ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠬᠠᠷ᠎ᠠ ᠨᠢᠳᠦᠨ ᠬᠤᠷᠠᠭ᠎ᠠ ᠬᠢᠭᠡᠳ ᠰᠢᠷ᠎ᠠ ᠨᠢᠳᠦᠨ ᠥᠬᠢᠨ> Элсэнд булагдсан сувдаа – П.Оюунгэрэл <хар нүдэн хурга хийгээд шар нүдэн охин> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠬᠠᠷ᠎ᠠ ᠨᠢᠳᠦᠨ ᠬᠤᠷᠠᠭ᠎ᠠ ᠬᠢᠭᠡᠳ ᠰᠢᠷ᠎ᠠ ᠨᠢᠳᠦᠨ ᠥᠬᠢᠨ> Элсэнд булагдсан сувдаа – П.Оюунгэрэл <хар нүдэн хурга хийгээд шар нүдэн охин>

ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠬᠠᠷ᠎ᠠ ᠨᠢᠳᠦᠨ ᠬᠤᠷᠠᠭ᠎ᠠ ᠬᠢᠭᠡᠳ ᠰᠢᠷ᠎ᠠ ᠨᠢᠳᠦᠨ ᠥᠬᠢᠨ> Элсэнд булагдсан сувдаа – П.Оюунгэрэл <хар нүдэн хурга хийгээд шар нүдэн охин>

ᠠᠩᠭᠢᠯᠠᠯ:ᠲᠤᠭᠤᠵᠢ ᠷᠣᠮᠠᠨ
2026-10-12

36

ᠬᠠᠷ᠎ᠠ ᠨᠢᠳᠦᠨ ᠬᠤᠷᠠᠭ᠎ᠠ ᠬᠢᠭᠡᠳ ᠰᠢᠷ᠎ᠠ ᠨᠢᠳᠦᠨ ᠥᠬᠢᠨ


       ᠵᠢᠷᠠᠭᠠᠳ ᠣᠨ ᠤ᠋ ᠡᠬᠢᠨ ᠦ᠌ ᠬᠠᠪᠤᠷ᠃ ᠬᠠᠬᠢᠷ ᠡᠪᠦᠯ ᠦ᠋ᠨ ᠴᠠᠰᠤ ᠰᠢᠭᠤᠷᠭ᠎ᠠ ᠶ᠋ᠢ ᠳᠤᠭᠤᠯᠤᠭᠠᠳ ᠬᠠᠪᠤᠷ ᠬᠠᠷ᠎ᠠ ᠬᠠᠪᠰᠠᠷᠭᠠᠨ ᠳ᠋ᠤ᠌ ᠬᠥᠳᠡᠭᠡ ᠨᠤᠲᠤᠭ ᠬᠥᠮᠦᠨ ᠮᠠᠯ  ᠲᠠᠢ ᠪᠠᠨ ᠪᠦᠷ ᠴᠦ᠍ ᠨᠢᠭᠡ ᠲᠤᠢᠯᠳᠠᠵᠤ ᠬᠣᠴᠣᠷᠴᠠᠢ᠃ ᠭᠡᠯ᠎ᠡ ᠴᠦ᠍ ᠦᠷᠡᠵᠢᠵᠦ ᠲᠥᠯᠵᠢᠬᠦ ᠤᠯᠠᠷᠢᠯ ᠬᠣᠢᠨ᠎ᠠ᠂ ᠬᠣᠨᠢ ᠢᠮᠠᠭ᠎ᠠ ᠢᠳᠡ ᠬᠦᠢᠯᠡᠵᠦ ᠬᠣᠷᠣᠭ᠎ᠠ ᠬᠣᠲᠠ ᠪᠠᠷ ᠳᠦᠭᠦᠷᠡᠩ ᠨᠢᠯᠬ᠎ᠠ ᠲᠥᠯ ᠮᠠᠢᠯᠠᠯᠳᠤᠨ᠎ᠠ᠃ 
       ᠲᠠᠷᠭᠤ ᠬᠦᠴᠦ ᠪᠡᠨ ᠪᠠᠷᠠᠭᠰᠠᠨ ᠡᠬᠡ ᠮᠠᠯ ᠠᠷᠠᠢ ᠭᠡᠵᠦ ᠬᠣᠶᠠᠷ ᠠᠮᠢ ᠰᠠᠯᠬᠤ ᠲᠡᠳᠦᠢ ᠲᠥᠯᠯᠡᠭᠰᠡᠨ ᠪᠣᠯᠬᠣᠷ ᠬᠤᠷᠠᠭ᠎ᠠ ᠢᠰᠢᠭᠡ ᠪᠡᠨ ᠴᠢᠳᠬᠤᠵᠤ ᠳᠡᠢᠯᠬᠦ ᠦᠭᠡᠢ ᠳᠤᠨᠳᠠᠭᠤᠷ ᠳᠠᠯᠠᠩ ᠲᠠᠢ᠃ ᠦᠨᠢᠶᠡᠳ ᠲᠤᠭᠤᠯᠤᠭᠰᠠᠨ ᠴᠦ᠍ ᠲᠤᠭᠤᠯ ᠢ᠋ᠶ᠋ᠠᠨ ᠳᠥᠩᠭᠡᠵᠦ ᠴᠢᠳᠬᠤᠬᠤ ᠲᠡᠳᠦᠢ᠃ ᠮᠠᠯᠴᠢᠳ ᠨᠢᠯᠬ᠎ᠠ ᠲᠥᠯ ᠢ᠋ᠶ᠋ᠡᠨ ᠰᠢᠰᠢ ᠶ᠋ᠢᠨ ᠭᠤᠯᠢᠷ ᠤ᠋ᠨ ᠵᠤᠲᠠᠩ ᠪᠤᠶᠤ ᠪᠤᠳᠠᠭᠠᠨ ᠤ᠋ ᠰᠥᠮᠥᠰᠦ ᠪᠡᠷ ᠤᠭᠵᠢᠵᠤ ᠪᠠᠢᠯ᠎ᠠ᠃ ᠰᠦᠨ ᠲᠠᠯᠬ᠎ᠠ ᠣᠯᠳᠠᠬᠤ ᠦᠭᠡᠢ ᠰᠢᠤᠬᠠᠨ᠃ ᠪᠠᠷᠢᠭᠠᠳᠠ ᠡᠴᠡ ᠠᠢᠯ ᠡᠷᠦᠬᠡ ᠳ᠋ᠦ᠍ ᠭᠠᠭᠴᠠ ᠬᠣᠶᠠᠷ ᠤᠭᠤᠲᠠ ᠯᠠ ᠬᠤᠪᠢᠶᠠᠵᠤ ᠥᠭᠭᠦᠨ᠎ᠡ᠃ ᠲᠡᠭᠦᠨ ᠢ᠋ᠶ᠋ᠡᠨ ᠠᠳᠢᠰ ᠷᠠᠰᠢᠶᠠᠨ ᠰᠢᠭ᠋ ᠢ᠋ᠶ᠋ᠡᠷ ᠭᠠᠭᠴᠠ ᠵᠢᠵᠢᠭ ᠬᠠᠯᠪᠠᠭ᠎ᠠ ᠠᠪᠴᠤ ᠵᠤᠲᠠᠩ ᠪᠤᠶᠤ ᠰᠥᠮᠥᠰᠦ ᠲᠡᠢ ᠪᠡᠨ ᠬᠣᠯᠢᠵᠤ ᠬᠡᠷᠡᠭᠯᠡᠨ᠎ᠡ᠃  ᠬᠥᠬᠡ ᠳᠡᠷᠡᠰᠦᠨ ᠦ᠌ ᠰᠠᠭᠠᠳᠠᠭ ᠱᠤᠤᠭᠢᠨ ᠬᠠᠯᠢᠭᠤᠷᠠᠵᠤ᠂ ᠲᠣᠭᠣᠷᠢᠮ ᠭᠦᠪᠡᠭᠡᠯᠡᠨ ᠤᠷᠭᠤᠭᠰᠠᠨ ᠢᠭᠴᠤ ᠰᠠᠬᠤᠯᠢᠭ ᠵᠡᠭᠡᠰᠦᠨ ᠦ᠌ ᠰᠢᠷᠭᠠᠯ ᠨᠠᠮᠠᠭ᠎ᠠ ᠨᠠᠢᠭᠤᠯᠵᠠᠨ ᠭᠠᠩᠬᠤᠵᠤ ᠪᠠᠢᠳᠠᠭ ᠬᠤᠯᠤᠰᠤᠲᠠᠢ ᠬᠣᠲᠣᠭᠣᠷ ᠲᠤ᠌ ᠮᠠᠯᠴᠢᠨ ᠪᠠᠪᠤᠤ ᠭᠤᠸᠠᠢ ᠶ᠋ᠢᠨ ᠬᠢ ᠬᠠᠪᠤᠷᠵᠢᠵᠤ ᠪᠠᠢᠯ᠎ᠠ᠃  ᠬᠠᠪᠲᠠᠭᠠᠢ ᠬᠥᠬᠡ ᠴᠢᠯᠠᠭᠤᠳ ᠢ᠋ᠶ᠋ᠠᠷ ᠵᠡᠷᠭᠡᠯᠡᠨ ᠪᠠᠷᠢᠭᠰᠠᠨ ᠮᠠᠯ ᠤ᠋ᠨ ᠫᠧᠩ ᠳ᠋ᠦ᠍ ᠵᠠᠮᠪᠠ ᠲᠠᠯᠪᠢᠨ ᠳᠡᠭᠡᠪᠦᠷᠯᠡᠵᠦ ᠲᠥᠯ ᠦ᠋ᠨ ᠳᠤᠯᠠᠭᠠᠨ ᠬᠣᠷᠣᠭ᠎ᠠ ᠪᠠᠢᠵᠠᠢ᠃ ᠬᠠᠵᠠᠭᠤ ᠳ᠋ᠤᠨᠢ ᠵᠢᠷᠭᠤᠭᠠᠨ ᠬᠠᠨ᠎ᠠ ᠲᠠᠢ ᠲᠣᠮᠣ ᠴᠠᠭᠠᠨ ᠭᠡᠷ᠂ ᠬᠠᠭᠤᠴᠢᠨ ᠪᠣᠷᠣ ᠳᠡᠭᠡᠪᠦᠷ ᠲᠡᠢ ᠲᠥᠯ ᠦ᠋ᠨ ᠭᠡᠷ ᠬᠠᠷᠠᠭᠳᠠᠵᠤ᠂ ᠬᠠᠪᠤᠷ ᠤ᠋ᠨ ᠬᠠᠷ᠎ᠠ ᠰᠠᠯᠬᠢᠨ᠎ᠠ ᠡᠷᠦᠬᠡ ᠨᠢ ᠳᠠᠷᠪᠠᠯᠵᠠᠨ᠎ᠠ᠃ 
