ᠡᠷᠳᠡᠮ ᠰᠤᠷᠤᠭᠰᠠᠨ ᠬᠦᠦ-ᠦᠯᠢᢉᠡᠷЭрдэм сурсан хүү-Үлгэр4
ᠡᠷᠳᠡᠮ ᠰᠤᠷᠤᠭᠰᠠᠨ ᠬᠦᠦ-ᠦᠯᠢᢉᠡᠷ
ᠡᠷᠲᠡ ᠤᠷᠢᠳᠤ ᠶᠢᠨ ᠴᠠᠭ ᠲᠦ ᠶᠤᠮ ᠭᠡᠨ᠎ᠡ ᠃ ᠭᠤᠷᠪᠠᠨ ᠬᠦᠦ ᠲᠡᠢ ᠨᠢᠭᠡ ᠠᠢᠯ ᠪᠠᠢᠵᠠᠢ ᠭᠡᠨ᠎ᠡ ᠃ ᠲᠣᠮᠣ ᠬᠦᠦ ᠨᠢ ᠠᠳᠤᠭᠤ ᠮᠠᠯ ᠢᠶᠠᠨ ᠬᠠᠷᠢᠭᠤᠯᠤᠨ᠎ᠠ ᠃ ᠳᠤᠮᠳᠠ ᠬᠦᠦ ᠨᠢ ᠵᠢᠩ ᠲᠡᠭᠡᠭᠡᠨ᠎ᠡ ᠭᠡᠨ᠎ᠡ ᠃ ᠣᠯᠠᠨ ᠲᠡᠮᠡᠭᠡᠨ ᠳᠦ ᠠᠴᠢᠶ᠎ᠠ ᠠᠴᠢᠭᠠᠳ ᠬᠣᠯᠠ ᠭᠠᠵᠠᠷ ᠬᠦᠷᠭᠡᠨ᠎ᠡ ᠃ ᠲᠡᠨᠳᠡ ᠡᠴᠡ ᠪᠡᠨ ᠬᠥᠮᠦᠰ ᠲᠤ ᠬᠡᠷᠡᠭ ᠲᠡᠢ ᠠᠴᠢᠶ᠎ᠠ ᠪᠠᠷᠠᠭ᠎ᠠ ᠶᠢ ᠠᠪᠴᠢᠷᠠᠳᠠᠭ ᠪᠣᠯᠬᠣᠷ ᠵᠢᠩᠴᠢᠨ ᠭᠡᠳᠡᠭ ᠪᠠᠢᠵᠠᠢ ᠃ ᠬᠠᠷᠢᠨ ᠲᠡᠷᠡ ᠠᠢᠯ ᠤᠨ ᠣᠳᠭᠤᠨ ᠬᠦᠦ ᠡᠵᠢ ᠠᠪᠤ ᠳᠦ ᠪᠠᠨ ᠲᠤᠰᠠᠯᠠᠳᠠᠭ ᠪᠠᠢᠵᠠᠢ ᠃
ᠳᠤᠮᠳᠠ ᠬᠦᠦ ᠨᠢᠭᠡᠨ ᠤᠳᠠᠭ᠎ᠠ ᠠᠯᠤᠰ ᠬᠣᠯᠠ ᠶᠢᠨ ᠤᠯᠤᠰ ᠲᠤ ᠬᠦᠷᠴᠡᠢ ᠃ ᠲᠡᠨᠳᠡ ᠣᠯᠠᠨ
ᠰᠠᠢᠨ ᠪᠠᠭᠰᠢ ᠨᠠᠷ ᠬᠡᠦᠬᠡᠳ ᠤᠳ ᠲᠤ ᠡᠷᠳᠡᠮ ᠨᠣᠮ ᠵᠢᠭᠠᠵᠤ ᠪᠠᠢᠭ᠎ᠠ ᠶᠢ ᠮᠡᠳᠡᠵᠡᠢ ᠃ ᠲᠡᠭᠡᠭᠡᠳ
ᠭᠡᠷ ᠲᠤ ᠪᠡᠨ ᠢᠷᠡᠵᠦ ᠣᠳᠭᠤᠨ ᠳᠡᠭᠦᠦ ᠳᠦ ᠪᠡᠨ ᠄ 《 ᠬᠣᠯᠠ ᠶᠠᠪᠤᠵᠤ
