ᠪᠤᠭᠤ ᠲᠡᠮᠡᠭᠡ ᠬᠣᠶᠠᠷ-ᠦᠯᠢᠭᠡᠷБуга тэмээ хоёр-Үлгэр 14 ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠭᠤ ᠲᠡᠮᠡᠭᠡ ᠬᠣᠶᠠᠷ-ᠦᠯᠢᠭᠡᠷБуга тэмээ хоёр-Үлгэр 14

ᠪᠤᠭᠤ ᠲᠡᠮᠡᠭᠡ ᠬᠣᠶᠠᠷ-ᠦᠯᠢᠭᠡᠷБуга тэмээ хоёр-Үлгэр 14

ᠠᠩᠭᠢᠯᠠᠯ:ᠳᠣᠮᠣᠭ ᠦᠯᠢᠭᠡᠷ
2022-12-02

1346

ᠲᠡᠮᠡᠭᠡ ᠪᠤᠭᠤ ᠬᠣᠶᠠᠷ

     ᠡᠷᠲᠡ ᠤᠷᠢᠳᠤ ᠶ᠋ᠢᠨ ᠴᠠᠭ ᠲᠤ᠌ ᠲᠡᠮᠡᠭᠡ ᠣᠳᠣ ᠶ᠋ᠢᠨ ᠪᠤᠭᠤ ᠰᠢᠭ᠋ ᠠᠷᠪᠠᠨ ᠬᠣᠶᠠᠷ ᠰᠠᠯᠠᠭ᠎ᠠ ᠲᠠᠢ᠂ ᠠᠷᠪᠠᠭᠠᠷ ᠰᠠᠷᠪᠠᠭᠠᠷ ᠡᠪᠡᠷ ᠲᠡᠢ ᠪᠠᠢᠵᠤ ᠭᠡᠨ᠎ᠡ᠃ ᠬᠠᠷᠢᠨ ᠪᠤᠭᠤ ᠡᠪᠡᠷ ᠦᠭᠡᠢ ᠮᠤᠬᠤᠷ ᠪᠠᠢᠭᠰᠠᠨ ᠶᠤᠮ ᠰᠠᠨᠵᠠᠢ᠃
     ᠲᠡᠮᠡᠭᠡ ᠰᠦᠷᠯᠢᠭ ᠰᠠᠢᠬᠠᠨ ᠡᠪᠡᠷ ᠲᠦ᠍ ᠪᠡᠨ ᠡᠷᠳᠦᠵᠦ᠂ ᠪᠡᠶ᠎ᠡ ᠪᠡᠨ ᠭᠠᠢᠬᠠᠭᠤᠯᠤᠨ ᠬᠥᠭᠡᠷᠳᠡᠭ ᠪᠠᠢᠵᠠᠢ᠃ ᠲᠡᠮᠡᠭᠡ ᠨᠢᠭᠡᠨ ᠡᠳᠦᠷ ᠤᠰᠤ ᠤᠤᠭᠤᠬᠤ ᠪᠠᠷ ᠨᠠᠭᠤᠷ ᠤ᠋ᠨ ᠬᠥᠪᠡᠭᠡᠨ ᠦ᠌ ᠤᠰᠤᠨ ᠳ᠋ᠤ᠌ ᠲᠤᠰᠤᠭᠰᠠᠨ ᠰᠡᠭᠦᠳᠡᠷ ᠢ᠋ᠶ᠋ᠡᠨ ᠦᠵᠡᠭᠡᠳ ᠰᠦᠷ ᠵᠢᠪᠬᠤᠯᠠᠩ ᠢ᠋ᠶ᠋ᠠᠨ ᠶᠡᠬᠡ ᠯᠡ ᠪᠠᠬᠠᠳᠤᠨ ᠬᠠᠷᠠᠵᠤ ᠵᠣᠭᠰᠣᠵᠠᠢ᠃