       ᠤᠤᠬᠠᠨ ᠤ᠋ ᠪᠠᠨ ᠵᠡᠭᠦᠨ ᠲᠠᠯ᠎ᠠ ᠳ᠋ᠤ᠌ ᠲᠠᠪᠢ ᠡᠷᠭᠢᠮ᠎ᠡ ᠨᠠᠰᠤᠨ ᠤ᠋ ᠲᠣᠮᠣ ᠠᠯᠠᠭ ᠨᠢᠳᠦ ᠲᠡᠢ ᠲᠤᠷᠠᠩᠬᠠᠢ ᠰᠢᠷ᠎ᠠ ᠠᠪᠠᠭᠠᠢ ᠲᠣᠮᠣ ᠮᠣᠳᠣᠨ ᠣᠭᠣᠷ ᠲᠤ᠌ ᠬᠥᠬᠡ ᠴᠠᠢ ᠨᠦᠳᠦᠵᠦ ᠰᠠᠭᠤᠨ᠎ᠠ᠃ ᠬᠣᠢᠮᠣᠷ ᠲᠤᠨᠢ ᠬᠥᠳᠥᠰᠥᠨ ᠡᠩᠬᠡ ᠲᠡᠢ ᠮᠠᠷᠢᠶᠠᠯᠢᠭ ᠴᠠᠭᠠᠨ ᠥᠬᠢᠨ ᠰᠠᠶᠢ ᠭᠠᠷᠤᠭᠰᠠᠨ ᠨᠢᠯᠬ᠎ᠠ ᠢᠰᠢᠭᠡ ᠶ᠋ᠢ ᠠᠯᠴᠢᠭᠤᠷ ᠲᠠᠭᠠᠨ ᠪᠠᠭᠯᠠᠵᠤ《ᠬᠡᠦᠬᠡᠳ》 ᠭᠡᠵᠦ ᠲᠣᠭᠯᠠᠨ᠎ᠠ᠃  ᠪᠠᠪᠤᠤ ᠶ᠋ᠢᠨ ᠬᠥᠭᠰᠢᠨ ᠴᠡᠴᠡᠭᠮ᠎ᠠ ᠭᠤᠸᠠᠢ ᠪᠣᠯ ᠨᠤᠲᠤᠭ ᠤᠰᠤᠨ ᠳ᠋ᠠᠭᠠᠨ ᠠᠯᠳᠠᠷ ᠲᠠᠢ ᠠᠵᠢᠯᠴᠢ ᠭᠠᠪᠰᠢᠭᠠᠢ ᠪᠦᠰᠡᠭᠦᠢ᠃ ᠪᠠᠪᠤᠤ ᠭᠤᠸᠠᠢ ᠬᠡᠳᠦᠢᠪᠡᠷ ᠵᠢᠷᠠ ᠭᠠᠷᠤᠭᠰᠠᠨ ᠪᠣᠯᠪᠠᠴᠤ ᠵᠠᠯᠠᠭᠤ ᠶ᠋ᠢᠨ ᠴᠣᠭ ᠢ᠋ᠶ᠋ᠠᠨ ᠠᠯᠳᠠᠭᠠᠳᠤᠢ ᠳᠣᠷᠪᠢᠯᠢᠭ ᠡᠷ᠎ᠡ᠃ ᠡᠳᠡ ᠬᠣᠶᠠᠭᠤᠯᠠ ᠪᠠᠷᠢᠭᠠᠳᠠ ᠶ᠋ᠢᠨ ᠬᠣᠨᠢ ᠦᠬᠡᠷ ᠦ᠋ᠨ ᠰᠦᠷᠦᠭ ᠢ᠋ ᠳᠠᠭᠠᠭᠠᠴᠢᠯᠠᠨ ᠬᠠᠷᠢᠭᠤᠯᠳᠠᠭ᠃ ᠥᠩᠭᠡᠷᠡᠭᠴᠢ ᠡᠪᠦᠯ ᠴᠠᠭᠠᠨ ᠵᠤᠳ ᠪᠣᠯᠵᠤ ᠬᠠᠪᠤᠷ ᠨᠢ ᠭᠠᠩᠳᠠᠵᠤ ᠭᠠᠴᠢᠭ ᠬᠠᠲᠠᠭᠤ ᠣᠨ ᠢ᠋ ᠤᠭᠲᠤᠵᠠᠢ᠃ ᠬᠠᠮᠲᠤ ᠶ᠋ᠢᠨ ᠮᠠᠯ ᠢ᠋ ᠭᠠᠭᠴᠠ ᠢᠰᠢᠭᠡ ᠴᠦ᠍ ᠬᠣᠷᠣᠭᠠᠯ ᠦᠭᠡᠢ ᠥᠰᠬᠡᠬᠦ ᠭᠡᠵᠦ ᠬᠣᠶᠠᠷ ᠬᠥᠭᠰᠢᠨ ᠶᠣᠰᠣᠲᠠᠢ ᠵᠢᠷᠦᠬᠡᠨ ᠲᠠᠮᠢᠷ ᠢ᠋ᠶ᠋ᠠᠨ ᠰᠢᠪᠬᠠᠨ ᠮᠡᠳᠬᠡᠨ ᠴᠢᠷᠮᠠᠢᠨ᠎ᠠ᠃ 
       ᠪᠠᠪᠤᠤ ᠴᠡᠴᠡᠭᠮ᠎ᠠ ᠬᠣᠶᠠᠷ ᠵᠠᠯᠠᠭᠤ ᠪᠠᠭ᠎ᠠ ᠨᠠᠰᠤᠨ ᠡᠴᠡ ᠎ᠪᠡᠨ ᠲᠣᠯᠣᠭᠠᠢ ᠬᠣᠯᠪᠣᠨ ᠠᠮᠢᠳᠤᠷᠠᠭᠰᠠᠨ ᠪᠣᠯᠪᠠᠴᠤ ᠭᠠᠭᠴᠠ ᠦᠷ᠎ᠡ᠎ ᠶ᠋ᠢᠨ ᠵᠤᠯᠠᠢ ᠦᠨᠦᠷᠯᠡᠬᠦ ᠵᠠᠶᠠᠭ᠎ᠠ ᠳᠤᠲᠠᠭᠤ ᠪᠠᠢᠵᠠᠢ᠃ ᠲᠡᠭᠡᠵᠦ ᠶᠠᠪᠤᠲᠠᠯ᠎ᠠ ᠪᠤᠷᠬᠠᠨ ᠲᠩᠷᠢ ᠡᠳᠡ ᠬᠣᠶᠠᠷ᠎ ᠲᠤ᠌ ᠬᠠᠢᠷᠠᠯᠠᠭᠰᠠᠨ ᠦᠷ᠎ᠡ ᠨᠢ ᠥᠭᠡᠷ᠎ᠡ ᠡᠵᠢ ᠎ᠶ᠋ᠢᠨ ᠬᠡᠪᠡᠯᠢ ᠎ᠳ᠋ᠦ᠍ ᠲᠥᠷᠥᠯ ᠣᠯᠵᠤ ᠮᠡᠨᠳᠦᠯᠡᠭᠡᠳ ᠥᠪᠡᠷ᠎ ᠲᠤᠨᠢ ᠬᠦᠷᠦᠭᠡᠳ ᠢᠷᠡᠵᠡᠢ᠃ ᠲᠡᠷᠡ ᠨᠢ ᠦᠷᠭᠦᠯᠵᠢ ᠠᠢᠯ ᠠᠢᠮᠠᠭ ᠶᠠᠪᠤᠭᠰᠠᠨ᠂ ᠣᠯᠠᠨ ᠬᠥᠭᠡᠷᠦᠬᠦᠨ ᠬᠡᠦᠬᠡᠳ ᠎ᠲᠡᠢ ᠫᠦᠷᠪᠦ᠂ ᠳ᠋ᠠᠷᠢ ᠬᠣᠶᠠᠷ᠎ ᠤ᠋ᠨ ᠳᠣᠯᠣᠳᠤᠭᠠᠷ ᠬᠡᠦᠬᠡᠳ ᠪᠣᠯᠬᠤ ᠠᠯᠢᠶ᠎ᠠ ᠰᠢᠷ᠎ᠠ ᠥᠬᠢᠨ ᠤᠨᠤᠨ᠃
      ᠭᠤᠷᠪᠠᠨ ᠣᠢ ᠬᠦᠷᠴᠦ ᠪᠠᠢᠭᠰᠠᠨ ᠤᠨᠤᠨ ᠨᠢᠭᠡ ᠡᠳᠦᠷ ᠪᠠᠪᠤᠤ ᠭᠤᠸᠠᠢ ᠶ᠋ᠢᠨ ᠳ᠋ᠦ᠍ ᠢᠷᠡᠭᠡᠳ《ᠪᠢ ᠲᠠᠨ ᠤ᠋ ᠬᠡᠦᠬᠡᠨ ᠪᠣᠯᠤᠶ᠎ᠠ ᠯᠠ ᠳᠠ》 ᠭᠡᠵᠡᠢ᠃ ᠦᠷ᠎ᠡ ᠶ᠋ᠢᠨ ᠬᠦᠰᠡᠯ ᠪᠣᠯᠵᠤ ᠶᠠᠪᠤᠭᠰᠠᠨ ᠬᠣᠶᠠᠷ ᠬᠡᠮᠵᠢᠶ᠎ᠡ ᠦᠭᠡᠢ ᠪᠡᠯᠭᠡᠰᠢᠶᠡᠵᠦ ᠠᠪᠤ ᠡᠵᠢ ᠳ᠋ᠦ᠍ᠨᠢ ᠬᠠᠳᠠᠭ ᠰᠠᠮᠪᠠᠢ ᠲᠠᠢ ᠣᠴᠢᠵᠤ ᠦᠷᠡᠴᠢᠯᠡᠨ ᠲᠡᠵᠢᠭᠡᠬᠦ ᠶ᠋ᠢ ᠭᠤᠶᠤᠪᠠ᠃ ᠠᠪᠤ ᠡᠵᠢ ᠨᠢ ᠮᠡᠳᠡᠭᠡᠵᠢ ᠳᠤᠷ᠎ᠠ ᠦᠭᠡᠢ᠂ ᠪᠢᠴᠢᠬᠠᠨ ᠤᠨᠤᠨ ᠳ᠋ᠠᠭᠠᠨ ᠠᠯᠢ ᠴᠤ᠌ ᠬᠡᠦᠬᠡᠳ ᠡᠴᠡ ᠪᠡᠨ ᠢᠯᠡᠭᠦᠦ ᠬᠠᠢᠷᠠᠲᠠᠢ ᠪᠣᠯᠤᠭᠠᠳ ᠲᠡᠷᠡ᠃ ᠬᠡᠵᠢᠶᠡᠳᠡ ᠰᠢᠷ᠎ᠠ ᠴᠢᠴᠤᠯᠠᠢ ᠰᠢᠭ᠋ ᠳᠡᠭᠳᠡᠵᠦ ᠳᠡᠷᠪᠡᠭᠰᠡᠨ ᠬᠥᠳᠡᠯᠭᠡᠭᠡᠨ ᠠᠷᠪᠢᠨ ᠲᠠᠢ ᠰᠡᠷᠭᠦᠯᠡᠩ ᠭᠡᠳᠡᠭ ᠨᠢ ᠵᠢᠭᠲᠡᠢᠬᠡᠨ᠃ ᠣᠢ ᠬᠦᠷᠦᠭᠡᠳᠦᠢ ᠪᠠᠢᠬᠤ ᠳ᠋ᠠᠭᠠᠨ ᠬᠡᠯᠡ ᠳ᠋ᠦ᠍ ᠣᠷᠣᠵᠤ᠂ ᠠᠷᠪᠠᠨ ᠰᠠᠷ᠎ᠠ ᠪᠣᠯᠣᠮᠠᠭᠴᠠ ᠠᠯᠬᠤᠵᠤ ᠲᠣᠭᠣᠷᠤᠤ ᠲᠣᠭᠣᠳᠠᠭ ᠲᠠᠭᠤᠵᠤ ᠭᠦᠶᠦᠳᠡᠭ ᠶᠦᠮ᠃ ᠭᠡᠷᠡᠯᠲᠦᠭᠰᠡᠨ ᠰᠢᠷ᠎ᠠ ᠨᠢᠳᠦ ᠪᠡᠷ ᠢ᠋ᠶ᠋ᠡᠨ ᠢᠨᠢᠶᠡᠭᠰᠡᠨ ᠴᠠᠭᠠᠨ᠎ᠠ ᠪᠠᠨ ᠨᠢᠭᠡ ᠳᠡᠭᠵᠢᠨ ᠥᠬᠢᠨ᠃
       ᠤᠨᠤᠨ ᠤ᠋ ᠠᠪᠤ ᠨᠢ ᠠᠶᠠᠨ ᠳ᠋ᠤ᠌ ᠶᠠᠪᠤᠭᠠᠳ ᠡᠵᠡᠭᠦᠢ ᠪᠣᠯᠬᠣᠷ ᠡᠵᠢ ᠨᠢ ᠡᠵᠡᠨ ᠮᠡᠳᠡᠵᠦ ᠴᠢᠳᠠᠬᠤ ᠦᠭᠡᠢ ᠭᠡᠳᠡᠭ ᠢ᠋ᠶ᠋ᠡᠨ ᠰᠠᠭᠠᠬᠠᠯᠲᠠ ᠳ᠋ᠠᠭᠠᠨ ᠡᠪᠲᠡᠢᠬᠡᠨ ᠮᠡᠳᠡᠭᠳᠡᠵᠡᠢ᠂ ᠤᠳᠠᠯ ᠦᠭᠡᠢ ᠠᠢᠯ ᠤ᠋ᠳ ᠡᠪᠦᠯᠵᠢᠶ᠎ᠡ ᠳ᠋ᠦ᠍ ᠨᠡᠭᠦᠬᠦ ᠪᠣᠯᠵᠤ ᠪᠠᠪᠤᠤ ᠭᠤᠸᠠᠢ ᠶ᠋ᠢᠨ ᠬᠢ ᠫᠦᠷᠪᠦ ᠶ᠋ᠢᠨ ᠬᠢ ᠲᠡᠢ ᠨᠤᠲᠤᠭ ᠰᠠᠯᠵᠤ ᠨᠡᠭᠦᠬᠦ ᠪᠣᠯᠤᠭᠰᠠᠨ ᠳ᠋ᠤ᠌ ᠪᠢᠴᠢᠬᠠᠨ ᠤᠨᠤᠨ ᠠᠴᠢᠶ᠎ᠠ ᠲᠡᠷᠭᠡᠨ ᠳᠡᠭᠡᠷ᠎ᠡ ᠨᠢ ᠭᠠᠷᠴᠤ ᠰᠠᠭᠤᠴᠢᠬᠠᠭᠠᠳ 
       — ᠪᠢ ᠲᠠᠨ ᠤ᠋ ᠬᠣᠶᠠᠷ ᠤ᠋ᠨ ᠥᠬᠢᠨ ᠰᠢᠦ᠂ ᠨᠠᠮᠠᠶ᠋ᠢ ᠠᠪᠤᠭᠠᠳ ᠶᠠᠪᠤᠭᠠᠴᠢ ᠭᠡᠳ ᠤᠬᠢᠯᠠᠭᠠᠳ ᠪᠠᠢᠪᠠ᠃ ᠪᠠᠪᠤᠤ ᠴᠡᠴᠡᠭᠮ᠎ᠠ ᠬᠣᠶᠠᠷ ᠰᠡᠳᠬᠢᠯ ᠬᠥᠳᠡᠯᠦᠨ ᠨᠢᠯᠪᠤᠰᠤ ᠪᠥᠮᠪᠥᠷᠢᠭᠦᠯᠵᠦ᠂ ᠦᠷᠦ ᠵᠥᠭᠡᠯᠡᠨ ᠳ᠋ᠠᠷᠢ ᠡᠵᠢ᠄ 