ᠡᠷᠳᠡᠮ ᠰᠤᠷᠤᠭᠠᠳ ᠢᠷ᠎ᠡ ! 》 ᠭᠡᠵᠦ ᠭᠡᠨ᠎ᠡ ᠃ ᠬᠠᠷᠢᠨ ᠳᠡᠭᠦᠦ ᠨᠢ
ᠵᠥᠪᠰᠢᠶᠡᠷᠡᠵᠡᠢ ᠃
ᠣᠳᠭᠤᠨ ᠬᠦᠦ ᠬᠣᠯᠠ ᠶᠢᠨ ᠤᠯᠤᠰ ᠲᠤ ᠣᠴᠢᠵᠤ ᠡᠷᠳᠡᠮ ᠰᠤᠷᠴᠤ ᠡᠬᠢᠯᠡᠵᠡᠢ ᠃ ᠲᠡᠷᠡ
ᠪᠡᠷ ᠭᠤᠷᠪᠠᠨ ᠵᠢᠯ ᠨᠣᠮ ᠡᠷᠳᠡᠮ ᠰᠤᠷᠤᠭᠰᠠᠨ ᠴᠦ᠍ ᠭᠡᠯᠡ ᠂ ᠶᠠᠭᠤ ᠴᠤ᠌ ᠰᠤᠷᠤᠭ᠎ᠠ ᠦᠭᠡᠢ ᠭᠡᠨ᠎ᠡ ᠃
ᠶᠠᠭᠠᠬᠢᠭᠠᠳ ᠭᠡᠪᠡᠯ ᠂ ᠲᠡᠷᠡ ᠥᠨᠳᠥᠷ ᠠᠭᠤᠯᠠᠨ ᠳᠡᠭᠡᠷ᠎ᠡ ᠭᠠᠷᠤᠭᠠᠳ ᠥᠰᠦᠭᠰᠡᠨ ᠨᠤᠲᠤᠭ ᠤᠷᠤᠭᠤ ᠪᠠᠨ
ᠬᠠᠷᠠᠭᠠᠳ ᠡᠵᠢ ᠠᠪᠤ ᠶᠢ ᠪᠡᠨ ᠰᠠᠨᠠᠨ ᠤᠬᠢᠯᠠᠵᠤ ᠰᠠᠭᠤᠳᠠᠭ ᠪᠠᠢᠵᠠᠢ ᠭᠡᠨ᠎ᠡ ᠃ ᠪᠠᠭᠰᠢ ᠨᠢ ᠡᠷᠳᠡᠮ
ᠨᠣᠮ ᠰᠤᠷᠤᠭ᠎ᠠ ᠦᠭᠡᠢ ᠬᠦᠦ ᠶᠢ ᠵᠠᠩᠨᠠᠵᠤ ᠄ 《 ᠴᠢ ᠣᠳᠣ ᠨᠤᠲᠤᠭ
ᠤᠷᠤᠭᠤ ᠪᠠᠨ ᠬᠠᠷᠢᠭᠰᠠᠨ ᠨᠢ ᠳᠡᠭᠡᠷ᠎ᠡ ᠳᠡ 》 ᠭᠡᠵᠦ ᠬᠡᠯᠡᠵᠡᠢ ᠃ ᠶᠠᠭᠤ ᠴᠤ᠌
ᠰᠤᠷᠤᠭ᠎ᠠ ᠦᠭᠡᠢ ᠬᠦᠦ ᠨᠢ ᠨᠤᠲᠤᠭ ᠤᠷᠤᠭᠤ ᠪᠠᠨ ᠬᠠᠷᠢᠬᠤ ᠳᠦ ᠢᠴᠢᠮᠡᠷ ᠪᠠᠢᠵᠠᠢ ᠃ ᠲᠡᠭᠡᠭᠡᠳ ᠡᠪᠡᠰᠦᠨ
ᠳᠤᠮᠳᠠ ᠰᠠᠭᠤᠭᠠᠳ ᠪᠢ ᠣᠳᠣ ᠶᠠᠭᠠᠬᠢᠳᠠᠭ ᠶᠤᠮ ᠪᠢᠯᠡ ? ᠨᠤᠲᠤᠭ ᠲᠤ ᠪᠠᠨ
ᠣᠴᠢᠬᠤ ᠦᠦ ? ᠠᠪᠤ ᠡᠵᠢ ᠠᠬ᠎ᠠ ᠨᠠᠷ ᠲᠤ ᠪᠠᠨ
