ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠵᠢᠷᠭᠤᠳᠤᠭᠠᠷ ᠪᠦᠯᠦᠭ -4 >᠂ ᠶᠡᠬᠡ ᠡᠯᠡᠰᠦᠨ ᠰᠢᠭᠤᠷᠭ᠎ᠠ Бүргэд харьд үүрэлдэггүй – Ж᠂ Пүрэв <6-р бүлэг ~4>. их элсэн шуурга ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠵᠢᠷᠭᠤᠳᠤᠭᠠᠷ ᠪᠦᠯᠦᠭ -4 >᠂ ᠶᠡᠬᠡ ᠡᠯᠡᠰᠦᠨ ᠰᠢᠭᠤᠷᠭ᠎ᠠ Бүргэд харьд үүрэлдэггүй – Ж᠂ Пүрэв <6-р бүлэг ~4>. их элсэн шуурга

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠵᠢᠷᠭᠤᠳᠤᠭᠠᠷ ᠪᠦᠯᠦᠭ -4 >᠂ ᠶᠡᠬᠡ ᠡᠯᠡᠰᠦᠨ ᠰᠢᠭᠤᠷᠭ᠎ᠠ Бүргэд харьд үүрэлдэггүй – Ж᠂ Пүрэв <6-р бүлэг ~4>. их элсэн шуурга

ᠠᠩᠭᠢᠯᠠᠯ:ᠲᠤᠭᠤᠵᠢ ᠷᠣᠮᠠᠨ
2026-10-03

11

ᠵᠢᠷᠭᠤᠳᠤᠭᠠᠷ ᠪᠦᠯᠦᠭ᠂ ᠡᠭᠦᠷ ᠡᠴᠡ ᠪᠡᠨ ᠬᠠᠭᠠᠴᠠᠭᠰᠠᠨ ᠪᠦᠷᠭᠦᠳ ᠦᠨ ᠵᠤᠯᠵᠠᠭ᠎ᠠ

ᠳᠥᠷᠪᠡ - ᠶᠡᠬᠡ ᠡᠯᠡᠰᠦᠨ ᠰᠢᠭᠤᠷᠭ᠎ᠠ


       ᠬᠠᠷᠠᠬᠣᠷᠣᠮ ᠳ᠋ᠤ᠌ ᠲᠠᠢᠪᠤᠩ ᠪᠠᠢᠳᠠᠯ ᠲᠣᠭᠲᠠᠵᠤ᠂ ᠠᠷᠠᠯᠵᠢᠶ᠎ᠠ ᠬᠤᠳᠠᠯᠳᠤᠭ᠎ᠠ ᠰᠡᠷᠭᠦᠨ᠂ ᠬᠡᠳᠦᠨ ᠰᠠᠷ᠎ᠠ ᠪᠠᠷ ᠪᠣᠭᠣᠭᠳᠠᠵᠤ ᠪᠠᠢᠭᠰᠠᠨ ᠬᠠᠷᠢ ᠶ᠋ᠢᠨ ᠭᠡᠢᠴᠢᠳ᠂ ᠵᠢᠭᠤᠯᠴᠢᠳ ᠴᠥᠭᠡᠪᠲᠦᠷ ᠴᠦ᠍ ᠭᠡᠰᠡᠨ ᠢᠷᠡᠵᠦ ᠡᠬᠢᠯᠡᠪᠡ᠃ 