       — ᠲᠡᠭᠡᠪᠡᠯ ᠲᠠ ᠬᠣᠶᠠᠷ ᠠᠪᠴᠤ ᠶᠠᠪᠤᠭᠠᠳ ᠬᠡᠳᠦ ᠬᠣᠨᠣᠭᠤᠯᠵᠤ ᠦᠵᠡ᠂ ᠠᠪᠤ ᠨᠢ ᠢᠷᠡᠪᠡᠯ ᠠᠪᠬᠤ ᠪᠠᠷ ᠣᠴᠢᠭ! ᠭᠡᠵᠡᠢ᠃ ᠵᠢᠭᠠᠯ ᠤᠨᠤᠨ ᠢᠩᠭᠢᠵᠦ ᠶᠠᠪᠤᠭᠠᠳ ᠳᠠᠬᠢᠵᠤ ᠠᠪᠤ ᠡᠵᠢ ᠳ᠋ᠡᠭᠡᠨ ᠢᠷᠡᠭᠰᠡᠨ ᠦᠭᠡᠢ᠃ ᠪᠠᠪᠤᠤ ᠴᠡᠴᠡᠭᠮ᠎ᠠ ᠬᠣᠶᠠᠷ ᠤ᠋ᠨ ᠡᠷᠭᠦᠮᠡᠯ ᠥᠬᠢᠨ ᠪᠣᠯᠵᠤ᠂ ᠠᠯᠠᠭᠠᠨ ᠳᠡᠭᠡᠷᠡᠬᠢ ᠠᠮᠢᠨᠳᠠᠢ᠂ ᠠᠯᠠᠭ ᠨᠢᠳᠦᠨ ᠦ᠌ ᠬᠢᠨᠢ ᠴᠡᠴᠡᠭᠡᠢ᠂ ᠠᠮᠢᠳᠤᠷᠠᠵᠤ ᠶᠠᠪᠤᠬᠤ ᠨᠠᠰᠤᠨ ᠤ᠋ ᠬᠢᠨᠢ ᠬᠦᠰᠡᠯ ᠲᠡᠮᠡᠦᠯᠦᠯ ᠪᠣᠯᠵᠤ᠂ ᠠᠷᠤ ᠥᠪᠥᠷ ᠲᠤᠨᠢ ᠳᠡᠭᠳᠡᠭᠡᠬᠡᠢ ᠰᠢᠭ ᠳᠡᠷᠪᠡᠵᠦ ᠳᠡᠭᠳᠡᠨ ᠭᠦᠶᠦᠨ᠎ᠡ᠃ ᠫᠦᠷᠪᠦ ᠠᠶᠠᠨ ᠎ᠠ᠋ᠴᠠ ᠢᠷᠡᠬᠦ ᠳ᠋ᠦ᠍᠂ ᠠᠯᠢᠶ᠎ᠠ ᠰᠢᠷ᠎ᠠ ᠥᠬᠢᠨ ᠨᠢ ᠠᠯᠠᠭ᠎ᠠ᠂ ᠡᠵᠢ ᠨᠢ ᠡᠮᠢᠶᠡᠨ ᠪᠠᠢᠵᠤ ᠪᠦᠬᠦ ᠤᠴᠢᠷ ᠢ᠋ ᠲᠣᠭᠠᠴᠢᠯ᠎ᠠ᠃ 
       — ᠡᠵᠡᠭᠦᠢ ᠳ᠋ᠦ᠍ ᠥᠬᠢᠨ ᠢ᠋ ᠮᠢᠨᠢ ᠬᠥᠮᠦᠨ ᠳ᠋ᠦ᠍ ᠥᠭᠴᠦ ᠪᠠᠢᠳᠠᠭ᠂ ᠡᠬᠡ ᠬᠥᠮᠦᠨ ᠭᠡᠬᠦ ᠤᠤ᠂ ᠴᠢᠮᠠᠶ᠋ᠢ? ᠭᠡᠵᠦ ᠡᠬᠡᠨᠡᠷ ᠲᠡᠭᠡᠨ ᠠᠭᠤᠷᠯᠠᠨ ᠥᠬᠢᠨ ᠳ᠋ᠡᠭᠡᠨ ᠠᠪᠤᠭᠰᠠᠨ ᠶᠠᠭᠤᠮ᠎ᠠ ᠪᠠᠨ ᠡᠪᠦᠷᠲᠦᠯᠡᠵᠦ ᠪᠠᠪᠤᠤ ᠭᠤᠸᠠᠢ ᠶ᠋ᠢᠨ ᠬᠢ ᠶ᠋ᠢ ᠴᠢᠭᠯᠡᠪᠡ᠃ ᠥᠬᠢᠨ ᠦ᠌ ᠬᠢᠨᠢ ᠥᠳᠬᠡᠨ ᠰᠢᠷᠭᠠᠯ ᠭᠡᠵᠢᠭᠡ᠂ ᠮᠠᠷᠢᠶᠠᠯᠢᠭ ᠬᠥᠭᠡᠷᠦᠬᠦᠨ ᠨᠢᠭᠤᠷ᠂ ᠭᠡᠷᠡᠯᠲᠦᠭᠰᠡᠨ ᠨᠢᠳᠦ᠂ ᠴᠣᠪᠣᠭᠣ ᠴᠣᠯᠭᠢᠨ ᠳᠦᠷᠢ ᠨᠢ ᠲᠣᠳᠣᠷᠠᠨ ᠡᠷᠢᠭᠳᠡᠨ᠎ᠡ᠃ ᠬᠣᠶᠠᠷ ᠣᠢ ᠬᠦᠷᠴᠦ ᠪᠠᠢᠬᠤ ᠳ᠋ᠤᠨᠢ ᠶᠤᠮ ᠳ᠋ᠠᠭ᠂ ᠠᠢᠯ ᠤ᠋ᠨ ᠬᠢᠨᠢ ᠬᠥᠮᠦᠨ ᠭᠡᠷ ᠲᠦ᠋ᠨᠢ ᠣᠷᠣᠭᠰᠠᠨ ᠳ᠋ᠤ᠌᠂ ᠤᠨᠤᠨ ᠣᠷᠣᠨ ᠳᠡᠭᠡᠷ᠎ᠡ ᠪᠡᠨ ᠰᠠᠭᠤᠭᠠᠳ ᠡᠵᠢ ᠶ᠋ᠢᠨ ᠢ᠋ᠶ᠋ᠡᠨ ᠳᠡᠷ᠎ᠡ ᠶ᠋ᠢ ᠲᠡᠪᠡᠷᠢᠨ ᠲᠣᠭᠯᠠᠵᠤ ᠪᠠᠢᠵᠠᠢ᠃ ᠠᠢᠯ ᠤ᠋ᠨ ᠬᠢᠨᠢ ᠬᠥᠮᠦᠨ᠄ 
       — ᠲᠠᠨ ᠤ᠋ ᠬᠢ ᠬᠥᠮᠦᠨ ᠦᠭᠡᠢ ᠶᠦᠮ ᠤᠤ? ᠠᠪᠤ ᠡᠵᠢ ᠴᠢᠨᠢ ᠬᠠᠮᠢᠭ᠎ᠠ ᠶᠠᠪᠤᠭ᠎ᠠ ᠪᠣᠢ? ᠭᠡᠵᠦ ᠠᠰᠠᠭᠤᠬᠤ ᠳ᠋ᠤ᠌ ᠵᠢᠭᠠᠯ ᠤᠨᠤᠨ ᠨᠢᠳᠦ ᠪᠡᠨ ᠴᠠᠪᠴᠢᠯᠠᠨ ᠢᠨᠢᠶᠡᠭᠡᠳ 
       — ᠪᠢ ᠲᠡᠭᠡᠭᠡᠳ ᠬᠥᠮᠦᠨ ᠪᠢᠰᠢ ᠰᠢᠭ ᠪᠠᠢᠨ᠎ᠠ ᠤᠤ? ᠭᠡᠵᠡᠢ᠃ ᠠᠢᠯ ᠤ᠋ᠨ ᠬᠢᠨᠢ ᠬᠥᠮᠦᠨ ᠠᠭᠤᠷᠯᠠᠬᠤ ᠠᠲᠠᠯ᠎ᠠ ᠢᠨᠢᠶᠡᠳᠦ ᠬᠦᠷᠴᠦ 
       — ᠴᠠᠳᠢᠭ ᠦᠭᠡᠢ ᠴᠢᠴᠠᠭ᠎ᠠ ᠶ᠋ᠢ ᠵᠦᠭᠡᠷ᠂ ᠶᠠᠭᠠᠬᠢᠵᠤ ᠪᠣᠳᠣᠵᠤ ᠣᠯᠤᠭ᠎ᠠ ᠪᠣᠢ ᠭᠡᠳ ᠭᠡᠳᠡᠷᠭᠦ ᠪᠤᠴᠠᠵᠠᠢ᠃  ᠪᠢᠴᠢᠬᠠᠨ ᠤᠨᠤᠨ ᠠᠪᠤ ᠡᠵᠢ ᠪᠡᠨ ᠲᠠᠵᠢ᠂ ᠫᠤᠤᠵᠢ ᠭᠡᠵᠦ ᠳᠠᠭᠤᠳᠠᠨ᠎ᠠ᠃ ᠲᠡᠭᠡᠭᠡᠳ ᠲᠣᠮᠣᠴᠤᠤᠯ ᠱᠣᠭᠯᠠᠵᠤ 
       — ᠴᠢ ᠠᠪᠤ ᠡᠵᠢ ᠪᠡᠨ ᠨᠡᠷᠡᠯᠡᠵᠦ ᠳᠠᠭᠤᠳᠠᠳᠠᠭ ᠶᠠᠮᠠᠷ ᠬᠠᠴᠢᠨ ᠬᠡᠦᠬᠡᠳ ᠪᠣᠢ? ᠭᠡᠪᠡᠯ 
       — ᠲᠠᠵᠢ ᠯᠠ ᠪᠣᠯ ᠲᠠᠵᠢ᠂ ᠫᠤᠤᠵᠢ ᠯᠠ ᠪᠣᠯ ᠫᠤᠤᠵᠢ᠂ ᠶᠠᠭᠠᠬᠢᠳᠠᠭ ᠶᠤᠮ ᠭᠡᠳᠡᠭ᠃ ᠠᠪᠤ ᠨᠢ ᠥᠬᠢᠨ ᠦ᠌ ᠪᠡᠨ ᠠᠯᠢᠶᠠᠷᠬᠠᠭ ᠬᠥᠭᠡᠷᠦᠬᠦᠨ ᠳᠦᠷᠢ ᠶ᠋ᠢ ᠡᠷᠭᠢᠴᠡᠭᠦᠯᠦᠨ ᠶᠠᠪᠤᠨ᠎ᠠ᠃  ᠶᠠᠭᠠᠬᠢᠬᠤ ᠠᠷᠭ᠎ᠠ ᠦᠭᠡᠢ ᠰᠠᠨᠠᠭᠰᠠᠨ ᠪᠠᠢᠯᠭᠦᠢ᠂ ᠵᠢᠭᠠᠯ ᠤᠨᠤᠨ ᠠᠪᠤ ᠪᠠᠨ ᠬᠦᠵᠦᠭᠦᠳᠡᠨ ᠲᠡᠪᠡᠷᠢᠵᠦ᠂ ᠰᠠᠨᠠᠨ ᠰᠠᠨᠠᠨ ᠦᠨᠦᠰᠦᠭᠦᠯᠵᠦ᠂ ᠣᠷᠣᠢ ᠨᠢ ᠠᠪᠤ ᠶ᠋ᠢᠨ ᠢ᠋ᠶ᠋ᠡᠨ ᠡᠪᠦᠷ ᠲᠦ᠍ ᠤᠨᠲᠠᠪᠠ᠃  ᠪᠠᠪᠤᠤ ᠴᠡᠴᠡᠭᠮ᠎ᠠ ᠬᠣᠶᠠᠷ ᠡᠨᠡ ᠥᠬᠢᠨ ᠴᠦ᠍ ᠮᠠᠷᠭᠠᠰᠢ ᠠᠪᠤ ᠲᠠᠢ ᠪᠠᠨ ᠶᠠᠪᠤᠴᠢᠬᠠᠬᠤ ᠪᠠᠢᠬ᠎ᠠ ᠭᠡᠵᠦ ᠪᠣᠳᠣᠵᠠᠢ᠃ ᠭᠡᠪᠡᠴᠦ ᠳᠠᠷᠠᠭ᠎ᠠ ᠥᠷᠯᠥᠭᠡ ᠨᠢ ᠠᠪᠤ ᠪᠠᠨ ᠶᠠᠪᠤᠬᠤ ᠳ᠋ᠤ᠌ ᠬᠦᠵᠦᠭᠦᠳᠡᠨ ᠲᠡᠪᠡᠷᠢᠵᠦ᠂ ᠠᠪᠤ ᠪᠠᠷ ᠢ᠋ᠶ᠋ᠠᠨ ᠲᠡᠪᠡᠷᠢᠭᠦᠯᠦᠨ ᠬᠡᠰᠡᠭ ᠶᠠᠪᠤᠭᠠᠳ ᠭᠡᠨᠡᠳᠲᠡ ᠪᠠᠭᠤᠵᠤ 