ᠶᠠᠭᠤ ᠭᠡᠵᠦ ᠬᠡᠯᠡᠳᠡᠭ ᠶᠤᠮ ᠪᠢᠯᠡ ? ᠭᠡᠵᠦ ᠪᠣᠳᠣᠵᠤ ᠭᠡᠨ᠎ᠡ ᠃ ᠨᠢᠳᠦᠨ ᠳᠦ
ᠨᠢ ᠥᠨᠳᠥᠷ ᠡᠪᠡᠰᠦ ᠤᠷᠤᠭᠤ ᠠᠪᠠᠷᠢᠵᠤ ᠪᠠᠢᠭ᠎ᠠ ᠥᠴᠦᠬᠡᠨ ᠵᠢᠵᠢᠭᠬᠡᠨ ᠰᠢᠷᠭᠤᠯᠵᠢ ᠬᠠᠷᠠᠭᠳᠠᠵᠤ ᠭᠡᠨ᠎ᠡ ᠃
ᠰᠢᠷᠭᠤᠯᠵᠢ ᠡᠪᠡᠰᠦᠨ ᠤ ᠳᠤᠮᠳᠠ ᠨᠢ ᠬᠦᠷᠲᠡᠯ᠎ᠡ ᠠᠪᠠᠷᠢᠭᠠᠳ ᠳᠣᠭᠣᠭᠰᠢ ᠪᠠᠨ ᠤᠨᠠᠴᠢᠬᠠᠵᠠᠢ ᠭᠡᠨ᠎ᠡ ᠃
ᠭᠡᠪᠡᠴᠦ ᠰᠢᠷᠭᠤᠯᠵᠢ ᠳᠠᠬᠢᠭᠠᠳ ᠯᠠ ᠡᠪᠡᠰᠦ ᠤᠷᠤᠭᠤ ᠠᠪᠠᠷᠢᠵᠤ ᠭᠡᠨ᠎ᠡ ᠃ ᠡᠪᠡᠰᠦᠨ ᠤ ᠳᠤᠮᠳᠠ ᠠᠴᠠ
ᠳᠡᠭᠡᠭᠰᠢ ᠪᠡᠨ ᠠᠪᠠᠷᠢᠵᠤ ᠶᠠᠪᠤᠭᠠᠳ ᠳᠠᠬᠢᠭᠠᠳ ᠤᠨᠠᠴᠢᠬᠠᠵᠠᠢ ᠭᠡᠨ᠎ᠡ ᠃
ᠰᠢᠷᠭᠤᠯᠵᠢ ᠪᠣᠰᠤᠭᠠᠳ ᠳᠠᠬᠢᠭᠠᠳ ᠯᠠ ᠥᠭᠡᠳᠡ ᠪᠡᠨ ᠠᠪᠠᠷᠢᠵᠤ ᠭᠡᠨ᠎ᠡ ᠃ ᠲᠡᠷᠡ ᠡᠪᠡᠰᠦᠨ ᠤ ᠣᠷᠣᠢ ᠳᠦ
ᠬᠦᠷᠴᠦ ᠴᠢᠳᠠᠯ ᠦᠭᠡᠢ ᠤᠨᠠᠭᠰᠠᠨ ᠪᠣᠯᠪᠠᠴᠤ ᠳᠠᠬᠢᠭᠠᠳ ᠯᠠ ᠠᠪᠠᠷᠢᠭᠠᠳ ᠪᠠᠢᠵᠠᠢ ᠃ ᠡᠷᠳᠡᠮ ᠰᠤᠷᠤᠭ᠎ᠠ
ᠦᠭᠡᠢ ᠬᠦᠦ ᠰᠢᠷᠭᠤᠯᠵᠢ ᠶᠢ ᠠᠵᠢᠭᠯᠠᠭᠰᠠᠭᠠᠷ ᠯᠠ ᠪᠠᠢᠯ᠎ᠠ ᠃ ᠰᠢᠷᠭᠤᠯᠵᠢ ᠴᠤᠴᠠᠯᠲᠠ ᠦᠭᠡᠢ
ᠠᠪᠠᠷᠢᠭᠰᠠᠭᠠᠷ ᠡᠴᠦᠰ ᠲᠤ ᠨᠢ ᠡᠪᠡᠰᠦᠨ ᠤ ᠲᠣᠯᠣᠭᠠᠢ ᠳᠡᠭᠡᠷ᠎ᠡ ᠭᠠᠷᠴᠤ ᠴᠢᠳᠠᠵᠠᠢ ᠃ ᠲᠡᠭᠡᠮᠡᠭᠴᠡ ᠬᠦᠦ