       ᠬᠤᠪᠢᠯᠠᠢ ᠶ᠋ᠢ《ᠨᠡᠢᠰᠯᠡᠯ ᠢ᠋ ᠱᠠᠩᠳᠤ ᠬᠣᠲᠠ ᠳ᠋ᠤ᠌ ᠠᠪᠠᠴᠢᠭᠰᠠᠨ》 ᠭᠡᠵᠦ ᠵᠠᠷᠯᠠᠭᠰᠠᠨ ᠴᠠᠭ ᠠ᠋ᠴᠠ ᠡᠬᠢᠯᠡᠭᠡᠳ ᠭᠠᠳᠠᠭᠠᠳᠤ ᠳᠣᠲᠣᠭᠠᠳᠤ ᠳ᠋ᠤ᠌《ᠤᠯᠤᠰ ᠤ᠋ᠨ ᠲᠥᠪ ᠠᠯᠠᠭ᠎ᠠ ᠪᠣᠯᠭᠠᠭᠰᠠᠨ》᠂《ᠲᠡᠨᠳᠡ ᠬᠥᠮᠦᠨ ᠠᠮᠢᠲᠠᠨ ᠤ᠋ ᠠᠮᠢᠨ ᠤ᠋ ᠬᠡᠷᠡᠭ ᠲᠠᠰᠤᠷᠠᠬᠤ ᠪᠠᠨ ᠪᠠᠢᠭᠰᠠᠨ》᠂《ᠬᠤᠪᠢᠯᠠᠢ᠂ ᠠᠬ᠎ᠠ ᠮᠥᠩᠬᠡ ᠬᠠᠭᠠᠨ ᠤ᠋ ᠣᠷᠣ ᠵᠠᠯᠭᠠᠮᠵᠢᠯᠠᠨ ᠰᠠᠭᠤᠬᠤ ᠭᠡᠵᠦ ᠤᠯᠠᠢᠷᠠᠭᠰᠠᠨ ᠳᠠᠭᠠᠷᠢᠯᠲᠠ ᠬᠢᠨ᠂ ᠬᠢᠲᠠᠳ ᠣᠯᠠᠨ ᠲᠦᠮᠡᠨ ᠴᠡᠷᠢᠭ ᠳᠠᠭᠠᠭᠤᠯᠵᠤ ᠢᠷᠡᠭᠡᠳ ᠲᠥᠷᠥᠭᠰᠡᠨ ᠳᠡᠭᠦᠦ ᠪᠡᠨ ᠪᠠᠭᠠᠯᠵᠠᠭᠤᠷᠳᠠᠨ ᠠᠯᠠᠬᠤ ᠭᠡᠵᠦ ᠨᠡᠢᠰᠯᠡᠯ ᠡᠴᠡ ᠬᠥᠭᠡᠭᠡᠨ ᠵᠠᠢᠯᠠᠭᠤᠯᠵᠤ ᠶᠠᠪᠤᠭᠤᠯᠤᠭᠰᠠᠨ》 ᠭᠡᠬᠦᠴᠢᠯᠡᠨ ᠦᠭᠡ ᠲᠠᠷᠬᠠᠵᠤ᠂ ᠦᠨᠡᠨ ᠬᠤᠳᠠᠯ ᠨᠢ ᠡᠰᠡ ᠮᠡᠳᠡᠭᠳᠡᠬᠦ ᠵᠦᠢᠯ ᠢ᠋ᠶ᠋ᠡᠷ ᠠᠪᠤᠮᠠᠭᠴᠠ ᠣᠯᠠᠨ ᠤ᠋ ᠳᠣᠲᠣᠷ᠎ᠠ ᠪᠠᠰᠠ ᠲᠪᠨᠭᠡᠷ᠎ᠡ ᠶᠠᠷᠢᠶ᠎ᠠ ᠳᠡᠯᠭᠡᠷᠡᠭᠰᠡᠨ ᠪᠠᠢᠨ᠎ᠠ᠃  
       ᠲᠤᠬᠠᠢᠯᠠᠪᠠᠯ᠄《ᠠᠷᠢᠬᠪᠦᠢ᠍ᠬᠡ ᠬᠠᠭᠠᠨ ᠴᠢᠩᠭᠢᠰ ᠪᠣᠭᠳᠠ ᠶ᠋ᠢᠨ ᠶᠢᠰᠦᠨ ᠬᠥᠯᠲᠦ ᠲᠤᠭ ᠢ᠋ ᠡᠷᠭᠦᠨ ᠦᠢ ᠲᠦᠮᠡᠨ ᠴᠡᠷᠢᠭ ᠲᠡᠢ ᠢᠷᠡᠵᠦ ᠨᠡᠢᠰᠯᠡᠯ ᠢ᠋ ᠡᠷᠭᠢᠭᠦᠯᠦᠨ ᠠᠪᠤᠭᠠᠳ ᠲᠦᠮᠡᠨ ᠣᠯᠠᠨ  ᠮᠢᠨᠢ ᠠᠮᠤᠷ ᠲᠦᠪᠰᠢᠨ ᠰᠠᠭᠤᠵᠤ ᠪᠣᠢ ᠭᠡᠵᠦ ᠤᠷᠢᠶᠠᠯᠠᠨ ᠳᠠᠭᠤᠳᠠᠵᠤ ᠭᠡᠨ᠎ᠡ》᠂《ᠣᠳᠣ ᠴᠠᠭ  ᠲᠠᠢᠪᠤᠩ ᠪᠣᠯᠬᠤ ᠶᠤᠮ ᠪᠠᠢᠬᠤ᠂ ᠠᠷᠢᠬᠪᠦᠢ᠍ᠬᠡ ᠬᠠᠭᠠᠨ ᠤ᠋ ᠴᠡᠷᠢᠭ ᠨᠢ ᠲᠣᠯᠣᠭᠠᠢ ᠲᠠᠢ ᠦᠰᠦᠨ ᠡᠴᠡ ᠣᠯᠠᠨ ᠶᠤᠮ ᠪᠠᠢᠵᠠᠢ》᠂《ᠬᠤᠪᠢᠯᠠᠢ ᠶ᠋ᠢᠨ ᠰᠢᠳᠠᠷ ᠨᠣᠶᠠᠨ ᠶᠢᠰᠥᠩᠭᠡ ᠠᠷᠢᠬᠪᠦᠢ᠍ᠬᠡ ᠬᠠᠭᠠᠨ ᠳ᠋ᠤ᠌ ᠴᠢᠭᠴᠢ ᠪᠡᠷ ᠢ᠋ᠶ᠋ᠡᠨ  ᠳᠣᠯᠣᠭ᠎ᠠ ᠨᠡᠪᠲᠡ ᠬᠠᠷᠪᠤᠭᠤᠯᠤᠨ ᠠᠮᠠ ᠪᠠᠷ ᠢ᠋ᠶ᠋ᠠᠨ ᠭᠠᠵᠠᠷ ᠡᠮᠬᠦᠵᠦ ᠦᠬᠦᠭᠰᠡᠨ ᠭᠡᠨ᠎ᠡ》᠂《ᠲᠡᠷᠡ ᠶᠢᠰᠥᠩᠭᠡ ᠨᠣᠶᠠᠨ ᠬᠤᠪᠢᠯᠠᠢ ᠠ᠋ᠴᠠ ᠰᠠᠷ᠎ᠠ ᠪᠦᠷᠢ ᠲᠦᠮᠡᠨ ᠯᠠᠩ ᠮᠥᠩᠭᠥᠨ ᠦ᠌ ᠫᠦᠩᠯᠦ ᠠᠪᠳᠠᠭ᠂ ᠲᠡᠭᠦᠨ ᠦ᠌ ᠪᠡᠨ ᠣᠷᠣᠨ ᠳ᠋ᠤ᠌ ᠮᠣᠩᠭᠣᠯ ᠭᠠᠵᠠᠷ ᠠ᠋ᠴᠠ ᠭᠤᠸ᠎ᠠ ᠰᠠᠢᠬᠠᠨ ᠠᠷᠪᠠᠨ ᠪᠦᠰᠡᠭᠦᠢ ᠶ᠋ᠢ ᠠᠩᠨᠠᠨ ᠣᠯᠵᠤ ᠯᠣᠯᠣᠢ ᠭᠡᠳᠡᠭ ᠶᠠᠩᠬᠠᠨ ᠡᠮ᠎ᠡ ᠪᠡᠷ ᠳᠠᠮᠵᠢᠭᠤᠯᠤᠨ ᠬᠤᠪᠢᠯᠠᠢ ᠳ᠋ᠤ᠌ ᠥᠭᠳᠡᠭ  ᠪᠠᠢᠭᠰᠠᠨ᠃ ᠲᠡᠢᠮᠦ ᠪᠣᠯᠬᠣᠷ ᠬᠠᠷᠠᠬᠣᠷᠣᠮ ᠳ᠋ᠤ᠌ ᠰᠠᠭᠤᠳᠠᠭ ᠪᠦᠬᠦ ᠥᠬᠢᠳ ᠣᠯᠵᠢᠯᠠᠭᠳᠠᠬᠤ ᠦᠭᠡᠢ ᠶ᠋ᠢᠨ ᠲᠤᠯᠠᠳᠠ ᠨᠢᠭᠤᠷ ᠢ᠋ᠶ᠋ᠠᠨ ᠬᠦ ᠪᠡᠷ ᠪᠣᠳᠣᠨ ᠬᠠᠷᠠᠯᠠᠭᠤᠯᠵᠤ ᠭᠠᠳᠠᠭᠤᠷ ᠭᠠᠷᠳᠠᠭ ᠪᠠᠢᠭᠰᠠᠨ》᠂《ᠠᠷᠢᠬᠪᠦᠢ᠍ᠬᠡ ᠬᠠᠭᠠᠨ ᠨᠡᠢᠰᠯᠡᠯ ᠳ᠋ᠦ᠍ ᠢᠷᠡᠭᠰᠡᠨ ᠳᠣᠣᠷ᠎ᠠ ᠪᠠᠨ〈 ᠥᠬᠢᠳ ᠦ᠋ᠳ ᠮᠢᠨᠢ ᠭᠠᠷ ᠨᠢᠭᠤᠷ ᠢ᠋ᠶ᠋ᠠᠨ ᠤᠬᠢᠶᠠ!〉 