ᠲᠡᠮᠡᠭᠡ ᠳᠣᠮᠣᠭ ᠦᠯᠢᠭᠡᠷ-ᠦᠯᠢᠭᠡᠷ 11Тэмээ домог үлгэр-Үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠡᠭᠡ ᠳᠣᠮᠣᠭ ᠦᠯᠢᠭᠡᠷ-ᠦᠯᠢᠭᠡᠷ 11Тэмээ домог үлгэр-Үлгэр

ᠲᠡᠮᠡᠭᠡ ᠳᠣᠮᠣᠭ ᠦᠯᠢᠭᠡᠷ-ᠦᠯᠢᠭᠡᠷ 11Тэмээ домог үлгэр-Үлгэр

ᠠᠩᠭᠢᠯᠠᠯ:ᠳᠣᠮᠣᠭ ᠦᠯᠢᠭᠡᠷ
2022-11-25

588

ᠲᠡᠮᠡᠭᠡ- ᠳᠣᠮᠣᠭ ᠦᠯᠢᠭᠡᠷ

    ᠡᠷᠲᠡ ᠤᠷᠢᠳᠤ ‍ᠶ᠋ᠢᠨ ᠴᠠᠭ ᠎ᠲᠤ᠌ ᠂ ᠪᠤᠷᠬᠠᠨ ᠪᠠᠭᠰᠢ ᠂ ᠡᠷᠯᠢᠭ ᠨᠣᠮᠣᠨ ᠬᠠᠭᠠᠨ ᠬᠣᠶᠠᠷ ᠂ ᠽᠠᠮᠪᠤᠲᠢᠪ ‍ᠤᠨ ᠬᠥᠮᠦᠰ ‍ᠦᠨ ᠰᠣᠨᠢᠨ ᠭᠠᠶ᠋ᠢᠬᠠᠮᠰᠢᠬ ᠪᠣᠯᠤᠭᠰᠠᠨ ᠨᠢᠭᠡ ᠨᠢᠭᠡ ᠠᠮᠢᠲᠠᠨ ᠬᠢᠶ᠎ᠡ ᠭᠡᠵᠦ ᠬᠠᠷᠢᠯᠴᠠᠨ ᠶᠠᠷᠢᠯᠴᠠᠵᠠᠢ ᠃
    ᠪᠤᠷᠬᠠᠨ ᠪᠠᠭᠰᠢ ᠠᠳᠤᠭᠤᠨ ᠰᠦᠷᠦᠭ ‍ᠦᠨ ᠮᠠᠩᠯᠠᠢ ᠪᠣᠯᠤᠭᠰᠠᠨ ᠠᠷᠭᠤᠮᠠᠭ ᠰᠠᠶ᠋ᠢᠬᠠᠨ ᠬᠦᠯᠦᠭ ᠭᠡᠭᠴᠢ ‍ᠶ᠋ᠢ ᠬᠢᠭᠰᠡᠨ ᠨᠢ ᠡᠷ᠎ᠡ ᠬᠥᠮᠦᠨ ‍ᠦ ᠬᠡᠶ᠋ᠢᠮᠣᠷᠢ ᠰᠡᠷᠭᠦᠭᠡᠮᠡᠷ ᠦᠨᠡᠬᠡᠷ ᠰᠠᠶ᠋ᠢᠬᠠᠨ ᠠᠮᠢᠲᠠᠨ ᠪᠣᠯᠵᠠᠢ ᠭᠡᠵᠦ ᠽᠠᠮᠪᠤᠲᠢᠪ ‍ᠤᠨ ᠬᠥᠮᠦᠰ ᠭᠠᠶ᠋ᠢᠬᠠᠵᠠᠭᠠᠵᠤ ᠭᠡᠨ᠎ᠡ ᠃
    ᠡᠭᠦᠨ ‍ᠢ ᠨᠢ ᠬᠠᠷᠠᠭᠰᠠᠨ ᠡᠷᠯᠢᠭ ᠨᠣᠮᠣᠨ ᠬᠠᠭᠠᠨ ᠂ᠬᠤᠤᠷ ᠱᠣᠷᠤᠨ ᠳ᠋ᠤ᠌ ᠎ᠪᠠᠨ ᠡᠭᠦᠨ ᠎ᠡᠴᠡ ᠢᠯᠡᠭᠦᠦ ᠰᠣᠨᠢᠨ ᠰᠠᠶ᠋ᠢᠬᠠᠨ ᠠᠮᠢᠲᠠᠨ ᠬᠢᠶ᠎ᠡ ᠭᠡᠵᠦ ᠪᠣᠳᠣᠭᠠᠳ ᠂  ᠭᠡᠳᠡᠭᠡᠷ ᠤᠷᠲᠤ ᠬᠦᠵᠦᠭᠦᠦ ᠎ᠲᠡᠢ ᠂ ᠴᠦᠳᠦᠶ᠋ᠢᠭᠰᠡᠨ ᠲᠣᠮᠣ ᠭᠡᠳᠡᠰᠦ ᠎ᠲᠡᠢ ᠂ ᠭᠣᠳᠣᠭᠣᠷ ᠨᠠᠷᠢᠬᠠᠨ ᠰᠡᠭᠦᠯ ᠎ᠲᠡᠢ ᠂ ᠬᠣᠶᠠᠷ ᠱᠣᠮᠪᠣᠭᠣᠷ ᠎ ᠪᠦᠬᠦ ᠲᠠᠢ ᠡᠲᠡᠭᠡᠳ ᠰᠣᠨᠢᠨ ᠠᠮᠢᠲᠠᠨ ᠬᠢᠵᠦ ᠭᠡᠨ᠎ᠡ᠃ ᠢᠩᠭᠢᠵᠦ ᠡᠷᠯᠢᠭ ᠨᠣᠮᠣᠨ ᠬᠠᠭᠠᠨ ᠂ ᠽᠠᠮᠪᠤᠲᠢᠪ ᠎ᠲᠤ᠌ ᠲᠡᠮᠡᠭᠡ ‍ᠶ᠋ᠢ ᠪᠣᠢ ᠪᠣᠯᠭᠠᠭᠰᠠᠨ ᠭᠡᠨ᠎ᠡ ᠃ 
    ᠲᠡᠮᠡᠭᠡ ᠡᠶ᠋ᠢᠮᠦ ᠡᠲᠡᠭᠡᠳ ᠰᠣᠨᠢᠨ ᠲᠥᠷᠬᠦ ᠎ᠲᠡᠢ ᠠᠮᠢᠲᠠᠨ ᠪᠣᠯᠬᠣᠷ ᠬᠥᠮᠦᠨ ᠎ᠡᠴᠡ ᠥᠭᠡᠷ᠎ᠡ ᠂ ᠲᠡᠮᠡᠭᠡᠨ ᠎ᠡᠴᠡ ᠭᠡᠲᠡᠬᠡᠷ ᠭᠡᠳᠡᠭ ᠦᠭᠡ ᠭᠠᠷᠤᠭᠰᠠᠨ ᠶᠤᠮ ᠭᠡᠨ᠎ᠡ ᠪᠢᠯᠡ᠃