       — ᠠᠪᠤ ᠠ᠋᠂ ᠪᠢ ᠲᠠᠨ ᠲᠠᠢ ᠶᠠᠪᠤᠬᠤ ᠦᠭᠡᠢ ᠰᠢᠦ᠂ ᠡᠨᠡ ᠴᠢᠨᠢ ᠮᠢᠨᠦ ᠭᠡᠷ! ᠭᠡᠯ᠎ᠡ᠃  ᠥᠬᠢᠨ ᠢ᠋ᠶ᠋ᠡᠨ ᠶᠠᠭᠠᠬᠢᠪᠠᠴᠤ ᠠᠪᠴᠤ ᠬᠠᠷᠢᠨ᠎ᠠ ᠭᠡᠵᠦ ᠪᠣᠳᠣᠵᠤ ᠣᠴᠢᠭᠰᠠᠨ ᠠᠪᠤ ᠨᠢ ᠪᠦᠷ ᠴᠦ᠍ ᠬᠥᠰᠡᠷᠳᠡᠪᠡ᠃ ᠠᠪᠤ ᠨᠢ ᠲᠣᠮᠣ ᠨᠢᠳᠦᠨ ᠳ᠋ᠡᠭᠡᠨ ᠨᠢᠯᠪᠤᠰᠤ ᠵᠠᠢᠷᠲᠤᠭᠤᠯᠤᠨ ᠥᠬᠢᠨ ᠢ᠋ᠶ᠋ᠡᠨ ᠲᠡᠪᠡᠷᠢᠵᠦ ᠬᠣᠶᠠᠷ ᠬᠠᠴᠠᠷ ᠢ᠋ ᠨᠢ ᠡᠭᠡᠯᠵᠢᠯᠡᠨ ᠦᠨᠦᠰᠦᠭᠡᠳ ᠳᠠᠭᠤ ᠦᠭᠡᠢ ᠮᠣᠷᠳᠠᠵᠤ ᠶᠠᠪᠤᠯ᠎ᠠ᠃《ᠪᠠᠪᠤᠤ ᠭᠤᠸᠠᠢ ᠶ᠋ᠢᠨ ᠬᠡᠨ ᠦ᠌ ᠬᠢᠨᠢ ᠰᠦᠨᠡᠰᠦ ᠮᠠᠨ ᠤ᠋ ᠳ᠋ᠤ᠌ ᠢᠷᠡᠵᠦ ᠳᠥᠷᠥᠭᠡ ᠪᠣᠯ? ᠦᠷ᠎ᠡ ᠦᠭᠡᠢ ᠬᠥᠮᠦᠨ ᠢ᠋ ᠦᠶ᠎ᠡ ᠲᠡᠢ ᠪᠣᠯᠭᠠᠬᠤ ᠭᠡᠵᠦ ᠪᠤᠶᠠᠨ ᠪᠣᠯᠬᠤ ᠪᠠᠢᠯᠭᠦᠢ ᠶᠠᠭᠠᠬᠢᠬᠤᠪ》 ᠭᠡᠵᠦ ᠫᠦᠷᠪᠦ ᠭᠤᠸᠠᠢ ᠪᠤᠴᠠᠵᠤ ᠶᠠᠪᠤᠬᠤ ᠳ᠋ᠠᠭᠠᠨ ᠪᠣᠳᠣᠭᠰᠠᠨ ᠴᠤ᠌ ᠵᠢᠷᠦᠬᠡ ᠨᠢ ᠨᠢᠭᠡᠯᠡ ᠡᠮᠵᠡᠭᠯᠡᠵᠦ ᠨᠢᠳᠦᠨ ᠳ᠋ᠦ᠍ᠨᠢ ᠤᠰᠤᠨ ᠬᠦᠷᠢᠶ᠎ᠡ ᠲᠠᠲᠠᠭᠠᠳ ᠪᠠᠢᠯ᠎ᠠ᠃  ᠤᠨᠤᠨ ᠡᠢᠮᠦ ᠦᠯᠢᠭᠡᠷ ᠲᠡᠢ ᠪᠠᠪᠤᠤ ᠭᠤᠸᠠᠢ ᠶ᠋ᠢᠨ ᠥᠬᠢᠨ ᠪᠣᠯᠤᠭᠠᠳ ᠭᠤᠷᠪᠠᠨ ᠵᠢᠯ ᠦ᠋ᠨ ᠨᠢᠭᠤᠷ ᠦᠵᠡᠵᠦ ᠪᠠᠢᠭ᠎ᠠ ᠨᠢ ᠡᠨᠡ᠃ 
       ᠪᠠᠪᠤᠤ ᠴᠡᠴᠡᠭᠮ᠎ᠡ ᠬᠣᠶᠠᠷ ᠡᠳᠦᠷᠵᠢᠨ ᠬᠣᠲᠠ ᠬᠣᠷᠣᠭᠠᠨ ᠳ᠋ᠠᠭᠠᠨ ᠪᠣᠷᠪᠢ ᠨᠤᠭᠤᠷᠠᠯ ᠦᠭᠡᠢ ᠶᠠᠭᠠᠷᠠᠨ᠎ᠠ᠃ ᠴᠡᠴᠡᠭᠮ᠎ᠠ ᠡᠵᠢ ᠶ᠋ᠢᠨ ᠤᠭᠵᠢᠵᠤ ᠥᠰᠬᠡᠭᠰᠡᠨ ᠬᠠᠢᠷᠠᠲᠠᠢ ᠬᠠᠯᠵᠠᠨ ᠲᠥᠯᠥᠭᠡ ᠨᠢ ᠬᠤᠷᠠᠭᠠᠯᠠᠬᠤ ᠳ᠋ᠠᠭᠠᠨ ᠪᠡᠷᠬᠡᠳᠡᠵᠦ ᠪᠤᠷᠵᠢᠭᠠᠷ ᠴᠠᠭᠠᠨ ᠦᠰᠦ ᠲᠡᠢ ᠬᠠᠷ᠎ᠠ ᠨᠢᠳᠦᠨ ᠬᠤᠷᠠᠭ᠎ᠠ ᠨᠢ ᠮᠡᠨᠳᠦ ᠭᠠᠷᠴᠠᠢ᠃ ᠭᠠᠷᠤᠮᠠᠭᠴᠠ ᠪᠠᠨ ᠡᠬᠡ ᠪᠡᠨ ᠠᠯᠳᠠᠭᠰᠠᠨ ᠥᠨᠥᠴᠢᠨ ᠬᠤᠷᠠᠭ᠎ᠠ ᠡᠵᠡᠨ ᠦ᠌ ᠪᠡᠨ ᠬᠠᠢᠷ᠎ᠠ ᠶ᠋ᠢ ᠬᠤᠪᠢ ᠳᠠᠬᠢᠨ ᠬᠦᠷᠲᠡᠬᠦ ᠪᠣᠯᠤᠯ᠎ᠠ᠃  
       ᠴᠡᠴᠡᠭᠮ᠎ᠡ ᠡᠵᠢ ᠡᠳᠦᠷ ᠪᠦᠷᠢ ᠲᠣᠮᠣ ᠰᠢᠷᠡᠮᠦᠨ ᠲᠣᠭᠣᠭᠠᠨ ᠳ᠋ᠤ᠌ ᠰᠢᠰᠢᠨ ᠭᠤᠯᠢᠷ ᠪᠤᠶᠤ ᠰᠢᠷ᠎ᠠ ᠪᠤᠳᠠᠭᠠᠨ ᠤ᠋ ᠵᠤᠲᠠᠩ ᠪᠤᠴᠠᠯᠭᠠᠵᠤ ᠪᠠᠷᠢᠭᠠᠳᠠ᠎ᠠ᠋ᠴᠠ ᠬᠤᠪᠢᠶᠠᠭᠰᠠᠨ ᠰᠦᠨ ᠲᠠᠯᠬ᠎ᠠ ᠶ᠋ᠢ ᠭᠠᠭᠴᠠ ᠬᠠᠯᠪᠠᠭ᠎ᠠ ᠬᠣᠯᠢᠵᠤ ᠬᠤᠷᠠᠭ᠎ᠠ ᠢᠰᠢᠭᠡ ᠪᠡᠨ ᠤᠭᠵᠢᠨ᠎ᠠ᠃ ᠪᠠᠰᠠ ᠲᠣᠮᠣ ᠬᠣᠨᠢᠨ ᠲᠣᠭᠣᠭᠠᠨ ᠳ᠋ᠤ᠌ ᠦᠬᠡᠷ ᠦ᠋ᠨ ᠶᠠᠰᠤ ᠶ᠋ᠢ ᠪᠠᠯᠪᠠᠴᠢᠨ ᠴᠢᠨᠠᠵᠤ ᠶᠠᠳᠠᠷ ᠳᠣᠷᠣᠢ ᠮᠠᠯ ᠳ᠋ᠠᠭᠠᠨ ᠤᠤᠭᠤᠯᠭᠠᠵᠤ᠂ ᠰᠦ ᠰᠢᠮ᠎ᠡ ᠶ᠋ᠢ ᠨᠢ ᠰᠠᠢᠵᠢᠷᠠᠭᠤᠯᠬᠤ ᠭᠡᠵᠦ ᠣᠷᠣᠯᠳᠣᠨ᠎ᠠ᠃  ᠬᠠᠷ᠎ᠠ ᠨᠢᠳᠦᠨ ᠬᠤᠷᠠᠭ᠎ᠠ ᠪᠣᠯ ᠪᠤᠰᠤᠳ ᠲᠥᠯ ᠡᠴᠡ ᠠᠷᠠᠢ ᠪᠠᠬᠠᠨ ᠥᠭᠡᠷ᠎ᠡ᠃ ᠰᠦᠨ ᠲᠠᠯᠬ᠎ᠠ ᠶ᠋ᠢ ᠬᠣᠯᠢᠴᠠ ᠦᠭᠡᠢ ᠤᠤᠭᠤᠬᠤ 《ᠣᠨᠴᠠᠭᠠᠢ ᠡᠷᠬᠡ》 ᠲᠡᠢ᠃ ᠲᠡᠭᠡᠭᠰᠡᠨ ᠢ᠋ᠶ᠋ᠡᠷ ᠢ᠋ᠶ᠋ᠡᠨ ᠡᠷᠲᠡ ᠬᠥᠷᠥᠪᠡᠵᠢᠵᠦ ᠬᠣᠨᠳᠣᠯᠠᠢ ᠰᠡᠭᠦᠯ ᠨᠢ ᠪᠥᠮᠪᠥᠢᠨ ᠲᠠᠷᠭᠤᠯᠠᠵᠤ ᠬᠥᠭᠡᠷᠦᠬᠦᠨ ᠮᠣᠨᠴᠣᠭᠣᠷ ᠰᠡᠭᠦᠯ ᠢ᠋ᠶ᠋ᠡᠨ ᠰᠠᠵᠢᠯᠠᠨ ᠳᠤᠷᠠᠨ ᠬᠠᠷ᠎ᠠ ᠨᠢᠳᠦ ᠪᠡᠨ ᠲᠣᠷᠮᠣᠯᠵᠠᠭᠤᠯᠤᠨ ᠰᠢᠷ᠎ᠠ ᠨᠢᠳᠦᠨ ᠥᠬᠢᠨ ᠲᠡᠢ ᠴᠣᠭ ᠴᠡᠴᠡᠭᠮ᠎ᠠ ᠡᠵᠢ ᠶ᠋ᠢ ᠪᠣᠷᠪᠢᠳᠠᠨ ᠳᠠᠭᠠᠨ᠎ᠠ᠃  ᠠᠵᠢᠯᠴᠢ ᠡᠵᠢ ᠶ᠋ᠢᠨ ᠢ᠋ᠶ᠋ᠡᠨ ᠡᠯᠪᠡᠭ ᠭᠠᠷ᠎ᠠ᠋ᠴᠠ ᠰᠦ ᠰᠠᠭᠠᠯᠢ ᠶ᠋ᠢ ᠪᠢᠯᠠᠭᠤᠷᠠᠲᠠᠯ᠎ᠠ ᠢᠳᠡᠵᠦ ᠥᠰᠦᠭᠰᠡᠨ ᠤᠨᠤᠨ ᠳ᠋ᠤ᠌ ᠥᠨᠥ ᠬᠠᠪᠤᠷ ᠨᠢ ᠤᠷᠢᠳᠤ ᠡᠮᠦᠨ᠎ᠡ ᠪᠠᠢᠭ᠎ᠠ ᠦᠭᠡᠢ ᠬᠣᠪᠣᠷ ᠭᠠᠴᠢᠭ ᠵᠢᠯ ᠪᠠᠢᠯ᠎ᠠ᠃  ᠵᠤᠨ ᠤ᠋ ᠳᠤᠮᠳᠠ ᠰᠠᠷ᠎ᠠ ᠭᠠᠷᠤᠭᠰᠠᠨ ᠠᠲᠠᠯ᠎ᠠ ᠰᠢᠨ᠎ᠡ ᠰᠠᠭᠠᠯᠢ ᠭᠠᠷᠤᠭᠠᠳᠤᠢ᠃ ᠪᠦᠯᠢᠶᠡᠨ ᠬᠠᠯᠠᠭᠤᠨ ᠰᠦ ᠤᠤᠭᠤᠵᠤ᠂ ᠥᠷᠥᠮ᠎ᠡ ᠲᠡᠢ ᠪᠤᠳᠠᠭ᠎ᠠ ᠢᠳᠡᠬᠦ ᠶ᠋ᠢ ᠵᠢᠭᠠᠯ ᠤᠨᠤᠨ ᠶᠡᠬᠡᠳᠡ ᠮᠥᠷᠥᠭᠡᠳᠴᠦ ᠪᠠᠢᠯ᠎ᠠ᠃  ᠬᠠᠷ᠎ᠠ ᠨᠢᠳᠦᠨ ᠬᠤᠷᠠᠭ᠎ᠠ ᠡᠵᠢ ᠶ᠋ᠢᠨ ᠬᠢᠨᠢ ᠭᠠᠷ᠎ᠠ᠋ᠴᠠ ᠰᠦᠨ ᠲᠠᠯᠬ᠎ᠠ ᠶ᠋ᠢ ᠵᠠᠪᠠᠵᠢ ᠪᠠᠷ ᠢ᠋ᠶ᠋ᠠᠨ ᠬᠥᠭᠡᠰᠦ ᠰᠠᠬᠠᠷᠠᠭᠤᠯᠤᠨ ᠬᠥᠬᠥᠬᠦ ᠶ᠋ᠢ ᠰᠢᠨᠤᠯᠲᠠᠢ ᠭᠡᠭᠴᠢ ᠬᠠᠷᠠᠭᠠᠳ ᠵᠢᠭᠠᠯ ᠤᠨᠤᠨ ᠤ᠋ ᠠᠷᠠᠭᠠᠨ ᠤ᠋ ᠬᠢᠨᠢ ᠰᠢᠯᠦᠰᠦ ᠬᠤᠷᠠᠨ᠎ᠠ᠃ ᠲᠡᠭᠡᠭᠡᠳ᠄ 
       — ᠡᠵᠢ ᠠ᠋ ᠭᠡᠵᠦ ᠠᠶᠠᠷᠬᠠᠨ ᠳᠠᠭᠤᠳᠠᠪᠠ᠃ 
       — ᠶᠠᠭᠤ ᠬᠡ ᠪᠣᠢ? ᠮᠢᠨᠦ ᠥᠬᠢᠨ! 