ᠡᠢᠨ ᠬᠦ᠌ ᠪᠣᠳᠣᠵᠠᠢ ᠃ ᠡᠢᠮᠦ ᠥᠴᠦᠬᠡᠨ ᠰᠢᠷᠭᠤᠯᠵᠢ ᠲᠡᠢᠮᠦ ᠶᠡᠬᠡ ᠲᠡᠪᠴᠢᠶᠡᠷᠢᠲᠡᠢ ᠪᠠᠢᠬᠤ ᠳᠦ ᠬᠡᠳᠦᠨ
ᠠᠷᠪᠠᠨ ᠤᠳᠠᠭ᠎ᠠ ᠠᠪᠠᠷᠢᠵᠤ ᠣᠯᠠᠨ ᠤᠳᠠᠭ᠎ᠠ ᠭᠠᠵᠠᠷ ᠲᠤ ᠤᠨᠠᠭᠰᠠᠨ ᠪᠣᠯᠪᠠᠴᠤ ᠡᠪᠡᠰᠦ ᠤᠷᠤᠭᠤ
ᠠᠪᠠᠷᠢᠭᠰᠠᠭᠠᠷ ᠪᠠᠢᠭᠠᠳ ᠣᠷᠣᠢ ᠳᠦ ᠨᠢ ᠭᠠᠷᠴᠢᠬᠠᠯ᠎ᠠ ᠃ ᠣᠳᠣ ᠡᠨᠡ ᠰᠢᠷᠭᠤᠯᠵᠢ ᠶᠠᠮᠠᠷ ᠴᠤ᠌ ᠡᠪᠡᠰᠦᠨ ᠤ
ᠣᠷᠣᠢ ᠳᠦ ᠬᠢᠯᠪᠠᠷᠬᠠᠨ ᠭᠠᠷᠴᠤ ᠴᠢᠳᠠᠳᠠᠭ ᠪᠣᠯᠤᠯ᠎ᠠ ᠃ ᠭᠡᠲᠡᠯ᠎ᠡ ᠪᠢ ᠡᠢᠮᠦ ᠲᠣᠮᠣ ᠬᠥᠮᠦᠨ ᠪᠠᠢᠵᠤ ᠡᠨᠡ
ᠥᠴᠦᠬᠡᠨ ᠰᠢᠷᠭᠤᠯᠵᠢ ᠠᠴᠠ ᠮᠠᠭᠤ ᠭᠡᠵᠢ ᠦᠦ ! ᠰᠢᠷᠭᠤᠯᠵᠢ ᠠᠪᠠᠷᠢᠵᠤ ᠰᠤᠷᠬᠤ ᠭᠡᠵᠦ ᠬᠢᠴᠢᠶᠡᠵᠦ ᠪᠠᠢᠨ᠎ᠠ
᠂ ᠬᠠᠷᠢᠨ ᠪᠢ ᠡᠷᠳᠡᠮ ᠰᠤᠷᠬᠤ ᠭᠡᠵᠦ ᠪᠠᠢᠭ᠎ᠠ ᠂ ᠡᠷᠳᠡᠮ ᠰᠤᠷᠤᠨ᠎ᠠ ᠭᠡᠳᠡᠭ ᠰᠢᠷᠭᠤᠯᠵᠢ ᠡᠪᠡᠰᠦᠨ ᠳᠦ
ᠠᠪᠠᠷᠢᠬᠤ ᠠᠴᠠ ᠴᠤ᠌ ᠴᠢᠬᠤᠯᠠ ᠰᠢᠦ ᠳᠠ ᠭᠡᠵᠦ ᠤᠬᠠᠭᠠᠷᠠᠵᠠᠢ ᠃
ᠬᠦᠦ ᠬᠤᠷᠳᠤᠬᠠᠨ ᠪᠣᠰᠴᠤ ᠪᠠᠭᠰᠢ ᠤᠷᠤᠭᠤ ᠪᠠᠨ ᠶᠠᠭᠠᠷᠠᠨ ᠣᠴᠢᠵᠠᠢ ᠃ ᠬᠦᠦ ᠵᠢᠯ ᠤᠨ ᠳᠣᠲᠣᠷ᠎ᠠ ᠶᠡᠬᠡ ᠡᠷᠳᠡᠮ ᠢ ᠰᠤᠷᠴᠤ ᠂ ᠬᠣᠵᠢᠮ ᠨᠢ ᠨᠡᠷᠡᠲᠡᠢ ᠡᠷᠳᠡᠮ ᠤᠨ ᠬᠥᠮᠦᠨ ᠪᠣᠯᠤᠭᠰᠠᠨ ᠶᠤᠮ ᠭᠡᠳᠡᠭ ᠡ !