     ᠲᠡᠭᠡᠲᠡᠯ᠎ᠡ ᠣᠢ ᠳᠣᠲᠣᠷ᠎ᠠ ᠠ᠋ᠴᠠ ᠪᠤᠭᠤ ᠭᠠᠷᠴᠤ ᠢᠷᠡᠭᠡᠳ ᠳᠡᠭᠡᠷ᠎ᠡ ᠳᠡᠭᠡᠷ᠎ᠡ ᠭᠢᠰᠬᠢᠵᠦ᠂ ᠳᠣᠣᠷ᠎ᠠ ᠳᠣᠣᠷ᠎ᠠ ᠳᠤᠤᠭᠠᠷᠤᠭᠰᠠᠭᠠᠷ ᠲᠡᠮᠡᠭᠡᠨ ᠦ᠌ ᠳᠡᠷᠭᠡᠳᠡ ᠬᠦᠷᠦᠭᠡᠳ᠂ ᠥᠨᠳᠥᠷ ᠬᠠᠩᠬᠠᠭᠠᠷ ᠲᠡᠮᠡᠭᠡ ‍ᠶ᠋ᠢ ᠴᠢᠷᠠᠢᠳᠠᠨ ᠪᠠᠢᠵᠤ ᠬᠡᠯᠡᠭᠰᠡᠨ ᠨᠢ᠄《ᠥᠨᠥ ᠦᠳᠡᠰᠢ ᠪᠢ ᠣᠢ ᠶ᠋ᠢᠨ ᠠᠮᠢᠲᠠᠨ ᠤ᠋ ᠴᠤᠭᠯᠠᠭᠠᠨ ᠳ᠋ᠤ᠌ ᠤᠷᠢᠭᠳᠠᠭᠰᠠᠨ ᠶᠤᠮ ᠯᠠ ᠳᠠ! ᠭᠡᠲᠡᠯ᠎ᠡ ᠡᠢᠮᠦ ᠮᠠᠭᠤᠬᠠᠢ ᠮᠤᠬᠤᠷ ᠲᠣᠯᠣᠭᠠᠢ ᠪᠠᠷ ᠶᠠᠭᠠᠬᠢᠵᠤ ᠣᠴᠢᠬᠤ ᠪᠢᠯᠡ? ᠶᠠᠳᠠᠵᠤ ᠨᠢᠭᠡ ᠴᠠᠭ ᠴᠤ᠌ ᠪᠣᠯᠪᠠ! ᠲᠠᠨ ᠤ᠋ ᠬᠢ ᠰᠢᠭ ᠡᠢᠮᠦ ᠰᠠᠢᠬᠠᠨ ᠡᠪᠡᠷ ᠲᠡᠢ ᠪᠣᠯᠤᠭᠠᠳ ᠣᠴᠢᠬᠤ ᠶᠤᠮ ᠰᠠᠨ᠃ ᠲᠡᠮᠡᠭᠡ ᠲᠠ ᠡᠪᠡᠷ ᠢ᠋ᠶ᠋ᠡᠨ ᠨᠠᠳᠠ ᠬᠠᠢᠷᠠᠯᠠᠵᠤ ᠲᠦᠷ ᠵᠢᠭᠡᠯᠡᠵᠦ ᠥᠭᠬᠦ ᠪᠣᠯᠪᠠ ᠤᠤ? ᠮᠠᠷᠭᠠᠰᠢ ᠲᠠᠨ ᠢ᠋ ᠤᠰᠤ ᠤᠤᠭᠤᠬᠤ ᠪᠠᠷ ᠢᠷᠡᠬᠦ ᠳ᠋ᠦ᠍ ᠡᠪᠡᠷ ᠢ᠋ ᠴᠢᠨᠢ ᠪᠤᠴᠠᠭᠠᠭᠠᠳ ᠥᠭᠭᠦᠶ᠎ᠡ!》 ᠭᠡᠵᠡᠢ᠃
     ᠲᠡᠮᠡᠭᠡ ᠳᠣᠭᠣᠭᠰᠢ ᠬᠠᠷᠠᠵᠤ ᠪᠤᠭᠤ ‍ᠶ᠋ᠢ ᠦᠵᠡᠪᠡᠯ ᠦᠨᠡᠬᠡᠷ ᠰᠦᠷ ᠵᠢᠪᠬᠤᠭ᠎ᠠ ᠦᠭᠡᠢ ᠦᠷᠦ ᠡᠪᠡᠳᠦᠮᠡᠷ ᠬᠠᠷᠠᠭᠳᠠᠭᠰᠠᠨ ᠲᠤᠯᠠ ᠡᠪᠡᠷ ᠢ᠋ᠶ᠋ᠡᠨ ᠮᠤᠯᠲᠤᠯᠵᠤ ᠥᠭᠭᠦᠭᠡᠳ᠄ 《ᠤᠰᠤ ᠤᠤᠭᠤᠬᠤ ᠪᠠᠷ ᠢᠷᠡᠬᠦ ᠳ᠋ᠦ᠍ ᠮᠢᠨᠢ ᠡᠷᠬᠡᠪᠰᠢ ᠠᠪᠴᠢᠷᠠᠵᠤ ᠥᠭᠬᠦ ᠬᠡᠷᠡᠭᠲᠡᠢ!》 ᠭᠡᠵᠦ ᠵᠠᠬᠢᠵᠠᠢ᠃
     ᠪᠤᠭᠤ ᠡᠪᠡᠷ ᠢ᠋ ᠨᠢ ᠵᠡᠭᠦᠭᠡᠳ ᠣᠢ ᠳ᠋ᠤ᠌ ᠪᠠᠨ ᠪᠤᠴᠠᠪᠠ᠃