       — ᠰᠦᠨ ᠲᠠᠯᠬ᠎ᠠ ᠡᠴᠡ ᠪᠡᠨ ᠨᠠᠳᠠ ᠨᠢᠭᠡ ᠬᠠᠯᠪᠠᠭ᠎ᠠ ᠥᠭᠭᠦᠭᠡᠴᠢ! 
       — ᠦ᠂ ᠮᠢᠨᠦ ᠥᠬᠢᠨ! ᠪᠣᠯᠬᠤ ᠦᠭᠡᠢ ᠰᠢᠦ᠂ ᠡᠨᠡ ᠴᠢᠨᠢ ᠬᠠᠮᠲᠤ ᠶ᠋ᠢᠨ ᠶᠠᠭᠤᠮ᠎ᠠ᠂ ᠡᠵᠢ ᠨᠢ ᠵᠤᠲᠠᠩ ᠲᠠᠢ ᠬᠣᠯᠢᠵᠤ ᠢᠰᠢᠭᠡ ᠬᠤᠷᠠᠭ᠎ᠠ ᠪᠠᠨ ᠤᠭᠵᠢᠵᠤ ᠪᠠᠢᠭ᠎ᠠ ᠰᠢᠳᠡ᠃ ᠬᠥᠭᠡᠷᠦᠬᠦᠨ ᠢᠰᠢᠭᠡ ᠬᠤᠷᠠᠭ᠎ᠠ ᠨᠤᠭᠤᠳ ᠨᠢ ᠥᠯᠪᠡᠷᠦᠭᠡᠳ ᠦᠬᠦᠴᠢᠬᠡᠪᠡᠯ ᠬᠠᠢᠷᠠᠨ ᠪᠢᠰᠢ ᠤᠤ? ᠡᠵᠢ ᠨᠢ ᠴᠢᠮ᠎ᠠ ᠳ᠋ᠤ᠌ ᠥᠭᠡᠬᠦᠨ ᠳ᠋ᠦ᠍ ᠶᠤᠤᠮᠠᠢ ᠶ᠋ᠢᠨ ᠭᠤᠯᠢᠷ ᠬᠠᠭᠤᠷᠴᠤ ᠥᠭᠭᠦᠶ᠎ᠡ᠃ 
       — ᠡᠵᠢ ᠠ᠋᠂ ᠪᠢ ᠳᠠᠬᠢᠭᠠᠳ ᠲᠠᠯᠬᠠᠨ ᠰᠦ ᠤᠤᠭᠤᠶ᠎ᠠ ᠭᠡᠵᠦ ᠬᠡᠯᠡᠬᠦ ᠦᠭᠡᠢ ᠃  ᠡᠵᠢ ᠨᠢ ᠥᠬᠢᠨ ᠢ᠋ᠶ᠋ᠡᠨ ᠦᠷᠦ ᠡᠪᠡᠳᠦᠨ᠂ ᠡᠩᠬᠦᠷᠡᠢᠯᠡᠨ ᠦᠨᠦᠰᠦᠭᠡᠳ᠂ ᠲᠤᠩ ᠱᠠᠯᠠᠮᠠᠭᠠᠢ ᠬᠥᠳᠡᠯᠵᠦ ᠲᠣᠭᠣᠭᠠᠨ ᠳ᠋ᠠᠭᠠᠨ ᠰᠡᠮᠡᠵᠡᠨ ᠥᠭᠡᠬᠦ ᠬᠥᠰᠬᠥᠯᠡᠨ ᠶᠤᠤᠮᠠᠢ ᠶ᠋ᠢᠨ ᠭᠤᠯᠢᠷ ᠬᠠᠭᠤᠷᠴᠤ ᠪᠥᠮᠪᠥᠭᠡᠯᠡᠭᠡᠳ ᠬᠤᠷᠤᠳ ᠤ᠋ᠨ ᠬᠡᠪ ᠲᠦ᠍ ᠳᠠᠷᠤᠵᠤ ᠭᠠᠷᠭᠠᠭᠠᠳ ᠥᠬᠢᠨ ᠳ᠋ᠡᠭᠡᠨ ᠠᠳᠬᠤᠭᠤᠯᠪᠠ᠃  ᠤᠨᠤᠨ ᠡᠵᠢ ᠶ᠋ᠢᠨ ᠢ᠋ᠶ᠋ᠡᠨ ᠬᠢᠵᠦ ᠥᠭᠭᠦᠭᠰᠡᠨ ᠰᠠᠷᠠᠨ ᠪᠣᠣᠪᠣ ᠶ᠋ᠢ ᠠᠮᠲᠠᠷᠬᠠᠨ ᠢᠳᠡᠵᠦ᠂ ᠪᠤᠷᠭᠠᠰᠤᠨ ᠮᠣᠷᠢ ᠪᠠᠨ ᠵᠠᠢᠳᠠᠯᠠᠨ ᠬᠤᠷᠠᠭ᠎ᠠ ᠲᠠᠢ ᠬᠣᠨᠢ ᠡᠷᠭᠢᠭᠦᠯᠬᠦ ᠪᠡᠷ《ᠳᠠᠪᠬᠢᠭᠤᠯᠪᠠ》᠃ ᠪᠤᠲᠠᠷᠠᠬᠤ ᠲᠣᠭᠣᠰᠣᠨ ᠳ᠋ᠤᠨᠢ ᠰᠢᠷᠢᠮᠡᠯ ᠤᠯᠠ ᠲᠠᠢ ᠭᠤᠲᠤᠯ ᠤ᠋ᠨ ᠬᠢᠨ ᠥᠰᠥᠭᠡᠢ ᠭᠢᠯᠠᠯᠵᠠᠨ ᠬᠠᠷᠠᠭᠳᠠᠨ᠎ᠠ᠃  ᠵᠢᠭᠠᠯ ᠤᠨᠤᠨ ᠬᠤᠷᠠᠭ᠎ᠠ ᠲᠤᠭᠤᠯ ᠬᠠᠷᠢᠭᠤᠯᠵᠤ᠂ ᠬᠥᠳᠡᠭᠡ ᠬᠡᠭᠡᠷ᠎ᠡ ᠪᠡᠷ ᠡᠷᠬᠡ ᠴᠢᠯᠥᠭᠡ ᠲᠡᠢ ᠲᠣᠭᠯᠠᠨ᠎ᠠ᠃ ᠤᠨᠤᠨ ᠳᠥᠩᠭᠡᠵᠦ ᠲᠠᠪᠤᠨ ᠨᠠᠰᠤ ᠢᠯᠡᠭᠦᠦ ᠲᠡᠢ ᠪᠣᠯᠪᠠᠴᠤ ᠠᠯᠢᠶ᠎ᠠ ᠳᠡᠭᠵᠢᠨ᠂ ᠵᠣᠷᠢᠭ ᠵᠢᠷᠦᠬᠡ ᠲᠡᠢ᠂ ᠬᠡᠯᠡᠮᠡᠭᠡᠢ ᠬᠤᠷᠴᠠ ᠭᠡᠳᠡᠭ ᠨᠢ ᠪᠡᠷᠬᠡ᠃  ᠠᠢᠯ ᠤ᠋ᠳ ᠵᠤᠰᠠᠭᠠᠯ ᠳ᠋ᠠᠭᠠᠨ ᠭᠠᠷᠴᠤ᠂ ᠪᠡᠪᠤᠤ ᠭᠤᠸᠠᠢ ᠶ᠋ᠢᠨ ᠬᠢ ᠰᠢᠷ᠎ᠠ ᠳᠠᠵᠢᠳ ᠭᠤᠸᠠᠢ ᠲᠠᠢ ᠠᠢᠯ ᠬᠣᠲᠠ ᠪᠠᠭᠤᠪᠠ᠃ ᠪᠠᠪᠤᠤ ᠭᠤᠸᠠᠢ ᠶ᠋ᠢᠨ ᠬᠢ ᠬᠣᠨᠢ ᠪᠠᠵᠠᠭᠠᠵᠣ ᠰᠢᠨ᠎ᠡ ᠱᠥᠯᠥ ᠤᠤᠭᠤᠬᠤ ᠪᠣᠯᠵᠤ᠂ ᠰᠠᠭᠠᠬᠠᠯᠲᠠ ᠳ᠋ᠠᠭᠠᠨ ᠬᠤᠪᠢ ᠢᠳᠡᠭᠡ ᠪᠡᠨ ᠵᠢᠵᠢᠭᠬᠡᠨ ᠭᠠᠤᠯᠢᠨ ᠲᠠᠪᠠᠭ ᠲᠤ᠌ ᠬᠢᠵᠦ ᠥᠬᠢᠨ ᠢ᠋ᠶ᠋ᠡᠷ ᠢ᠋ᠶ᠋ᠡᠨ ᠬᠦᠷᠭᠡᠭᠦᠯᠦᠨ᠎ᠡ᠃  ᠬᠣᠶᠠᠷ ᠠᠭᠠᠰᠢ ᠲᠠᠢ ᠬᠡᠳᠡᠷ ᠶᠠᠬᠢᠷ ᠠᠷᠠᠨᠰᠢᠨ ᠲᠠᠢ ᠰᠢᠷ᠎ᠠ ᠳᠠᠵᠢᠳ ᠭᠤᠸᠠᠢ ᠳ᠋ᠤ᠌ ᠤᠨᠤᠨ ᠪᠠᠬᠠᠨ ᠳᠠᠭ᠎ᠠ ᠦᠭᠡᠢ᠃ ᠦᠷᠭᠦᠯᠵᠢ ᠥᠪᠡᠷ ᠢ᠋ ᠨᠢ ᠵᠠᠩᠳᠠᠴᠢᠨ ᠵᠠᠩᠨᠠᠳᠠᠭ ᠪᠣᠯᠤᠭᠠᠳ ᠲᠡᠷᠡ ᠪᠢᠵᠡ᠃  ᠭᠡᠪᠡᠴᠦ ᠠᠢᠯ ᠳ᠋ᠤ᠌ ᠬᠤᠪᠢ ᠢᠳᠡᠭᠡ ᠬᠦᠷᠭᠡᠪᠡᠯ ᠬᠠᠷᠢᠭᠤ ᠳ᠋ᠤᠨᠢ ᠭᠠᠭᠴᠠ ᠰᠢᠷᠬᠡᠭ ᠰᠢᠬᠢᠷ ᠪᠤᠶᠤ ᠶᠣᠣᠲᠠᠩ ᠣᠯᠳᠠᠭ ᠤᠴᠢᠷ ᠤᠨᠤᠨ ᠭᠠᠤᠯᠢᠨ ᠫᠢᠯᠠ ᠲᠠᠢ ᠬᠤᠪᠢ ᠢᠳᠡᠭᠡ ᠶ᠋ᠢ ᠶᠡᠬᠡᠯ᠎ᠡ ᠪᠣᠯᠭᠣᠮᠵᠢᠯᠠᠨ ᠪᠠᠢᠵᠤ ᠠᠪᠠᠴᠢᠵᠤ ᠥᠭᠪᠡ᠃  ᠳᠠᠵᠢᠳ ᠭᠤᠸᠠᠢ ᠬᠤᠪᠢ ᠢᠳᠡᠭᠡ ᠶ᠋ᠢ ᠲᠣᠰᠴᠤ ᠠᠪᠤᠭᠠᠳ ᠫᠢᠯᠠ ᠶ᠋ᠢ ᠨᠢ ᠶᠡᠭᠦᠯᠡᠵᠦ ᠥᠭᠭᠦᠮᠡᠭᠴᠡ ᠪᠡᠨ ᠴᠠᠭᠠᠰᠢ ᠬᠠᠨᠳᠤᠨ ᠣᠭᠲᠣᠯᠤᠨ ᠡᠮᠬᠦᠯᠡᠨ᠎ᠡ᠃ ᠵᠢᠭᠠᠯ ᠤᠨᠤᠨ ᠠᠷᠭᠠᠯ ᠤ᠋ᠨ ᠳᠠᠩ(ᠠᠷᠭᠠᠯ ᠤ᠋ᠨ ᠬᠠᠢᠷᠴᠠᠭ) ᠤ᠋ᠨ ᠬᠢᠨᠢ ᠳᠡᠷᠭᠡᠳᠡ ᠫᠢᠯᠠ ᠪᠠᠨ ᠪᠠᠷᠢᠭᠠᠳ ᠵᠣᠭᠰᠣᠭᠠᠳ ᠪᠠᠢᠵᠠᠢ᠃ ᠳᠠᠵᠢᠳ ᠭᠤᠸᠠᠢ ᠵᠢᠭᠠᠯ ᠤᠨᠤᠨ ᠪᠠᠰᠠ ᠶᠠᠪᠤᠭ᠎ᠠ ᠦᠭᠡᠢ ᠪᠠᠢᠭ᠎ᠠ ᠶ᠋ᠢ ᠬᠠᠷᠠᠭᠠᠳ ᠡᠷᠭᠢᠨᠡᠭ ᠳᠡᠭᠡᠷᠡᠬᠢ ᠴᠠᠭᠠᠨ ᠢᠳᠡᠭᠡᠨ ᠦ᠌ ᠲᠠᠪᠠᠭ ᠠ᠋ᠴᠠ ᠨᠢᠭᠡ ᠬᠡᠰᠡᠭ ᠬᠠᠲᠠᠭᠰᠠᠨ ᠬᠤᠷᠤᠳ ᠠᠪᠴᠤ ᠫᠢᠯᠠ ᠳ᠋ᠤᠨᠢ ᠰᠢᠳᠡᠯ᠎ᠡ᠃ ᠭᠠᠤᠯᠢᠨ ᠫᠢᠯᠠ 《ᠲᠠᠩᠭᠠᠷ》 ᠭᠡᠵᠦ ᠳᠤᠤᠭᠠᠷᠬᠤ ᠳ᠋ᠤ᠌ ᠵᠢᠭᠠᠯ ᠤᠨᠤᠨ ᠵᠣᠪᠬᠢᠨ ᠳ᠋ᠠᠭᠠᠨ ᠢᠨᠢᠶᠡᠳᠦ ᠬᠤᠷᠠᠭᠰᠠᠨ ᠬᠠᠷᠠᠴᠠ ᠪᠠᠷ ᠠᠰ ᠰᠢᠷᠳᠡᠵᠦ᠂ 
