ᠵᠥᠪ ᠪᠢᠴᠢᠯᠭᠡ  ᠶᠢᠨ ᠬᠣᠯᠪᠣᠭᠠᠨ ‍ᠳᠤ ᠰᠠᠭᠠᠲᠠᠭᠰᠠᠨ ᠨᠢᠭᠡᠨ ᠨᠠᠰᠤᠲᠠᠨ ‍ᠤ ᠶᠠᠷᠢᠶ᠎ᠠЗөв бичлэгийн холбоон ду саатаасан нэгэн настаны яриа ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠥᠪ ᠪᠢᠴᠢᠯᠭᠡ  ᠶᠢᠨ ᠬᠣᠯᠪᠣᠭᠠᠨ ‍ᠳᠤ ᠰᠠᠭᠠᠲᠠᠭᠰᠠᠨ ᠨᠢᠭᠡᠨ ᠨᠠᠰᠤᠲᠠᠨ ‍ᠤ ᠶᠠᠷᠢᠶ᠎ᠠЗөв бичлэгийн холбоон ду саатаасан нэгэн настаны яриа

ᠵᠥᠪ ᠪᠢᠴᠢᠯᠭᠡ  ᠶᠢᠨ ᠬᠣᠯᠪᠣᠭᠠᠨ ‍ᠳᠤ ᠰᠠᠭᠠᠲᠠᠭᠰᠠᠨ ᠨᠢᠭᠡᠨ ᠨᠠᠰᠤᠲᠠᠨ ‍ᠤ ᠶᠠᠷᠢᠶ᠎ᠠЗөв бичлэгийн холбоон ду саатаасан нэгэн настаны яриа

2022-11-18

657

ᠵᠥᠪ ᠪᠢᠴᠢᠯᠭᠡ ‍ᠶ᠋ᠢᠨ ᠬᠣᠯᠪᠣᠭᠠᠨ ‍ᠳᠤ ᠰᠠᠭᠠᠲᠠᠭᠰᠠᠨ ᠨᠢᠭᠡᠨ ᠨᠠᠰᠤᠲᠠᠨ ‍ᠤ ᠶᠠᠷᠢᠶ᠎ᠠ

        ᠵᠠ᠂ ᠨᠠᠮ᠎ᠠ ‍ᠶ᠋ᠢ ᠵᠣᠷᠢᠬᠵᠢᠭᠤᠯᠤᠭᠰᠠᠨ ᠪᠠᠭᠰᠢ ᠨᠠᠷ ᠪᠣᠯᠤᠨ ᠬᠠᠮᠲᠤ ᠰᠤᠷᠤᠯᠭᠠᠲᠠᠨ ᠨᠠᠷ  ᠲᠦ  ᠦᠳᠡ ‍ᠶ᠋ᠢᠨ ᠮᠡᠨᠳᠦ ᠡ ! ᠳᠠᠶᠠᠭᠠᠷ ‍ᠢᠶ᠋ᠠᠨ ᠰᠠᠶ᠋ᠢᠬᠠᠨ ᠡᠪᠦᠯᠵᠢᠵᠦ ᠪᠠᠢᠨ᠎ᠠ  ‍ᠤᠤ? ᠶᠠᠭᠤᠲᠠᠢ ᠰᠠᠶ᠋ᠢᠬᠠᠨ ᠶᠠᠭᠠᠷᠠᠵᠤ ᠪᠠᠢᠨ᠎ᠠ ? 