     ᠲᠡᠭᠦᠨ ᠡᠴᠡ ᠬᠣᠢᠰᠢ ᠡᠳᠦᠷ ᠬᠣᠨᠣᠭ ᠥᠩᠭᠡᠷᠡᠭᠰᠡᠭᠡᠷ ᠣᠨ ᠤᠳᠠᠭᠰᠠᠨ ᠪᠣᠯᠪᠠᠴᠤ ᠬᠥᠭᠡᠷᠦᠬᠦᠢ ᠲᠡᠮᠡᠭᠡ ᠡᠪᠡᠷ ᠢ᠋ᠶ᠋ᠡᠨ ᠠᠪᠴᠤ ᠴᠢᠳᠠᠭ᠎ᠠ ᠦᠭᠡᠢ ᠶᠠᠪᠤᠵᠠᠢ᠃
     ᠨᠢᠭᠡ ᠡᠳᠦᠷ ᠲᠡᠮᠡᠭᠡ ᠪᠤᠭᠤ ᠲᠠᠢ ᠠᠭᠤᠯᠵᠠᠭᠠᠳ᠄ 《ᠡᠪᠡᠷ ᠢ᠋ ᠮᠢᠨᠢ ᠪᠤᠴᠠᠭᠠᠵᠤ ᠥᠭᠭᠦᠨ᠎ᠡ ᠭᠡᠰᠡᠨ ᠪᠢᠰᠢ ᠤᠤ?》 ᠭᠡᠬᠦ ᠳ᠋ᠦ᠍ ᠪᠤᠭᠤ᠄《ᠬᠡ ᠬᠡ! ᠲᠡᠭᠡ ᠶ᠋ᠢᠨ ᠡᠪᠡᠷ ᠲᠩᠷᠢ ᠳ᠋ᠦ᠍ ᠲᠤᠯᠵᠤ᠂ ᠲᠡᠮᠡᠭᠡᠨ ᠦ᠌ ᠰᠡᠭᠦᠯ ᠭᠠᠵᠠᠷ ᠬᠦᠷᠬᠦ ᠳ᠋ᠦ᠍ ᠥᠭᠭᠦᠶ᠎ᠡ!》 ᠭᠡᠵᠡᠢ᠃
     ᠲᠡᠷᠡ ᠴᠠᠭ ᠠ᠋ᠴᠠ ᠬᠣᠢᠰᠢ ᠣᠳᠣ ᠪᠣᠯᠲᠠᠯ᠎ᠠ ᠲᠡᠮᠡᠭᠡ ᠤᠰᠤ ᠤᠤᠭᠤᠬᠤ ᠪᠦᠷᠢ ᠳ᠋ᠦ᠍ ᠪᠡᠨ ᠤᠰᠤᠨ ᠳᠣᠲᠣᠷ᠎ᠠ ᠠ᠋ᠴᠠ ᠡᠪᠡᠷ ᠦᠭᠡᠢ ᠮᠤᠬᠤᠷ ᠪᠣᠯᠤᠭᠰᠠᠨ ᠳᠦᠷᠢ ᠪᠡᠨ ᠬᠠᠷᠠᠭᠠᠳ ᠳᠤᠷ᠎ᠠ ᠭᠤᠲᠤᠵᠤ᠂ ᠲᠣᠯᠣᠭᠠᠢ ᠪᠠᠨ ᠰᠡᠭᠰᠦᠷᠳᠡᠭ ᠪᠣᠯᠤᠭᠰᠠᠨ ᠪᠠ ᠤᠰᠤᠨ ᠳᠡᠭᠡᠷ᠎ᠡ ᠢᠷᠡᠵᠦ ᠡᠪᠡᠷ ᠢ᠋ ᠨᠢ ᠪᠤᠴᠠᠭᠠᠵᠤ ᠥᠭᠭᠦᠨ᠎ᠡ ᠭᠡᠰᠡᠨ ᠪᠤᠭᠤ ᠶ᠋ᠢᠨ ᠪᠣᠯᠵᠣᠭ᠎ᠠ ‍ᠶ᠋ᠢ ᠰᠠᠨᠠᠵᠤ ᠠᠭᠤᠯᠠ ᠶ᠋ᠢᠨ ᠣᠷᠣᠢ ‍ᠶ᠋ᠢ ᠪᠠᠢᠨ ᠪᠠᠢᠨ ᠥᠯᠢᠢᠨ ᠬᠠᠷᠠᠵᠤ ᠵᠣᠭᠰᠣᠳᠠᠭ ᠪᠣᠯᠤᠭᠰᠠᠨ ᠶᠤᠮ ᠭᠡᠨ᠎ᠡ᠃
     ᠪᠤᠭᠤ ᠶ᠋ᠢᠨ ᠡᠪᠡᠷ ᠵᠢᠯ ᠦ᠋ᠨ ᠨᠢᠭᠡ ᠤᠳᠠᠭ᠎ᠠ ᠪᠤᠯᠭᠤᠷᠠᠵᠤ ᠤᠨᠠᠳᠠᠭ ᠨᠢ ᠲᠡᠷᠡ ᠡᠪᠡᠷ ᠤᠭ ᠠ᠋ᠴᠠ ᠪᠠᠨ ᠪᠤᠭᠤᠨ ᠳ᠋ᠤ᠌ ᠵᠠᠶᠠᠭᠠᠭᠰᠠᠨ ᠦᠭᠡᠢ᠂ ᠲᠡᠮᠡᠭᠡᠨ ᠡᠴᠡ ᠠᠪᠤᠭᠰᠠᠨ ᠤᠴᠢᠷ ᠠ᠋ᠴᠠ ᠪᠣᠯᠤᠭᠰᠠᠨ ᠶᠤᠮ ᠭᠡᠨ᠎ᠡ᠃