ᠰᠠᠢᠬᠠᠨ ᠡᠪᠦᠯ ᠪᠣᠯᠬᠤ ᠨᠢСэойхон өвөл болох нь ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠬᠠᠨ ᠡᠪᠦᠯ ᠪᠣᠯᠬᠤ ᠨᠢСэойхон өвөл болох нь

ᠰᠠᠢᠬᠠᠨ ᠡᠪᠦᠯ ᠪᠣᠯᠬᠤ ᠨᠢСэойхон өвөл болох нь

2023-11-15

343

ᠰᠠᠢᠬᠠᠨ ᠡᠪᠦᠯ ᠪᠣᠯᠬᠤ ᠨᠢ

ᠰᠠᠶᠢᠬᠠᠨ ᠵᠡᠯᠡᠯᠡᠭᠰᠡᠨ ᠰᠢᠪᠠᠭᠤᠳ

ᠰᠠᠷᠠᠨ ‍ᠳᠤ ᠡᠪᠦᠯᠵᠢᠬᠦ ᠎ᠪᠡᠷ ᠨᠢᠰᠴᠢᠬᠡᠭᠰᠡᠨ
ᠰᠠᠯᠠᠭ᠎ᠠ ᠮᠣᠳᠣᠨ ‍ᠤ ᠨᠠᠪᠴᠢᠰ
ᠨᠠᠷᠠᠨ ᠳᠡᠯᠭᠡᠷᠡᠬᠦ ᠎ᠪᠡᠷ ᠬᠡᠶ᠋ᠢᠰᠴᠢᠬᠡᠭᠰᠡᠨ
ᠰᠠᠭᠯᠠᠭᠠᠷ ᠬᠠᠩᠭᠠᠢ ‍ᠶ᠋ᠢᠨ ᠠᠭᠤᠯᠠᠰ
ᠭᠤᠨᠢᠬ ‍ᠢᠶ᠋ᠠᠨ ᠲᠣᠭᠣᠭᠠᠳ ᠴᠠᠶ᠋ᠢᠷᠠᠴᠢᠬᠠᠭᠰᠠᠨ
ᠰᠠᠭᠠᠯᠢᠴᠢᠨ ᠪᠦᠰᠡᠭᠦᠢ ᠳᠤᠯᠠᠭᠠᠯᠠᠭᠠᠳ
ᠬᠤᠷᠠᠭᠠᠨ ᠳᠡᠪᠡᠯ ᠡᠮᠦᠰᠴᠢᠬᠡᠭᠰᠡᠨ
ᠰᠠᠶ᠋ᠢᠬᠠᠨ ᠡᠪᠦᠯ ᠪᠣᠯᠬᠤ ᠨᠢ ᠡ
ᠴᠡᠴᠡᠭ ‍ᠦᠨ ᠠᠮᠠᠷᠠᠭ ᠡᠷᠪᠡᠬᠡᠢ
ᠴᠠᠷᠳᠠ ‍ᠶ᠋ᠢᠨ ᠴᠢᠯᠠᠭᠤᠨ ‍ᠳᠤ ᠰᠢᠩᠭᠡᠴᠢᠬᠡᠭᠰᠡᠨ
ᠴᠡᠩᠭᠡᠭ ᠤᠰᠤᠨ ᠵᠢᠷᠠᠭᠠᠬᠠᠢ
ᠴᠡᠭᠡᠯ ‍ᠦᠨ ᠴᠥᠬᠥᠷᠤᠮ ‍ᠳᠤ ᠨᠢᠭᠤᠭᠳᠠᠴᠢᠬᠠᠭᠰᠠᠨ
ᠦᠭᠡᠯᠡᠭᠡ ᠪᠢᠴᠢᠬᠠᠨ ᠪᠣᠯᠵᠣᠮᠣᠷ ᠡᠭᠦᠷ ‍ᠢᠶ᠋ᠡᠨ ᠵᠠᠰᠠᠭᠠᠳ ᠲᠣᠭᠯᠠᠴᠢᠬᠠᠭᠰᠠᠨ
ᠦᠦᠷ ᠰᠥᠨᠢ ‍ᠶ᠋ᠢᠨ ᠵᠠᠭᠠᠭ ‍ᠢᠶ᠋ᠠᠷ
ᠦᠨᠡᠭᠡ ᠬᠢᠷᠰᠠ ᠱᠣᠭᠰᠢᠴᠢᠬᠠᠭᠰᠠᠨ
ᠰᠠᠶ᠋ᠢᠬᠠᠨ ᠡᠪᠦᠯ ᠪᠣᠯᠬᠤ ᠨᠢ ᠡ
ᠬᠥᠷᠵᠡᠩ ᠪᠠᠭᠤᠴᠠ ᠎ᠲᠠᠢ ᠡᠪᠦᠯᠵᠢᠶ᠎ᠡ ‍ᠶ᠋ᠢ ᠨᠠᠮᠤᠷ ‍ᠤᠨ ᠬᠠᠳᠤᠯᠠᠩ ᠳᠠᠷᠤᠴᠢᠬᠠᠭᠰᠠᠨ

