ᠪᠠᠭᠰᠢ ᠶ᠋ᠢᠨ ᠵᠠᠬᠢᠶᠠᠰᠤ - ᠳ ᠂ ᠪᠢᠯᠢᠭᠦᠨᠳᠠᠯᠠᠢ Багшийн захиас - Д᠂Билгүүндалай
ᠪᠠᠭᠰᠢ ᠶ᠋ᠢᠨ ᠵᠠᠬᠢᠶᠠᠰᠤ
ᠵᠣᠬᠢᠶᠠᠭᠴᠢ ᠄ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠤ
ᠨᠢᠭᠡᠳᠦᠭᠡᠷ ᠳᠤᠮᠳᠠᠳᠤ ᠰᠤᠷᠭᠠᠭᠤᠯᠢ ᠶ᠋ᠢᠨ
ᠪᠠᠭᠰᠢ - ᠳ · ᠪᠢᠯᠢᠭᠦᠨᠳᠠᠯᠠᠢ
ᠤᠶᠠᠩᠭᠠᠯᠠᠭᠴᠢ ᠄ ᠪᠠᠭᠠᠷᠢᠨ ᠵᠡᠭᠦᠨ ᠬᠤᠰᠢᠭᠤᠨ ᠤ
ᠬᠠᠮ ᠵᠠᠭᠤᠴᠢᠯᠠᠭᠤᠷ ᠤᠨ ᠲᠥᠪ ᠦᠨ
ᠨᠡᠪᠲᠡᠷᠡᠭᠦᠯᠦᠭᠴᠢ - ᠡᠷᠬᠢᠮᠪᠠᠶᠠᠷ
ᠮᠡᠰᠡ ᠰᠢᠭ᠌ ᠬᠤᠷᠴᠠ ᠨᠢᠳᠦ ᠪᠡᠷ ᠪᠠᠭᠰᠢ ᠪᠠᠨ ᠰᠦᠯᠪᠡᠭᠰᠡᠨ ᠦ ᠬᠡᠷᠡᠭ ᠦᠭᠡᠢ
ᠮᠥᠰᠥ ᠰᠢᠭ᠌ ᠬᠦᠢᠲᠡᠨ ᠦᠭᠡ ᠪᠡᠷ ᠵᠢᠷᠦᠬᠡ ᠶ᠋ᠢ ᠨᠢ ᠬᠥᠷᠥᠭᠡᠭᠰᠡᠨ ᠦ ᠭᠠᠪᠢᠶ᠎ᠠ ᠦᠭᠡᠢ
ᠡᠷᠳᠡᠮ ᠢᠶ᠋ᠡᠷ ᠭᠠᠩᠳᠠᠭᠰᠠᠨ ᠤᠬᠠᠭᠠᠨ ᠴᠢᠨᠢ ᠮᠤᠩᠬᠠᠭ ᠤᠨ ᠮᠠᠨᠠᠨ ᠳᠤ ᠲᠥᠭᠡᠷᠢᠵᠦ
ᠡᠯᠳᠡᠩ ᠰᠤᠷᠤᠭᠰᠠᠨ ᠵᠠᠩ ᠴᠢᠨᠢ ᠡᠩ ᠦᠨ ᠬᠥᠮᠦᠨ ᠳᠦ ᠴᠦ᠍ ᠵᠢᠭᠰᠢᠭᠳᠡᠵᠦ ᠪᠠᠶ᠋ᠢᠨ᠎ᠠ
ᠦᠭᠡ ᠶ᠋ᠢᠨ ᠠᠯᠳᠠᠭ᠎ᠠ ᠶ᠋ᠢ ᠴᠢᠨᠢ ᠵᠠᠰᠠᠭᠰᠠᠨ ᠠ᠋ᠴᠠ ᠥᠭᠡᠷ᠎ᠡ ᠪᠤᠷᠤᠭᠤ ᠪᠠᠭᠰᠢ ᠳᠤ ᠴᠢᠨᠢ ᠦᠭᠡᠢ
ᠦᠨᠡᠨ ᠵᠥᠪ ᠢ ᠮᠡᠳᠡᠭᠦᠯᠬᠦ ᠡᠴᠡ ᠥᠭᠡᠷ᠎ᠡ ᠵᠣᠷᠢᠯᠭ᠎ᠠ ᠪᠠᠭᠰᠢ ᠳᠤ ᠴᠢᠨᠢ ᠦᠭᠡᠢ
ᠪᠠᠰᠤᠨᠠ ᠪᠠᠰᠤᠨᠠ ᠭᠡᠪᠡᠴᠦ ᠪᠠᠭᠰᠢ ᠶ᠋ᠢ ᠪᠠᠰᠤᠭᠠᠳ ᠨᠡᠮᠡᠷᠢ ᠦᠭᠡᠢ
ᠪᠠᠷᠳᠠᠮ ᠪᠠᠷᠳᠠᠮ ᠭᠡᠪᠡᠴᠦ ᠡᠷᠳᠡᠮ ᠳᠦ ᠪᠠᠷᠳᠠᠮᠨᠠᠭᠠᠳ ᠣᠯᠵᠠ ᠦᠭᠡᠢ
ᠡᠷᠳᠡᠮ ᠢᠶ᠋ᠡᠷ ᠭᠡᠶ᠋ᠢᠭᠰᠡᠨ ᠡᠨᠡ ᠴᠠᠭ ᠲᠤ
ᠰᠤᠷᠬᠤ ᠠ᠋ᠴᠠ ᠬᠠᠯᠠᠰᠢᠷᠠᠭᠠᠳ ᠬᠡᠷᠡᠭ ᠦᠭᠡᠢ
ᠡᠪ ᠢ ᠳᠡᠭᠡᠳᠦᠯᠡᠭᠰᠡᠨ ᠡᠨᠡ ᠡᠷᠢᠨ ᠳᠦ