       — ᠭᠠᠷ ᠢ᠋ᠶ᠋ᠠᠷ ᠠᠪᠤᠭᠠᠳ ᠬᠥᠯ ᠢ᠋ᠶ᠋ᠡᠷ ᠥᠭᠭᠦᠨ᠎ᠡ ᠭᠡᠭᠴᠢ ᠡᠨᠡ ᠶ᠋ᠢ ᠯᠡ ᠬᠡᠯᠡᠳᠡᠭ ᠪᠠᠢᠬ᠎ᠠ ᠳᠠ ᠭᠡᠴᠢᠬᠡᠭᠡᠳ ᠭᠣᠳ ᠭᠠᠷᠴᠤ ᠭᠦᠶᠦᠪᠡ᠃  ᠰᠢᠷ᠎ᠠ ᠳᠠᠵᠢᠳ ᠭᠤᠸᠠᠢ ᠶᠠᠭᠤ ᠬᠡᠯᠡᠬᠦ ᠪᠡᠨ ᠣᠯᠬᠤ ᠦᠭᠡᠢ ᠬᠡᠰᠡᠭ ᠲᠠᠭᠯᠠᠷᠠᠵᠤ ᠪᠠᠢᠭᠰᠠᠨ ᠢ᠋ᠶ᠋ᠠᠨ ᠤᠳᠠᠯ ᠦᠭᠡᠢ ᠠᠷᠤ᠎ᠠ᠋ᠴᠠ ᠨᠢ ᠢᠷᠡᠵᠦ ᠠᠪᠤ ᠡᠵᠢ ᠳ᠋ᠦ᠍ᠨᠢ ᠬᠣᠪ ᠪᠠᠷᠢᠬᠤ ᠨᠢ ᠲᠡᠷᠡ᠃ ᠴᠡᠴᠡᠭᠮ᠎ᠡ ᠪᠠᠪᠤᠤ ᠬᠣᠶᠠᠷ ᠳᠠᠵᠢᠳ ᠭᠤᠸᠠᠢ ᠶ᠋ᠢᠨ ᠳᠡᠷᠭᠡᠳᠡ 
       — ᠮᠢᠨᠦ ᠥᠬᠢᠨ ᠠᠬᠠᠮᠠᠳ ᠲᠣᠮᠣᠴᠤᠤᠯ ᠤ᠋ᠨ ᠥᠭᠡᠳᠡ ᠡᠴᠡ ᠪᠢᠲᠡᠭᠡᠢ ᠦᠭᠡ ᠬᠠᠷᠢᠭᠤᠴᠠᠵᠤ ᠪᠠᠢ ᠭᠡᠵᠦ ᠵᠢᠮᠡᠯᠡᠬᠦ ᠮᠠᠶᠢᠭ ᠭᠠᠷᠭᠠᠭᠰᠠᠨ ᠴᠤ᠌ ᠶᠠᠪᠤᠭᠰᠠᠨ ᠬᠣᠢᠨ᠎ᠠ ᠨᠢ ᠢᠨᠢᠶᠡᠯᠴᠡᠵᠦ 
       — ᠬᠣᠷᠭᠣᠰᠤ ᠪᠠᠨ ᠳᠡᠷᠡᠰᠦᠨ ᠳ᠋ᠦ᠍ ᠬᠠᠲᠠᠭᠠᠭᠰᠠᠨ ᠮᠣᠨᠳᠢ ᠴᠢᠨᠢ᠂ ᠬᠡᠦᠬᠡᠳ ᠲᠦ᠍ ᠭᠠᠭᠴᠠ ᠰᠢᠷᠬᠡᠭ ᠰᠢᠬᠢᠷ ᠥᠭᠬᠦ ᠦᠭᠡᠢ ᠪᠠᠢᠭᠠᠳ ᠠᠷᠤ᠎ᠠ᠋ᠴᠠ ᠨᠢ ᠪᠠᠰᠠ ᠬᠣᠪᠯᠠᠵᠤ ᠢᠷᠡᠬᠦ ᠳ᠋ᠡᠭᠡᠨ ᠶᠠᠭᠠᠬᠢᠳᠠᠭ ᠶᠤᠮ ᠭᠡᠵᠦ ᠳᠤᠷ᠎ᠠ ᠦᠭᠡᠢᠴᠡᠵᠦ ᠪᠠᠢᠯ᠎ᠠ᠃  ᠤᠨᠤᠨ ᠲᠤᠩ ᠠᠯᠢᠶ᠎ᠠ᠂ ᠬᠤᠷᠴᠠ ᠰᠡᠷᠭᠦᠯᠡᠩ ᠬᠡᠦᠬᠡᠳ ᠪᠣᠯᠤᠭᠠᠳ ᠲᠡᠷᠡ ᠤᠤ ᠂ ᠲᠣᠮᠣᠴᠤᠤᠯ ᠠ᠋ᠴᠠ ᠲᠡᠳᠦᠢ ᠯᠡ ᠠᠶᠤᠵᠤ ᠰᠢᠷᠪᠡᠭᠡᠲᠦᠬᠦ ᠶ᠋ᠢ ᠮᠡᠳᠡᠳᠡᠭ ᠦᠭᠡᠢ᠃ ᠬᠡᠵᠢᠶᠡᠳᠡ ᠬᠥᠮᠦᠨ ᠦ᠌ ᠨᠢᠳᠦ ᠶ᠋ᠢ ᠠᠰᠯᠠᠵᠤ ᠬᠠᠷᠠᠭᠠᠳ ᠦᠭᠡ ᠶᠠᠷᠢᠨ᠎ᠠ᠃ ᠲᠣᠮᠣᠴᠤᠤᠯ ᠤ᠋ᠨ ᠦᠢᠯᠡ ᠬᠥᠳᠡᠯᠦᠯ᠂ ᠦᠭᠡ ᠶᠠᠷᠢᠶ᠎ᠠ ᠶ᠋ᠢ ᠶᠡᠬᠡᠯ᠎ᠡ ᠠᠩᠬᠠᠷᠴᠤ ᠰᠢᠨᠵᠢᠨ᠎ᠡ᠃ ᠲᠡᠭᠡᠭᠡᠳ ᠥᠪᠡᠷ ᠢ᠋ᠶ᠋ᠡᠨ ᠳᠠᠭᠤᠷᠢᠶᠠᠵᠤ ᠠᠯᠢᠶᠠᠷᠬᠠᠨ᠎ᠠ᠃  ᠲᠡᠷᠡ ᠮᠡᠳᠡᠭᠡ ᠣᠷᠣᠭᠰᠠᠨ ᠴᠠᠭ᠎ᠠ᠋ᠴᠠ ᠪᠠᠨ ᠠᠪᠤᠭᠠᠳ ᠡᠵᠢ ᠶ᠋ᠢᠨ ᠢ᠋ᠶ᠋ᠡᠨ ᠣᠯᠠᠨ ᠲᠡᠵᠢᠭᠡᠪᠦᠷᠢ ᠠᠮᠢᠲᠠᠳ ᠲᠠᠢ ᠲᠣᠭᠯᠠᠵᠤ ᠥᠰᠴᠡᠢ᠃ ᠵᠢᠷᠭᠢᠭᠡ ᠨᠡᠷᠡᠲᠡᠢ ᠠᠩᠴᠢ ᠲᠠᠢᠭ᠎ᠠ᠂ ᠤᠨᠠᠭ᠎ᠠ᠂ ᠪᠣᠲᠣᠭᠣ᠂ ᠲᠤᠭᠤᠯ᠂ ᠪᠢᠷᠠᠭᠤ᠂ ᠢᠰᠢᠭᠡ᠂ ᠬᠤᠷᠠᠭ᠎ᠠ᠂ ᠵᠡᠭᠡᠷ᠎ᠡ ᠢᠨᠵᠠᠭ᠎ᠠ ᠭᠡᠳ ᠪᠠᠢᠬᠤ ᠯᠠ ᠪᠤᠶᠠᠨ ᠃ ᠥᠨᠥᠴᠢᠨ ᠬᠤᠷᠠᠭ᠎ᠠ ᠬᠠᠷ᠎ᠠ ᠨᠢᠳᠦᠨ ᠲᠡᠢ ᠪᠣᠯ ᠪᠦᠷ ᠴᠦ᠍ ᠢᠵᠢᠯᠢᠳᠦᠨ ᠳᠠᠰᠴᠠᠢ᠃ ᠡᠳᠦᠷᠵᠢᠨ ᠬᠠᠮᠲᠤ ᠲᠣᠭᠯᠠᠨ᠎ᠠ᠃ ᠣᠷᠣᠢ ᠤᠨᠤᠨ ᠡᠵᠢ ᠶ᠋ᠢᠨ ᠢ᠋ᠶ᠋ᠡᠨ ᠡᠯᠢᠭᠡᠨ ᠳ᠋ᠦ᠍ ᠨᠠᠭᠠᠯᠳᠤᠨ ᠤᠨᠲᠠᠨ᠎ᠠ᠃ ᠬᠠᠷ᠎ᠠ ᠨᠢᠳᠦᠨ ᠨᠢᠷᠤᠭᠤᠨ ᠳ᠋ᠤᠨᠢ ᠨᠠᠯᠠᠵᠤ ᠤᠨᠲᠠᠨ᠎ᠠ᠃ ᠪᠠᠪᠤᠤ ᠭᠤᠸᠠᠢ ᠭᠠᠳᠠᠭᠰᠢ ᠶᠠᠪᠤᠭᠠᠳ ᠬᠠᠷᠢᠵᠤ ᠢᠷᠡᠪᠡᠯ ᠬᠠᠮᠤᠭ ᠤ᠋ᠨ ᠲᠡᠷᠢᠭᠦᠨ ᠳ᠋ᠦ᠍ 
       — ᠰᠢᠷ᠎ᠠ ᠨᠢᠳᠦᠨ ᠥᠬᠢᠨ᠂ ᠬᠠᠷ᠎ᠠ ᠨᠢᠳᠦᠨ ᠬᠤᠷᠠᠭ᠎ᠠ ᠬᠣᠶᠠᠷ ᠬᠠᠮᠢᠭ᠎ᠠ ᠪᠠᠢᠨ᠎ᠠ? ᠭᠡᠵᠦ ᠠᠰᠠᠭᠤᠨ᠎ᠠ᠃  ᠬᠠᠪᠤᠷ ᠥᠩᠭᠡᠷᠡᠵᠦ ᠥᠩᠰᠡᠭ ᠰᠠᠢᠬᠠᠨ ᠵᠤᠨ ᠤ᠋ ᠤᠯᠠᠷᠢᠯ ᠦᠷᠭᠦᠯᠵᠢᠯᠡᠵᠦ᠂ ᠬᠤᠷ᠎ᠠ ᠪᠣᠷᠣᠭᠠᠨ ᠡᠯᠪᠡᠭ ᠪᠣᠯᠬᠣᠷ ᠲᠠᠯ᠎ᠠ ᠪᠠᠷ ᠳᠦᠭᠦᠷᠡᠩ ᠳᠠᠭᠠᠨ᠎ᠠ ᠮᠠᠩᠭᠢᠷ ᠬᠠᠯᠢᠭᠤᠷᠠᠨ ᠠᠢᠯ ᠤ᠋ᠳ ᠭᠡᠭᠦᠦ ᠪᠠᠷᠢᠵᠤ᠂ ᠠᠢᠷᠠᠭ ᠴᠡᠬᠡ ᠱᠤᠤᠭᠢᠨ ᠠᠶ᠎ᠠ ᠳᠠᠭᠤᠤ ᠬᠠᠩᠭᠢᠨᠠᠨ᠎ᠠ᠃ ᠪᠠᠪᠤᠤ ᠴᠡᠴᠡᠭᠮ᠎ᠠ ᠬᠣᠶᠠᠷ ᠲᠥᠯ ᠮᠠᠯ ᠢ᠋ᠶ᠋ᠠᠨ ᠵᠠᠭᠤᠨ ᠤ᠋ ᠵᠠᠭᠤ ᠪᠠᠷ ᠲᠤᠰᠤᠭᠰᠠᠨ ᠲᠡᠳᠦᠢ ᠦᠭᠡᠢ᠂ ᠳᠡᠭᠡᠷ᠎ᠡ ᠡᠴᠡ ᠨᠢ ᠢᠰᠢᠭᠡᠨ ᠦ᠌ ᠢᠰᠢᠭᠡ᠂ ᠬᠤᠷᠠᠭᠠᠨ ᠤ᠋ ᠬᠤᠷᠠᠭ᠎ᠠ᠂ ᠢᠬᠡᠷ᠎ᠡ ᠶ᠋ᠢᠨ ᠥᠷᠥᠭᠡᠰᠦᠨ ᠭᠡᠳ ᠢᠯᠡᠭᠦᠴᠡ ᠪᠠᠬᠠᠨ ᠢ᠋ ᠥᠰᠬᠡᠵᠦ᠂ ᠨᠡᠢᠲᠡ ᠳ᠋ᠦ᠍ ᠨᠡᠮᠡᠷᠢᠯᠡᠵᠡᠢ᠃《ᠲᠡᠷᠢᠭᠦᠨ ᠦ᠌ ᠮᠠᠯᠴᠢᠨ》᠂ 《ᠬᠥᠳᠡᠯᠮᠦᠷᠢ ᠶ᠋ᠢᠨ ᠵᠢᠱ᠌ᠢᠶᠡᠴᠢ 》 ᠭᠡᠰᠡᠨ ᠠᠪᠤ ᠡᠵᠢ ᠶ᠋ᠢᠨ ᠬᠢᠨᠢ ᠨᠡᠷ᠎ᠡ ᠲᠡᠢ ᠦᠨᠡᠮᠯᠡᠯ ᠬᠥᠬᠢᠭᠦᠯᠦᠯ ᠬᠠᠨᠠᠨ ᠲᠣᠯᠣᠭᠠᠢ ᠳ᠋ᠤᠨᠢ ᠨᠡᠮᠡᠭᠳᠡᠬᠦ ᠳ᠋ᠦ᠍ ᠤᠨᠤᠨ ᠭᠠᠷ ᠤ᠋ᠨ ᠬᠢᠨᠢ ᠬᠤᠷᠤᠭᠤ ᠨᠡᠮᠡᠭᠳᠡᠬᠦ ᠰᠢᠭ ᠲᠣᠭᠠᠯᠠᠭᠰᠠᠭᠠᠷ ᠪᠠᠢᠯ᠎ᠠ᠃  ᠬᠠᠷ᠎ᠠ ᠨᠢᠳᠦᠨ ᠬᠤᠷᠠᠭ᠎ᠠ ᠪᠦᠳᠦᠭᠦᠨ ᠰᠡᠭᠦᠯ ᠲᠡᠢ ᠲᠠᠷᠭᠤᠨ ᠵᠣ ᠲᠠᠢ ᠲᠣᠮᠣ ᠬᠣᠨᠢ ᠪᠣᠯᠵᠤ᠂  ᠲᠦᠮᠡᠨ ᠬᠣᠨᠢᠨ ᠤ᠋ ᠲᠦᠷᠦᠭᠦᠦ ᠲᠦᠨᠲᠦᠭᠦᠷ ᠴᠠᠭᠠᠨ ᠬᠤᠴᠠ ᠮᠢᠩᠭᠠᠨ ᠬᠣᠨᠢᠨ ᠤ᠋ ᠲᠦᠷᠦᠭᠦᠦ ᠮᠢᠨᠳᠠᠰᠤᠨ ᠴᠠᠭᠠᠨ ᠬᠤᠴᠠ ᠦᠷ᠎ᠡ ᠲᠥᠯ ᠴᠢᠨᠢ ᠥᠯᠥᠩ ᠡᠪᠡᠰᠦ ᠰᠢᠭ ᠣᠯᠠᠨ ᠪᠣᠯ ᠠ᠋ ᠭᠡᠵᠦ ᠢᠷᠦᠭᠡᠯᠭᠡᠭᠡᠳ ᠬᠤᠴᠠ ᠪᠣᠯᠵᠤ ᠰᠦᠷᠦᠭ ᠳᠠᠭᠠᠨ᠎ᠠ᠃ ᠣᠨ ᠵᠢᠯ ᠡᠭᠡᠯᠵᠢᠯᠡᠨ ᠡᠭᠡᠯᠵᠢᠭᠰᠡᠭᠡᠷ᠂ ᠬᠠᠷ᠎ᠠ ᠨᠢᠳᠦᠨ ᠬᠤᠷᠠᠭᠠᠨ ᠤ᠋ ᠲᠥᠯ ᠦᠷᠡᠵᠢᠭᠰᠡᠭᠡᠷ᠂ ᠤᠨᠤᠨ ᠥᠬᠢᠨ ᠥᠰᠦᠭᠰᠡᠭᠡᠷ᠃᠂ ᠳᠣᠯᠣᠭᠠᠨ ᠨᠠᠰᠤᠨ ᠤ᠋ ᠬᠢᠨᠢ ᠣᠢ ᠶ᠋ᠢ ᠲᠡᠮᠳᠡᠭᠯᠡᠭᠰᠡᠨ ᠲᠡᠷᠡ ᠨᠠᠮᠤᠷ ᠲᠡᠳᠡᠨ ᠦ᠌ ᠳ᠋ᠦ᠍ ᠰᠤᠮᠤᠨ ᠲᠥᠪ ᠡᠴᠡ ᠨᠢᠭᠡ ᠵᠣᠴᠢᠨ ᠢᠷᠡᠯ᠎ᠡ᠃ ᠳᠤᠮᠳᠠ ᠶ᠋ᠢᠨ ᠨᠠᠮᠬᠠᠨ ᠪᠡᠶ᠎ᠡ ᠲᠡᠢ᠂ ᠰᠢᠷᠦᠭᠦᠨ ᠬᠠᠷᠠᠴᠠ ᠲᠠᠢ ᠲᠣᠮᠣ ᠨᠢᠳᠦ ᠲᠡᠢ᠂ ᠢᠷᠠᠯᠵᠠᠭᠰᠠᠨ ᠥᠷᠭᠡᠨ ᠰᠢᠲᠦ ᠲᠡᠢ᠂ ᠺᠠᠲ᠌ᠷ ᠬᠤᠪᠴᠠᠰᠤ ᠲᠠᠢ᠂ ᠨᠡᠭᠡᠭᠡᠪᠴᠢ ᠳᠡᠭᠡᠷ᠎ᠡ ᠪᠡᠨ ᠤᠯᠠᠭᠠᠨ ᠣᠳᠣ ᠲᠠᠢ ᠴᠡᠷᠢᠭ ᠦ᠋ᠨ ᠨᠣᠭᠣᠭᠠᠨ ᠪᠣᠭᠴᠣ ᠵᠥᠷᠢᠭᠦᠯᠦᠨ ᠡᠭᠦᠷᠦᠭᠰᠡᠨ ᠬᠥᠮᠦᠨ᠃  ᠤᠨᠤᠨ ᠲᠡᠷᠡ ᠬᠥᠮᠦᠨ ᠢ᠋ ᠨᠢᠳᠦ ᠴᠠᠪᠴᠢᠯ ᠦᠭᠡᠢ ᠬᠠᠷᠠᠵᠤ᠂ ᠴᠡᠷᠢᠭ ᠦ᠋ᠨ ᠨᠣᠭᠣᠭᠠᠨ ᠪᠣᠭᠴᠣ ᠶ᠋ᠢ ᠨᠢ ᠤᠴᠢᠷ ᠦᠭᠡᠢ ᠱᠣᠬᠣᠭᠣᠷᠬᠠᠨ᠎ᠠ᠃  ᠢᠷᠡᠭᠰᠡᠨ ᠵᠣᠴᠢᠨ ᠬᠠᠵᠠᠭᠤ ᠳ᠋ᠤᠨᠢ ᠰᠠᠭᠤᠭᠠᠳ ᠥᠪᠡᠷ ᠢ᠋ ᠨᠢ ᠨᠢᠳᠦ ᠰᠠᠯᠭᠠᠯ ᠦᠭᠡᠢ ᠰᠢᠷᠳᠡᠬᠦ ᠵᠢᠭᠠᠯ ᠥᠬᠢᠨ ᠢ᠋ ᠥᠬᠥᠭᠡᠷᠳᠡᠨ᠄ 
       — ᠨᠡᠷ᠎ᠡ ᠴᠢᠨᠢ ᠬᠡᠨ ᠭᠡᠳᠡᠭ ᠪᠣᠢ? 
       — ᠤᠨᠤᠨ᠃ 
       — ᠬᠡᠳᠦᠨ ᠨᠠᠰᠤᠲᠠᠢ ᠪᠣᠢ? 
       — ᠳᠣᠯᠣᠭᠠᠲᠠᠢ᠃ 
       — ᠶᠠᠭᠤᠨ ᠳ᠋ᠤ᠌ ᠨᠠᠮᠠᠶ᠋ᠢ ᠲᠡᠭᠡᠲᠡᠯ᠎ᠡ ᠪᠡᠨ ᠬᠠᠷᠠᠭᠠᠳ ᠪᠠᠢᠭᠰᠠᠨ ᠶᠤᠮ? 
       — ᠺᠠᠲ᠌ᠷ ᠬᠥᠮᠦᠨ ᠶᠠᠮᠠᠷ ᠪᠠᠢᠳᠠᠭ ᠢ᠋ ᠬᠠᠷᠠᠶ᠎ᠠ ᠭᠡᠰᠡᠨ ᠶᠦᠮ᠃ ᠵᠣᠴᠢᠨ ᠤᠴᠢᠷ ᠦᠭᠡᠢ ᠶᠡᠬᠡ ᠬᠠᠳᠠᠭᠠᠨᠠᠨ ᠢᠨᠢᠶᠡᠭᠡᠳ 
       — ᠴᠣᠪᠣᠭᠣ ᠥᠬᠢᠨ ᠪᠠᠢᠨ᠎ᠠ᠂ ᠰᠤᠷᠭᠠᠭᠤᠯᠢ ᠳ᠋ᠤ᠌ ᠰᠠᠭᠤᠨ᠎ᠠ ᠤᠤ? 
       — ᠲᠡᠷᠡ ᠴᠢᠨᠢ ᠶᠠᠭᠤ ᠬᠢᠳᠡᠭ ᠭᠠᠵᠠᠷ ᠶᠤᠮ ᠪᠣᠢ? 
       — ᠨᠣᠮ ᠰᠤᠷᠳᠠᠭ ᠭᠠᠵᠠᠷ᠃ 
       — ᠣᠴᠢᠨ᠎ᠠ ᠠ᠋᠂ ᠤᠷᠢᠳ ᠢ᠋ᠶ᠋ᠠᠷ ᠲᠠᠨ ᠤ᠋ ᠪᠣᠭᠴᠣ ᠶ᠋ᠢ ᠴᠢᠨᠢ ᠦᠵᠡᠪᠡᠯ ᠪᠣᠯᠬᠤ ᠤᠤ? ᠭᠡᠵᠦ ᠤᠨᠤᠨ ᠭᠢᠯᠠᠯᠵᠠᠭᠰᠠᠨ ᠰᠢᠷ᠎ᠠ ᠨᠢᠳᠦ ᠪᠡᠷ ᠢ᠋ᠶ᠋ᠡᠨ ᠵᠣᠴᠢᠨ ᠢ᠋ ᠴᠣᠭᠣ ᠰᠢᠷᠳᠡᠨ᠎ᠡ᠃ ᠵᠣᠴᠢᠨ ᠴᠢᠷᠠᠢ ᠪᠠᠨ ᠲᠥᠪ ᠪᠣᠯᠭᠠᠵᠤ᠄ 
       — ᠬᠡᠦᠬᠡᠳ ᠬᠥᠮᠦᠨ ᠪᠠᠷᠢᠵᠤ ᠪᠣᠯᠳᠠᠭ ᠦᠭᠡᠢ ᠶᠦᠮ ᠭᠡᠪᠡ᠃ 
       — ᠲᠡᠭᠡᠭᠡᠳ ᠶᠠᠮᠠᠷ ᠬᠥᠮᠦᠨ ᠪᠠᠷᠢᠵᠤ ᠪᠣᠯᠳᠠᠭ ᠪᠣᠢ? 
