ᠲᠡᠦᠬᠡ ᠎ᠪᠡᠨ ᠮᠡᠳᠡᠬᠦ ᠦᠭᠡᠢ ᠲᠥᠷᠥ ‍ᠶ᠋ᠢᠨ ᠵᠢᠳᠬᠦᠯᠲᠡᠨТүүх б н мэдэхгүй дөр ин зүтгэлтэн ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠦᠬᠡ ᠎ᠪᠡᠨ ᠮᠡᠳᠡᠬᠦ ᠦᠭᠡᠢ ᠲᠥᠷᠥ ‍ᠶ᠋ᠢᠨ ᠵᠢᠳᠬᠦᠯᠲᠡᠨТүүх б н мэдэхгүй дөр ин зүтгэлтэн

ᠲᠡᠦᠬᠡ ᠎ᠪᠡᠨ ᠮᠡᠳᠡᠬᠦ ᠦᠭᠡᠢ ᠲᠥᠷᠥ ‍ᠶ᠋ᠢᠨ ᠵᠢᠳᠬᠦᠯᠲᠡᠨТүүх б н мэдэхгүй дөр ин зүтгэлтэн

2022-11-18

304

ᠲᠡᠦᠬᠡ ᠎ᠪᠡᠨ ᠮᠡᠳᠡᠬᠦ ᠦᠭᠡᠢ ᠲᠥᠷᠥ ‍ᠶ᠋ᠢᠨ ᠵᠢᠳᠬᠦᠯᠲᠡᠨ

           ( ᠰᠢᠭᠦᠮᠵᠢ )
  ᠴᠢᠩᠭᠢᠰ ᠬᠠᠭᠠᠨ ‍ᠤ ᠨᠠᠰᠤ ᠪᠠᠷᠠᠬᠤ ‍ᠳᠤ ᠎ᠪᠠᠨ ᠭᠡᠷᠢᠶᠡᠰᠦᠯᠡᠭᠰᠡᠨ ᠭᠢᠯᠠ ᠲᠡᠦᠬᠡᠨ ᠰᠤᠷᠭᠠᠮᠵᠢ ᠎ᠨᠤᠭᠤᠳ ᠲᠦ ᠪᠢᠴᠢᠭᠰᠡᠨ ᠵᠦᠢᠯ ᠨᠢ ᠪᠣᠯᠪᠠᠯ ᠪᠢᠳᠡᠨ ‍ᠦ ᠵᠣᠪᠠᠨ ᠵᠦᠳᠡᠨ ᠪᠠᠶ᠋ᠢᠭᠤᠯᠤᠭᠰᠠᠨ ᠤᠯᠤᠰ ᠣᠷᠣᠨ ‍ᠢ ᠲᠠᠩᠰᠤᠭ ᠠᠮᠢᠳᠤᠷᠠᠯ ‍ᠳᠤ ᠥᠰᠦᠭᠰᠡᠨ ᠬᠠᠭᠠᠨ ᠬᠥᠪᠡᠭᠦᠳ ᠮᠠᠨᠢ ᠡᠷᠬᠡ ᠮᠠᠲᠠᠯ ᠪᠤᠯᠢᠶᠠᠯᠴᠠᠯᠳᠤᠭᠠᠳ ᠤᠨᠠᠭᠠᠬᠤ ᠪᠣᠯᠤᠭᠤᠵᠠᠢ ! ᠭᠡᠵᠦ ᠰᠡᠳᠬᠢᠯ ᠵᠣᠪᠠᠵᠤ ᠪᠠᠶ᠋ᠢᠨ᠎ᠠ ᠭᠡᠵᠦ ᠲᠡᠮᠳᠡᠭᠯᠡᠭᠰᠡᠨ ᠪᠠᠶ᠋ᠢᠳᠠᠭ ᠂ ᠡᠨᠡ ᠪᠣᠯ ᠣᠳᠣ ᠲᠤᠶ᠋ᠢᠯ ‍ᠤᠨ ᠪᠣᠳᠠᠲᠤ ᠦᠨᠡᠨ ᠂ ᠥᠭᠡᠳᠡᠢ ᠬᠠᠭᠠᠨ ‍ᠢ ᠨᠠᠰᠤ ᠪᠠᠷᠠᠭᠰᠠᠨ ‍ᠤ ᠳᠠᠷᠠᠭ᠎ᠠ ᠯᠠ ᠬᠠᠭᠠᠨ ᠰᠢᠷᠡᠭᠡᠨ ‍ᠦ ᠲᠥᠯᠥᠭᠡ ᠲᠡᠮᠡᠴᠡᠯ ᠮᠠᠨᠢ ᠰᠢᠭᠤᠳ ᠣᠳᠣ ᠡᠬᠢᠯᠡᠵᠦ ᠪᠠᠶ᠋ᠢᠭ᠎ᠠ ᠶᠤᠮ ᠂ ᠲᠡᠭᠡᠭᠡᠳ ᠡᠨᠡ ᠣᠳᠣ ᠶᠠᠪᠤᠳᠠᠯ ᠳᠠᠶ᠋ᠢᠮᠵᠢᠷᠠᠭᠰᠠᠭᠠᠷ ᠪᠠᠷᠠᠭᠤᠨ ᠵᠡᠭᠦᠨ ᠮᠣᠩᠭᠣᠯ ᠂ ᠵᠡᠭᠦᠨ ᠮᠣᠩᠭᠣᠯ ᠨᠢ ᠳᠣᠲᠣᠷ᠎ᠠ ᠎ᠪᠠᠨ ᠪᠠᠷᠠᠭᠤᠨ ᠲᠦᠮᠡᠨ ᠂ ᠵᠡᠭᠦᠨ ᠲᠦᠮᠡᠨ ᠭᠡᠵᠦ ᠬᠤᠪᠢᠶᠠᠭᠳᠠᠭᠠᠳ ᠢᠩᠭᠢᠭᠡᠳ ᠡᠷᠬᠡ ᠮᠠᠲᠠᠯ ‍ᠤᠨ ᠲᠥᠯᠥᠭᠡ ᠪᠠᠶ᠋ᠢᠯᠳᠤᠭᠰᠠᠭᠠᠷ ᠪᠠᠶ᠋ᠢᠭᠠᠳ ᠡᠴᠦᠰ ‍ᠦᠨ ᠦᠷ᠎ᠡ ᠳᠠᠭᠠᠪᠤᠷᠢ ᠰᠤᠷᠭᠠᠮᠵᠢ ᠨᠢ ᠪᠣᠯᠪᠠᠯ ᠮᠠᠨᠵᠤ ᠴᠢᠩ ᠭᠦᠷᠦᠨ ‍ᠳᠦ ᠡᠵᠡᠯᠡᠭᠳᠡᠭᠰᠡᠨ ᠂ ᠣᠳᠣ ᠮᠠᠨ ‍ᠤ ᠡᠨᠡ ᠲᠥᠷᠥ ‍ᠶ᠋ᠢᠨ ᠵᠢᠳᠬᠦᠯᠲᠡᠨ ᠎ᠨᠤᠭᠦᠳ ᠳᠠᠩᠴᠤ ᠲᠡᠦᠬᠡ ᠎ᠪᠡᠨ ᠮᠡᠳᠡᠬᠦ ᠦᠭᠡᠢ ᠳ᠋ᠡ ᠤᠩᠰᠢᠳᠠᠭ ᠦᠭᠡᠢ ᠂ ᠡᠶ᠋ᠢᠮᠦ ᠶᠡᠬᠡ ᠥᠷᠢ ᠎ᠲᠡᠢ ᠂ ᠠᠷᠠᠳ ᠲᠦᠮᠡᠨ ᠨᠢ ᠪᠠᠰᠠ ᠣᠳᠣ ᠡᠪᠡᠳᠴᠢᠨ ᠵᠣᠪᠠᠯᠠᠩ ᠎ᠲᠠᠢ ᠂ ᠶᠠᠳᠠᠭᠤ ᠵᠦᠳᠡᠭᠦᠦ ᠪᠠᠶ᠋ᠢᠨ᠎ᠠ ᠭᠡᠳᠡᠭ ᠪᠣᠯᠪᠠᠯ ᠲᠥᠷᠥ ᠵᠠᠰᠠᠭ ‍ᠤᠨ ᠣᠳᠣ ᠦᠢᠯᠡ ᠠᠵᠢᠯᠯᠠᠭ᠎ᠠ ᠎ᠲᠠᠢ ᠬᠣᠯᠪᠣᠭᠠᠲᠠᠢ ᠂ ᠬᠡᠷᠪᠡ ᠡᠵᠡᠨ ᠬᠠᠭᠠᠳ ᠨᠢ ᠬᠠᠷᠠᠳᠠᠭ ᠪᠣᠯ ᠶᠣᠰᠣᠲᠠᠢ ᠰᠢᠭᠤᠳ ᠴᠠᠭᠠᠵᠠ ᠎ᠪᠠᠷ ᠠᠪᠬᠤ ᠎ᠪᠠᠷ ᠯᠠ ᠂ ᠲᠡᠦᠬᠡ ᠎ᠪᠡᠨ ᠮᠡᠳᠡᠵᠦ ᠪᠠᠶ᠋ᠢᠪᠠᠯ ᠵᠢᠭᠠᠬᠠᠨ ᠶᠠᠭᠤᠮᠠᠨ ᠳᠡᠭᠡᠷ᠎ᠡ ᠴᠦ᠍ ᠭᠡᠰᠡᠨ ᠠᠯᠳᠠᠭ᠎ᠠ ᠭᠠᠷᠭᠠᠬᠤ ᠦᠭᠡᠢ ᠶᠤᠮᠰᠠᠨ ᠂ ᠥᠪᠡᠷ ‍ᠦᠨ ᠤᠷᠤᠭ ᠤᠳᠤᠮ ‍ᠤᠨ ᠲᠡᠦᠬᠡ ‍ᠶ᠋ᠢ ᠵᠢᠭᠠᠬᠠᠨ ᠬᠥᠷᠥᠩᠭᠡ ‍ᠶ᠋ᠢᠨ ᠲᠥᠯᠥᠭᠡ ᠢᠩᠭᠢᠵᠦ ᠰᠡᠪᠲᠦᠭᠦᠯᠬᠦ ᠦᠭᠡᠢ ᠶᠤᠮᠰᠠᠨ ᠭᠡᠵᠦ ᠰᠡᠳᠬᠢᠯ ᠵᠣᠪᠠᠨᠢᠳᠠᠭ ᠪᠣᠯᠪᠠᠯ