ᠭᠡᠵᠦ ᠬᠡᠯᠡᠭᠰᠡᠨ ᠦᠭᠡ ᠲᠠᠷᠬᠠᠵᠠᠢ᠃ ᠡᠨᠡ ᠶᠠᠷᠢᠶᠠᠨ ᠤ᠋ ᠠᠯᠢ ᠨᠢ ᠦᠨᠡᠨ᠂ ᠶᠠᠮᠠᠷ ᠨᠢ ᠬᠤᠳᠠᠯ ᠪᠣᠯᠬᠤ ᠶ᠋ᠢ ᠬᠡᠨ ᠬᠥᠭᠡᠭᠡᠵᠦ ᠰᠢᠯᠭᠠᠬᠤ ᠪᠣᠢ᠃ ᠬᠠᠷᠢᠨ ᠠᠷᠢᠬᠪᠦᠢ᠍ᠬᠡ ᠬᠠᠭᠠᠨ ᠨᠡᠢᠰᠯᠡᠯ ᠳ᠋ᠦ᠍ ᠢᠷᠡᠭᠡᠳ ᠦᠢᠮᠡᠭᠡᠨ ᠬᠥᠭᠡᠭᠡᠭᠰᠡᠨ ᠦᠭᠡᠢ ᠪᠡᠷ ᠭᠡᠭᠦᠦ ᠮᠠᠯ ᠢ᠋ᠶ᠋ᠠᠨ ᠤᠶᠠᠨ᠂ ᠦᠨᠢᠶ᠎ᠡ ᠮᠠᠯ ᠢ᠋ᠶ᠋ᠠᠨ ᠰᠠᠭᠠᠵᠤ ᠴᠠᠭᠠᠨ ᠢᠳᠡᠭᠡ ᠠᠷᠪᠢᠨ ᠠᠪᠴᠤ ᠠᠮᠤᠷ ᠵᠢᠮᠦᠷ ᠵᠤᠰᠠᠬᠤ ᠶ᠋ᠢ ᠬᠢᠴᠢᠶᠡ! ᠬᠠᠷᠠᠬᠣᠷᠣᠮ ᠤᠯᠤᠰ ᠤ᠋ᠨ ᠲᠥᠪ ᠨᠡᠢᠰᠯᠡᠯ ᠬᠡᠪ ᠢ᠋ᠶ᠋ᠡᠷ ᠪᠠᠢᠬᠤ ᠪᠣᠯᠤᠨ᠎ᠠ᠃ 
       ᠪᠢ ᠡᠪᠦᠭᠡᠳ ᠳᠡᠭᠡᠳᠦᠰ ᠦ᠋ᠳ ᠦ᠋ᠨ ᠮᠢᠨᠢ ᠪᠠᠢᠭᠤᠯᠤᠨ ᠪᠣᠰᠬᠠᠭᠰᠠᠨ ᠡᠨᠡ ᠲᠥᠷᠥᠯᠬᠢ ᠬᠣᠲᠠ ᠪᠠᠨ ᠬᠠᠷ᠎ᠠ ᠰᠠᠨᠠᠭᠠᠲᠠᠨ ᠳ᠋ᠤ᠌ ᠪᠤᠵᠠᠷᠯᠠᠭᠤᠯᠬᠤ ᠦᠭᠡᠢ ᠪᠠᠢᠬᠤ ᠶ᠋ᠢ ᠵᠣᠷᠢᠨ᠎ᠠ ᠭᠡᠵᠦ ᠶᠡᠬᠡ ᠴᠡᠷᠢᠭ ᠦ᠋ᠨ ᠢ᠋ᠶ᠋ᠡᠨ ᠡᠮᠦᠨ᠎ᠡ ᠵᠠᠷᠯᠢᠭᠯᠠᠨ ᠬᠡᠯᠡᠭᠰᠡᠨ ᠨᠢ ᠦᠨᠡᠨ ᠲᠡᠢ ᠠᠵᠢ᠃ 
       4 ᠳ᠋ᠦ᠍ᠭᠡᠷ ᠵᠢᠷᠠᠨ ᠤ᠋ ᠴᠠᠭᠠᠭᠴᠢᠨ ᠲᠠᠬᠢᠶ᠎ᠠ ᠵᠢᠯ ᠦ᠋ᠨ ᠵᠤᠨ ᠬᠠᠷᠠᠬᠣᠷᠣᠮ ᠳ᠋ᠤ᠌ ᠡᠯᠳᠡᠪ ᠭᠠᠵᠢᠭᠤ ᠬᠥᠯ ᠬᠥᠰᠬᠡᠨ ᠦᠭᠡᠢ᠂ ᠲᠠᠢᠪᠤᠩ ᠰᠢᠨᠵᠢᠲᠡᠢ᠂ ᠬᠣᠲᠠ ᠶ᠋ᠢᠨ ᠶᠡᠬᠡ ᠬᠡᠷᠡᠮ ᠦ᠋ᠨ ᠬᠠᠭᠠᠯᠭᠠᠨ ᠤ᠋ ᠭᠠᠳᠠᠨ᠎ᠠ ᠬᠤᠳᠠᠯᠳᠤᠭᠠᠨ ᠤ᠋ ᠵᠠᠬ᠎ᠠ ᠰᠡᠷᠭᠦᠨ ᠳᠡᠯᠭᠡᠷᠡᠵᠦ᠂ ᠬᠥᠭᠵᠢᠶᠡᠨ ᠲᠡᠢ ᠶᠠᠷᠢᠶ᠎ᠠ ᠬᠥᠭᠡᠷᠦᠭᠡ ᠬᠥᠮᠦᠰ ᠦ᠋ᠨ ᠠᠮᠠᠨ ᠠ᠋ᠴᠠ ᠰᠣᠨᠣᠰᠤᠭᠳᠠᠵᠤ ᠪᠠᠢᠪᠠ᠃
       ᠶᠡᠬᠡ ᠬᠣᠲᠠ ᠶᠢᠨ ᠭᠤᠲᠤᠮᠵᠢ ᠪᠠᠷ ᠥᠩᠭᠡ ᠲᠠᠢ ᠳᠡᠪᠡᠯ ᠢᠶᠡᠨ ᠡᠮᠦᠰᠦᠭᠰᠡᠨ ᠪᠦᠰᠡᠭᠦᠢᠴᠦᠦᠯ ᠨᠠᠷᠭᠢᠶᠠᠨ ᠱᠤᠤᠭᠢᠶᠠᠨ ᠢᠶᠠᠷ ᠭᠦᠶᠦᠯᠳᠦᠵᠦ ᠶᠠᠪᠤᠨ᠎ᠠ᠃
