ᠪᠢ ᠵᠥᠪᠬᠡᠨ ᠡᠵᠢ ᠶ᠋ᠢ ᠪᠡᠨ ᠮᠡᠳᠡᠨ᠎ᠡБи зөвхөн ээжийгээ мадна ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠵᠥᠪᠬᠡᠨ ᠡᠵᠢ ᠶ᠋ᠢ ᠪᠡᠨ ᠮᠡᠳᠡᠨ᠎ᠡБи зөвхөн ээжийгээ мадна

ᠪᠢ ᠵᠥᠪᠬᠡᠨ ᠡᠵᠢ ᠶ᠋ᠢ ᠪᠡᠨ ᠮᠡᠳᠡᠨ᠎ᠡБи зөвхөн ээжийгээ мадна

2022-11-18

647

ᠪᠢ ᠵᠥᠪᠬᠡᠨ ᠡᠵᠢ ᠶ᠋ᠢ ᠪᠡᠨ ᠮᠡᠳᠡᠨ᠎ᠡ

ᠭᠠᠷᠠᠭ ᠡᠷᠬᠡᠰ ‍ᠦᠨ ᠲᠤᠬᠠᠢ ᠪᠢ ᠶᠠᠭᠤ ᠎ᠴᠤ᠌ ᠮᠡᠳᠡᠬᠦ ᠦᠭᠡᠢ
ᠭᠠᠯᠲᠤ ᠵᠡᠪᠰᠡᠭ ‍ᠦᠨ ᠲᠤᠬᠠᠢ ᠪᠦᠷ ᠎ᠴᠤ᠌ ᠮᠡᠳᠡᠬᠦ ᠦᠭᠡᠢ
ᠭᠠᠶ᠋ᠢᠬᠠᠮᠰᠢᠬᠲᠤ ᠬᠥᠮᠦᠰ ‍ᠦᠨ ᠲᠤᠬᠠᠢ ᠎ᠴᠤ᠌ ᠮᠡᠳᠡᠬᠦ ᠦᠭᠡᠢ
ᠭᠠᠭᠴᠠᠬᠠᠨ ᠡᠵᠢ ‍ᠶ᠋ᠢ ᠎ᠪᠡᠨ ᠯᠡ ᠪᠢ ᠰᠠᠶ᠋ᠢᠨ ᠮᠡᠳᠡᠨ᠎ᠡ ᠠ᠋
ᠪᠦᠷ ᠪᠠᠭ᠎ᠠ ‍ᠶ᠋ᠢᠨ ᠣᠢ ᠲᠣᠢ ‍ᠳᠤ ᠮᠢᠨᠢ
ᠪᠥᠵᠢᠭᠯᠡᠵᠦ ᠢᠷᠡᠳᠡᠭ ᠳᠠᠭᠢᠨᠢ
ᠪᠦᠳᠡᠬᠢ ᠪᠠᠳᠠᠬᠢ ᠳᠤᠷᠠᠳᠬᠠᠯ ‍ᠳᠤ ᠮᠢᠨᠢ ᠪᠦᠪᠡᠢ ᠠᠶᠠᠯᠳᠠᠭ ᠳᠠᠭᠤᠴᠢᠨ
ᠴᠡᠴᠡᠷᠯᠢᠭ ᠲᠦ ᠨᠠᠮ᠎ᠠ ‍ᠶ᠋ᠢ ᠎ᠪᠡᠨ ᠬᠦᠷᠭᠡᠴᠢᠬᠡᠭᠡᠳ
ᠡᠷᠭᠢᠵᠦ ᠬᠠᠷᠠᠭᠰᠠᠭᠠᠷ ᠪᠤᠴᠠᠳᠠᠭ
ᠴᠡᠩᠬᠡᠷ ᠳᠡᠪᠡᠯ᠎ᠲᠡᠢ ᠡᠵᠢ ‍ᠶ᠋ᠢ ᠎ᠪᠡᠨ
ᠢᠷᠡᠬᠦ ‍ᠶ᠋ᠢ ᠨᠢ ᠶᠠᠭᠠᠷᠠᠵᠤ ᠪᠢ ᠬᠦᠯᠢᠶᠡᠳᠡᠭ ᠡ
