ᠮᠠᠨᠳᠤᠬᠠᠢ-ᠵᠠᠩᠬᠢᠶ᠎ᠠМандухай-зангиа
ᠮᠠᠨᠳᠤᠬᠠᠢ-ᠵᠠᠩᠬᠢᠶ᠎ᠠ
ᠰᠢᠯᠦᠭ ᠄ ᠴᠢ᠊ ᠰᠠᠷᠠᠩᠭᠤᠤ᠎ᠠ
ᠠᠶ᠎ᠠ ᠄ᠭᠣ ᠰᠡᠷᠭᠦᠯᠡᠩ
ᠳᠠᠭᠤᠴᠢᠨ ᠄ ᠵᠠᠩᠭᠢᠶ᠎ᠠ
ᠡᠬᠡ ᠶ᠋ᠢᠨ ᠡᠩᠭᠡᠷ ᠡᠴᠠ
ᠤᠷᠭᠤᠭᠰᠠᠨ ᠰᠦᠨ ᠴᠡᠴᠡᠭ ᠮᠠᠨᠳᠤᠬᠠᠢ
ᠡᠷᠬᠡᠲᠦ ᠲᠦᠷᠦ ᠶ᠋ᠢᠨ
ᠵᠢᠯᠣᠭᠣ᠌ ᠶ᠋ᠢ ᠲᠦᠰᠢᠭᠰᠡᠨ ᠬᠠᠭᠠᠨ ᠴᠡᠴᠡᠭ ᠮᠠᠨᠳᠤᠬᠠᠢ
ᠮᠠᠨᠳᠤᠯ ᠮᠥᠬᠥᠯ ᠦᠨ
ᠡᠬᠡᠵᠡᠭᠲᠦ ᠡᠷᠢᠨ ᠦ ᠲᠤᠭ ᠴᠡᠴᠡᠭ ᠮᠠᠨᠳᠤᠬᠠᠢ
ᠮᠠᠨᠠᠨᠲᠤ ᠥᠷᠭᠥᠭᠡᠨ
ᠳ᠋ᠦ᠍ ᠬᠡᠷᠡᠯ ᠠᠰᠠᠭᠠᠭᠰᠠᠨ ᠡᠵᠢ ᠴᠡᠴᠡᠭ ᠮᠠᠨᠳᠤᠬᠠᠢ
ᠤᠬᠠᠭᠠᠯᠢᠭ᠋ ᠡᠴᠢᠭᠡ
ᠡᠴᠡ ᠡᠬᠢᠯᠡᠭᠳᠡᠭᠰᠡᠨ ᠡᠷᠬᠡ ᠲᠠᠩᠬᠢ ᠮᠠᠨᠳᠤᠬᠠᠢ
ᠣᠭ᠌ᠶᠤ ᠰᠢᠭ᠋ ᠡᠬᠡ ᠡᠴᠡ
ᠲᠠᠰᠤᠷᠠᠭᠰᠠᠨ ᠠᠮᠢᠨ ᠭᠤᠸ᠋᠎ᠠ ᠮᠠᠨᠳᠤᠬᠠᠢ
ᠤᠷᠠᠨ ᠪᠠᠭᠰᠢ ᠡᠴᠡ
ᠥᠪᠯᠡᠭᠰᠡᠨ ᠲᠦᠷᠦ ᠶ᠋ᠢᠨ ᠴᠢᠮᠡᠭ ᠮᠠᠨᠳᠤᠬᠠᠢ
ᠠᠭᠤᠤ ᠲᠦᠮᠡᠨ ᠳ᠋ᠦ᠍ ᠪᠠᠨ ᠳᠡᠭᠡᠳᠦᠯᠡᠭᠳᠡᠭᠰᠡᠨ ᠪᠤᠷᠬᠠᠨ ᠡᠬᠡ ᠮᠠᠨᠳᠤᠬᠠᠢ
ᠠᠢ ᠂ ᠬᠡᠭᠡᠨ
ᠮᠠᠨᠳᠤᠬᠠᠢ ᠂ ᠬᠠᠳᠣᠨ ᠮᠠᠨᠳᠤᠬᠠᠢ ᠂ ᠬᠠᠭᠠᠨ ᠮᠠᠨᠳᠤᠬᠠᠢ
ᠠᠯᠲᠠᠨ ᠤᠷᠤᠭ ᠤᠨ
ᠠᠯᠳᠠᠷ ᠵᠠᠶᠠᠭ᠎ᠠ ᠶ᠋ᠢ ᠵᠢᠷᠤᠮ ᠢᠶ᠋ᠠᠷ ᠠᠳᠬᠤᠭᠰᠠᠨ
ᠠᠷᠢᠭᠤᠨ ᠳᠠᠷᠬᠠᠨ
ᠬᠡᠭᠡᠨ ᠰᠦᠯᠳᠡ ᠪᠠᠨ ᠠᠮᠢ ᠪᠡᠶ᠎ᠡ ᠪᠠᠷ ᠢᠶ᠋ᠠᠨ ᠲᠤᠯᠤᠭᠰᠠᠨ
ᠡᠵᠡᠨ ᠮᠠᠨᠳᠤᠬᠠᠢ ᠂
ᠡᠵᠢ ᠮᠠᠨᠳᠤᠬᠠᠢ ᠂ ᠮᠣᠩᠭᠣᠯ ᠤᠨ ᠮᠠᠨᠳᠤᠬᠠᠢ
ᠡᠵᠡᠨ ᠮᠠᠨᠳᠤᠬᠠᠢ ᠂
ᠡᠵᠢ ᠮᠠᠨᠳᠤᠬᠠᠢ ᠂ ᠮᠣᠩᠭᠣᠯ ᠤᠨ ᠮᠠᠨᠳᠤᠬᠠᠢ
ᠡᠵᠡᠨ ᠪᠣᠭᠳᠠ ᠳ᠋ᠦ᠍
ᠪᠠᠨ ᠲᠠᠩᠭᠠᠷᠢᠭ᠋ ᠲᠠᠢ ᠦᠨᠡᠨᠴᠢ ᠰᠡᠴᠡᠨ ᠮᠠᠨᠳᠤᠬᠠᠢ
ᠡᠬᠡ ᠮᠣᠩᠭᠣᠯ
ᠲᠦᠮᠡᠨ ᠳᠤ ᠪᠠᠨ ᠵᠢᠳᠬᠦᠯ ᠲᠠᠢ ᠪᠦᠰᠡᠭᠦᠢ ᠤᠬᠠᠭᠠᠨ ᠮᠠᠨᠳᠤᠬᠠᠢ
ᠲᠠᠯ᠎ᠠ ᠶ᠋ᠢᠨ ᠴᠠᠭᠠᠨ ᠳᠡᠭᠡᠪᠦᠷᠲᠦ ᠭᠡᠷ ᠲᠦ᠍ ᠪᠠᠨ ᠦᠢᠯᠡ ᠤᠷᠠᠯᠠᠭᠰᠠᠨ ᠮᠠᠨᠳᠤᠬᠠᠢ
ᠲᠠᠪᠤᠨ ᠲᠢᠪ ᠲᠦ᠍
ᠨᠡᠷ᠎ᠡ ᠪᠠᠨ ᠳᠠᠭᠤᠷᠢᠰᠤᠭᠤᠯᠤᠭᠰᠠᠨ ᠮᠣᠩᠭᠣᠯ ᠤᠨ ᠭᠤᠸ᠋᠎ᠠ ᠮᠠᠨᠳᠤᠬᠠᠢ
ᠠᠢ ᠂ ᠬᠡᠭᠡᠨ
ᠮᠠᠨᠳᠤᠬᠠᠢ ᠂ ᠬᠠᠳᠣᠨ ᠮᠠᠨᠳᠤᠬᠠᠢ ᠂ ᠬᠠᠭᠠᠨ ᠮᠠᠨᠳᠤᠬᠠᠢ
ᠠᠯᠲᠠᠨ ᠤᠷᠤᠭ ᠤᠨ
ᠠᠯᠳᠠᠷ ᠵᠠᠶᠠᠭ᠎ᠠ ᠶ᠋ᠢ ᠵᠢᠷᠤᠮ ᠢᠶ᠋ᠠᠷ ᠠᠳᠬᠤᠭᠰᠠᠨ
ᠠᠷᠢᠭᠤᠨ ᠳᠠᠷᠬᠠᠨ
ᠬᠡᠭᠡᠨ ᠰᠦᠯᠳᠡ ᠪᠠᠨ ᠠᠮᠢ ᠪᠡᠷ ᠢᠶ᠋ᠠᠨ ᠲᠤᠯᠤᠭᠰᠠᠨ
ᠡᠵᠡᠨ ᠮᠠᠨᠳᠤᠬᠠᠢ ᠂
ᠡᠵᠢ ᠮᠠᠨᠳᠤᠬᠠᠢ ᠂ ᠮᠣᠩᠭᠣᠯ ᠤᠨ ᠮᠠᠨᠳᠤᠬᠠᠢ
ᠡᠵᠡᠨ ᠮᠠᠨᠳᠤᠬᠠᠢ ᠂
ᠡᠵᠢ ᠮᠠᠨᠳᠤᠬᠠᠢ ᠂ ᠮᠣᠩᠭᠣᠯ ᠤᠨ ᠮᠠᠨᠳᠤᠬᠠᠢ