       ᠭᠡᠬᠦ ᠳ᠋ᠦ᠍ ᠪᠡᠨ ᠠᠷᠢᠬᠪᠦᠢ᠍ᠬᠡ ᠨᠤᠲᠤᠭ ᠳᠠᠶᠠᠭᠠᠷ ᠴᠡᠷᠢᠭ ᠦ᠋ᠨ ᠰᠢᠨ᠎ᠡ ᠳᠠᠢᠴᠢᠯᠠᠭ᠎ᠠ ᠶᠠᠪᠤᠭᠤᠯᠵᠤ ᠪᠠᠢᠭ᠎ᠠ ᠪᠠᠨ ᠬᠡᠨ ᠡᠴᠡ ᠴᠦ᠍ ᠨᠢᠭᠤᠭᠰᠠᠨ ᠦᠭᠡᠢ᠃  
       ᠣᠷᠬᠣᠨ ᠭᠣᠣᠯ ᠤ᠋ᠨ ᠬᠥᠨᠳᠡᠢ ᠳ᠋ᠦ᠍ ᠪᠣᠯᠤᠨ ᠰᠢᠩᠬᠤ ᠠᠭᠤᠯᠠ ᠶ᠋ᠢᠨ ᠥᠪᠥᠷ  ᠴᠠᠪᠴᠢᠯᠳᠤᠬᠤ ᠳᠠᠳᠤᠯᠭ᠎ᠠ ᠦᠢᠯᠡᠳᠦᠭᠰᠡᠭᠡᠷ ᠪᠠᠢᠯ᠎ᠠ᠃  
       ᠬᠠᠭᠠᠨ ᠥᠪᠡᠷ ᠢ᠋ᠶ᠋ᠡᠨ ᠲᠡᠷᠡ ᠰᠤᠷᠭᠠᠭᠤᠯᠢ ᠳ᠋ᠤ᠌ ᠪᠡᠶ᠎ᠡ ᠪᠡᠷ ᠬᠡᠳᠦ ᠬᠡᠳᠦᠨ ᠤᠳᠠᠭ᠎ᠠ ᠣᠷᠣᠯᠴᠠᠨ《ᠨᠡᠢᠰᠯᠡᠯ ᠶᠠᠭᠤ ᠪᠠᠨ ᠬᠠᠮᠠᠭᠠᠯᠠᠬᠤ᠂ ᠮᠣᠩᠭᠣᠯ ᠤᠯᠤᠰ ᠢ᠋ᠶ᠋ᠠᠨ ᠬᠢᠲᠠᠳᠴᠢᠯᠠᠭᠳᠠᠭᠰᠨ ᠬᠤᠪᠢᠯᠠᠢ ᠠ᠋ᠴᠠ ᠭᠠᠭᠴᠠᠢᠯᠠᠬᠤ ᠴᠢᠳᠠᠪᠤᠷᠢ ᠲᠠᠢ ᠪᠠᠢᠬᠤ ᠶᠣᠰᠣᠲᠠᠢ》 ᠭᠡᠵᠦ ᠬᠡᠯᠡᠭᠰᠡᠨ ᠪᠠᠢᠨ᠎ᠠ᠃ 
       ᠡᠨᠡ ᠦᠭᠡ ᠪᠠᠰᠠ ᠯᠠ ᠰᠤᠨᠵᠢᠷᠠᠨ《ᠬᠤᠪᠢᠯᠠᠢ ᠶ᠋ᠢᠨ ᠲᠣᠯᠣᠭᠠᠢ ᠶ᠋ᠢ ᠣᠯᠠᠨ ᠵᠠᠮ ᠤ᠋ᠨ ᠠᠭᠤᠯᠵᠠᠪᠤᠷᠢ ᠳ᠋ᠤ᠌ ᠮᠣᠳᠣᠨ ᠱᠣᠩ ᠳ᠋ᠤ᠌ ᠬᠠᠲᠠᠬᠤ ᠶᠣᠰᠣᠲᠠᠢ ᠭᠡᠵᠦ ᠬᠠᠭᠠᠨ ᠵᠠᠷᠯᠢᠭᠯᠠᠪᠠ》 ᠭᠡᠰᠡᠨ ᠴᠤᠤ ᠪᠣᠯᠤᠨ ᠨᠢᠭᠡᠨ ᠡᠴᠡ ᠨᠥᠭᠦᠭᠡ ᠳ᠋ᠦ᠍ ᠰᠢᠯᠵᠢᠵᠦ ᠪᠠᠢᠯ᠎ᠠ᠃ ᠤᠭ ᠦᠭᠡᠨ ᠦ᠌ ᠴᠠᠭᠠᠨ᠎ᠠ ᠪᠠᠰᠠ ᠤᠴᠢᠷ ᠪᠠᠢᠵᠠᠢ᠃ 