ᠲᠥᠬᠥᠭᠡ ᠦᠭᠡᠢ ᠥᠰᠦᠭᠡᠳ ᠥᠭᠡᠳᠡᠯᠡᠬᠦ ᠦᠭᠡᠢ
ᠠᠷᠪᠠᠨ ᠵᠢᠯ ᠰᠤᠷᠤᠭᠰᠠᠨ ᠪᠠᠶ᠋ᠢᠲᠠᠯ᠎ᠠ ᠠᠷᠠᠢ ᠪᠠᠭ᠎ᠠ ᠮᠡᠳᠡᠵᠦ
ᠠᠪᠤ ᠡᠵᠢ ᠶ᠋ᠢᠨ ᠰᠤᠷᠭᠠᠯ ᠪᠠᠶ᠋ᠢᠪᠠᠴᠤ ᠳᠡᠩᠳᠡᠭᠦᠦ ᠠᠷᠳᠠᠭ ᠥᠰᠴᠦ ᠪᠠᠶ᠋ᠢᠨ᠎ᠠ
ᠮᠤᠩᠳᠠᠰᠢ ᠦᠭᠡᠢ ᠡᠷᠳᠡᠮ ᠪᠠᠭᠰᠢ ᠪᠠᠷ ᠬᠡᠮᠵᠢᠭᠳᠡᠬᠦ ᠪᠢᠰᠢ ᠳ᠋ᠠ
ᠮᠣᠩᠭᠣᠯ ᠤᠨ ᠰᠠᠶ᠋ᠢᠬᠠᠨ ᠦᠷᠡᠰ ᠮᠤᠩᠬᠠᠭ ᠭᠡᠭᠳᠡᠬᠦ ᠠᠯᠪᠠ ᠲᠠᠢ ᠴᠦ᠍ ᠪᠢᠰᠢ ᠳ᠋ᠠ
ᠳᠤᠲᠠᠭᠤ ᠰᠤᠷᠤᠭᠰᠠᠨ ᠢᠶ᠋ᠠᠨ ᠮᠡᠳᠡᠭᠰᠡᠭᠡᠷ ᠪᠠᠶ᠋ᠢᠵᠤ ᠠᠶᠤᠬᠤ ᠦᠭᠡᠢ ᠶᠠᠪᠤᠪᠠᠯ ᠶᠠᠷᠰᠢᠬ ᠪᠤᠢ
ᠳᠤᠨᠳᠠᠭᠤᠷ ᠤᠬᠠᠭᠠᠨ ᠢᠶ᠋ᠠᠨ ᠣᠶ᠋ᠢᠰᠢᠶᠠᠯ ᠦᠭᠡᠢ ᠢᠴᠢᠬᠦ ᠦᠭᠡᠢ ᠶᠠᠪᠤᠪᠠᠯ ᠭᠤᠲᠤᠮᠰᠢᠬ ᠪᠤᠢ
ᠬᠦᠨᠳᠦᠯᠡᠬᠦ ᠶ᠋ᠢᠨ ᠤᠴᠢᠷ ᠢ ᠴᠦ᠍ ᠭᠦᠦᠷᠡᠬᠦ ᠦᠭᠡᠢ ᠪᠠᠶ᠋ᠢᠵᠤ
ᠬᠥᠮᠦᠨ ᠰᠢᠭ᠌ ᠬᠥᠮᠦᠨ ᠪᠣᠯᠬᠤ ᠶᠠᠭᠤ ᠯᠠ ᠪᠣᠯ ᠳ᠋ᠠ
ᠪᠦᠲᠦᠨ ᠥᠭᠦᠯᠡᠪᠦᠷᠢ ᠴᠦ᠍ ᠬᠡᠯᠡᠵᠦ ᠴᠢᠳᠠᠬᠤ ᠦᠭᠡᠢ ᠪᠠᠶ᠋ᠢᠵᠤ
ᠪᠦᠭᠦᠳᠡ ᠶ᠋ᠢ ᠮᠡᠳᠡᠬᠦ ᠬᠡᠵᠢᠶ᠎ᠡ ᠯᠠ ᠪᠣᠯ ᠳ᠋ᠠ
ᠰᠦᠯᠵᠢᠶ᠎ᠡ ᠬᠠᠷᠢᠯᠴᠠᠭ᠎ᠠ ᠪᠢᠴᠢᠯᠭᠡ ᠳᠦᠷᠰᠦ ᠳᠦ ᠰᠦᠨᠡᠰᠦ ᠪᠡᠨ ᠬᠤᠳᠠᠯᠳᠤᠴᠢᠬᠠᠭᠠᠳ
ᠰᠦᠷ ᠦᠨ ᠶᠠᠭᠤᠮ᠎ᠠ ᠪᠣᠯᠤᠭᠰᠠᠨ ᠰᠢᠬ ᠳᠡᠭᠡᠷᠡᠩᠭᠦᠢ ᠵᠠᠩᠨᠠᠭᠰᠠᠨ ᠤ ᠪᠡᠨ᠎ᠡ ᠦᠭᠡᠢ
ᠭᠠᠩᠳᠠᠭᠤᠨ ᠦᠭᠡ ᠭᠠᠵᠢᠭᠤ ᠦᠢᠯᠡ ᠪᠡᠷ ᠲᠦᠷᠢᠶᠡ ᠪᠠᠷᠢᠵᠤ
ᠭᠠᠴᠢᠬᠳᠠᠭᠤᠯᠵᠤ ᠪᠠᠭᠰᠢ ᠠᠬᠠᠮᠠᠳ ᠢᠶ᠋ᠠᠨ ᠵᠣᠪᠠᠭᠠᠬᠤ ᠶ᠋ᠢ ᠴᠢᠳᠠᠯ ᠳᠤ ᠪᠣᠳᠣᠭᠰᠠᠨ ᠤ ᠤᠴᠢᠷ ᠦᠭᠡᠢ
ᠳᠠᠷᠤᠯᠭ᠎ᠠ ᠳᠠᠷᠤᠩᠭᠤᠢ ᠦᠭᠡᠢ ᠰᠤᠷᠪᠠᠯ ᠥᠪᠡᠷ ᠦᠨ ᠪᠡᠶ᠎ᠡ ᠳᠦ ᠴᠢᠨᠢ ᠬᠠᠯᠠ ᠲᠠᠢ
ᠳᠠᠪᠠᠭᠤᠷᠠᠵᠤ ᠬᠡᠳᠦ ᠠᠭᠠᠰᠢᠯᠠᠪᠠᠯ ᠬᠣᠵᠢᠮ ᠬᠣᠶ᠋ᠢᠰᠢ ᠳᠤ ᠴᠢᠨᠢ ᠮᠠᠭᠤ
