ᠮᠥᠩᠬᠡ ᠶᠢᠨ ᠷᠠᠰᠢᠶᠠᠨ ᠳᠣᠮᠣᠭ ᠦᠯᠢᠭᠡᠷ-ᠦᠯᠢᠭᠡᠷМөнхийн рашаан домог үлгэр-Үлгэр 10 ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠶᠢᠨ ᠷᠠᠰᠢᠶᠠᠨ ᠳᠣᠮᠣᠭ ᠦᠯᠢᠭᠡᠷ-ᠦᠯᠢᠭᠡᠷМөнхийн рашаан домог үлгэр-Үлгэр 10

ᠮᠥᠩᠬᠡ ᠶᠢᠨ ᠷᠠᠰᠢᠶᠠᠨ ᠳᠣᠮᠣᠭ ᠦᠯᠢᠭᠡᠷ-ᠦᠯᠢᠭᠡᠷМөнхийн рашаан домог үлгэр-Үлгэр 10

ᠠᠩᠭᠢᠯᠠᠯ:ᠳᠣᠮᠣᠭ ᠦᠯᠢᠭᠡᠷ
2022-11-24

715

   ᠥᠨᠥᠲᠥᠷ ᠪᠢ ᠲᠠ ᠨᠠᠷ  ᠲᠦ  ᠎ᠪᠠᠨ ᠮᠥᠩᠬᠡ ‍ᠶ᠋ᠢᠨ ᠷᠠᠰᠢᠶᠠᠨ ᠭᠡᠰᠡᠨ ᠳᠣᠮᠣᠭ ᠦᠯᠢᠭᠡᠷ ‍ᠢ ᠤᠩᠰᠢᠵᠤ ᠥᠭᠭᠦᠶ᠎ᠡ ᠃

