ᠥᠪᠥᠷ ᠮᠣᠩᠭᠣᠯ Өвөр монгол ᠳ · ᠪᠣᠯᠣᠳᠬᠤᠶᠠᠭ Д . Болдхуяг
ᠥᠪᠥᠷ ᠮᠣᠩᠭᠣᠯ
ᠬᠠᠭᠠᠨ ᠡᠵᠡᠨ ᠢ ᠮᠢᠨᠢ ᠠᠯᠲᠠᠨ ᠬᠡᠪᠡᠯᠢ ᠳ᠋ᠡᠭᠡᠨ ᠲᠡᠭᠡᠭᠡᠭᠰᠡᠨ
ᠬᠠᠴᠠᠷ ᠭᠤᠸ᠎ᠠ ᠦᠭᠡᠯᠦᠨ ᠡᠬᠡ ᠶᠢᠨ ᠲᠦᠷᠬᠦᠮ ᠣᠯᠬᠣᠨᠣᠳ
ᠬᠠᠶᠠᠭ᠎ᠠ ᠬᠢᠷᠠᠬᠠᠭ ᠦᠬᠡᠢ ᠵᠤᠪᠠᠯᠠᠩ ᠢ ᠬᠠᠮᠲᠤ ᠳ᠋ᠠᠭᠠᠨ ᠲᠤᠭᠤᠯᠤᠭᠰᠠᠨ
ᠬᠠᠳᠤᠳ ᠤᠨ ᠮᠠᠩᠯᠠᠢ ᠪᠦᠷᠳᠡ ᠶᠢᠨ ᠤᠪᠤᠭ ᠬᠣᠩᠭᠢᠷᠠᠳ
ᠬᠠᠪᠤᠲᠤ ᠬᠠᠰᠠᠷ ᠤᠨ ᠦᠷᠡᠰ ᠮᠡᠷᠭᠡᠨ ᠬᠠᠷᠪᠤᠭᠠᠴᠢ ᠬᠤᠷᠴᠢᠨ
ᠬᠠᠳᠬᠤᠯᠳᠤᠬᠤ ᠶᠢᠨ ᠴᠠᠭ ᠲᠤ ᠤᠷᠣᠢᠯᠠᠵᠤ ᠤᠷᠤᠳᠠᠭ ᠤᠷᠤᠭᠤᠳ ᠮᠠᠩᠭᠣᠳ
ᠡᠷᠳᠡᠨ ᠦ ᠡᠪᠦᠭᠡ ᠪᠤᠳᠠᠨᠴᠡᠷ ᠤᠨ ᠬᠤᠢᠴᠢᠰ ᠪᠠᠷᠠᠭᠤᠨ ᠵᠡᠭᠦᠨ ᠪᠠᠭᠠᠷᠢᠨ
ᠡᠵᠡᠨ ᠦ ᠮᠢᠨᠢ ᠠᠮᠢ ᠶᠢ ᠰᠠᠬᠢᠵᠤ ᠨᠤᠢᠷ ᠦᠭᠡᠢ ᠬᠣᠨᠣᠭᠰᠠᠨ ᠬᠡᠰᠢᠭᠲᠡᠨ
ᠬᠠᠷᠴᠠᠭᠠᠢ ᠰᠢᠪᠠᠭᠤᠨ ᠤ ᠵᠢᠭᠦᠷ ᠪᠤᠯᠤᠨ ᠤᠳᠬᠤ ᠳ᠋ᠤᠨᠢ
ᠬᠠᠷᠠᠭᠣᠰᠣᠯ ᠤᠨ ᠰᠢᠯᠦᠭ ᠪᠢᠴᠢᠭᠰᠡᠨ ᠬᠢᠯᠦᠭᠡᠲᠡᠢ ᠪᠠᠭᠠᠲᠤᠷ ᠤᠨ ᠰᠦᠨᠢᠳ
ᠲᠠᠬᠢᠯ ᠲᠠᠢᠯᠭ᠎ᠠ ᠲᠠᠰᠤᠯᠤᠭᠠ ᠦᠭᠡᠢ ᠡᠵᠡᠨ ᠬᠤᠷᠤᠭᠠᠨ ᠤ ᠲᠠᠷᠬᠠᠳ
ᠲᠠ ᠪᠢᠳᠠᠨ ᠤ ᠰᠦᠨᠡᠰᠦ ᠶᠢ ᠡᠯᠢᠭᠡᠨ ᠳ᠋ᠡᠭᠡᠨ ᠨᠠᠨᠳᠢᠩᠨᠠᠭᠰᠠᠨ ᠤᠷᠳᠤᠰ
ᠠᠪᠠᠭ᠎ᠠ ᠨᠠᠷ ᠤᠨ ᠳᠡᠭᠡᠳᠦᠰ ᠪᠦᠭᠡ ᠪᠡᠯᠭᠦᠳᠡᠢ ᠶᠢᠨ ᠴᠡᠭᠡᠵᠢᠨ ᠳᠦ
ᠠᠬ᠎ᠠ ᠪᠠᠨ ᠬᠠᠷᠪᠤᠭᠤᠯᠤᠭᠰᠠᠨ ᠭᠤᠨᠢᠭ᠋ ᠠᠮᠲᠠᠭᠲᠠᠭᠰᠠᠭᠠᠷ ᠪᠠᠢᠭᠰᠠᠨ ᠠᠲᠠᠯ᠎ᠠ
ᠬᠠᠭ᠎ᠠ ᠴᠠᠪᠴᠢᠭᠤᠯᠤᠭᠰᠠᠨ ᠮᠦᠷᠦᠨ ᠡᠴᠡ ᠪᠡᠨ ᠬᠠᠯᠠᠭᠤᠨ ᠴᠢᠰᠤ ᠪᠠᠨ ᠰᠠᠪᠢᠷᠠᠭᠤᠯᠵᠤ