ᠳᠠᠩᠴᠤ ᠡᠷᠬᠡ ᠪᠡᠷᠬᠡ ᠪᠡᠨ ᠢᠳᠡ ᠪᠠᠬ᠎ᠠ ᠪᠣᠯᠭᠠᠵᠤ ᠲᠠ
ᠳᠠᠩᠳᠠ ᠡᠯᠳᠡᠪ ᠪᠣᠰᠣᠷᠮᠠᠭ ᠲᠤ ᠰᠠᠨᠠᠭ᠎ᠠ ᠪᠣᠳᠣᠯ ᠢᠶ᠋ᠠᠨ ᠴᠢᠯᠡᠭᠡᠬᠦ ᠳᠦ
ᠡᠩ ᠦᠨ ᠣᠯᠠᠨ ᠨᠥᠬᠥᠳ ᠦᠨ ᠴᠢᠨᠢ ᠳᠣᠲᠣᠷ᠎ᠠ
ᠡᠶ᠎ᠡ ᠡᠪ ᠢ ᠬᠢᠴᠢᠶᠡᠭᠰᠡᠨ ᠡᠯᠢᠭᠡᠰᠡᠭ ᠰᠠᠶ᠋ᠢᠬᠠᠨ ᠠᠭᠠᠯᠢ ᠲᠠᠢ
ᠡᠷᠬᠢᠮ ᠰᠠᠶ᠋ᠢᠬᠠᠨ ᠰᠤᠷᠲᠠᠯ ᠨᠢ — ᠪᠠᠶᠠᠷᠯᠠᠬᠤ ᠲᠠᠯᠠᠷᠬᠠᠬᠤ ᠰᠡᠳᠬᠢᠯ ᠲᠡᠢ
ᠡᠷᠳᠡᠨᠢ ᠰᠢᠭ᠌ ᠵᠠᠯᠠᠭᠤᠰ ᠡᠯᠪᠡᠭ ᠪᠠᠶ᠋ᠢᠬᠤ ᠶ᠋ᠢ ᠬᠠᠷᠠᠭᠠᠷᠠᠢ
ᠬᠠᠮᠢᠶ᠎ᠠ ᠦᠭᠡᠢ ᠬᠥᠮᠦᠨ ᠲᠡᠢ ᠬᠠᠷᠢᠴᠠᠭᠤᠯᠤᠨ᠎ᠠ ᠭᠡᠵᠦ
ᠬᠠᠲᠠᠭᠤ ᠦᠭᠡ ᠰᠢᠳᠡᠨ ᠴᠢᠷᠠᠢ ᠬᠤᠪᠢᠷᠠᠭᠰᠠᠨ ᠤ ᠬᠡᠷᠡᠭ ᠦᠭᠡᠢ
ᠬᠠᠮᠤᠭ ᠢ ᠮᠡᠳᠡᠭᠴᠢ ᠪᠢ ᠴᠦ᠍ ᠪᠢᠰᠢ ᠲᠠ ᠴᠦ᠍ ᠪᠢᠰᠢ
ᠬᠠᠷᠢᠨ ᠴᠠᠭ ᠬᠤᠭᠤᠴᠠᠭ᠎ᠠ ᠯᠠ ᠪᠦᠭᠦᠳᠡ ᠶ᠋ᠢ ᠰᠢᠢᠳᠳᠡᠭ ᠶᠤᠮ ᠡ
ᠢᠯᠡᠭᠦᠦ ᠦᠭᠡ ᠬᠡᠯᠡᠯ᠎ᠡ ᠭᠡᠵᠦ ᠨᠡᠩ ᠪᠢᠲᠡᠭᠡᠢ ᠵᠢᠮᠡᠯᠡᠭᠡᠷᠡᠢ
ᠢᠯᠡᠬᠡᠨ ᠠᠯᠳᠠᠭ᠎ᠠ ᠶ᠋ᠢ ᠴᠢᠨᠢ ᠬᠠᠷᠠᠭᠰᠠᠭᠠᠷ ᠪᠠᠶ᠋ᠢᠵᠤ ᠳᠤᠭᠤᠢ ᠥᠩᠭᠡᠷᠡᠵᠦ ᠴᠢᠳᠠᠭᠰᠠᠨ ᠦᠭᠡᠢ
ᠬᠤᠪᠢ ᠪᠠᠨ ᠬᠥᠭᠡᠭᠡᠵᠦ ᠬᠤᠯᠠ ᠪᠠᠨ ᠤᠨᠤᠭᠠᠳ ᠶᠠᠪᠤᠶ᠎ᠠ ᠭᠡᠪᠡᠴᠦ
ᠬᠣᠪᠳᠣᠯ ᠴᠡᠭᠡᠵᠢ ᠮᠢᠨᠢ ᠬᠥᠨᠳᠡᠭᠦᠷᠯᠡᠵᠦ ᠡᠪᠡᠳᠦᠭᠡᠳ ᠪᠣᠯᠤᠭᠰᠠᠨ ᠦᠭᠡᠢ
ᠳᠡᠯᠡᠬᠡᠢ ᠶᠢᠷᠲᠢᠨᠴᠦ ᠶ᠋ᠢᠨ ᠰᠠᠶ᠎ᠠ ᠵᠢᠸ᠋᠎ᠠ ᠵᠠᠯᠠᠭᠤᠰ
ᠳᠡᠯᠭᠡᠷᠡᠬᠦ ᠰᠠᠶ᠋ᠢᠬᠠᠨ ᠮᠡᠳᠡᠯᠭᠡ ᠪᠡᠷ ᠬᠦᠰᠡᠯ ᠢᠶ᠋ᠡᠨ ᠪᠡᠶᠡᠯᠡᠭᠦᠯᠵᠦ ᠪᠠᠶ᠋ᠢᠬᠤ ᠳᠤ
ᠳᠡᠮᠡᠢ ᠰᠤᠷᠤᠭᠰᠠᠨ ᠮᠠᠨ ᠤ ᠵᠠᠷᠢᠮ ᠬᠡᠦᠬᠡᠳ ᠦᠳ
ᠳᠡᠪᠵᠢᠬᠦ ᠵᠠᠮ ᠢᠶ᠋ᠠᠨ ᠥᠪᠡᠷ ᠢᠶ᠋ᠡᠨ ᠬᠠᠭᠠᠬᠤ ᠶ᠋ᠢ ᠬᠠᠷᠠᠭᠠᠳ