 ᠪᠤᠷᠬᠠᠨ ᠪᠠᠭᠰᠢ ᠡᠨᠡ ᠶᠢᠷᠲᠢᠨᠴᠦ ‍ᠶ᠋ᠢ ᠮᠥᠩᠬᠡ ᠨᠣᠭᠣᠭᠠᠨ ᠤᠷᠭᠤᠮᠠᠯ ᠎ᠲᠠᠢ ᠪᠣᠯᠭᠠᠬᠤ ᠭᠡᠵᠦ ᠮᠥᠩᠬᠡ ‍ᠶ᠋ᠢᠨ ᠷᠠᠰᠢᠶᠠᠨ ‍ᠢ ᠪᠦᠲᠦᠭᠡᠵᠦ ᠭᠡᠨ᠎ᠡ ᠃
   ᠲᠡᠭᠡᠭᠡᠳ ᠮᠥᠩᠬᠡ ‍ᠶ᠋ᠢᠨ ᠷᠠᠰᠢᠶᠠᠨ ‍ᠢ ᠢᠯᠡᠭᠡᠬᠦ ᠡᠯᠴᠢ ᠎ᠪᠡᠷ ᠱᠠᠭᠠᠵᠠᠭᠠᠢ ‍ᠶ᠋ᠢ ᠲᠣᠮᠢᠯᠠᠵᠤ ᠂ ᠱᠠᠭᠠᠵᠠᠭᠠᠢ ᠠᠮᠠᠨ ‍ᠲᠤ ᠎ᠪᠠᠨ ᠮᠥᠩᠬᠡ ‍ᠶ᠋ᠢᠨ ᠷᠠᠰᠢᠶᠠᠨ ‍ᠢ ᠪᠠᠯᠭᠤᠭᠠᠳ ᠶᠠᠪᠤᠵᠠᠢ ᠭᠡᠨ᠎ᠡ ᠃ ᠱᠠᠭᠠᠵᠠᠭᠠᠢ ᠨᠢᠰᠴᠦ ᠶᠠᠪᠤᠬᠤ ‍ᠲᠤ ᠎ᠪᠠᠨ ᠮᠥᠩᠬᠡ ‍ᠶ᠋ᠢᠨ ᠷᠠᠰᠢᠶᠠᠨ ‍ᠤ ᠷᠢᠲᠢ ᠰᠢᠲᠢ ᠴᠢᠲᠠᠯ ᠶᠠᠮᠠᠷ ᠪᠠᠶ᠋ᠢᠲᠠᠭ ᠶᠤᠮ ᠪᠣᠯ ᠭᠡᠵᠦ ᠪᠣᠲᠣᠭᠠᠳ ᠥᠲᠥᠨ ᠳᠡᠭᠡᠷ᠎ᠡ ᠎ᠪᠡᠨ ᠵᠢᠭᠠᠬᠠᠨ ᠳᠤᠰᠤᠭᠠᠭᠠᠳ ᠦᠵᠡᠭᠰᠡᠨ ᠴᠢᠨᠢ ᠬᠠᠷ᠎ᠠ ᠴᠠᠭᠠᠨ ᠪᠠᠶ᠋ᠢᠭᠰᠠᠨ ᠥᠲᠥ ᠨᠢ ᠬᠠᠷ᠎ᠠ ᠨᠣᠭᠣᠭᠠᠨ ᠪᠣᠯᠤᠭᠠᠳ ᠬᠤᠪᠢᠷᠠᠴᠢᠬᠠᠵᠤ ᠭᠡᠨ᠎ᠡ ᠰᠢᠦ ᠃
   ᠲᠡᠭᠡᠭᠡᠳ ᠨᠢᠰᠴᠦ ᠶᠠᠪᠤᠭᠰᠠᠭᠠᠷ ᠭᠠᠴᠤᠷ᠎ᠠ ᠮᠣᠲᠣᠨ ᠳᠡᠭᠡᠷ᠎ᠡ ᠰᠠᠭᠤᠵᠤ ᠵᠢᠭᠠᠬᠠᠨ ᠠᠮᠠᠷᠠᠭᠠᠳ ᠮᠥᠩᠬᠡ ‍ᠶ᠋ᠢᠨ ᠷᠠᠰᠢᠶᠠᠨ ᠠ᠋ᠴᠠ ᠎ᠪᠠᠨ ᠭᠠᠴᠤᠷ᠎ᠠ ᠳᠡᠭᠡᠷ᠎ᠡ ᠳᠤᠰᠤᠭᠠᠭᠰᠠᠨ ᠴᠢᠨᠢ ᠭᠠᠴᠤᠷ᠎ᠠ ᠮᠣᠲᠣ ᠨᠣᠭᠣᠭᠠᠨ ᠪᠣᠯᠵᠤ ᠭᠡᠨ᠎ᠡ ᠃ ᠢᠩᠭᠢᠭᠡᠳ ᠴᠠᠭᠠᠰᠢ ᠎ᠪᠠᠨ ᠨᠢᠰᠴᠦ ᠶᠠᠪᠤᠭᠰᠠᠭᠠᠷ ᠡᠴᠡᠵᠦ ᠶᠠᠲᠠᠷᠠᠭᠠᠳ ᠬᠤᠰᠢ ᠮᠣᠲᠣᠨ ᠳᠡᠭᠡᠷ᠎ᠡ ᠰᠠᠭᠤᠭᠠᠳ ᠮᠥᠩᠬᠡ ‍ᠶ᠋ᠢᠨ ᠷᠠᠰᠢᠶᠠᠨ ᠠ᠋ᠴᠠ ᠎ᠪᠠᠨ ᠪᠠᠰᠠ ᠨᠢᠭᠡ ‍ᠶ᠋ᠢ ᠳᠤᠰᠤᠭᠠᠭᠰᠠᠨ ᠴᠢᠨᠢ ᠮᠦᠨ ᠯᠡ ᠨᠣᠭᠣᠭᠠᠷᠠᠭᠠᠳ ᠶᠠᠪᠤᠴᠢᠬᠠᠵᠤ ᠭᠡᠨ᠎ᠡ ᠃ ᠲᠡᠨᠲᠡ ᠎ᠡᠴᠡ᠎ᠪᠠᠨ ᠴᠠᠭᠠᠰᠢ ᠨᠢᠰᠴᠦ ᠶᠠᠪᠤᠭᠠᠳ ᠭᠡᠲᠡᠰᠦ ᠨᠢ ᠥᠯᠥᠰᠬᠦ ᠎ᠪᠡᠷ ᠵᠡᠭᠡᠷᠭᠡᠨ᠎ᠡ ‍ᠶ᠋ᠢᠨ ᠬᠥᠨᠲᠡᠢ ‍ᠲᠦ ᠪᠠᠭᠤᠵᠤ ᠵᠡᠭᠡᠷᠭᠡᠨ᠎ᠡ ‍ᠶ᠋ᠢᠨ ᠤᠯᠠᠭᠠᠨ ᠪᠤᠭᠤᠷᠴᠠᠭ ᠠ᠋ᠴᠠ ᠨᠢ ᠴᠠᠤᠠᠲᠠᠯ᠎ᠠ ᠎ᠪᠠᠨ ᠢᠲᠡᠵᠦ ᠠᠪᠤᠭᠠᠳ ᠭᠡᠲᠡᠰᠦ ᠴᠠᠲᠤᠭᠰᠠᠨ ‍ᠤ ᠬᠢ ᠭᠡᠳ ᠵᠡᠭᠡᠷᠭᠡᠨ᠎ᠡ ᠳᠡᠭᠡᠷ᠎ᠡ ᠮᠥᠩᠬᠡ ‍ᠶ᠋ᠢᠨ ᠷᠠᠰᠢᠶᠠᠨ ‍ ᠠ᠋ᠴᠠ ᠎ᠪᠠᠨ ᠨᠢᠭᠡ ᠳᠤᠰᠤᠯ ‍ᠢ ᠳᠤᠰᠤᠭᠠᠲᠠᠯ᠎ᠡ ᠮᠦᠨ ᠯᠡ ᠵᠡᠭᠡᠷᠭᠡᠨ᠎ᠡ ᠮᠥᠩᠬᠡ ᠨᠣᠭᠣᠭᠠᠨ ᠪᠣᠯᠵᠤ ᠦᠯᠡᠲᠡᠵᠦ ᠭᠡᠨ᠎ᠡ ᠃ ᠬᠠᠷᠢᠨ ᠦᠯᠡᠳᠡᠭᠰᠡᠨ ᠵᠢᠭᠠᠬᠠᠨ ᠳᠤᠰᠤᠯ ‍ᠢ ᠨᠢ ᠥᠪᠡᠷᠲᠡᠭᠡᠨ ᠲᠤᠰᠠ ᠪᠣᠯᠭᠠᠨ᠎ᠠ ᠭᠡᠳ ᠵᠠᠯᠭᠢᠵᠤ ᠤᠷᠭᠢᠭᠰᠠᠨ ‍ᠳᠤ ᠬᠣᠲᠣᠭᠣᠲᠣᠨ ‍ᠲᠤ ᠨᠢ ᠬᠦᠷᠦᠯ ᠦᠭᠡᠢ ᠬᠣᠭᠣᠯᠠᠢ ‍ᠲᠤ ᠨᠢ ᠮᠥᠩᠬᠡ ᠨᠣᠭᠣᠭᠠᠨ ᠰᠥᠰᠥ ᠪᠣᠯᠤᠭᠠᠳ ᠳᠤᠭᠲᠠᠴᠢᠬᠠᠵᠤ ᠭᠡᠨ᠎ᠡ  ᠃ ᠲᠡᠶ᠋ᠢᠮᠦ ᠤᠴᠢᠷ ᠠ᠋ᠴᠠ ᠱᠠᠭᠠᠵᠠᠭᠠᠢ ᠬᠣᠲᠣᠭᠣᠲᠣᠨ ‍ᠲᠤ ᠎ᠪᠠᠨ ᠰᠥᠰᠥ ᠦᠭᠡᠢ ᠬᠣᠭᠣᠯᠠᠢ ‍ᠲᠤ ᠎ᠪᠠᠨ ᠰᠥᠰᠥ ᠎ᠲᠡᠢ ᠪᠣᠯᠤᠭᠰᠠᠨ ᠶᠤᠮ ᠰᠠᠨᠵᠠᠢ ᠃