ᠡᠵᠢ ᠶᠢᠨ ᠮᠢᠨᠢ ᠦᠨᠦᠷ- ᠤᠷᠭᠤᠮᠠᠯЭэжийн минь үнэр-ургамал ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠶᠢᠨ ᠮᠢᠨᠢ ᠦᠨᠦᠷ- ᠤᠷᠭᠤᠮᠠᠯЭэжийн минь үнэр-ургамал

ᠡᠵᠢ ᠶᠢᠨ ᠮᠢᠨᠢ ᠦᠨᠦᠷ- ᠤᠷᠭᠤᠮᠠᠯЭэжийн минь үнэр-ургамал

2022-11-21

1611

ᠡᠵᠢ ᠶᠢᠨ ᠮᠢᠨᠢ ᠦᠨᠦᠷ

             ᠵᠣᠬᠢᠶᠠᠭᠴᠢ ᠄ ᠤᠷᠭᠤᠮᠠᠯ
ᠠᠭᠤᠯᠠᠰ ᠵᠡᠷᠭᠡᠯᠭᠡᠨᠲᠦᠨ ᠨᠠᠷᠠᠨ ᠰᠢᠩᠭᠡᠬᠦ ‍ᠶ᠋ᠢᠨ ᠵᠠᠪᠰᠠᠷ ᠤᠯᠠᠭᠠᠬᠠᠨ ᠲᠡᠷᠯᠢᠭ ᠎ᠲᠡᠢ ᠪᠦᠰᠡᠭᠦᠢ ᠡᠭᠦᠯᠡᠰ ‍ᠢ ᠲᠡᠪᠡᠷᠢᠨ ᠪᠦᠵᠢᠵᠦ ᠂
ᠤᠷᠢᠳ ᠪᠠᠶ᠋ᠢᠭ᠎ᠠ ᠦᠭᠡᠢ ᠰᠡᠷᠢᠭᠦᠨ ᠲᠤᠩᠭᠠᠯᠠᠭ ᠦᠨᠦᠷ
ᠤᠢ ᠮᠡᠳᠡᠷᠡᠮᠵᠢ ‍ᠶ᠋ᠢ ᠪᠠᠭ᠎ᠠ ᠨᠠᠰᠤᠨ ‍ᠳᠤ ᠮᠢᠨᠢ ᠬᠥᠲᠥᠯᠵᠦ ᠂
ᠤᠯᠠᠪᠤᠷᠬᠠᠨ ᠲᠤᠶᠠᠭ᠎ᠠ ᠎ᠲᠠᠢ ᠬᠠᠮᠲᠤ ᠳᠡᠯᠡᠬᠡᠢ ‍ᠶ᠋ᠢ ᠪᠦᠯᠢᠶᠡᠯᠡᠵᠦ ᠵᠢᠷᠭᠠᠭᠠᠨ᠎ᠠ ᠃
ᠤᠤᠬᠠᠢ ᠶᠠᠭ ᠡᠨᠡ ᠴᠢᠨᠢ ᠮᠢᠨᠦ ᠪᠠᠭ᠎ᠠ ᠨᠠᠰᠤᠨ ‍ᠤ ᠦᠨᠦᠷ ᠃
ᠮᠥᠷ ᠎ᠲᠡᠢ ᠎ᠪᠡᠨ ᠡᠮᠦᠨ᠎ᠡ ᠬᠣᠶ᠋ᠢᠨ᠎ᠠ ᠎ᠪᠠᠨ ᠭᠠᠷᠴᠤ ᠤᠷᠤᠯᠳᠤᠨ ᠬᠣᠶᠠᠷ ᠮᠠᠭᠤ ᠬᠠᠶ᠋ᠢᠳᠠᠭ ‍ ‍ᠢᠶ᠋ᠠᠨ ᠰᠠᠭᠠᠬᠤ ᠬᠡᠮᠡᠨ ᠲᠡᠮᠡᠦᠯᠬᠦ ‍ᠳᠦ 
ᠲᠡᠷᠯᠢᠭ ‍ᠦᠨ ᠬᠢᠨᠢ ᠬᠣᠷᠮᠣᠢ ᠎ᠡᠴᠡ ᠬᠦᠪᠦᠷᠡᠭᠰᠡᠨ ᠰᠠᠭᠠᠯᠢ ‍ᠶ᠋ᠢᠨ ᠦᠨᠦᠷ
