ᠪᠥᠭᠲᠥᠷ ᠬᠠᠢᠯᠠᠰᠤ-ᠵ ᠤᠷᠲᠤᠨᠠᠰᠤᠨБөгтөр хайлс-ж ордонэсэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠥᠭᠲᠥᠷ ᠬᠠᠢᠯᠠᠰᠤ-ᠵ ᠤᠷᠲᠤᠨᠠᠰᠤᠨБөгтөр хайлс-ж ордонэсэн

ᠪᠥᠭᠲᠥᠷ ᠬᠠᠢᠯᠠᠰᠤ-ᠵ ᠤᠷᠲᠤᠨᠠᠰᠤᠨБөгтөр хайлс-ж ордонэсэн

2022-12-01

363

ᠪᠥᠭᠲᠥᠷ ᠬᠠᠢᠯᠠᠰᠤ


ᠰᠠᠮ ᠰᠡᠮᠬᠡᠨ ᠴᠠᠰᠤ ᠬᠠᠶᠠᠯᠠᠭᠰᠠᠨ ᠭᠠᠩᠭᠠᠩ ᠪᠠᠶ᠋ᠢᠭᠠᠯᠢ ‍ᠶ᠋ᠢᠨ ᠳᠤᠮᠳᠠᠭᠤᠷ 
ᠰᠡᠪᠡᠯᠵᠡᠭᠰᠡᠨ ᠭᠡᠵᠢᠭᠡ ᠎ᠲᠡᠢ ᠥᠬᠢᠨ ᠲᠠᠭᠠᠭᠤᠯᠵᠤ ᠶᠠᠪᠤᠬᠤ ‍ᠶ᠋ᠢᠨ ᠵᠢᠷᠭᠠᠯ ‍ᠢ
ᠰᠡᠳᠬᠢᠯ ᠬᠦᠰᠡᠯ ᠬᠣᠶᠠᠷ ‍ᠤᠨ ‍ᠢᠶ᠋ᠠᠨ ᠬᠤᠭᠤᠷ ‍ᠤᠨ ᠤᠲᠠᠰᠤ ᠰᠢᠭ᠋ ᠴᠢᠪᠬᠠᠳᠠᠰᠤᠨ ᠳᠡᠭᠡᠷ᠎ᠡ 
ᠰᠡᠷᠢᠭᠦᠨ ᠨᠠᠮᠤᠷ ‍ᠤᠨ ᠠᠩᠭᠢᠷ ᠰᠢᠭ᠋ ᠤᠶᠠᠷᠠᠯ ᠭᠣᠮᠣᠳᠠᠯ ‍ᠢᠶ᠋ᠠᠷ  ᠬᠦᠭᠵᠢᠮᠳᠡᠨᠡᠮ ᠪᠢ 
ᠬᠦᠨᠳᠡᠭᠦᠷ ᠬᠥᠨᠳᠡᠭᠦᠷᠬᠡᠨ ᠵᠢᠷᠦᠬᠡ ‍ᠶ᠋ᠢ ᠮᠢᠨᠢ ᠴᠢᠳᠥᠷ ‍ᠦᠨ ᠮᠣᠷᠢ ᠰᠢᠭ᠋ ᠠᠷᠭᠠᠮᠵᠢᠵᠤ
ᠬᠥᠭᠡᠷᠦᠬᠦᠨ ᠠᠯᠠᠭ ᠨᠢᠳᠦᠨ ‍ᠦ ᠎ᠪᠡᠨ ᠤᠬᠠᠭᠠᠨᠲᠤ ᠬᠠᠷᠠᠴᠠ ᠳᠡᠭᠡᠷ᠎ᠡ ᠪᠡᠯᠴᠢᠭᠡᠳᠡᠭ  
ᠬᠥᠬᠡ ᠲᠡᠭᠷᠢ ‍ᠶ᠋ᠢᠨ ᠨᠠᠷᠠᠨ ᠰᠢᠭ᠋ ᠬᠠᠶ᠋ᠢᠷ᠎ᠠ ᠎ᠪᠠᠷ ᠪᠠᠶᠠᠨ ᠥᠬᠢᠨ ᠎ᠲᠡᠢ
ᠬᠦᠳᠦᠰᠦᠨ ᠳᠡᠪᠡᠯ ᠎ᠳ᠋ᠦ᠍ ᠪᠠᠭᠲᠠᠯᠴᠠᠨ ᠳᠤᠷᠠᠯᠠᠯ  ‍ᠢᠶ᠋ᠡᠷ ᠰᠢᠲᠠᠵᠤ ᠴᠢᠳᠠᠳᠠᠭ ᠰᠠᠨ ᠪᠣᠯ 