       ᠠᠷᠢᠬᠪᠦᠢ᠍ᠬᠡ ᠳ᠋ᠦ᠍ ᠬᠡᠳᠦ ᠬᠡᠳᠦᠨ ᠡᠷᠭᠦᠬᠦ ᠪᠢᠴᠢᠭ ᠢᠷᠡᠭᠰᠡᠨ ᠪᠠᠢᠨ᠎ᠠ᠃ ᠲᠡᠷᠡ ᠪᠢᠴᠢᠭ ᠦ᠋ᠳ ᠢ᠋ ᠲᠦᠮᠡᠲᠦ ᠶ᠋ᠢᠨ ᠵᠠᠬᠢᠷᠤᠭᠴᠢ ᠨᠣᠶᠠᠳ᠂ ᠵᠠᠷᠢᠮ ᠤᠭᠰᠠᠭ᠎ᠠ ᠵᠠᠯᠭᠠᠮᠵᠢᠯᠠᠭᠰᠠᠨ ᠲᠠᠢᠵᠢ᠂ ᠲᠦᠰᠢᠮᠡᠳ ᠨᠠᠷ ᠦᠢᠯᠡᠳᠦᠨ᠂ ᠨᠡᠷ᠎ᠡ ᠬᠠᠶᠢᠭ ᠢ᠋ᠶ᠋ᠠᠨ ᠪᠢᠴᠢᠭᠰᠡᠨ ᠪᠠᠢᠪᠠ᠃ ᠤᠭ ᠪᠢᠴᠢᠭ ᠲᠦ᠍ ᠥᠭᠦᠯᠡᠭᠰᠡᠨ ᠨᠢ᠄《ᠶᠡᠬᠡ ᠬᠠᠭᠠᠨᠲᠠᠨ ᠮᠢᠨᠢ ᠲᠠᠭᠠᠯᠠᠵᠤ ᠪᠣᠯᠭᠣᠭᠠᠨ ᠥᠷᠥᠰᠢᠶᠡ! ᠪᠢᠳᠡ ᠬᠢᠲᠠᠳ ᠪᠣᠯᠤᠨ ᠬᠤᠪᠢᠯᠠᠢ ᠶ᠋ᠢᠨ ᠵᠠᠷᠯᠢᠭ ᠢ᠋ ᠰᠣᠨᠣᠰᠴᠤ ᠰᠠᠭᠤᠬᠤ ᠬᠦᠰᠡᠯᠡᠩ ᠦᠭᠡᠢ ᠪᠠᠢᠨ᠎ᠠ᠃ ᠪᠢᠳᠡ ᠡᠪᠦᠭᠡᠨ ᠪᠣᠭᠳᠠ ᠶ᠋ᠢᠨ ᠡᠭᠦᠰᠬᠡᠨ ᠪᠠᠢᠭᠤᠯᠤᠭᠰᠠᠨ ᠨᠡᠢᠰᠯᠡᠯ ᠬᠣᠲᠠ ᠪᠠᠨ ᠬᠠᠮᠢᠭᠠᠰᠢ ᠨᠢ ᠴᠦ᠍ ᠨᠡᠭᠦᠯᠭᠡᠬᠦ ᠬᠦᠰᠡᠯ ᠦᠭᠡᠢ ᠪᠢᠯᠡ᠃ ᠪᠢᠳᠡ ᠮᠣᠩᠭᠣᠯ ᠤ᠋ᠨ ᠶᠡᠬᠡ ᠬᠠᠭᠠᠨ ᠤ᠋ ᠠᠯᠳᠠᠷ ᠢ᠋ ᠠᠷᠢᠭᠤᠨ ᠪᠠᠢᠯᠭᠠᠬᠤ ᠶ᠋ᠢ ᠬᠢᠴᠢᠶᠡᠨ᠎ᠡ᠁》᠂《ᠥᠷᠥᠰᠢᠶᠡᠵᠦ ᠳᠠᠭᠠᠯᠠᠬᠤ ᠠᠵᠢᠶᠠᠮᠤ᠂ ᠬᠠᠭᠠᠨᠲᠠᠨ ᠮᠢᠨᠢ! ᠬᠠᠷ᠎ᠠ ᠰᠠᠨᠠᠭᠠᠲᠤ ᠬᠤᠪᠢᠯᠠᠢ ᠺᠦᠩᠽᠢ ᠶ᠋ᠢᠨ ᠰᠤᠷᠭᠠᠯ ᠢ᠋ᠶ᠋ᠠᠷ ᠰᠢᠲᠦᠭᠡᠨ ᠬᠢᠵᠦ᠂ ᠬᠢᠲᠠᠳ ᠶᠠᠩᠬᠠᠨ ᠢ᠋ᠶ᠋ᠠᠷ ᠬᠥᠨᠵᠢᠯᠡ ᠪᠡᠨ ᠳᠦᠭᠦᠷᠭᠡᠨ ᠬᠡᠪᠲᠡᠵᠦ ᠪᠠᠢᠭ᠎ᠠ ᠡᠨᠡ ᠦᠶ᠎ᠡ ᠳ᠋ᠦ᠍ ᠲᠡᠭᠦᠨ ᠢ᠋ ᠴᠠᠭᠠᠵᠠᠯᠠᠬᠤ ᠶᠣᠰᠣᠲᠠᠢ᠃ ᠡᠭᠦᠨ ᠢ᠋ ᠲᠩᠷᠢ ᠲᠠᠭᠠᠯᠠᠬᠤ ᠪᠢᠵᠡ ᠠ᠋᠃ ᠡᠢᠮᠦ ᠳ᠋ᠦ᠍ ᠰᠠᠬᠢᠭᠤᠰᠤ ᠪᠠᠨ ᠪᠠᠭᠤᠯᠭᠠᠨ ᠳᠠᠭᠠᠳᠬᠠᠯ ᠬᠢᠭᠡᠳ ᠪᠢᠳᠡ ᠴᠡᠷᠢᠭᠯᠡᠨ  ᠮᠣᠷᠳᠠᠬᠤ ᠶᠣᠰᠣᠲᠠᠢ ᠪᠣᠯᠤᠯ᠎ᠠ ᠭᠡᠵᠦ ᠪᠣᠭᠣᠯ ᠪᠢ ᠮᠤᠩᠬᠠᠭᠯᠠᠨ᠎ᠠ᠃ ᠬᠠᠭᠠᠨᠲᠠᠨ ᠮᠢᠨᠢ ᠡᠭᠦᠨ ᠢ᠋ ᠲᠠᠭᠠᠯᠠᠨ ᠰᠣᠶᠣᠷᠬᠠᠵᠤ ᠪᠣᠯᠭᠣᠭᠠᠴᠢ!