ᠬᠠᠢᠷ᠎ᠠ ᠶ᠋ᠢᠨ ᠲᠠᠪᠢᠯᠠᠩ -ᠡ᠊· ᠤᠶᠠᠩᠭ᠎ᠠ Хайрын тавилан-Э·Уянга ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠶ᠋ᠢᠨ ᠲᠠᠪᠢᠯᠠᠩ -ᠡ᠊· ᠤᠶᠠᠩᠭ᠎ᠠ Хайрын тавилан-Э·Уянга

ᠬᠠᠢᠷ᠎ᠠ ᠶ᠋ᠢᠨ ᠲᠠᠪᠢᠯᠠᠩ -ᠡ᠊· ᠤᠶᠠᠩᠭ᠎ᠠ Хайрын тавилан-Э·Уянга

ᠠᠩᠭᠢᠯᠠᠯ:ᠳᠠᠭᠤᠤ ᠬᠥᠭᠵᠢᠮ
2026-10-14

22

ᠬᠠᠢᠷ᠎ᠠ ᠶ᠋ᠢᠨ ᠲᠠᠪᠢᠯᠠᠩ


      ᠦᠭᠡ᠄ᠡ᠊· ᠤᠶᠠᠩᠭ᠎ᠠ 
      ᠠᠶ᠎ᠠ᠄ ᠳ· ᠴᠠᠸᠠᠩᠷᠠᠪᠲᠠᠨ 
      ᠳᠠᠭᠤᠴᠢᠨ᠄ ᠡ᠊· ᠤᠶᠠᠩᠭ᠎ᠠ 

ᠤᠴᠠᠷᠠᠯ ᠤ᠋ᠨ ᠰᠠᠢᠬᠠᠨ ᠬᠠᠨᠢ ᠪᠠᠨ 
ᠣᠷᠴᠢᠯᠠᠩ ᠳ᠋ᠤ᠌ ᠶᠠᠭᠠᠬᠢᠵᠤ ᠯᠠ ᠮᠠᠷᠲᠠᠬᠤᠪ ᠳᠠ 
ᠤᠶᠠᠷᠠᠵᠤ ᠳᠠᠰᠤᠭᠰᠠᠨ ᠰᠡᠳᠬᠢᠯ ᠢ᠋ᠶ᠋ᠡᠨ  
ᠤᠮᠠᠷᠲᠠᠵᠤ ᠶᠠᠭᠠᠬᠢᠵᠤ ᠯᠠ ᠪᠣᠯᠬᠤᠪ ᠳᠠ 

ᠴᠢ ᠮᠢᠨᠦ ᠬᠠᠢᠷ᠎ᠠ ᠶ᠋ᠢᠨ ᠤᠶᠠᠭ᠎ᠠ 
ᠴᠢᠩ ᠵᠢᠷᠦᠬᠡᠨ ᠦ᠌ ᠢᠲᠡᠭᠡᠯ ᠦ᠋ᠨ ᠲᠤᠶᠠᠭ᠎ᠠ 
ᠴᠢ ᠮᠢᠨᠦ ᠬᠠᠢᠷ᠎ᠠ ᠶ᠋ᠢᠨ ᠲᠠᠪᠢᠯᠠᠩ 
ᠴᠡᠩᠭᠡᠯ ᠵᠢᠷᠭᠠᠯ ᠤ᠋ᠨ ᠮᠥᠩᠬᠡ ᠶ᠋ᠢᠨ ᠵᠠᠶᠠᠭ᠎ᠠ

ᠬᠣᠩᠭᠣᠷ ᠰᠠᠢᠬᠠᠨ ᠬᠠᠨᠢ ᠪᠠᠨ 
ᠬᠣᠷᠸ᠎ᠠ ᠳ᠋ᠤ᠌ ᠶᠠᠭᠠᠬᠢᠵᠤ ᠯᠠ ᠮᠠᠷᠲᠠᠬᠤᠪ ᠳᠠ
ᠬᠣᠨᠣᠭ ᠢ᠋ᠶ᠋ᠠᠷ ᠳᠠᠰᠤᠭᠰᠠᠨ ᠰᠡᠳᠬᠢᠯ ᠢ᠋ᠶ᠋ᠡᠨ 
ᠬᠣᠵᠢᠮ ᠨᠢ ᠰᠠᠨᠠᠯ ᠦᠭᠡᠢ ᠴᠦ᠍ ᠶᠠᠭᠠᠬᠢᠬᠤᠪ ᠳᠠ