ᠡᠵᠢ ᠮᠢᠨᠢ ᠰᠢᠨ᠎ᠡ ᠰᠤᠷᠤᠭᠰᠠᠨ ᠳᠠᠭᠤᠤ ‍ᠶ᠋ᠢ ᠮᠢᠨᠢ
ᠰᠢᠮ᠎ᠡ ᠎ᠲᠡᠢ ᠰᠣᠨᠣᠰᠴᠤ ᠳᠠᠭᠤᠯᠠᠭᠤᠯᠤᠭᠠᠳ
ᠳᠡᠩᠳᠡᠭᠦᠦ ᠪᠠᠶᠠᠷᠯᠠᠭᠰᠠᠨ ᠨᠠᠮ᠎ᠠ ‍ᠶ᠋ᠢ ᠎ᠪᠡᠨ
ᠳᠠᠩᠳᠠ᠎ᠪᠠᠨ ᠤᠷᠮ᠎ᠠ ᠎ᠪᠠᠷ ᠮᠢᠯᠢᠶᠠᠳᠠᠭ ᠡ
ᠡᠵᠢ ᠮᠢᠨᠢ ᠵᠢᠷᠤᠭ ᠵᠢᠷᠤᠵᠤ ᠵᠢᠷᠤᠭᠠᠴᠢ ᠪᠣᠯᠳᠠᠭ
ᠵᠢᠭᠤᠷᠠᠮᠠᠭ ᠵᠢᠭᠤᠷᠠᠵᠤ ᠪᠠᠷᠢᠯᠭᠠᠴᠢᠨ ᠎ᠴᠤ᠌ ᠪᠣᠯᠳᠠᠭ
ᠬᠡᠪᠢᠰ ᠨᠡᠬᠡᠵᠦ ᠭᠡᠷ ‍ᠢᠶ᠋ᠡᠨ ᠴᠢᠮᠡᠳᠡᠭ
ᠬᠡᠯᠡ ᠰᠤᠷᠴᠤ ᠣᠶᠤᠨ ‍ᠢᠶ᠋ᠠᠨ ᠲᠡᠯᠡᠳᠡᠭ ᠡ
ᠠᠮᠲᠠᠲᠠᠢ ᠬᠣᠭᠣᠯᠠ ᠎ᠪᠠᠷ ᠪᠢᠳᠡᠨ ‍ᠢ ᠪᠠᠶᠠᠷᠯᠠᠭᠤᠯᠵᠤ
ᠠᠭᠠᠭ ᠎ᠲᠠᠢ ᠴᠠᠢ ᠎ᠪᠠᠷ ᠵᠣᠴᠢᠳ ‍ᠢ ᠭᠡᠶ᠋ᠢᠭᠦᠯᠵᠦ
ᠭᠡᠷ ᠲᠦ ᠎ᠪᠡᠨ ᠦᠷᠭᠦᠯᠵᠢ ᠭᠡᠭᠡ ᠪᠣᠯᠳᠠᠭ
ᠭᠠᠭᠴᠠᠬᠠᠨ ᠡᠵᠢ ‍ᠳᠤ ᠎ᠪᠡᠨ ᠯᠡ ᠪᠢ ᠬᠠᠶ᠋ᠢᠷᠠᠲᠠᠢ ᠳ᠋ᠠ
ᠪᠢ ᠫᠤᠤ ᠰᠢᠳᠠᠮ ᠳᠠᠶ᠋ᠢᠨ ‍ᠤ ᠲᠤᠬᠠᠢ ᠎ᠴᠤ᠌ ᠮᠡᠳᠡᠬᠦ ᠦᠭᠡᠢ
ᠥᠪᠡᠷ ‍ᠦᠨ ‍ᠢᠶ᠋ᠡᠨ ᠲᠤᠬᠠᠢ ᠎ᠴᠤ᠌ ᠪᠦᠷ  ᠎ᠴᠤ᠌ ᠮᠡᠳᠡᠬᠦ ᠦᠭᠡᠢ
ᠥᠷᠥᠪᠴᠢᠬᠡᠨ ᠰᠡᠳᠬᠢᠯ ᠎ᠲᠡᠢ ᠡᠵᠢ ‍ᠶ᠋ᠢ ᠎ᠪᠡᠨ ᠪᠢ
ᠬᠠᠮᠤᠭ ᠠ᠋ᠴᠠ ᠢᠯᠡᠭᠦᠦ ᠪᠣᠳᠣᠵᠤ ᠶᠠᠪᠤᠳᠠᠭ ᠳ᠋ᠠ
ᠡᠵᠢ ᠡ ᠂ ᠬᠡᠦᠬᠡᠨ ᠴᠢᠨᠢ ᠪᠢ ᠲᠠᠨ ‍ᠳᠤ ᠎ᠪᠠᠨ
ᠲᠣᠩ ᠶᠡᠬᠡ ᠬᠠᠶ᠋ᠢᠷᠠᠲᠠᠢ ᠰᠢᠦ ᠃