠎ᠠ ᠨᠢ ᠥᠨᠳᠡᠭᠡ ᠎ᠪᠡᠨ ᠪᠤᠯᠠᠵᠤ᠂ ᠰᠢᠪᠡᠭᠡ ᠎ᠪᠡᠨ ᠴᠠᠪᠤᠭ ᠥᠭᠡᠳᠡ ᠨᠢ ᠬᠢᠵᠦ ᠂ ᠲᠡᠮᠦᠷ ᠮᠤᠨᠠ ᠎ᠪᠠᠨ ᠲᠣᠲᠣᠭᠣᠨ ᠳᠡᠭᠡᠷ᠎ᠡ ᠨᠢ ᠲᠠᠯᠪᠢᠵᠤ ᠣᠷᠬᠢᠭᠠᠳ ᠳᠡᠷᠡᠰᠦᠨ ᠲᠡᠷᠭᠡ ᠎ᠪᠡᠨ ᠨᠢᠭᠤᠵᠠᠢ᠃ ᠢᠩᠭᠢᠭᠡᠳ ᠥᠪᠡᠷ ‍ᠢᠶ᠋ᠡᠨ ᠪᠠᠷᠠᠭᠠᠨ ᠳᠣᠲᠣᠷ᠎ᠠ  ᠤᠷᠤᠭᠠᠳ ᠬᠡᠪᠲᠡᠵᠦ  ᠪᠠᠶ᠋ᠢᠵᠠᠢ ᠭᠡᠨ᠎ᠡ᠃ ᠵᠠ᠂ ᠲᠡᠭᠡᠭᠰᠡᠨ ᠴᠢᠨᠢ ᠬᠠᠷᠠᠩᠭᠤᠢ ᠰᠥᠨᠢ ᠥᠨᠥᠬᠢ ᠮᠠᠩᠭᠤᠰ ᠭᠡᠷ ᠎ᠲᠤ᠌ ᠎ᠪᠠᠨ ᠬᠦᠷᠴᠦ ᠢᠷᠡᠭᠡᠳ ᠴᠠᠪᠤᠭ ᠥᠭᠡᠳᠡ ᠎ᠪᠡᠨ ᠲᠠᠰᠢᠭᠤᠷ ‍ᠢᠶ᠋ᠠᠨ ᠬᠢᠬᠦ ᠭᠡᠲᠡᠯ᠎ᠡ ᠰᠢᠪᠡᠭᠡ ᠬᠠᠳᠬᠤᠵᠤ ᠂ ᠣᠷᠣᠨ ᠳᠡᠭᠡᠷ᠎ᠡ ᠎ᠪᠡᠨ ᠰᠠᠭᠤᠬᠤ  ᠭᠡᠲᠡᠯ᠎ᠡ ᠲᠡᠪᠡᠨᠡ ᠬᠠᠳᠬᠤᠵᠤ ᠠᠶ᠋ᠢᠷᠠᠭ ᠠ᠋ᠴᠠ ᠎ᠪᠠᠨ ᠤᠤᠭᠤᠬᠤ  ᠭᠡᠰᠡᠨ ᠴᠢᠨᠢ ᠮᠣᠭᠠᠢ ᠬᠠᠳᠬᠤᠵᠠᠢ ᠭᠡᠨ᠎ᠡ᠃ ᠦᠭᠡᠢ ᠡᠨᠡ ᠴᠢᠨᠢ ᠶᠠᠭᠤ ᠪᠣᠯᠵᠤ ᠪᠠᠶ᠋ᠢᠨ᠎ᠠ ᠂  ᠭᠠᠯ ᠨᠣᠴᠣᠭᠠᠵᠤ ᠭᠡᠷᠡᠯ ᠭᠠᠷᠭᠠᠶ᠎ᠠ ᠂ ᠶᠡᠷᠦ ᠨᠢ ᠶᠠᠭᠤ ᠪᠣᠯᠤᠭᠠᠳ ᠪᠠᠶ᠋ᠢᠭ᠎ᠠ ᠶᠤᠮ ᠬᠡᠮᠡᠨ ᠨᠣᠷᠮ᠎ᠠ ‍ ‍ᠶ᠋ᠢ ᠬᠤᠳᠬᠤᠳᠠᠯ᠎ᠡ ᠂ ᠥᠨᠳᠡᠭᠡ ᠬᠠᠭᠠᠷᠠᠵᠤ ᠨᠢᠳᠦ ‍ᠶ᠋ᠢ ᠰᠣᠬᠣᠯᠵᠤ ᠭᠡᠨ᠎ᠡ᠃ ᠢᠩᠭᠢᠭᠡᠳ ᠭᠡᠷ ᠎ᠲᠦ᠍  ᠦᠬᠦᠭᠰᠡᠨ ᠎ᠡᠴᠡ ᠭᠠᠳᠠᠭ᠎ᠠ ᠭᠠᠷᠴᠤ ᠦᠬᠦᠶ᠎ᠡ ᠭᠡᠳ ᠤᠬᠤᠰᠬᠢᠲᠡᠯ᠎ᠡ ᠂ ᠲᠡᠮᠦᠷ  ᠮᠤᠨᠠ ᠲᠣᠯᠣᠭᠠᠢ ‍ᠶ᠋ᠢ ᠨᠢ ᠬᠠᠭ᠎ᠠ ᠴᠣᠬᠢᠭᠠᠳ ᠠᠯᠠᠴᠢᠬᠠᠵᠤ ᠭᠡᠨ᠎ᠡ᠃ ᠡᠨᠡ ‍ᠶ᠋ᠢ ᠨᠢ ᠥᠨᠥ  ᠲᠦᠭᠡ ᠡᠪᠤᠭᠡᠨ ᠬᠠᠷᠠᠭᠠᠳ ᠦᠭᠡᠢ ᠣᠳᠣ ᠡᠨᠡ ᠡᠶ᠋ᠢᠮᠦ ᠲᠣᠮᠣ ᠮᠠᠩᠭᠤᠰ ‍ᠢ ᠣᠳᠣ ᠡᠶ᠋ᠢᠮᠦ ᠵᠢᠵᠢᠭᠬᠡᠨ ᠬᠥᠮᠦᠨ ᠠᠯᠠᠴᠢᠬᠠᠯ᠎ᠠ ᠭᠡᠵᠦ  ᠪᠠᠶ᠋ᠢᠬᠤᠪ ᠭᠡᠵᠦ ᠂  ᠣᠩᠬᠢᠷᠡᠵᠤ  ᠬᠦᠬᠦᠷᠴᠤ ᠬᠦᠬᠦᠷᠡᠭᠰᠡᠭᠡᠷ ᠪᠠᠶ᠋ᠢᠭᠠᠳ ᠡᠯᠢᠭᠡ ᠨᠢ ᠬᠥᠰᠢᠭᠡᠳ ᠦᠬᠦᠴᠢᠭᠡᠭᠰᠠᠨ ᠶᠤᠮ ᠭᠡᠯ᠎ᠡ᠃