ᠬᠠᠰᠠᠭ ᠲᠡᠷᠭᠡ ᠡᠭᠦᠷᠴᠦ ᠢᠷᠡᠭᠰᠡᠨ ᠪᠡᠶ᠎ᠡ ᠰᠡᠳᠬᠢᠯ ᠤᠨ ᠲᠡᠩᠬᠡᠬᠡ
ᠳᠠᠶᠠᠨ ᠬᠠᠭᠠᠨ ᠤ ᠦᠷ᠎ᠡ ᠳᠦᠷᠦᠪᠤᠯᠤᠳ ᠤᠨ ᠬᠤᠢᠴᠢᠰ
ᠳᠠᠮᠠᠴᠢ ᠶᠢᠨ ᠳᠠᠯ᠎ᠠ ᠶᠢᠨ ᠡᠵᠡᠳ ᠪᠠᠷᠠᠭᠤᠨ ᠵᠡᠭᠦᠨ ᠰᠦᠨᠢᠳ
ᠬᠤᠵᠢᠭᠤ ᠦᠶ᠎ᠡ ᠶᠢᠨ ᠬᠠᠭᠠᠳ ᠤᠨ ᠭᠤᠯᠤᠮᠲᠠ ᠰᠢᠭᠢᠷᠡᠯᠡᠭᠰᠡᠨ ᠨᠤᠲᠤᠭ
ᠬᠠᠲᠤᠨ ᠭᠤᠤᠯ ᠤᠨ ᠬᠦᠨᠳᠡᠢ ᠠᠯᠲᠠᠨ ᠬᠠᠨ ᠤ ᠬᠦᠬᠡᠬᠣᠲᠠ
ᠢᠵᠠᠭᠤᠷ ᠤᠨ ᠬᠡᠯᠡ ᠠᠶᠠᠯᠭᠤ ᠶᠢ ᠠᠴᠤᠭ ᠰᠢᠳᠦᠨ ᠳ᠋ᠡᠭᠡᠨ ᠬᠠᠳᠠᠭᠠᠯᠠᠵᠤ
ᠶᠠᠭᠠᠬᠢᠯᠲᠠ ᠴᠤ᠌ ᠦᠭᠡᠢ ᠦᠯᠡᠳᠡᠭᠡᠭᠰᠡᠨ ᠪᠤᠰᠤᠭ᠎ᠠ ᠮᠤᠩᠭᠤᠯ ᠪᠢᠴᠢᠭ ᠢᠶᠠᠷ
ᠱᠠᠩᠳᠤ ᠶᠢᠨ ᠰᠢᠷ᠎ᠠ ᠳᠠᠯ᠎ᠠ ᠳᠤ ᠬᠠᠷᠠᠭᠤᠰᠤᠯ ᠤᠨ ᠳᠠᠭᠤᠤ ᠵᠤᠬᠢᠶᠠᠵᠤ
ᠴᠠᠮᠴᠠᠨ ᠳᠡᠭᠡᠷ᠎ᠡ ᠪᠠᠨ ᠪᠢᠴᠢᠭᠰᠡᠨ ᠦᠨᠡᠨ ᠵᠢᠷᠦᠬᠡᠨ ᠦ ᠭᠤᠨᠢᠭ᠋
ᠦᠬᠡᠭᠲᠦ ᠬᠠᠭᠠᠨ ᠪᠠᠳᠤᠮᠦ᠋ᠩᠬᠡ ᠶᠢᠨ ᠵᠢᠷᠭᠤᠭᠠᠨ ᠲᠦᠮᠡᠨ ᠮᠤᠩᠭᠤᠯ
ᠤᠷᠢᠶᠠᠩᠬᠠᠢ ᠬᠠᠯᠬ᠎ᠠ ᠴᠠᠬᠠᠷ ᠶᠦᠩᠰᠢᠶᠡᠪᠣ ᠲᠦᠮᠡᠳ ᠣᠷᠳᠣᠰ
ᠳᠦᠷᠦᠭᠡᠨ ᠳᠡᠭᠡᠷ᠎ᠡ ᠪᠠᠨ ᠦᠨᠳᠡᠢᠵᠤ ᠪᠢᠴᠢᠭᠰᠡᠨ ᠲᠡᠦᠬᠡ
ᠳᠦᠴᠢᠨ ᠳᠦᠷᠪᠡᠨ ᠳᠦᠮᠡᠨ ᠦ ᠳᠦᠷᠪᠡᠨ ᠰᠠᠶ᠎ᠠ ᠦᠷᠡᠰ
ᠭᠠᠷ ᠲᠠᠭᠠᠨ ᠪᠦᠯᠢ ᠲᠠᠢ ᠪᠦᠬᠡᠴᠦᠳ ᠲᠠᠢ ᠦᠵᠦᠮᠦᠴᠢᠨ ᠬᠤᠰᠢᠭᠤᠨ ᠳᠤ ᠲᠦᠷᠦᠵᠤ
ᠭᠠᠨᠭᠭᠠ ᠶᠢᠨ ᠤᠷᠤᠰᠬᠠᠯ ᠬᠠᠰᠢᠭᠰᠠᠨ ᠤᠬᠠᠭᠠᠨᠲᠤ ᠬᠦᠩ ᠭᠤᠮᠪᠤᠵᠠᠪ
ᠠᠨᠢᠷ ᠦᠭᠡᠢ ᠴᠡᠩᠬᠡᠷ ᠵᠡᠷᠭᠡᠯᠭᠡᠨ ᠡᠴᠡ ᠬᠣᠭᠣᠰᠤᠨ ᠴᠢᠨᠠᠷ ᠢ ᠳᠠᠨᠢᠭᠰᠠᠨ
ᠠᠯᠠᠱᠠ ᠯᠾᠠᠷᠠᠮᠪᠠ ᠠᠭᠸᠠᠨᠳᠠᠨᠳᠠᠷ ᠮᠡᠷᠭᠡᠳ ᠦᠨ ᠤᠷᠤᠢ ᠶᠢᠨ ᠴᠢᠮᠡᠭ
ᠡᠷᠳᠡᠮ ᠦᠨ ᠤᠷᠭᠢᠯ ᠳᠤ ᠵᠠᠪᠢᠯᠠᠭᠰᠠᠨ ᠸᠠᠩᠴᠢᠨᠪᠠᠯ ᠤᠨ ᠬᠦᠪᠡᠭᠦᠳ