ᠰᠠᠯᠬᠢᠨ ‍ᠤ ᠠᠶᠠᠰ ‍ᠢᠶ᠋ᠠᠷ ᠤᠯᠠᠪᠢᠷ ᠲᠤᠶᠠᠭᠠᠨ ‍ᠳᠤ ᠰᠢᠩᠭᠡᠨ᠎ᠡ ᠃
ᠨᠣᠶ᠋ᠢᠷᠮᠤᠭ ᠰᠦᠮᠡᠨ ᠨᠢᠳᠦ ᠎ᠪᠡᠨ ᠨᠡᠭᠡᠭᠡᠵᠦ ᠠᠮᠵᠢᠭ᠎ᠠ ᠦᠭᠡᠢ ᠪᠠᠶ᠋ᠢᠬᠤ ‍ᠳᠤ ᠨᠥᠮᠥᠭᠡᠨ ᠰᠢᠷᠭᠠᠯ ᠴᠠᠢ ‍ᠶ᠋ᠢᠨ ᠠᠭᠤᠷ ᠰᠤᠨᠤᠯᠵᠠᠨ ᠢᠷᠡᠵᠦ ᠨᠠᠮ᠎ᠠ ‍ᠶ᠋ᠢ ᠲᠡᠪᠡᠷᠢᠨ ᠠᠷᠭᠠᠳᠠᠬᠤ ‍ᠳᠤ
ᠪᠢ ᠦᠨᠦᠷ ᠬᠣᠶᠠᠭᠤᠯᠠ ᠨᠢᠭᠡ ᠴᠣᠭᠴᠠ ᠪᠣᠯᠵᠤ ᠤᠯᠠᠪᠤᠷ ᠲᠤᠶᠠᠭᠠᠨ ‍ᠳᠤ ᠠᠭᠤᠰᠤᠨ᠎ᠠ ᠃
ᠬᠣᠷᠢᠨ ᠵᠢᠯ ‍ᠦᠨ ᠡᠮᠦᠨ᠎ᠡ ᠴᠠᠢ ᠰᠠᠮᠤᠷᠤᠭᠰᠠᠨ ᠰᠢᠨᠠᠭ᠎ᠠ ᠨᠢ ᠬᠣᠷᠢᠨ ᠵᠢᠯ ᠤᠭᠢᠶᠠᠭ᠎ᠡ ᠦᠭᠡᠢ ᠯᠡ ᠶᠤᠮ ᠰᠢᠭ᠋ 
ᠲᠡᠶ᠋ᠢᠮᠦ ᠲᠠᠰᠤᠯᠬᠠᠨ ᠦᠨᠦᠷ ᠲᠡᠢ ᠎ᠪᠡᠨ ᠬᠠᠮᠲᠤ ᠥᠨᠥᠳᠥᠷ ᠮᠢᠨᠦ ᠴᠢᠨᠠᠭᠰᠠᠨ ᠴᠠᠢ ‍ᠶ᠋ᠢ ᠰᠠᠮᠤᠷᠤᠨ᠎ᠠ 
ᠰᠠᠮᠤᠷᠤᠭᠰᠠᠨ ᠲᠡᠷᠡ ᠪᠤᠷᠭᠢᠶᠠᠨ ‍ᠳᠤ ᠨᠢ ᠰᠠᠶᠢᠬᠢ ᠤᠯᠠᠪᠤᠷ ᠲᠤᠶᠠᠭ᠎ᠠ ᠰᠠᠷᠠᠨ ‍ᠤ ᠭᠡᠭᠡᠨ ‍ᠳᠦ ᠠᠭᠤᠰᠤᠨ᠎ᠠ ᠃
ᠬᠢᠭᠰᠡᠨ ᠪᠤᠤᠵᠠ ‍ᠶ᠋ᠢᠨ ᠬᠢᠨᠢ ᠦᠨᠦᠷ ᠪᠠᠭ᠎ᠠ ᠨᠠᠰᠤ ‍ᠶ᠋ᠢ ᠮᠢᠨᠢ ᠥᠯᠥᠭᠡᠶ᠋ᠢᠳᠡᠵᠦ ᠂
ᠥᠭᠡᠷ᠎ᠡ ᠬᠡᠨ ᠎ᠴᠤ᠌ ᠣᠷᠣᠯᠠᠵᠤ ᠡᠰᠡ ᠴᠢᠳᠠᠬᠤ ᠰᠣᠳᠣᠨ ᠪᠠᠰᠠ ᠲᠠᠰᠤᠯ ᠲᠡᠷᠡ ᠦᠨᠦᠷ ᠬᠣᠭᠣᠯᠠ ᠪᠢᠰᠢ ᠡᠮ ᠪᠠᠶ᠋ᠢᠬᠰᠠᠨ ‍ᠢ ᠮᠡᠳᠡᠷᠡᠯ᠎ᠡ ᠃