ᠴᠢ ᠮᠢᠨᠦ ᠬᠠᠢᠷ᠎ᠠ ᠶ᠋ᠢᠨ ᠤᠶᠠᠭ᠎ᠠ 
ᠴᠢᠩ ᠵᠢᠷᠦᠬᠡᠨ ᠦ᠌ ᠢᠲᠡᠭᠡᠯ ᠦ᠋ᠨ ᠲᠤᠶᠠᠭ᠎ᠠ
ᠴᠢ ᠮᠢᠨᠦ ᠬᠠᠢᠷ᠎ᠠ ᠶ᠋ᠢᠨ ᠲᠠᠪᠢᠯᠠᠩ
ᠴᠡᠩᠭᠡᠯ ᠵᠢᠷᠭᠠᠯ ᠤ᠋ᠨ ᠮᠥᠩᠬᠡ ᠶ᠋ᠢᠨ ᠵᠠᠶᠠᠭ᠎ᠠ

ᠨᠠᠰᠤᠨ ᠤ᠋ ᠰᠠᠢᠬᠠᠨ ᠬᠠᠨᠢ ᠪᠠᠨ
ᠨᠠᠮᠪᠠ ᠰᠠᠭᠤᠭᠰᠠᠨ ᠴᠣ ᠬᠠᠢᠷᠠᠯᠠᠨ᠎ᠠ ᠳᠠ
ᠨᠠᠭᠠᠯᠢᠩᠬᠠᠢ ᠵᠥᠭᠡᠯᠡᠨ ᠠᠭᠠᠯᠢ ᠳ᠋ᠤ᠌ ᠴᠢᠨᠢ
ᠬᠥᠮᠦᠨ ᠦ᠌ ᠳᠡᠭᠡᠳᠦ ᠪᠡᠷ ᠵᠢᠷᠭᠠᠨ᠎ᠠ ᠳᠠ

ᠴᠢ ᠮᠢᠨᠦ ᠬᠠᠢᠷ᠎ᠠ ᠶ᠋ᠢᠨ ᠤᠶᠠᠭ᠎ᠠ 
ᠴᠢᠩ ᠵᠢᠷᠦᠬᠡᠨ ᠦ᠌ ᠢᠲᠡᠭᠡᠯ ᠦ᠋ᠨ ᠲᠤᠶᠠᠭ᠎ᠠ
ᠴᠢ ᠮᠢᠨᠦ ᠬᠠᠢᠷ᠎ᠠ ᠶ᠋ᠢᠨ ᠲᠠᠪᠢᠯᠠᠩ
ᠴᠡᠩᠭᠡᠯ ᠵᠢᠷᠭᠠᠯ ᠤ᠋ᠨ ᠮᠥᠩᠬᠡ ᠶ᠋ᠢᠨ ᠵᠠᠶᠠᠭ᠎ᠠ

ᠴᠢ ᠮᠢᠨᠦ ᠬᠠᠢᠷ᠎ᠠ ᠶ᠋ᠢᠨ ᠤᠶᠠᠭ᠎ᠠ 
ᠴᠢᠩ ᠵᠢᠷᠦᠬᠡᠨ ᠦ᠌ ᠢᠲᠡᠭᠡᠯ ᠦ᠋ᠨ ᠲᠤᠶᠠᠭ᠎ᠠ
ᠴᠢ ᠮᠢᠨᠦ ᠬᠠᠢᠷ᠎ᠠ ᠶ᠋ᠢᠨ ᠲᠠᠪᠢᠯᠠᠩ
ᠴᠡᠩᠭᠡᠯ ᠵᠢᠷᠭᠠᠯ ᠤ᠋ᠨ ᠮᠥᠩᠬᠡ ᠶ᠋ᠢᠨ ᠵᠠᠶᠠᠭ᠎ᠠ
ᠮᠥᠩᠬᠡ ᠶ᠋ᠢᠨ ᠵᠠᠶᠠᠭ᠎ᠠ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