ᠡᠷᠳᠡᠨᠢ ᠶᠢᠨ ᠰᠡᠨᠳᠡᠢ ᠳᠦ ᠵᠠᠯᠠᠷᠠᠭᠰᠠᠨ ᠯᠤᠪᠰᠠᠩᠴᠦ᠋ᠯᠳᠦᠮ ᠤᠨ ᠴᠠᠬᠠᠷ
ᠪᠤᠷᠵᠢᠭᠢᠳ ᠳᠡᠦᠬᠡ ᠶᠢ ᠳᠤᠪᠴᠢᠶᠠᠯᠠᠭᠰᠠᠨ ᠰᠡᠴᠡᠨ ᠯᠤᠮᠢ ᠶᠢᠨ ᠬᠠᠷᠠᠴᠢᠨ
ᠪᠤᠯᠤᠷ ᠡᠷᠢᠬᠡ ᠶᠢ ᠵᠠᠩᠭᠢᠳᠤᠭᠰᠠᠨ ᠷᠠᠰᠢᠫᠤᠩᠰᠤᠭ ᠤᠨ ᠪᠠᠭᠠᠷᠢᠨ
ᠮᠢᠩᠭᠠᠨ ᠭᠡᠭᠡᠰᠦ ᠰᠠᠴᠤᠷᠠᠭᠤᠯᠤᠭᠰᠠᠨ ᠳ᠋ᠸᠷᠠᠮᠠ ᠬᠦᠦᠰᠢ ᠶᠢᠨ ᠵᠠᠷᠤᠳ
ᠮᠡᠷᠭᠡᠨ ᠭᠡᠭᠡᠨ ᠦ ᠮᠡᠨᠳᠦᠯᠡᠭᠰᠡᠨ ᠡᠷᠡᠮᠡᠬᠡᠢ ᠲᠡᠦᠬᠡ ᠲᠠᠢ ᠤᠷᠠᠳ
ᠡᠷᠳᠡᠨᠢ ᠶᠢᠨ ᠳᠤᠪᠴᠢ ᠶᠢ ᠰᠡᠴᠡᠯᠡᠭᠰᠡᠨ ᠰᠠᠭᠠᠩ ᠰᠡᠴᠡᠨ ᠦ ᠤᠷᠳᠣᠰ
ᠡᠷᠳᠡᠮᠲᠡᠨ ᠮᠡᠷᠭᠡᠳ ᠢᠶᠡᠨ ᠲᠤᠭᠠᠴᠢᠪᠠᠯ ᠰᠦᠨᠢ ᠶᠢᠨ ᠤᠳᠤ ᠰᠢᠭ᠋ ᠥᠪᠥᠷ ᠮᠣᠩᠭᠣᠯ ᠡ
ᠬᠠᠢᠷᠠᠯᠠᠨ ᠰᠠᠨᠠᠭᠠᠯᠵᠠᠬᠤ ᠰᠡᠳᠬᠢᠯ ᠤᠨ ᠠᠭᠠᠷ ᠨᠢᠭᠡ ᠠᠰᠠᠨ
ᠬᠠᠯᠠᠭᠤᠲᠤ ᠡᠭᠡᠴᠢ ᠶᠢᠨ ᠪᠡᠷᠢᠯᠡᠭᠰᠡᠨ ᠤᠩᠨᠢᠭᠤᠳ ᠤᠨ ᠪᠤᠷᠤᠬᠤᠲᠠ
ᠬᠠᠷᠠᠴᠢᠨ ᠸᠠᠩ ᠬᠠᠢᠰᠠᠨ ᠭᠦᠩ ᠭᠠᠳᠠ ᠮᠡᠢᠷᠡᠨ
ᠬᠠᠮᠤᠭ ᠤᠨ ᠳᠤᠮᠳᠠ ᠮᠦᠩᠬᠡᠷᠡᠭᠰᠡᠨ ᠨᠤᠭᠤᠨᠵᠠᠶᠠᠭ᠎ᠠ ᠶᠢᠨ ᠲᠦᠷᠬᠦᠮ
ᠪᠤᠭᠳᠠ ᠵᠢᠪᠽᠤᠨᠳᠠᠮᠪᠠ ᠶᠢ ᠭᠠᠮᠢᠩ ᠤᠨ ᠱᠤᠷᠤᠩ ᠠᠴᠠ ᠰᠣᠯᠠᠯᠠᠵᠤ
ᠪᠤᠶᠠᠨᠨᠡᠮᠡᠬᠦ ᠵᠤᠬᠢᠶᠠᠯᠴᠢ ᠶᠢ ᠬᠦᠮᠦᠨ ᠦ ᠵᠡᠷᠭᠡ ᠳᠦ ᠬᠦᠷᠭᠡᠭᠰᠡᠨ
ᠵᠤᠨ ᠤᠯᠠᠨ ᠭᠤᠷᠯᠤᠰ ᠠᠴᠠ ᠲᠤᠲᠤᠷᠠᠵᠤ ᠭᠠᠷᠤᠭᠰᠠᠨ ᠬᠦᠪᠡᠭᠦᠨ
ᠵᠤᠷᠢᠭᠳᠤ ᠪᠠᠭᠠᠳᠤᠷ ᠳᠤᠭᠳᠠᠬᠤ ᠶᠢᠨ ᠦᠯᠢᠭᠡᠷ ᠲᠤᠮᠤᠭ ᠰᠢᠭ᠋ ᠠᠮᠢᠳᠣᠷᠠᠯ
ᠡᠬᠡ ᠨᠤᠳᠤᠭ ᠢᠶᠠᠨ ᠲᠡᠮᠡᠴᠡᠭᠰᠡᠨ ᠡᠵᠡᠨ᠎ᠡ ᠶᠢᠨ ᠬᠠᠭᠤᠴᠢᠨ ᠲᠤᠷᠭᠤᠳ