ᠡᠩᠬᠦᠷᠡᠢ ᠦᠷ᠎ᠡ ᠪᠡᠨ ᠭᠡᠳ ᠥᠮᠥᠷᠡᠨ ᠵᠣᠪᠠᠬᠤ
ᠡᠬᠡ ᠶ᠋ᠢᠨ ᠰᠡᠳᠬᠢᠯ ᠢ ᠨᠢ ᠥᠷᠥ ᠡᠪᠡᠳᠴᠦ
ᠡᠨᠡ ᠯᠠ ᠪᠡᠶ᠎ᠡ ᠶ᠋ᠢᠨ ᠮᠢᠨᠢ ᠵᠠᠯᠭᠠᠮᠵᠢ ᠭᠡᠵᠦ ᠬᠦᠰᠡᠬᠦ
ᠡᠴᠢᠭᠡ ᠬᠥᠮᠦᠨ ᠦ ᠵᠢᠳᠬᠦᠯ ᠢ ᠨᠢ ᠪᠣᠳᠣᠵᠤ
ᠪᠢᠲᠡᠭᠦᠦ ᠪᠥᠭᠯᠡᠭᠦᠦ ᠡᠴᠡ ᠪᠡᠨ ᠡᠷᠲᠡᠬᠡᠨ ᠬᠣᠯᠠᠳᠠᠭᠠᠰᠠᠢ
ᠪᠢᠴᠢᠭ ᠡᠷᠳᠡᠮ ᠳᠦ ᠥᠪᠡᠷ ᠢ ᠪᠡᠨ ᠳᠠᠶ᠋ᠢᠴᠢᠯᠠᠭᠠᠰᠠᠢ ᠬᠡᠮᠡᠨ ᠬᠦᠰᠡᠵᠦ
ᠬᠥᠬᠡᠭᠡ ᠡᠪᠦᠯ ᠦᠨ ᠬᠦᠢᠲᠡᠨ ᠴᠠᠰᠤᠲᠤ ᠡᠳᠦᠷ
ᠬᠥᠨᠳᠡᠯᠡᠨ ᠪᠢᠷ ᠢ ᠬᠥᠰᠢᠯᠡ ᠪᠢ ᠃
(2022 ·11 ·15 )
Багшийн захиас
Зохиогч ᠄ Байран баруун хошууны давны
нэгдүгээр дундад сургуулийн
Багш - Д· Билгүүндалай
Уянгалагч ᠄ Байран зүүн хошууны
хам зуучлуурын төвийн
Нэвтрүүлэгч - Эрхэмбаяр
Мэс шиг хурц нүдээр багшаа сүлбэсний хэрэггүй
Мөс шиг хүйтэн үгээр зүрхийг нь хөргөсний гавьяагүй
Эрдмээр гандсан ухаан чинь мунхагийн мананд төөрч
Элдэн сурсан зан чинь энгийн хүнд ч жигшигдэж байна
Үгийн алдааг чинь зассанаас өөр буруу багшид чинь үгүй
Үнэн зөвийг мэдүүлэхээс өөр зорилго багшид чинь үгүй
Басна басна гэвч багшийг басаад нэмэргүй
Бардам бардам гэвч эрдэмд бардамнаад олзгүй