ᠬᠥᠯ ᠦᠭᠡᠢ ᠴᠠᠭᠠᠨ ᠲᠠᠯ᠎ᠠ ‍ᠳᠤ ᠬᠡᠳᠦᠨ ᠮᠣᠷᠢᠳ ᠴᠠᠩᠲᠤᠴᠢᠬᠠᠭᠰᠠᠨ

ᠬᠥᠬᠡ ᠴᠢᠨᠣ᠎ᠠ ‍ᠶ᠋ᠢᠨ ᠤᠯᠢᠶ᠎ᠠ ᠲᠩᠷᠢ ‍ᠶ᠋ᠢᠨ ᠬᠡᠭᠡᠯ ᠬᠦᠷᠴᠢᠬᠡᠭᠰᠡᠨ

ᠬᠥᠷ ᠴᠠᠰᠤᠨ ‍ᠤ ᠳᠣᠣᠷ᠎ᠠ ᠬᠠᠪᠤᠷ ‍ᠤᠨ ᠢᠷᠭᠤᠢ ᠨᠢᠭᠤᠭᠳᠠᠴᠢᠬᠠᠭᠰᠠᠨ ᠰᠠᠶ᠋ᠢᠬᠠᠨ ᠡᠪᠦᠯ ᠪᠣᠯᠬᠤ ᠨᠢ ᠡ
ᠭᠠᠵᠠᠷ ‍ᠤᠨ ᠡᠵᠡᠨ ᠰᠠᠪᠳᠠᠭ ᠭᠠᠯᠪᠠ ‍ᠶ᠋ᠢᠨ ᠬᠥᠷᠥᠰᠥᠨ ‍ᠳᠦ ᠰᠢᠩᠭᠡᠴᠢᠬᠡᠭᠰᠡᠨ

ᠭᠠᠯ ‍ᠤᠨ ᠪᠤᠷᠬᠠᠨ ᠰᠠᠬᠢᠭᠤᠰᠤ ᠭᠠᠩ ᠲᠤᠯᠭᠠᠨ ‍ᠳᠤ ᠮᠠᠨᠳᠤᠴᠢᠬᠠᠭᠰᠠᠨ

ᠰᠦᠢᠬᠡ ᠮᠥᠩᠭᠥᠨ ᠳᠡᠯᠡᠰᠲᠦ ᠎ᠡᠴᠡ ᠴᠠᠰᠤᠨ ‍ᠤ ᠰᠣᠯᠣᠩᠭ᠎ᠠ ᠳᠠᠳᠴᠢᠬᠠᠭᠰᠠᠨ

ᠰᠦ᠋ ᠡᠷᠭᠦᠭᠰᠡᠨ ᠢᠵᠢᠢ ᠢᠰᠡᠭᠡᠢ ᠭᠤᠲᠤᠯ ‍ᠢᠶ᠋ᠠᠷ ᠭᠣᠶᠣᠴᠢᠬᠠᠭᠰᠠᠨ ᠰᠠᠶ᠋ᠢᠬᠠᠨ ᠡᠪᠦᠯ ᠪᠣᠯᠬᠤ ᠨᠢ ᠡ