ᠡᠭᠡᠳᠡᠷᠡᠭᠡ ᠤᠨᠵᠢᠷᠠᠭ᠎ᠠ ᠶᠡᠬᠡᠲᠡᠢ ᠬᠤᠷᠢᠳᠤᠭᠠᠷ ᠵᠠᠭᠤᠨ ᠤ ᠦᠢᠮᠡᠭᠡᠨ
ᠡᠯᠢᠭᠡᠨ ᠰᠠᠳᠤᠨ ᠮᠤᠩᠭᠤᠯᠴᠤᠳ ᠤᠨ ᠠᠮᠠ ᠳᠠᠮᠵᠢᠭᠰᠠᠨ ᠶᠠᠷᠢᠶ᠎ᠠ
ᠡᠰᠢ ᠲᠡᠰᠢ ᠨᠡᠭᠦᠳᠡᠯᠯᠡᠭᠰᠡᠨ ᠡᠬᠢ ᠠᠳᠠᠭ ᠦᠭᠡᠢ ᠲᠡᠦᠬᠡ
ᠪᠠᠢᠯᠳᠤᠵᠤ ᠣᠯᠣᠭᠰᠠᠨ ᠡᠷᠬᠡ ᠴᠢᠯᠦᠭᠡᠨ ᠦ ᠮᠢᠨᠢ ᠲᠦᠯᠦᠭᠡ
ᠪᠠᠭᠠᠲᠤᠷᠯᠢᠭ᠋ ᠦᠢᠯᠡ ᠡᠷ᠎ᠡ ᠵᠤᠷᠢᠭ ᠤᠨ ᠲᠤᠤᠯᠢ ᠪᠤᠯᠤᠭᠠᠳ
ᠪᠠᠳᠤ ᠭᠦᠨ ᠦ ᠭᠢᠨᠳᠠᠨ ᠳᠤ ᠵᠤᠭᠰᠤᠭ᠎ᠠ ᠪᠠᠷ ᠢᠶᠠᠨ ᠨᠦᠭᠴᠢᠭᠰᠡᠨ
ᠪᠠᠷᠭᠤ ᠶᠢᠨ ᠮᠠᠩᠯᠠᠢ ᠸᠠᠩ ᠳᠠᠮᠳᠢᠨᠰᠦ᠋ᠷᠦᠩ ᠤᠨ ᠬᠤᠢᠴᠢᠰ
ᠳᠠᠭᠠᠭᠠᠮᠠᠭᠠᠢ ᠰᠠᠢᠬᠠᠨ ᠬᠡᠯᠡ ᠪᠡᠨ ᠬᠠᠷᠢ ᠦᠭᠡ ᠲᠠᠢ ᠬᠤᠳᠬᠤᠭᠠ ᠦᠭᠡᠢ
ᠳᠠᠷᠬᠠᠨ ᠮᠣᠣᠮᠢᠩᠭᠠᠨ ᠪᠠᠳᠤᠬᠠᠭᠠᠯᠭ᠎ᠠ ᠶᠢᠨ ᠮᠣᠩᠭᠣᠯᠴᠣᠳ
ᠳᠠᠭᠠᠷᠢᠭᠠᠳ ᠢᠷᠡᠪᠡᠯ ᠳᠠᠯᠠᠢ ᠰᠢᠭ᠋ ᠦᠪᠦᠷ ᠮᠣᠩᠭᠣᠯ ᠤᠨ ᠬᠡᠬᠡᠷ᠎ᠡ ᠲᠠᠯ᠎ᠠ
ᠳᠠᠰᠴᠤ ᠰᠠᠭᠤᠭᠰᠠᠨ ᠨᠤᠲᠤᠭ ᠠᠨᠳᠠ ᠨᠦᠬᠦᠳ ᠢᠶᠡᠨ ᠰᠠᠨᠠᠵᠤ ᠪᠠᠢᠨ᠎ᠠ
ᠤᠭᠰᠠᠭ᠎ᠠ ᠭᠠᠷᠤᠯ ᠢᠶᠠᠨ ᠶᠠᠷᠢᠪᠠᠯ ᠶᠠᠭᠠᠬᠢᠬᠤ ᠶᠢᠨ ᠠᠷᠭ᠎ᠠ ᠦᠭᠡᠢ ᠰᠠᠳᠤᠨ
ᠤᠳᠠᠭᠠᠨ ᠵᠢᠯ ᠤᠨ ᠨᠦᠬᠦᠷᠯᠡᠯ ᠳᠤ ᠰᠡᠪ ᠰᠠᠭᠤᠯᠭᠠᠬᠤ ᠦᠭᠡᠢ ᠠᠨᠳᠠ
ᠤᠷᠤᠭᠤᠯ ᠳᠣᠷᠳᠣᠢᠪᠠᠴᠤ ᠡᠯᠢᠭᠡ ᠳᠣᠷᠳᠣᠢᠳᠠᠭ ᠦᠭᠡᠢ ᠨᠢ ᠦᠨᠡᠨ
ᠤᠯᠤᠰ ᠲᠤᠰ ᠲᠠᠭᠠᠨ ᠴᠤ᠌ ᠦᠨᠳᠦᠰᠦ ᠨᠢᠭᠡᠲᠡᠢ ᠦᠪᠦᠷ ᠮᠣᠩᠭᠣᠯ ᠡ
Өвөр монгол
Хаан эзнийг минь алтан хэвлийдээ тээсэн
Хацар гоо өөлөн эхийн төрхөм олхнод
Хаяа хярхаггүй зовлонг хамтдаа туулсан
Хатдын манлай бөртийн овог хонгирод
Хавт хасрын үрс мэргэн харваач хорчин
Хатгалдахын цагт оройлж ордог урууд мангад
Эртний өвөө бутанцрын хойчис баруун зүүн байран
Эзний минь амийг сахиж нойргүй хоносон хишигтэн
Харцгай шувууны жигүүр болон одох тунь
Харууслын шүлэг бичсэн хөлөөтэй баатрын сөнөд
Тахил тайлга таслаагүй эзэн хорооны дархад
Та бятны сүнсийг элгэндээ нандигнасан уртас
Авга нарын дээдэс бөө бэлгүтэйн цээжинд
Ахаа харвуулсан гуниг амтагдсаар баисан атлаа
Хага цавчуулсан мөрнөөсөө халуун цусаа савируулж
Хасаг тэрэг үүрч ирсэн бие сэтгэлийн тэнхэх
Даян хааны үр төрболдын хойчис
Дамчийн талын эзэд баруун зүүн сөнөд
Хожуу үеийн хаадын голомт шигэрлэсэн нутаг
Хатан голын хөндий алтан ханы хөхөхөд
Язгуурын хэл аялууг цуг шүдэндээ хадгалж
Яалт ч үгүй үлдээсэн босоо монгол бичгээр
Шантын шар талд харууслын дуу зохиож
Цамцан дээрээ бичсэн үнэн зүрхний гуниг
Үхэгт хаан батмөнхийн зургаан түмэн монгол
Үрианхай халх цахар юншээв түмэд урдас
Дөргөн дээрээ өндийж бичсэн түүх
Дөчин дөрвөн түмний дөрвөн сая үрс
Гартаа бүлтэй бөхчүүдтэй үзэмчин хошуунд төрж
Гангын урсгал хашсан ухаант хүн гомбожав
Аниргүй цэнхэр зэрэглээнээс хоосон чанарыг таньсан
Алагш лхарамба агвандандар мэргэдийн оройн чимэг
Эрдмийн оргилд завилсан ванчинбалын хөвгүүд
Эрдэнийн сэнтийд заларсан лувсанцөлдмийн цахар
Боржигод түүхийг товчоолсон цэцэн ломийн харчин
Болор эрхийг зангидсан рашпонсогийн баарин
Мянган гээс цацруулсан тварам хүүшийн зард
Мэргэн гэгний мэндэлсэн эрэмхий түүхтэй урд
Эрдэнийн товчийг сэцэлсэн сган цэцний уртас
Эрдэмтэн мэргэдээ тоочвол шөнийн од шиг өвөр монгол ээ
Хаирлан санагалзах сэтгэлийн агаар нэг асан
Халуут эгчийн бэрлэсэн огниудын борхот
Харчин ван хайшан гүн гад мэерэн