Эрдмээр гийсэн энэ цагт
Сурахаас халшраад хэрэггүй
Эвийг дээдэлсэн энэ эрэнд
Төхөөгүй өсөөд өөдлөхгүй
Арван жил сурсан байтал арай бага мэдэж
Аав ээжийн сургаал байвч дэндүү ардаг өсөж байна
Мундашгүй эрдэм багшаар хэмжигдэх биш даа
Монголын сайхан үрс мунхаг гэгдэх албатай ч биш даа
Дутуу сурснаа мэдсээр байж айхгүй явбал ярших вэ
Дундуур ухаанаа ойшоолгүй ичихгүй явбал гудамших вэ
Хүндлэхийн учрыг ч гүүрэхгүй байж
Хүн шиг хүн болох юу л бол доо
Бүтэн өгүүлбэр ч хэлж чадахгүй байж
Бүгдийг мэдэх хэзээ л бол доо
Сүлжээ харилцаа бичлэг дүрсэд сүнсээ худалдчихаад
Сүрийн юм болсон ших дээрэнгүй загнасныхаа өөгүй
Гндуун үг гажуу үйлээр түрээ барьж
Гачигтуулж багш ахмадаа зовоохыг чадалд бодсоны учиргүй
Дарлага дарангуйгүй сурвал өөрийн биед чинь халтай
Давуурч хэт аашилбал хожим хойшид чинь муу
Даанч эрх бэрхээ ид бах болгож даа
Дандаа элдэв бусармагт санаа бодлоо чилээхэд