ᠳᠥᠴᠢ ᠡᠷᠭᠢᠮ᠎ᠡ ᠨᠠᠰᠤᠨ ᠳ᠋ᠠᠭᠠᠨ ᠪᠢ ᠠᠷᠪᠠᠨ ᠣᠨ ‍ᠢᠶ᠋ᠠᠷ  ᠵᠠᠯᠠᠭᠤᠵᠢᠵᠤ
ᠳᠥᠷᠦᠭᠡᠨ ‍ᠦ ᠨᠢᠮᠭᠡᠨ ᠲᠠᠪᠠᠭ ‍ᠢ ᠪᠤᠶᠠᠨ ᠤ ᠰᠥ᠋ ᠎ᠪᠡᠷ ᠵᠤᠵᠠᠭᠠᠯᠠᠵᠤ 
ᠳᠥᠩᠬᠦᠷ ᠳᠥᠩᠬᠦᠷ ᠠᠭᠤᠯᠠᠰ ‍ᠤᠨ ‍ᠢᠶ᠋ᠠᠨ ᠲᠤᠯᠤᠭᠠᠳ ᠪᠦᠬᠦᠨ ‍ᠳᠦ ᠰᠦᠬᠦᠴᠡᠨ 
ᠳᠦᠦᠮᠡᠨ ᠳᠦᠦᠮᠡᠨ ᠣᠳᠣᠳ ‍ᠤᠨ ᠭᠡᠷᠡᠯ ‍ᠢᠶ᠋ᠠᠷ ᠪᠡᠶ᠎ᠡ ᠎ᠪᠡᠨ ᠠᠷᠢᠭᠤᠯᠠᠬᠤ ᠶᠤᠮ ᠰᠠᠨ 
ᠵᠦᠢᠳᠡᠯ ᠎ᠲᠡᠢ ᠬᠠᠭᠤᠴᠢᠨ ᠬᠦᠯᠢᠮ ᠰᠢᠭ᠌ ᠠᠮᠢᠳᠤᠷᠠᠯ ‍ᠤᠨ ‍ᠢᠶ᠋ᠠᠨ ᠨᠠᠮᠲᠠᠷ ‍ᠢ
ᠵᠦᠢᠷᠯᠡᠬᠦ  ᠬᠣᠣᠰ ᠦᠭᠡᠢ ᠥᠬᠢᠨ ᠲᠠᠨ ᠎ᠳ᠋ᠤ᠌ ᠱᠠᠭᠯᠠᠭᠰᠠᠨ ᠣᠶᠣᠳᠠᠯ ᠰᠢᠭ᠋ ᠲᠣᠭᠠᠴᠠᠨ᠎ᠠ ᠭᠡᠵᠦ
ᠵᠢᠩᠳᠡᠵᠦ ᠭᠠᠩᠳᠠᠭᠰᠠᠨ ᠤᠷᠭᠤᠮᠠᠯ ᠰᠢᠭ᠋ ᠪᠤᠭᠤᠷᠤᠯ ᠦᠰᠦᠨ ‍ᠦ ᠎ᠪᠡᠨ ᠲᠣᠭ᠎ᠠ ᠎ᠪᠠᠷ  
ᠵᠢᠩᠬᠢᠨᠢ ᠬᠠᠶ᠋ᠢᠷ᠎ᠠ ‍ᠶ᠋ᠢᠨ ᠰᠢᠯᠦᠭ ‍ᠦᠳ ‍ᠢ  ᠮᠥᠩᠭᠥᠨ ᠰᠣᠨᠳᠣᠷ ᠰᠢᠭ᠋ ᠬᠡᠯᠬᠢᠨ᠎ᠡ ᠬᠡᠵᠤ  
ᠴᠢᠩᠭᠢᠰ ᠴᠢᠩᠭᠢᠰ ᠳᠣᠩᠭᠣᠳᠳᠠᠭ ᠪᠤᠷᠬᠠᠨ ᠬᠡᠯᠡ ᠎ᠲᠡᠢ ᠰᠢᠪᠠᠭᠤᠨ ᠠ᠋ᠴᠠ 
ᠴᠢᠩ ᠦᠨᠡᠨ ‍ᠦ ᠲᠠᠩᠭᠠᠷᠢᠬ ᠠᠨᠳᠠᠭᠠᠶ᠋ᠢᠯᠠᠵᠤ ᠠᠪᠤᠭᠠᠳ ᠢᠷᠡᠬᠦ ᠶᠤᠮ ᠰᠠᠨ 
ᠴᠢᠨ ᠴᠢᠨ ᠦ ᠨᠢᠯᠪᠤᠰᠤ ᠎ᠲᠠᠢ ᠠᠮᠢᠨ᠎ᠡ ᠭᠡᠳᠡᠭ ᠳ᠋ᠠᠷ᠎ᠠ ᠡᠬᠡ ᠎ᠡᠴᠡ  
ᠴᠡᠩᠬᠡᠷ ᠲᠣᠷᠭᠠᠨ ᠬᠠᠳᠠᠭ ᠎ᠲᠠᠢ ᠢᠷᠦᠭᠡᠯ ᠭᠤᠶᠤᠭᠠᠳ ᠢᠷᠡᠬᠦ ᠶᠤᠮ ᠰᠠᠠ ᠡ 
ᠨᠠᠮᠤᠷ ᠨᠠᠮᠤᠷ ‍ᠤᠨ ᠣᠲᠣᠷ ᠠ᠋ᠴᠠ ᠎ᠪᠠᠨ ᠡᠷᠲᠡᠬᠡᠨ ᠨᠡᠬᠦᠳᠡᠭ ᠤᠶᠤᠤᠬᠠᠢ 
ᠨᠠᠰᠤᠨ ‍ᠤ ᠬᠦᠢᠲᠡᠨ ᠪᠣᠯᠬᠣᠷ ‍ᠢᠶ᠋ᠠᠨ ᠦᠷᠭᠦᠵᠦ ᠵᠠᠶ᠋ᠢᠯᠠᠳᠠᠭ ᠶᠤᠮ ‍ᠤᠤ ᠤᠶᠤᠤᠬᠠᠢ 
ᠨᠠᠶ᠋ᠢᠷ ᠨᠠᠶ᠋ᠢᠷ ‍ᠤᠨ ᠰᠢᠷᠡᠭᠡᠨ ᠳᠡᠭᠡᠷ᠎ᠡ ᠳᠠᠭᠤᠤ ᠎ᠪᠠᠨ ᠡᠷᠭᠦᠳᠡᠭ ᠤᠶᠤᠤᠬᠠᠢ ᠂ 
ᠨᠠᠪᠴᠢᠨ ‍ᠤ ᠥᠩᠭᠡ  ᠤᠨᠠᠬᠤᠯᠠᠷ  ᠨᠢᠯᠪᠤᠰᠤᠷᠠᠵᠤ ᠪᠣᠯᠳᠠᠭ ᠦᠭᠡᠢ ᠶᠤᠮ ‍ᠦᠦ ᠤᠶᠤᠤᠬᠠᠢ 
ᠨᠡᠭᠦᠳᠡᠯ ᠨᠡᠭᠦᠳᠡᠯ ‍ᠦᠨ ᠬᠥᠯ ᠳᠠᠮᠵᠢᠭᠰᠠᠨ ᠲᠡᠷᠭᠡᠨ ᠳᠤᠭᠤᠢ ‍ᠶ᠋ᠢᠨ ᠮᠥᠭᠡᠷ ᠰᠢᠭ᠌ 
ᠨᠢᠭᠦᠯ ᠪᠤᠶᠠᠨ ‍ᠤ ᠦᠢᠯᠡ ᠠᠮᠰᠠᠭᠰᠠᠨ ᠪᠥᠭᠲᠥᠷ ᠬᠠᠶ᠋ᠢᠯᠠᠰᠤ ᠰᠢᠭ᠋ ᠪᠡᠶ᠎ᠡ  ‍ᠶ᠋ᠢᠨ ‍ᠢᠶ᠋ᠡᠨ 
ᠨᠢᠭᠡᠬᠡᠨ ᠰᠢᠷᠬᠡᠭ ᠭᠡᠵᠢᠭᠡ ‍ᠶ᠋ᠢ ᠴᠦ᠍ ᠡᠴᠦᠰ ‍ᠦᠨ ᠠᠮᠢᠰᠬᠤᠯ ᠰᠢᠭ᠋ ᠬᠠᠳᠠᠭᠠᠯᠠᠨ 
ᠨᠢᠮᠭᠡᠨ ᠤᠷᠤᠭᠤᠯ ‍ᠤᠨ ᠴᠢᠨᠢ ᠢᠯᠴᠢ ᠎ᠪᠡᠷ ᠲᠦᠭᠡᠨᠡᠬᠦᠯᠤᠶ᠎ᠡ ᠬᠡᠮᠡᠨ ᠬᠦᠯᠢᠶᠡᠨᠡᠮ ᠪᠢ 
ᠬᠥᠯᠥᠰᠥ ᠎ᠲᠡᠢ ᠲᠣᠬᠣᠮ ᠴᠤ᠌ ᠰᠡᠪᠡᠷᠡᠮ᠎ᠡ ᠥᠬᠡᠢ ᠱᠠᠭᠢᠭᠰᠠᠨ ᠪᠣᠷᠣᠭᠠᠨ ‍ᠤ ᠳᠤᠮᠳᠠᠭᠤᠷ
ᠬᠥᠯ ᠨᠢᠴᠦᠭᠦᠨ ᠴᠢᠮ᠎ᠠ ‍ᠶ᠋ᠢ ᠳᠠᠭᠠᠭᠤᠯᠤᠭᠠᠳ ᠭᠦᠶᠦᠬᠦ ‍ᠶ᠋ᠢᠨ ᠵᠢᠷᠭᠠᠯ ‍ᠢ
ᠬᠦᠯᠦᠭ ‍ᠦᠨ ᠳᠡᠯ ᠰᠢᠭ᠌ ᠰᠡᠷᠭᠦᠯᠡᠩ  ᠭᠠᠩᠭᠠᠩ ᠡᠷᠬᠡ ᠪᠠᠶ᠋ᠢᠭᠠᠯᠢ ᠎ᠲᠠᠢ ᠨᠢ 
ᠬᠦᠰᠡᠯ ᠰᠡᠳᠬᠢᠯ ᠬᠣᠶᠠᠷ ᠎ᠲᠠᠭᠠᠨ  ᠬᠥᠷᠥᠭ ᠵᠢᠷᠤᠭ ᠰᠢᠭ᠋ ᠬᠦᠬᠡᠮᠡᠶ᠋ᠢᠯᠠᠶ᠎ᠡ 
ᠬᠥᠬᠡ ᠲᠡᠭᠷᠢ ᠬᠥᠷᠥᠰᠥᠲᠦ ‍ᠶ᠋ᠢᠨ ᠰᠣᠨᠣᠷ ᠎ᠲᠤ᠌ ᠲᠤᠭᠤᠯᠭᠠᠨ ᠲᠤᠭᠤᠯᠭᠠᠶ᠎ᠡ 