        ᠵᠠ᠂ ᠲᠡᠭᠡᠭᠡᠳ ᠪᠢ ᠡᠨᠡ ᠨᠢᠭᠡ ᠬᠣᠯᠪᠣᠭᠠᠨᠨ ᠳ᠋ᠤ᠌ ᠣᠷᠣᠭᠰᠠᠨ  ‍ᠳᠤ  ᠪᠠᠨ ᠮᠠᠰᠢ ᠶᠡᠬᠡ ᠪᠠᠶᠠᠷᠯᠠᠵᠤ ᠪᠠᠢᠨ᠎ᠠ ᠃ ᠬᠠᠮᠤᠭ ‍ᠤᠨ ᠲᠦᠷᠦᠭᠦᠨ ‍ᠳᠤ ᠮᠠᠨ ‍ᠤ ᠪᠠᠭᠰᠢ ᠨᠠᠷ ᠪᠢᠳᠡᠨᠦᠰ  ᠲᠤ ᠂  ᠢᠩᠭᠢᠵᠦ ᠰᠠᠶ᠋ᠢᠬᠠᠨ ᠵᠢᠭᠠᠵᠤ᠂ ᠢᠩᠭᠢᠵᠦ ᠰᠠᠶ᠋ᠢᠬᠠᠨ ᠮᠡᠳᠡᠭᠦᠯᠵᠦ᠂ ᠮᠡᠳᠡᠬᠦ ᠦᠭᠡᠢ ‍ᠶ᠋ᠢ ᠨᠢ ᠰᠠᠶ᠋ᠢᠬᠠᠨ ᠬᠡᠯᠡᠵᠦ ᠥᠭᠬᠦ ᠴᠢᠨᠢ᠂ ᠡᠨᠡ ᠴᠢᠨᠢ ᠣᠲᠣ ᠴᠣᠬᠣᠮ᠂ ᠪᠢ ᠣᠳᠣ ᠳᠠᠬᠢᠵᠤ ᠰᠤᠷᠭᠠᠭᠤᠯᠢ ᠳ᠋ᠤ᠌ ᠣᠷᠣᠵᠤ᠂ ᠡᠭᠡᠰᠢᠭ ᠳᠣᠯᠣᠭ᠎ᠠ ᠪᠣᠯᠤᠨ ᠭᠡᠶ᠋ᠢᠭᠦᠯᠦᠭᠴᠢ ᠪᠠᠨ ᠨᠢᠭᠡᠳᠦᠭᠡᠷ ᠣᠨ ᠠ᠋ᠴᠠ ᠳᠠᠬᠢᠵᠤ ᠰᠤᠷᠴᠤ ᠪᠠᠶ᠋ᠢᠬᠤ ᠰᠢᠭ᠋ ᠪᠣᠳᠣᠭᠳᠠᠵᠤ ᠪᠠᠢᠨ᠎ᠠ᠃ ᠢᠩᠭᠢᠬᠦᠯᠡᠷ ᠪᠢ ᠪᠣᠯ ᠶᠡᠬᠡ ᠰᠡᠳᠬᠢᠯ ᠬᠥᠳᠡᠯᠵᠦ ᠪᠠᠢᠨ᠎ᠠ ᠃ ᠮᠠᠨ ‍ᠤ ᠡᠨᠡ ᠬᠣᠯᠪᠣᠭ᠎ᠠ ᠪᠠᠶ᠋ᠢᠭᠰᠠᠭᠠᠷ ᠣᠳᠣ᠂ ᠪᠢ ᠪᠣᠳᠣᠵᠤ ᠦᠵᠡᠬᠦ  ‍ᠳᠤ  ᠶᠡᠬᠡ ᠰᠠᠶ᠋ᠢᠬᠠᠨ ᠬᠣᠯᠪᠣᠭ᠎ᠠ᠃ ᠪᠢ ᠪᠣᠯ ᠣᠳᠣ ᠵᠢᠷᠠ ᠭᠠᠷᠤᠢ ᠳᠠᠯᠠᠭᠠᠳ ᠨᠠᠰᠤᠨ ‍ᠤ ᠬᠥᠮᠦᠨ᠃ ᠢᠩᠭᠢᠭᠡᠳ ᠰᠤᠷᠭᠠᠭᠤᠯᠢ ᠠ᠋ᠴᠠ  ᠭᠠᠷᠤᠭᠠᠳ ᠲᠠᠪᠢᠨ ᠵᠢᠯ ᠥᠩᠭᠡᠷᠡᠵᠦ ᠪᠠᠢᠨ᠎ᠠ  ᠣᠳᠣ᠃ ᠡᠨᠡ ᠴᠢᠨᠢ ᠡᠨᠡ ᠬᠣᠭᠣᠷᠣᠨᠳᠣ ᠮᠠᠷᠲᠠᠭᠰᠠᠨ᠂ ᠭᠡᠭᠡᠭᠰᠡᠨ᠂ ᠦᠰᠦᠭ ‍ᠢᠶ᠋ᠡᠨ ᠳᠠᠬᠢᠨ ᠰᠡᠯᠪᠢᠵᠦ ᠠᠪᠴᠤ ᠪᠠᠢᠨ᠎ᠠ᠃ ᠡᠨᠡ ᠴᠢᠨᠢ ᠪᠠᠰᠠ ᠨᠠᠮ᠎ᠠ ᠳ᠋ᠤ᠌ ᠡᠶ᠋ᠢᠮᠦ ᠰᠠᠶ᠋ᠢᠬᠠᠨ ᠲᠣᠬᠢᠶᠠᠯ ᠥᠭᠴᠡᠢ᠂ ᠪᠠᠭᠰᠢ ᠨᠠᠷ ᠮᠢᠨᠢ! ᠳᠠᠬᠢᠭᠠᠳ ᠨᠢᠭᠡ ᠨᠢ ᠪᠢᠳᠡ ᠢᠯᠡᠭᠦᠬᠡᠨ ᠰᠢᠭ᠌ ᠴᠢᠷᠮᠠᠶ᠋ᠢᠵᠤ᠂ ᠡᠨᠡ ᠠᠯᠳᠠᠭᠰᠠᠨ᠂ ᠭᠡᠭᠡᠭᠰᠡᠨ᠂ ᠮᠠᠷᠲᠠᠭᠰᠠᠨ ‍ᠢᠶ᠋ᠠᠨ ‍ᠢ  ᠳᠠᠬᠢᠨ ᠰᠡᠯᠪᠢᠵᠦ ᠠᠪᠬᠤ ‍ᠶ᠋ᠢ ᠬᠦᠰᠡᠵᠦ ᠪᠠᠢᠨ᠎ᠠ᠂ ᠪᠢ ᠪᠣᠯ ᠢᠩᠭᠢᠵᠦ ᠵᠣᠷᠢᠬ ᠰᠢᠭᠤᠳᠴᠤ ᠪᠠᠢᠨ᠎ᠠ᠃ ᠲᠡᠭᠡᠭᠡᠳ ᠣᠳᠣ ᠶᠣᠰᠣᠨ ‍ᠳᠦ ᠪᠡᠨ ᠬᠡᠯᠡᠪᠡᠯ᠂ ᠡᠨᠡ ᠴᠢᠨᠢ ᠣᠳᠣ᠂ ᠡᠨᠡ ᠤᠳᠠᠭᠠᠨ ‍ᠤ ᠡᠨᠡ ᠰᠤᠷᠤᠯᠴᠠᠬᠤ  ᠡᠶ᠋ᠢᠮᠦ ᠰᠠᠶ᠋ᠢᠬᠠᠨ ᠲᠣᠬᠢᠶᠠᠯ ‍ᠢ ᠶᠡᠷᠦ ‍ᠶ᠋ᠢᠨ ᠴᠠᠭ  ᠲᠦ  ᠮᠥᠩᠭᠥ ᠵᠣᠭᠣᠰ ‍ᠢᠶ᠋ᠠᠨ ᠪᠠᠷᠢᠭᠠᠳ ᠪᠠᠭᠰᠢ ᠵᠠᠯᠠᠭᠠᠳ ᠣᠯᠳᠠᠬᠤ ᠥᠬᠡᠢ᠃ ᠡᠨᠡ ᠴᠢᠨᠢ᠂  ᠡᠴᠢᠨᠡᠭᠡᠨ ᠥᠨᠳᠥᠷ ᠨᠠᠰᠤᠲᠠᠢ ᠤᠯᠤᠰ  ᠲᠦ ᠂ ᠶᠠᠮᠠᠷ ᠬᠥᠮᠦᠨ ᠵᠢᠭᠠᠵᠤ ᠥᠭᠬᠦ? ᠳᠠᠬᠢᠭᠠᠳ ᠰᠤᠷᠭᠠᠭᠤᠯᠢ ᠳ᠋ᠤ᠌ ᠣᠷᠣᠶ᠎ᠠ ᠭᠡᠬᠦᠯᠡᠷ ᠴᠢ ᠬᠡᠳᠦᠢ ᠨᠠᠰᠤᠲᠠᠢ ᠪᠣᠯᠴᠢᠬᠠᠭᠰᠠᠨ? ᠲᠡᠭᠡᠬᠦᠯᠡᠷ ᠡᠶ᠋ᠢᠮᠦ ᠰᠠᠶ᠋ᠢᠬᠠᠨ ᠲᠣᠬᠢᠶᠠᠯ᠂ ᠡᠨᠡ ᠪᠣᠯ ᠪᠢᠳᠡᠨ ‍ᠤ ᠢᠷᠦᠭᠡᠯ ᠡ ᠂  ᠢᠷᠦᠭᠡᠯ ‍ᠢᠶ᠋ᠡᠨ ᠪᠢᠳᠡᠨᠦᠰ ᠰᠠᠶ᠋ᠢᠬᠠᠨ ᠨᠠᠨᠳᠢᠩᠨᠠᠵᠤ ᠶᠠᠪᠤᠶ᠎ᠠ!