ᠦᠭᠡ ‍ᠶ᠋ᠢ ᠨᠢ ᠰᠢᠩᠭᠡᠭᠡᠭᠰᠡᠨ ᠭᠠᠰᠢᠭᠤᠨ ᠭᠤᠰᠢᠭᠤᠨ ᠡᠬᠡᠭᠦᠨ ᠠᠮᠲᠠ ᠎ᠲᠠᠢ ᠦᠩᠭᠡ ᠦᠩᠭᠡ ‍ᠶ᠋ᠢᠨ ᠡᠷᠪᠡᠬᠡᠢ ᠰᠢᠭ᠌ ᠬᠠᠷᠠᠴᠠ ᠨᠤᠭᠤᠳ ᠵᠢᠷᠦᠬᠡᠨ ᠳᠡᠭᠡᠷ᠎ᠡ ᠮᠢᠨᠢ ᠬᠠᠶ᠋ᠢᠷ᠎ᠠ ‍ᠶ᠋ᠢᠨ ᠦᠭᠡᠰ ᠪᠣᠯᠤᠨ ᠳᠡᠯᠭᠡᠷᠡᠨ᠎ᠡ ᠃
  ᠠᠶᠠᠯᠤᠭᠰᠠᠨ ᠳᠠᠭᠤᠨ ‍ᠤ ᠬᠢᠨᠢ ᠡᠭᠡᠰᠢᠭ ᠰᠣᠯᠣᠩᠭᠠᠨ ᠳᠣᠯᠣᠭᠠᠨ ᠥᠩᠭᠡ ᠬᠤᠪᠢᠯᠵᠤ ᠂ ᠭᠤᠨᠢᠬ ‍ᠢ ᠮᠢᠨᠢ ᠥᠮᠥᠭᠡᠷᠡᠵᠦ ᠪᠠᠶᠠᠷ ‍ᠢ ᠮᠢᠨᠢ ᠬᠤᠪᠢᠶᠠᠯᠴᠠᠵᠤ ᠂ ᠪᠤᠰᠤᠳ ᠠ᠋ᠴᠠ ᠥᠪᠡᠷ ‍ᠢ ᠮᠢᠨᠢ ᠦᠨᠦᠷᠯᠡᠵᠦ ᠬᠠᠷᠠᠮᠯᠠᠨ᠎ᠠ ᠃
ᠥᠳᠥ ᠪᠦᠷᠢᠳᠴᠦ ᠤᠬᠠᠭ᠎ᠠ ᠰᠠᠭᠤᠭᠰᠠᠨ ᠴᠠᠭ ᠠ᠋ᠴᠠ ᠎ᠪᠠᠨ ᠲᠥᠬᠥᠭᠡ ᠦᠭᠡᠢ ᠠᠭᠠᠰᠢᠯᠠᠵᠤ ᠶᠠᠪᠤᠭᠰᠠᠨ ‍ᠢᠶ᠋ᠠᠨ ᠪᠣᠳᠣᠬᠤ ᠎ᠪᠠᠷ
ᠥᠪᠡᠷ ‍ᠢᠶ᠋ᠡᠨ ᠪᠢ ᠳᠣᠭᠲᠠᠮᠠᠯ ᠨᠠᠭᠤᠷ ‍ᠤᠨ ᠤᠰᠤᠨ ‍ᠳᠤ ᠰᠠᠭᠤᠭᠰᠠᠨ ᠵᠠᠮᠠᠭ ᠰᠢᠭ᠋ ᠦᠮᠡᠬᠡᠢ ᠃
ᠲᠡᠶ᠋ᠢᠮᠦ ᠦᠮᠡᠬᠡᠢ ᠦᠨᠦᠷ ‍ᠢ ᠠᠷᠭᠠᠳᠠᠨ ᠪᠠᠰᠠ ᠥᠯᠥᠭᠡᠶ᠋ᠢᠳᠡᠨ ᠴᠢᠮᠡᠭᠰᠡᠭᠡᠷ ᠪᠠᠶ᠋ᠢᠵᠤ ᠂ ᠥᠲᠡᠯᠬᠦ ᠡᠵᠢ ᠮᠢᠨᠢ ᠲᠠ ᠲᠡᠷᠡ ᠴᠢᠭ᠌ ‍ᠢᠶ᠋ᠡᠷ ‍ᠢᠶ᠋ᠡᠨ ᠬᠠᠶ᠋ᠢᠷ᠎ᠠ ‍ᠶ᠋ᠢᠨ ᠦᠨᠦᠷ ᠃
  ᠤᠯᠠᠪᠤᠷᠬᠠᠨ ᠲᠤᠶᠠᠭᠠᠨ ‍ᠳᠤ ᠪᠥᠵᠢᠬᠦ ᠂ᠤᠯᠠᠭᠠᠬᠠᠨ ᠲᠡᠷᠯᠢᠭ ᠎ᠲᠡᠢ ᠪᠦᠰᠡᠭᠦᠢ ᠡᠵᠢ ‍ᠶ᠋ᠢᠨ ᠮᠢᠨᠢ ᠵᠠᠯᠠᠭᠤ ‍ᠶ᠋ᠢᠨ ᠦᠨᠦᠷ ᠮᠢᠨᠦ ᠵᠡᠭᠦᠳᠦᠨ ‍ᠦ ᠦᠨᠦᠷ ᠪᠠᠰᠠ ᠮᠥᠩᠬᠡ ‍ᠶ᠋ᠢᠨ ᠦᠨᠦᠷ ᠡ !