ᠮᠣᠩᠭᠣᠯ ᠦᠰᠦᠭ ᠮᠢᠨᠢМонгол үсэг минь
ᠮᠣᠩᠭᠣᠯ ᠦᠰᠦᠭ ᠮᠢᠨᠢ
ᠮᠣᠩᠭᠣᠯ ᠦᠰᠦᠭ ᠦ᠋ᠨ ᠪᠢᠴᠢᠯᠭᠡ ᠶ᠋ᠢᠨ ᠰᠢᠯᠦᠭ
ᠲᠣᠩᠷᠣᠪᠵᠠᠮᠰᠣ
1985᠂12᠂25᠂
ᠠᠭᠠᠷᠤ ᠽᠠᠨᠳᠠᠨ ᠮᠣᠳᠣ ᠰᠢᠭ᠋
ᠠᠰᠬ᠎ᠠ ᠲᠡᠭᠰᠢ ᠨᠢᠷᠤᠭᠤ ᠲᠠᠢ
ᠠᠷ ᠲᠠᠢ ᠲᠣᠷᠭᠠᠨ ᠲᠤᠤᠵᠠ ᠰᠢᠭ᠋
ᠠᠴᠤᠭ᠂ ᠰᠢᠲᠦ᠂ ᠰᠢᠯᠪᠢ ᠲᠡᠢ᠂
ᠤᠳᠤᠮᠰᠢᠯᠲᠤ ᠮᠣᠩᠭᠣᠯ ᠦᠰᠦᠭ ᠮᠢᠨᠢ
ᠤᠷᠠᠨ ᠵᠢᠷᠤᠭ ᠰᠢᠭ᠋ ᠰᠠᠢᠬᠠᠨ ᠯᠠ ᠪᠠᠢᠨ᠎ᠠ᠃
ᠣᠶᠤᠨ ᠪᠢᠯᠢᠭᠲᠦ ᠳᠡᠭᠡᠳᠦᠰ ᠦ᠋ᠨ ᠮᠢᠨᠢ
ᠤᠤᠭᠠᠨ ᠮᠡᠳᠡᠯᠭᠡ ᠶ᠋ᠢᠨ ᠲᠠᠯᠠᠰ ᠪᠠᠢᠨ᠎ᠠ᠃
ᠲᠡᠷᠭᠡᠯ ᠮᠥᠩᠭᠥᠨ ᠰᠠᠷ᠎ᠠ ᠰᠢᠭ᠋
ᠲᠡᠭᠰᠢ ᠲᠣᠭᠣᠷᠢᠭ ᠭᠡᠳᠡᠰᠦ ᠲᠡᠢ
ᠲᠡᠨᠢᠭᠡᠷ ᠬᠠᠰ ᠰᠡᠢᠯᠦᠮᠡᠯ ᠰᠢᠭ
ᠲᠢᠲᠢᠮ ᠂ ᠭᠣᠬ᠎ᠠ᠂ ᠬᠢᠮᠤᠰᠤ ᠲᠠᠢ᠂
ᠤᠳᠤᠮᠰᠢᠯᠲᠤ ᠮᠣᠩᠭᠣᠯ ᠦᠰᠦᠭ ᠮᠢᠨᠢ
ᠤᠷᠠᠨ ᠵᠢᠷᠤᠭ ᠰᠢᠭ᠋ ᠰᠠᠢᠬᠠᠨ ᠯᠠ ᠪᠠᠢᠨ᠎ᠠ᠃
ᠤᠷᠮ᠎ᠠ ᠵᠣᠷᠢᠭᠲᠤ ᠦᠷᠡᠳᠦᠰ ᠲᠡᠭᠡᠨ
ᠤᠯᠠᠮᠵᠢᠯᠠᠵᠤ ᠥᠭᠭᠦᠭᠰᠡᠨ ᠡᠷᠳᠡᠨᠢ ᠪᠠᠢᠨ᠎ᠠ᠃
ᠡᠷᠳᠡᠨᠢ ᠪᠣᠯᠣᠷ ᠣᠳᠣᠨ ᠰᠢᠭ᠋
ᠡᠷᠢᠬᠡᠨ ᠲᠤᠰᠢᠶ᠎ᠠ ᠳᠤᠰᠤᠯ ᠤ᠋ᠳ ᠲᠠᠢ
ᠡᠷᠢᠶᠡᠨ ᠯᠤᠤ ᠶ᠋ᠢᠨ ᠰᠠᠬᠠᠯ ᠰᠢᠭ᠋
ᠡᠪᠡᠷ ᠂ ᠰᠡᠭᠦᠯ ᠂ ᠭᠡᠵᠢᠭᠡ ᠲᠡᠢ