᠁》᠂《ᠮᠥᠩᠬᠡ ᠲᠩᠷᠢ ᠥᠷᠥᠰᠢᠶᠡᠲᠦᠭᠡᠢ! ᠪᠢᠳᠡᠨ ᠦ᠌ ᠶᠡᠬᠡ ᠴᠡᠷᠢᠭ ᠣᠳᠣ ᠤᠶᠠᠭ᠎ᠠ ᠨᠢ ᠲᠠᠭᠠᠷᠠᠭᠰᠠᠨ ᠮᠣᠷᠢ ᠲᠠᠢ ᠪᠠᠨ ᠬᠠᠮᠲᠤ ᠵᠢᠪᠬᠤᠷᠠᠵᠦ ᠪᠠᠢᠨ᠎ᠠ᠃ ᠪᠢᠳᠡ ᠬᠤᠪᠢᠯᠠᠢ ᠶ᠋ᠢᠨ ᠴᠡᠷᠢᠭ ᠡᠴᠡ ᠠᠶᠤᠬᠤ ᠦᠭᠡᠢ ᠪᠣᠯᠪᠠ᠃ ᠣᠳᠣ ᠪᠢᠳᠡᠨ ᠳ᠋ᠦ᠍ ᠬᠣᠶᠠᠷ ᠲᠦᠮᠡ ᠢᠯᠡᠭᠦᠦ ᠴᠡᠷᠢᠭ᠂ ᠭᠤᠷᠪᠠᠨ ᠲᠦᠮᠡ ᠢᠯᠡᠭᠦᠦ ᠰᠢᠯᠢᠳᠡᠭ ᠮᠣᠷᠢᠳ ᠪᠠᠢᠨ᠎ᠠ᠃ ᠣᠳᠣ ᠳᠠᠷᠤᠢ ᠬᠥᠳᠡᠯᠵᠦ ᠱᠠᠩᠳᠤ ᠬᠣᠲᠠ ᠶ᠋ᠢ ᠰᠠᠶᠢ ᠬᠤᠪᠢᠯᠠᠢ ᠶᠠᠭᠠᠬᠢᠵᠤ ᠬᠠᠷᠠᠬᠣᠷᠣᠮ ᠢ᠋ ᠳᠠᠭᠠᠷᠢᠭᠰᠠᠨ ᠠᠳᠠᠯᠢ ᠪᠠᠷ ᠭᠡᠨᠡᠳᠡᠭᠦᠯᠦᠨ ᠳᠠᠭᠠᠷᠢᠶ᠎ᠠ᠃ ᠬᠠᠭᠠᠨᠲᠠᠨ ᠮᠢᠨᠢ ᠪᠣᠯᠭᠣᠭᠠᠵᠤ ᠰᠣᠶᠣᠷᠬ᠎ᠠ᠁》᠂《ᠬᠢᠲᠠᠳ ᠪᠣᠯᠵᠤ ᠤᠷᠪᠠᠭᠰᠠᠨ ᠬᠤᠪᠢᠯᠠᠢ ᠨᠣᠶᠠᠨ ᠢ᠋ ᠢᠯᠠᠨ ᠲᠠᠢᠯᠵᠤ ᠶᠠᠯ᠎ᠠ ᠠᠰᠠᠭᠤᠬᠤ ᠦᠭᠡᠢ ᠪᠣᠯ ᠮᠣᠩᠭᠣᠯ ᠲᠦᠮᠡᠨ ᠠᠮᠤᠷ ᠵᠠᠶᠠᠭ᠎ᠠ ᠦᠵᠡᠬᠦ ᠦᠭᠡᠢ ᠰᠢᠨᠵᠢᠲᠡᠢ ᠪᠣᠯᠤᠯ᠎ᠠ᠃ ᠡᠨᠡ ᠠᠢᠯᠠᠳᠬᠠᠯ ᠡᠨᠳᠡᠭᠦᠷᠡᠯ ᠪᠢᠰᠢ  ᠭᠡᠵᠦ ᠪᠢ ᠮᠤᠩᠬᠠᠭᠯᠠᠨ᠎ᠠ᠃ ᠪᠣᠯᠣᠮᠵᠢᠲᠠᠢ ᠴᠠᠭ ᠢ᠋ ᠠᠯᠳᠠᠪᠠᠯ ᠬᠠᠷᠠᠮᠰᠠᠵᠤ ᠪᠠᠷᠠᠰᠢ ᠦᠭᠡᠢ ᠮᠠᠭᠤ ᠬᠡᠷᠡᠭ ᠲᠤᠯᠭᠠᠷᠠᠵᠤ ᠮᠡᠳᠡᠨ᠎ᠡ᠃ ᠡᠵᠡᠨᠲᠡᠨ ᠮᠢᠨᠢ! ᠲᠠ ᠬᠠᠭᠠᠨ ᠬᠡᠩᠭᠡᠷᠭᠡ ᠪᠡᠨ ᠳᠡᠯᠡᠳᠬᠦ ᠵᠠᠷᠯᠢᠭ ᠪᠠᠭᠤᠯᠭᠠᠨ ᠰᠣᠶᠣᠷᠬᠠᠵᠤ ᠪᠣᠯᠭᠣᠭᠠᠨ᠎ᠠ ᠤᠤ! ᠪᠢᠳᠡ ᠬᠦ ᠬᠤᠶᠠᠭ ᠢ᠋ᠶ᠋ᠠᠨ ᠪᠡᠶ᠎ᠡ ᠡᠴᠡ ᠪᠡᠨ ᠰᠠᠯᠭᠠᠬᠤ ᠦᠭᠡᠢ ᠶᠠᠪᠤᠭ᠎ᠠ ᠶ᠋ᠢ ᠬᠠᠷᠠᠵᠤ ᠪᠣᠯᠭᠣᠭ᠎ᠠ!》 