       — ᠦ ᠂ ᠪᠢᠴᠢᠭ ᠨᠣᠮ ᠮᠡᠳᠡᠳᠡᠭ ᠰᠡᠬᠡᠭᠡᠲᠡᠨ ᠬᠥᠮᠦᠨ ᠯᠡ ᠪᠠᠷᠢᠵᠤ ᠪᠣᠯᠳᠠᠭ ᠶᠤᠮ᠃ 
       — ᠲᠠ ᠲᠡᠭᠡᠭᠡᠳ ᠰᠡᠬᠡᠭᠡᠲᠡᠨ ᠶᠦᠮ ᠤᠤ ? ᠲᠡᠢᠮᠦ ᠰᠢᠦ ᠃ ᠤᠨᠤᠨ ᠶᠠᠭᠤ ᠴᠤ᠌ ᠳᠤᠤᠭᠠᠷᠤᠯ ᠦᠭᠡᠢ ᠭᠠᠷᠴᠤ ᠶᠠᠪᠤᠯ᠎ᠠ᠃ ᠲᠡᠳᠡᠨ ᠦ᠌ ᠳ᠋ᠦ᠍ ᠢᠷᠡᠭᠰᠡᠨ ᠵᠣᠴᠢᠨ ᠨᠡᠯᠢᠶᠡᠳ ᠤᠳᠠᠭᠠᠳ ᠮᠣᠷᠳᠠᠯ᠎ᠠ᠃ ᠤᠨᠤᠨ ᠶᠠᠭᠠᠷᠠᠨ ᠭᠡᠷ ᠲᠡᠭᠡᠨ ᠣᠷᠣᠵᠤ᠄ 
       — ᠡᠵᠢ ᠠ᠋᠂ ᠲᠠ ᠨᠠᠳᠠ ᠨᠥᠭᠦᠭᠡ ᠺᠠᠲ᠌ᠷ ᠤ᠋ᠨ ᠬᠢ ᠲᠡᠢ ᠡᠭᠡᠭᠡ ᠠᠳᠠᠯᠢᠬᠠᠨ ᠪᠣᠭᠴᠣ ᠣᠶᠣᠭᠠᠳ ᠠᠯᠢ! ᠭᠡᠪᠡ᠃ ᠡᠵᠢ ᠨᠢ ᠥᠬᠢᠨ ᠦ᠌ ᠪᠡᠨ ᠵᠥᠭᠡᠯᠡᠨ ᠬᠠᠯᠢᠭᠤᠨ ᠦᠰᠦ ᠲᠡᠢ ᠪᠥᠨᠲᠥᠭᠡᠷ ᠲᠣᠯᠣᠭᠠᠢ ᠶ᠋ᠢ ᠨᠢ ᠦᠨᠦᠷᠯᠡᠨ ᠦᠨᠦᠰᠦᠭᠡᠳ ᠥᠨᠥᠳᠥᠷ ᠦ᠋ᠨ ᠢᠷᠡᠭᠰᠡᠨ ᠴᠢᠨᠢ ᠪᠠᠭᠰᠢ ᠬᠥᠮᠦᠨ ᠰᠢᠦ᠂ ᠴᠢᠮᠠᠶ᠋ᠢ ᠰᠤᠷᠭᠠᠭᠤᠯᠢ ᠳ᠋ᠤ᠌ ᠠᠪᠠᠴᠢᠬᠤ ᠪᠠᠷ ᠢᠷᠡᠵᠡᠢ ᠭᠡᠪᠡ᠃ 
       — ᠰᠤᠷᠭᠠᠭᠤᠯᠢ ᠳ᠋ᠤ᠌ ᠰᠠᠭᠤᠪᠠᠯ ᠰᠡᠬᠡᠭᠡᠲᠡᠨ ᠪᠣᠯᠤᠨ᠎ᠠ ᠪᠢᠵᠡ ᠳᠡ? ᠭᠡᠵᠦ ᠤᠨᠤᠨ ᠡᠵᠢ ᠡᠴᠡ ᠪᠡᠨ ᠶᠡᠬᠡᠯ᠎ᠡ ᠪᠣᠳᠣᠯᠭᠠᠰᠢᠷᠠᠩᠭᠤᠢ ᠠᠰᠠᠭᠤᠬᠤ ᠳ᠋ᠤ᠌ ᠡᠵᠢ ᠨᠢ 
       — ᠪᠣᠯᠣᠯᠭᠦᠢ ᠶᠠᠭᠠᠬᠢᠬᠤᠪ᠂ ᠮᠢᠨᠦ ᠥᠬᠢᠨ ᠭᠡᠳ ᠪᠠᠶᠠᠷᠲᠠᠢᠬᠠᠨ ᠢᠨᠢᠶᠡᠨ᠎ᠡ᠃  ᠬᠡᠳᠦᠨ ᠡᠳᠦᠷ ᠦ᠋ᠨ ᠬᠢᠨᠢ ᠳᠠᠷᠠᠭ᠎ᠠ ᠡᠵᠢ ᠨᠢ ᠥᠬᠢᠨ ᠳ᠋ᠡᠭᠡᠨ ᠬᠥᠭᠡᠷᠦᠬᠦᠨ ᠠᠪᠰᠠᠷᠬᠠᠨ ᠴᠡᠷᠢᠭ ᠦ᠋ᠨ ᠨᠣᠭᠣᠭᠠᠨ ᠪᠣᠭᠴᠣ ᠣᠶᠣᠵᠤ ᠠᠪᠤ ᠨᠢ ᠤᠯᠠᠭᠠᠨ ᠲᠣᠷᠭ᠎ᠠ ᠪᠠᠷ ᠲᠠᠪᠤᠨ ᠣᠳᠣ ᠬᠠᠢᠴᠢᠯᠠᠵᠤ ᠨᠡᠭᠡᠭᠡᠪᠴᠢ ᠳᠡᠭᠡᠷ᠎ᠡ ᠨᠢ ᠬᠠᠲᠠᠵᠤ ᠥᠭᠭᠦᠯ᠎ᠡ᠃  ᠤᠨᠤᠨ ᠶᠣᠰᠣᠲᠠᠢ ᠨᠢᠭᠡ ᠪᠠᠶᠠᠷᠯᠠᠵᠤ᠂ ᠭᠣᠶᠣ ᠪᠣᠭᠴᠣᠨ ᠳ᠋ᠠᠭᠠᠨ ᠳᠦᠭᠦᠷᠡᠩ ᠴᠠᠭᠠᠰᠤ ᠰᠣᠨᠢᠨ ᠴᠢᠬᠢᠵᠦ ᠡᠭᠦᠷᠦᠭᠡᠳ᠂ ᠮᠣᠳᠣᠨ ᠲᠡᠷᠭᠡᠨ ᠦ᠌ ᠬᠦᠷᠳᠦ ᠤᠨᠤᠭᠠᠳ《ᠥᠨᠥᠬᠢ ᠺᠠᠲ᠌ᠷ᠂ ᠪᠢᠰᠢ᠂ ᠨᠥᠭᠦᠭᠡ ᠰᠡᠬᠡᠭᠡᠲᠡᠨ ᠬᠥᠳᠡᠭᠡ ᠪᠠᠭᠤᠵᠤ ᠪᠠᠢᠨ᠎ᠠ》 ᠭᠡᠵᠦ ᠲᠣᠭᠯᠠᠨ᠎ᠠ᠃  ᠨᠠᠮᠤᠷ ᠤ᠋ᠨ ᠰᠡᠭᠦᠯ ᠰᠠᠷ᠎ᠠ ᠪᠣᠯᠬᠤ ᠳ᠋ᠤ᠌ ᠠᠪᠤ ᠨᠢ ᠬᠣᠨᠢᠨ ᠰᠦᠷᠦᠭ ᠲᠡᠢ ᠪᠡᠨ ᠦᠯᠡᠳᠡᠵᠦ᠂ ᠡᠵᠢ ᠨᠢ ᠭᠡᠷ ᠢ᠋ᠶ᠋ᠡᠷ ᠢ᠋ᠶ᠋ᠡᠨ ᠰᠤᠮᠤᠨ ᠲᠥᠪ ᠲᠦ᠍ ᠨᠡᠭᠦᠬᠦ ᠪᠣᠯᠤᠯ᠎ᠠ᠃
       ᠤᠴᠢᠷ ᠨᠢ ᠵᠢᠭᠠᠯ ᠤᠨᠤᠨ ᠰᠤᠷᠭᠠᠭᠤᠯᠢ ᠳ᠋ᠤ᠌ ᠣᠷᠣᠴᠢᠬᠠᠭᠰᠠᠨ᠃  ᠰᠤᠷᠭᠠᠭᠤᠯᠢ ᠳ᠋ᠤ᠌ ᠰᠠᠭᠤᠬᠤ ᠭᠡᠵᠦ ᠡᠵᠢ ᠲᠡᠢ ᠪᠡᠨ ᠰᠤᠮᠤᠨ ᠲᠥᠪ ᠤᠷᠤᠭᠤ ᠨᠡᠭᠦᠭᠰᠡᠨ ᠲᠡᠷᠡ ᠡᠳᠦᠷ ᠪᠣᠯ ᠤᠨᠤᠨ ᠤ᠋ ᠨᠠᠰᠤᠨ ᠲᠤᠷᠰᠢᠲᠠ ᠮᠠᠷᠲᠠᠬᠤ ᠶ᠋ᠢᠨ ᠠᠷᠭ᠎ᠠ ᠦᠭᠡᠢ ᠶᠡᠷᠦ ᠪᠤᠰᠤ ᠶ᠋ᠢᠨ ᠨᠢᠭᠡᠨ ᠡᠳᠦᠷ᠃ ᠣᠭᠲᠠᠷᠭᠤᠢ ᠴᠡᠩᠬᠡᠷᠲᠦᠨ ᠴᠡᠯᠮᠡᠢᠵᠦ᠂ ᠠᠭᠤᠯᠠ ᠲᠤᠯᠤᠭᠠᠳ᠂ ᠲᠠᠯ᠎ᠠ ᠬᠥᠳᠡᠭᠡ ᠤᠶᠠᠷᠠᠭᠤᠨ ᠰᠢᠷᠭᠠᠯ ᠦᠵᠡᠮᠵᠢ ᠳ᠋ᠦ᠍ ᠠᠭᠤᠰᠤᠨ ᠲᠤᠨᠤᠷᠠᠵᠤ᠂ ᠠᠯᠤᠰ ᠲᠤ᠌ ᠵᠡᠷᠭᠡᠯᠭᠡᠨ ᠬᠦᠪᠦᠷᠡᠨ ᠬᠦᠪᠦᠷᠡᠨ ᠣᠢᠯᠤᠨ᠎ᠠ᠃  ᠮᠣᠳᠣᠨ ᠲᠡᠷᠭᠡᠨ ᠦ᠌ ᠠᠷᠠᠯ ᠬᠡᠶᠡᠭᠡᠯᠳᠡᠨ ᠰᠠᠨᠳᠠᠢᠯᠠᠵᠤ ᠠᠷᠠᠯ ᠤ᠋ᠨ ᠰᠢᠷ᠎ᠠ ᠪᠠᠨ ᠭᠡᠯᠢᠬᠦ ᠡᠵᠢ ᠶ᠋ᠢᠨ ᠢ᠋ᠶ᠋ᠡᠨ ᠨᠢᠷᠤᠭᠤᠨ ᠳ᠋ᠤ᠌ ᠨᠠᠭᠠᠯᠳᠤᠨ ᠰᠠᠭᠤᠭᠠᠳ ᠨᠥᠭᠦᠭᠡ《ᠰᠡᠬᠡᠭᠡᠲᠡᠨ ᠬᠥᠮᠦᠨ ᠯᠡ ᠡᠭᠦᠷᠴᠦ ᠪᠣᠯᠳᠠᠭ》 ᠭᠣᠶᠣ ᠪᠣᠭᠴᠣ ᠪᠠᠨ ᠮᠥᠷᠥᠪᠴᠢᠯᠡᠨ ᠡᠯᠢᠭᠡᠨ ᠳ᠋ᠡᠭᠡᠨ ᠴᠢᠩᠭ᠎ᠠ ᠲᠡᠪᠡᠷᠢᠨ ᠰᠠᠭᠤᠵᠠᠢ᠃  ᠨᠠᠮᠤᠷ ᠤ᠋ᠨ ᠰᠢᠷᠭᠠᠯ ᠨᠠᠷᠠᠨ ᠤ᠋ ᠬᠤᠷᠴᠠ ᠭᠡᠷᠡᠯ ᠳ᠋ᠦ᠍ ᠪᠣᠭᠴᠣᠨ ᠤ᠋ ᠬᠢᠨᠢ ᠨᠡᠭᠡᠭᠡᠪᠴᠢ ᠳᠡᠭᠡᠷᠡᠬᠢ ᠤᠯᠠᠭᠠᠨ ᠣᠳᠣᠨ᠎ᠠ᠋ᠴᠠ ᠤᠯᠠᠪᠢᠷ ᠲᠤᠶᠠᠭ᠎ᠠ ᠰᠠᠴᠤᠷᠠᠨ᠎ᠠ᠃  ᠰᠢᠷ᠎ᠠ ᠨᠢᠳᠦᠨ ᠥᠬᠢᠨ ᠦ᠌ ᠰᠣᠶᠣᠯ ᠤ᠋ᠨ ᠶᠡᠬᠡ ᠠᠶᠠᠨ ᠶᠠᠭ ᠡᠨᠳᠡ ᠡᠴᠡ ᠡᠬᠢᠯᠡᠵᠦ ᠠᠯᠤᠰ ᠤ᠋ᠨ ᠠᠯᠤᠰ ᠲᠤ᠌ ᠮᠥᠷ ᠢ᠋ᠶ᠋ᠡᠨ ᠭᠠᠷᠭᠠᠭᠰᠠᠨ ᠶᠤᠮ ᠭᠡᠨ᠎ᠡ ᠯᠠᠢ᠃ 

              2012 ᠣᠨ ᠳ᠋ᠤ᠌ ᠴᠣᠮᠣᠷᠯᠢᠭ ᠰᠡᠳᠬᠦᠯ ᠣᠨ《ᠰᠢᠯᠢᠳᠡᠭ ᠥᠭᠦᠯᠡᠯ ᠦ᠋ᠨ ᠤᠷᠤᠯᠳᠤᠭᠠᠨ》 ᠳ᠋ᠤ᠌ 
                   ᠭᠤᠷᠪᠠᠳᠤᠭᠠᠷ ᠳᠡᠰ ᠦ᠋ᠨ ᠱᠠᠩᠨᠠᠯ ᠬᠦᠷᠲᠡᠵᠡᠢ᠃  

                       ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ᠂ ᠠᠯᠲᠠᠨᠴᠡᠴᠡᠭ᠂ ᠡᠷᠳᠡᠨᠢᠭᠤᠸ᠎ᠠ᠂ ᠮᠥᠩᠭᠥᠨ᠂ ᠤᠷᠠᠨᠴᠢᠮᠡᠭ᠂ ᠬᠡᠯᠡᠰᠣᠶᠣᠯ
                       ᠬᠢᠨᠠᠭᠴᠢ᠄ ᠣᠳᠬᠠᠨᠰᠣ᠎ᠠ᠂ ᠰᠣᠨᠢᠨᠪᠠᠶᠠᠷ᠂ ᠭᠠᠷᠮ᠎ᠠ