ᠤᠳᠤᠮᠰᠢᠯᠲᠤ ᠮᠣᠩᠭᠣᠯ ᠦᠰᠦᠭ ᠮᠢᠨᠢ
ᠤᠷᠠᠨ ᠵᠢᠷᠤᠭ ᠰᠢᠭ᠋ ᠰᠠᠢᠬᠠᠨ ᠯᠠ ᠪᠠᠢᠨ᠎ᠠ᠃
ᠤᠬᠠᠭᠠᠨ ᠰᠠᠨᠠᠭ᠎ᠠ ᠶ᠋ᠢ ᠨᠢᠰᠬᠡᠬᠦ
ᠤᠷᠤᠰᠤᠮ᠎ᠠ ᠵᠢᠷᠣᠭ᠎ᠠ ᠬᠦᠯᠦᠭ ᠪᠠᠢᠨ᠎ᠠ᠃
ᠠᠷᠴᠠ ᠬᠦᠵᠢᠰ ᠦ᠋ᠨ ᠭᠥᠯᠢᠰ ᠰᠢᠭ
ᠠᠩᠭᠠᠷᠬᠠᠢ ᠪᠢᠲᠡᠭᠦᠦ ᠰᠠᠨᠵᠢ ᠲᠠᠢ
ᠠᠷᠰᠯᠠᠨ ᠪᠠᠷᠰ ᠤ᠋ᠨ ᠮᠠᠭᠰᠢᠯᠲᠠ ᠰᠢᠭ᠋
ᠠᠭᠰᠢᠯᠭᠠ᠂ ᠡᠭᠰᠢᠯᠭᠡ᠂ ᠡᠩᠰᠢᠯᠬᠡ ᠲᠡᠢ᠂
ᠤᠳᠤᠮᠰᠢᠯᠲᠤ ᠮᠣᠩᠭᠣᠯ ᠦᠰᠦᠭ ᠮᠢᠨᠢ
ᠤᠷᠠᠨ ᠵᠢᠷᠤᠭ ᠰᠢᠭ᠋ ᠰᠠᠢᠬᠠᠨ ᠯᠠ ᠪᠠᠢᠨ᠎ᠠ᠃
ᠤᠯᠤᠰ ᠦᠨᠳᠦᠰᠦᠲᠡᠨ ᠢ᠋ᠶ᠋ᠡᠨ ᠬᠥᠭᠵᠢᠭᠦᠯᠬᠦ
ᠣᠶᠤᠨ ᠪᠢᠯᠢᠭ ᠦ᠋ᠨ ᠲᠦᠯᠬᠢᠭᠦᠷ ᠪᠠᠢᠨ᠎ᠠ ᠃
ᠴᠢᠨᠳᠠᠮᠤᠨᠢ ᠡᠷᠳᠡᠨᠢ ᠶ᠋ᠢᠨ ᠲᠠᠮᠠᠭ᠎ᠠ ᠰᠢᠭ᠋
ᠴᠠᠭᠠᠷᠢᠭ ᠰᠠᠢᠬᠠᠨ ᠽᠠᠷᠲᠢᠭ ᠲᠠᠢ
ᠴᠢᠮᠪᠠᠢ ᠫᠠᠩᠰᠠᠨ ᠠᠯᠴᠢᠭᠤᠷ ᠰᠢᠭ᠋
ᠴᠠᠴᠤᠯᠭ᠎ᠠ ᠂ᠤᠷᠤᠭᠰᠢᠯᠠᠭ᠎ᠠ ᠂ ᠣᠷᠬᠢᠴᠠ ᠲᠠᠢ ᠂
ᠤᠳᠤᠮᠰᠢᠯᠲᠤ ᠮᠣᠩᠭᠣᠯ ᠦᠰᠦᠭ ᠮᠢᠨᠢ
ᠤᠷᠠᠨ ᠵᠢᠷᠤᠭ ᠰᠢᠭ᠋ ᠰᠠᠢᠬᠠᠨ ᠯᠠ ᠪᠠᠢᠨ᠎ᠠ᠃
ᠤᠯᠠᠮ ᠴᠠᠴᠩᠯᠠᠬᠥᠯᠣᠨ ᠬᠥᠭᠵᠢᠭᠦᠯᠬᠦ ᠶ᠋ᠢ
ᠤᠭ ᠵᠢᠷᠦᠬᠡᠨ ᠡᠴᠡ ᠪᠡᠨ ᠬᠦᠰᠡᠨ᠎ᠡ ᠪᠢ
ᠭᠠᠸᠠ ᠦᠰᠦᠭ ᠠᠮᠢᠯᠠᠭᠤᠯᠵᠤ ᠬᠠᠲᠠᠪᠠ
ᠦᠰᠦᠭ ᠬᠢᠨᠠᠭᠴᠢ ᠮᠥᠴᠢᠷ