Хамгийн дунд мөнхөрсөн нуганзаяагийн төрхөм
Богд жавзандамбыг гамингийн шоронгоос суллаж
Буяннэмэх зохиолчийг хүний зэрэгт хүргэсэн
Зон олон гурласаас тодорч гарсан хөвүүн
Зоригт баатар тогтохын үлгэр домог шиг амьдрал
Эх нутгаа тэмцсэн эзнийн хуучин торгууд
Ээдрээ унжраа ихтэй хорьдугаар зууны үймээн
Элгэн садан монголчуудын ам дамжсан яриа
Иш тийш нүүдэллэсэн эх адаггүй түүх
Баялдаж олсон эрх чөлөөний минь төлөө
Баатарлаг үйл эр зоригийн тууль болоод
Бат гүний гянданд зогсоогоороо нөгчсөн
Баргын манлай ван дамдинсүрэнгийн хойчис
Даамгай сайхан хэлээ харь үгтэй хутгаагүй
Дархан мууминган батхаалгын монголчууд
Дайраад ирвэл далай шиг өвөр монголын хэхэр тал
Дасаж суусан нутаг анд нөхдөө санаж байна
Угсаа гарлаа яривал яахын аргагүй садан
Удаан жилийн нөхөрлөлд сэв суулгахгүй анд
Уруул дортойвч элэг дорддоггүй нь үнэн
Улс тусдаа ч үндэс нэгтэй өвөр монгол ээ