       ᠵᠠ᠂ ᠲᠡᠭᠡᠭᠡᠳ ᠮᠠᠨ ‍ᠤ ᠡᠨᠡ ᠪᠠᠭᠰᠢ ᠨᠠᠷ ‍ ᠳᠣᠲᠣᠷ᠎ᠠ ᠪᠠᠰᠠ ᠳᠠᠯᠠ ᠭᠠᠷᠤᠭᠰᠠᠨ᠂ ᠠᠵᠢᠯ ‍ᠤᠨ ᠠᠮᠠᠷᠠᠯᠲᠠ ᠪᠠᠨ ᠠᠪᠤᠭᠰᠠᠨ᠂ ᠤᠳᠠᠭᠠᠨ ᠵᠢᠯ ‍ᠦᠨ ᠰᠣᠶᠣᠯ ᠰᠤᠷᠭᠠᠨ ᠬᠥᠮᠦᠵᠢᠯ ‍ᠦᠨ ᠲᠤᠷᠰᠢᠯᠭ᠎ᠠ ᠲᠠᠢ ᠪᠠᠭᠰᠢ ᠨᠠᠷ ᠪᠠᠢᠨ᠎ᠠ᠂ ᠡᠶ᠋ᠢᠮᠦ ᠰᠠᠶ᠋ᠢᠬᠠᠨ ᠬᠦᠨᠳᠦᠲᠦ ᠪᠠᠭᠰᠢ ᠨᠠᠷ  ᠲᠦ  ᠪᠠᠨ᠂ ᠳᠠᠬᠢᠨ ᠱᠠᠪᠢ ᠪᠣᠯᠤᠭᠰᠠᠨ ‍ᠳᠤ ᠪᠠᠨ ᠮᠠᠰᠢ ᠶᠡᠬᠡ ᠪᠠᠶᠠᠷᠯᠠᠵᠤ ᠪᠠᠢᠨ᠎ᠠ᠃ ᠵᠠ᠂ ᠲᠡᠭᠡᠭᠡᠳ ᠪᠢ ᠣᠳᠣ ᠪᠠᠰᠠ ᠪᠣᠳᠣᠭᠰᠠᠨ᠂ ᠡᠳᠡᠭᠡᠷ ‍ᠢ ᠪᠣᠳᠣᠭᠠᠳ ᠪᠢ ᠪᠠᠰᠠ ᠰᠡᠳᠬᠢᠯ ᠤᠶᠠᠷᠠᠭᠰᠠᠨ᠃ ᠣᠳᠣ ᠲᠡᠭᠡᠭᠡᠳ ᠨᠢᠭᠡ ᠵᠠᠪ ᠵᠠᠪᠰᠢᠶᠠᠨ ᠲᠠᠭᠠᠷᠠᠪᠠᠯ ᠪᠠᠭᠰᠢ ᠨᠠᠷ ‍ᠤᠨ ‍ᠢᠶ᠋ᠠᠨ ᠠᠴᠢ ‍ᠶ᠋ᠢ ᠶᠠᠭᠠᠬᠢᠵᠤ ᠬᠠᠷᠢᠭᠤᠯᠠᠳᠠᠭ ᠶᠤᠮ ᠪᠣᠯ ‍ᠤᠤ? ᠭᠡᠵᠦ ᠪᠣᠳᠣᠵᠤ ᠰᠠᠭᠤᠵᠤ ᠪᠠᠢᠨ᠎ᠠ᠂ ᠴᠤᠬᠤᠮ ᠬᠠᠷᠢᠭᠤᠯᠠᠵᠤ ᠳᠡᠶ᠋ᠢᠯᠦᠨ᠎ᠡ  ‍ᠤᠤ ᠦᠭᠡᠢ ‍ᠦᠦ ᠭᠡᠵᠦ ᠪᠠᠰᠠ ᠪᠣᠳᠣᠯᠭᠠ ᠪᠣᠯᠵᠤ ᠪᠠᠢᠨ᠎ᠠ᠃ ᠡᠶ᠋ᠢᠮᠦ ᠡᠴᠡ ᠮᠢᠨᠦ ᠬᠦᠰᠡᠬᠦ ᠨᠢ ᠮᠠᠨ ‍ᠤ ᠬᠠᠮᠲᠤ ᠰᠤᠷᠤᠭᠴᠢ ᠨᠠᠷ᠂ ᠪᠠᠭᠰᠢ ‍ᠶ᠋ᠢᠨ ‍ᠢᠶ᠋ᠡᠨ ᠵᠢᠭᠠᠵᠤ ᠦᠭᠭᠦᠭᠰᠡᠨ ᠡᠨᠡ ᠤᠷᠮ᠎ᠠ ‍ᠳᠤ ᠪᠢᠳᠡ ᠢᠯᠡᠭᠦᠬᠡᠨ ᠰᠢᠭ᠌ ᠴᠢᠷᠮᠠᠶ᠋ᠢᠭᠠᠳ ᠰᠤᠷᠤᠭᠰᠠᠨ ‍ᠢᠶ᠋ᠠᠨ ᠨᠢᠭᠡ ᠰᠠᠶ᠋ᠢᠬᠠᠨ ‍ ᠲᠦᠭᠡᠮᠡᠯᠵᠢᠭᠦᠯᠦᠭᠡᠳ᠂ ᠦᠷ᠎ᠡ ᠬᠡᠦᠬᠡᠳ ᠠᠴᠢ ᠨᠠᠷ  ᠲᠦ  ᠪᠠᠨ ᠪᠠᠰᠠ ᠨᠢᠭᠡ ᠰᠠᠶ᠋ᠢᠬᠠᠨ ᠨᠥᠯᠥᠭᠡ ᠦᠵᠡᠭᠦᠯᠵᠦ᠂ ᠮᠣᠩᠭᠣᠯ ᠰᠣᠶᠣᠯ  ‍ᠢᠶ᠋ᠡᠷ  ᠸᠢᠴᠲ ᠳᠡᠭᠡᠷ᠎ᠡ ᠮᠣᠩᠭᠣᠯ ᠦᠰᠦᠭ ᠴᠣᠬᠢᠵᠤ ᠮᠣᠩᠭᠣᠯ ‍ᠢᠶ᠋ᠠᠷ ᠪᠢᠴᠢᠵᠦ ᠶᠠᠪᠤᠬᠤ ‍ᠶ᠋ᠢ ᠪᠠᠰᠠ ᠤᠷᠤᠭ ᠰᠠᠳᠤᠨ᠂  ᠬᠣᠢᠲᠤ ᠦᠶ᠎ᠡ ‍ᠳᠤ ᠪᠠᠨ ᠪᠠᠰᠠ ᠨᠢᠭᠡ ᠰᠠᠶ᠋ᠢᠬᠠᠨ ᠰᠤᠷᠭᠠᠯ ᠥᠭᠬᠦ ‍ᠶ᠋ᠢ ᠬᠦᠰᠡᠵᠦ ᠪᠠᠢᠨ᠎ᠠ᠃ ᠪᠢ ᠪᠠᠰᠠ ᠥᠪᠡᠷ ‍ᠦᠨ ᠪᠡᠶ᠎ᠡ ᠪᠡᠨ ᠢᠩᠭᠢᠵᠦ ᠱᠠᠭᠠᠷᠳᠠᠵᠤ ᠪᠠᠢᠨ᠎ᠠ᠃