бөгтөр хайлс



Сэм сэмхэн цас хаялсан ганган байгалийн дундуур
Сэвэлзсэн гэзэгтэй охин дагуулж явахын жаргалыг
Сэтгэл хүсэл хоёрынхоо хуурын утас шиг чавхдасан дээр 
Сэрүүн намрын ангир шиг уярал гомдлоор хөгжимдөнөм би 
Хөндүүр хөндүүрхэн зүрхийг минь чөдрийн морь шиг аргамжиж
Хөөрхөн алаг нүднийхээ ухаант харц дээр бэлчээдэг  
Хөх тэгрийн наран шиг хайраар баян охинтой
Хөдсөн дээлд багталцан дурлалаар шатаж чаддаг сан бол 
Дөч эргэм насандаа би арван оноор залуужиж
Дөрөөний нимгэн тавгийг буяныг сүүгээр зузаалж 
Дүнхэр түнхэр уулсынхаа толоод бүхэнд сөхцөн 
Дүүмэн түүмэн оддын гэрлээр биеэ ариулах юм сан 
Зүйдэлтэй хуучин хүлэм шиг амьдралынхаа намтрыг
Зүйрлэх хосгүй охин танд шагласан оёдол шиг тооцно гэж
Жиндэж гандсан ургамал шиг буурал үснийхээ тоогоор  
Жинхэнэ хайрын шүлгүүдийг мөнгөн сондор шиг хэлхэнэ хэж  
Чингис чингис донгоддог бурхан хэлтэй шувуунаас 
Чин үнэний тангарах андгайлж аваад ирэх юмсан 
Чин чиний нулимстай амина гэдэг дар эхээс  
Цэнхэр торгон хадагтай ерөөл гуйгаад ирэх юм саа өө 
Намар намрын отроосоо эртхэн нэхдэг оёохой 
Насны хүйтэн болохоороо үргэж зайлдаг юм уу оёохой 
Найр найрын ширээн дээр дуугаа өргөдөг оёохой , 
Навчны өнгө унахлаар нулимсрах болдоггүй юм үү оёохой 
Нүүдэл нүүдлийн хөл дамжсан тэргэн дугуйн мөөр шиг 
Нүгэл буяны үйл амссан бөгтөр хайлаас шиг биеийнхээ 
Нэгхэн ширхэг гэзгийг ч эцсийн амьсгал шиг хадгалан 
Нимгэн уруулын чинь илчээр төөнөхөлъе хэмээн хүлээнэм би
Хөлстэй тухам ч сэврэм үхий шаагьсан борооны дундуур
Хөл нүцгэн чамыг дагуулаад гүйхийн жаргалыг
Хүлгийн дэл шиг сэргэлэн ганган эрх байгальтай нь 
Хүсэл сэтгэл хоёртоо хөрөг зураг шиг хөхмийлье 
Хөх тэгэр хөрстийн сонорт тугалган дуулгае