ᠵᠠᠩᠭᠠᠷ ᠤᠨ ᠮᠠᠭᠲᠠᠭᠠᠯЖангарын магтаал
ᠵᠠᠩᠭᠠᠷ ᠤᠨ ᠮᠠᠭᠲᠠᠭᠠᠯ
ᠵᠸ ᠁
ᠳᠥᠴᠢᠨ ᠳᠥᠷᠪᠡᠨ ᠬᠠᠨ᠎ᠠ
ᠲᠠᠢ ᠂
ᠳᠥᠷᠪᠡᠨ ᠮᠢᠩᠭᠠᠨ ᠤᠨᠢ
ᠲᠠᠢ ᠂
ᠳᠦᠩᠭᠡᠷ ᠴᠠᠭᠠᠨ ᠥᠷᠥᠭᠡ
ᠮᠢᠨᠢ ᠂
ᠲᠦᠮᠡᠨ ᠦ ᠭᠠᠵᠠᠷ
ᠠ᠋ᠴᠠ ᠬᠠᠷᠠᠭᠳᠠᠨ᠎ᠠ ᠬᠥ ᠁
ᠠᠷᠠᠨᠵᠠᠯ ᠵᠡᠭᠡᠷᠳᠡ ᠶ᠋ᠢᠨ
ᠬᠤᠷᠳᠤᠨ ᠳ᠋ᠤᠷ ᠂
ᠠᠳᠬᠤᠭᠰᠠᠨ ᠵᠡᠪᠰᠡᠭ ᠦᠨ
ᠬᠦᠴᠦᠨ ᠳ᠋ᠦᠷ ᠂
ᠠᠷᠪᠠᠨ ᠵᠢᠷᠭᠤᠭ᠎ᠠ
ᠲᠠᠢ ᠰᠠᠷᠲᠠᠭᠤᠯ ᠬᠠᠲᠤᠨ ᠢ ᠂
ᠠᠮᠤᠷ ᠢ ᠨᠢ ᠡᠷᠢᠨ
ᠲᠠᠭᠠᠯᠠᠨ᠎ᠠ ᠬᠦ᠋ ᠁
ᠵᠸ ᠁
ᠢᠨᠳᠡᠷ ᠮᠥᠩᠭᠥᠨ ᠬᠤᠭᠤᠷ
ᠢ ᠨᠢ ᠂
ᠶᠡᠷᠡᠨ ᠨᠢᠭᠡᠨ ᠠᠶᠠᠰ ᠢᠶ᠋ᠠᠷ
ᠴᠢᠪᠬᠠᠳᠠᠨ᠎ᠠ ᠂
ᠢᠷᠠᠭᠤ ᠴᠠᠭᠠᠨ ᠥᠷᠥᠭᠡ
ᠮᠢᠨᠢ ᠂
ᠵᠠᠭᠤᠨ ᠤ ᠭᠠᠵᠠᠷ
ᠠ᠋ᠴᠠ ᠬᠠᠷᠠᠭᠳᠠᠨ᠎ᠠ ᠬᠦ᠋ ᠁
ᠳᠣᠯᠣᠭᠠᠨ ᠴᠠᠭᠠᠨ
ᠥᠷᠭᠥᠭᠡ ᠮᠢᠨᠢ ᠂
ᠵᠠᠭᠤᠨ ᠤ ᠭᠠᠵᠠᠷ
ᠠ᠋ᠴᠠ ᠬᠠᠷᠠᠭᠳᠠᠨ᠎ᠠ ᠂
ᠳᠣᠭᠰᠢᠨ ᠪᠣᠭᠳᠠ
ᠵᠠᠩᠭᠠᠷ ᠤᠨ ᠂
ᠳᠣᠲᠣᠷ᠎ᠠ ᠲᠠᠯ᠎ᠠ ᠪᠠᠷ
ᠰᠠᠨᠠᠭᠳᠠᠨ᠎ᠠ ᠬᠦ᠋ ᠁
ᠵᠸ ᠁
ᠳᠠᠵᠢ ᠲᠣᠷᠭᠠᠨ
ᠬᠥᠰᠢᠭᠡᠨ ᠦ ᠂
ᠳᠣᠲᠣᠷ᠎ᠠ ᠲᠠᠯ᠎ᠠ ᠪᠠᠷ
ᠲᠠᠲᠠᠨ᠎ᠠ ᠂
ᠲᠠᠩᠰᠤᠭ ᠪᠣᠭᠳᠠ
ᠵᠠᠩᠭᠠᠷ ᠤᠨ ᠂
ᠲᠠᠪᠠ ᠪᠠᠷ ᠰᠠᠭᠤᠭᠠᠳ
ᠨᠠᠷᠭᠢᠯᠳᠤᠨᠠ ᠬᠦ᠋ ᠁
ᠬᠠᠷᠭᠠᠢ ᠽᠠᠨᠳᠠᠨ
ᠰᠢᠷᠡᠭᠡᠨ ᠳᠦ ᠪᠡᠨ ᠂
ᠬᠠᠮᠤᠭ ᠨᠣᠮ ᠢᠶ᠋ᠠᠨ
ᠤᠩᠰᠢᠨ᠎ᠠ ᠂
ᠬᠠᠷᠴᠠᠭᠠᠢ ᠵᠢᠭᠦᠷ ᠦᠨ
ᠰᠠᠬᠠᠯ ᠢ ᠂
ᠬᠠᠴᠠᠷ ᠲᠠᠯ᠎ᠠ ᠪᠠᠷ
ᠰᠢᠪᠲᠤᠷᠠᠨ᠎ᠠ ᠬᠦ᠋ ᠁
ᠵᠸ ᠁
ᠳᠥᠴᠢᠨ ᠳᠥᠷᠪᠡᠨ ᠬᠠᠨ᠎ᠠ
ᠲᠠᠢ ᠂
ᠳᠥᠷᠪᠡᠨ ᠮᠢᠩᠭᠠᠨ ᠤᠨᠢ
ᠲᠠᠢ ᠂
ᠳᠦᠩᠭᠡᠷ ᠴᠠᠭᠠᠨ ᠥᠷᠥᠭᠡ
ᠮᠢᠨᠢ ᠂
ᠲᠦᠮᠡᠨ ᠦ ᠭᠠᠵᠠᠷ
ᠠ᠋ᠴᠠ ᠬᠠᠷᠠᠭᠳᠠᠨ᠎ᠠ ᠬᠦ᠋ ᠁
ᠬᠠᠷᠭᠠᠢ ᠽᠠᠨᠳᠠᠨ
ᠰᠢᠷᠡᠭᠡᠨ ᠳᠦ ᠪᠡᠨ ᠂
ᠬᠠᠮᠤᠭ ᠨᠣᠮ ᠢᠶ᠋ᠠᠨ
ᠤᠩᠰᠢᠨ᠎ᠠ ᠂
ᠬᠠᠷᠴᠠᠭᠠᠢ ᠵᠢᠭᠦᠷ ᠦᠨ
ᠰᠠᠬᠠᠯ ᠢ᠂
ᠬᠠᠴᠠᠷ ᠲᠠᠯ᠎ᠠ ᠪᠠᠷ
ᠰᠢᠪᠲᠤᠷᠠᠨ᠎ᠠ ᠬᠦ᠋ ᠁
ᠬᠠ ᠬᠠ ᠂ ᠬᠠᠢ!