Энгийн олон нөхдийн чинь дотор
Эе эвийг хичээсэн элэгсэг сайхан аальтай
Эрхэм сайхан суртал нь — баярлах талархах сэтгэлтэй
Эрдэнэ шиг залуус элбэг байхыг хараарай
Хамаагүй хүнтэй харьцуулна гэж
Хатуу үг шийтэн царай хувирсны хэрэггүй
Хамгийг мэдэгч би ч биш та ч биш
Харин цаг хугацаа л бүгдийг шийддэг юм ээ
Илүү үг хэллээ гэж нэн битгий зэмлээрэй
Илхэн алдааг чинь харсаар байж дугуй өнгөрч чадсангүй
Хувиа хөөж холоо унаад явъя гэвч
Ховдол цээж минь хөндүүрлэж өвдөөд болсонгүй
Дэлхий ертөнцийн сая жаваа залуус
Дэлгэрэх сайхан мэдлэгээр хүслээ биелүүлж байхад
Дэмий сурсан манай зарим хүүхдүүд
Дэвжих замаа өөрөө хаахыг хараад
Энхрий үрээ гээд өмрөн зовох
Эхийн сэтгэлийг нь өр өвдөж
Энэ л биеийн минь залгамж гэж хүсэх
Эцэг хүний зүтгэлийг нь бодож
Битүү бөглүүгээсээ эртхэн холдоосой
Бичиг эрдэмд өөрийгөө дайчлаасай хэмээн хүсэж
Хөхөө өвлийн хүйтэн цаст өдөр
Хөндлөн бирийг хөшлөө би.
(2022/11/15)