ᠭᠡᠬᠦᠴᠢᠯᠡᠨ ᠪᠢᠴᠢᠭ ᠦ᠋ᠳ ᠪᠠᠢᠯ᠎ᠠ᠃ ᠠᠷᠢᠬᠪᠦᠢ᠍ᠬᠡ ᠲᠡᠷᠡ ᠪᠦᠬᠦᠨ ᠢ᠋ ᠳᠠᠷᠠᠭᠠᠯᠠᠨ ᠦᠵᠡᠵᠦ᠂ ᠣᠷᠳᠣᠨ ᠳ᠋ᠤ᠌ ᠪᠠᠨ ᠬᠦᠢᠲᠡᠨ ᠠᠢᠷᠠᠭ ᠵᠠᠯᠭᠢᠯᠠᠨ ᠪᠣᠳᠣᠯ ᠳ᠋ᠤ᠌ ᠳᠠᠷᠤᠭᠳᠠᠨ ᠨᠣᠢᠷ ᠢ᠋ᠶ᠋ᠠᠨ ᠠᠯᠳᠠᠵᠤ ᠪᠠᠢᠪᠠ᠃ ᠡᠢᠮᠦ ᠦᠶ᠎ᠡ ᠳ᠋ᠦ᠍ ᠬᠠᠷᠠᠬᠣᠷᠣᠮ ᠳ᠋ᠤ᠌ ᠪᠣᠯᠵᠤ ᠪᠠᠢᠭ᠎ᠠ ᠪᠦᠬᠦ ᠬᠡᠷᠡᠭ ᠢ᠋ ᠨᠢᠳᠦ ᠴᠠᠪᠴᠢᠯ ᠦᠭᠡᠢ ᠰᠢᠷᠲᠡᠨ ᠬᠠᠷᠠᠵᠤ᠂ ᠲᠡᠷᠡ ᠪᠦᠬᠦᠨ ᠢ᠋ ᠱᠠᠩᠳᠤ ᠬᠣᠲᠠ ᠤᠷᠤᠭᠤ ᠳᠠᠮᠵᠢᠭᠤᠯᠤᠨ ᠪᠠᠢᠭ᠎ᠠ ᠬᠥᠮᠦᠨ ᠬᠠᠭᠠᠨ ᠤ᠋ ᠣᠷᠳᠣᠨ ᠳ᠋ᠤ᠌ ᠰᠢᠭᠢᠳᠦᠨ ᠪᠣᠢ ᠶ᠋ᠢ ᠬᠡᠨ ᠶᠠᠭᠠᠬᠢᠨ ᠲᠠᠨᠢᠵᠤ ᠮᠡᠳᠡᠬᠦ ᠪᠢᠯᠡ᠃ ᠲᠡᠢᠮᠦ ᠡᠲᠡᠭᠡᠳ ᠴᠢᠬᠢ ᠲᠠᠯᠪᠢᠨ ᠰᠣᠨᠣᠰᠴᠤ ᠮᠡᠳᠡᠭᠰᠡᠨ ᠢ᠋ᠶ᠋ᠡᠨ ᠬᠤᠪᠢᠯᠠᠢ ᠳ᠋ᠤ᠌ ᠬᠦᠷᠭᠡᠬᠦ ᠳ᠋ᠦ᠍ ᠳᠣᠣᠷ᠎ᠠ ᠬᠠᠶᠠᠭᠠᠳ ᠲᠠᠪᠢᠨ ᠡᠷᠦᠬᠡ ᠬᠠᠮᠵᠢᠯᠴᠠᠭ᠎ᠠ ᠪᠠᠷ ᠱᠠᠩᠨᠠᠭᠤᠯᠤᠨ᠎ᠠ ᠭᠡᠳᠡᠭ ᠢ᠋ ᠬᠤᠷᠤᠭᠤ ᠳᠠᠷᠤᠨ ᠲᠣᠭᠠᠯᠠᠵᠤ ᠰᠠᠭᠤᠭ᠎ᠠ ᠪᠢᠵᠡ ᠠ᠋᠃ ᠲᠡᠷᠡ ᠡᠲᠡᠭᠡᠳ ᠠᠷᠢᠬᠪᠦᠢ᠍ᠬᠡ ᠳ᠋ᠦ᠍ ᠬᠡᠨ ᠬᠡᠨ ᠰᠢᠳᠠᠷ ᠪᠠᠢᠨ᠎ᠠ᠃ ᠶᠠᠮᠠᠷ ᠨᠣᠶᠠᠨ ᠶᠠᠭᠤ ᠶ᠋ᠢ ᠰᠠᠨᠠᠯ ᠪᠣᠯᠭᠠᠵᠤ ᠪᠠᠢᠨ᠎ᠠ ᠪᠣᠢ ᠭᠡᠳᠡᠭ ᠢ᠋ ᠪᠠᠰᠠ ᠳᠠᠩᠰᠠᠯᠠᠨ᠂ ᠤᠭ ᠪᠢᠴᠢᠭ ᠢ᠋ᠶ᠋ᠡᠨ ᠱᠠᠩᠳᠤ ᠤᠷᠤᠭᠤ ᠶᠠᠪᠤᠭᠤᠯᠵᠤ ᠪᠠᠢᠭ᠎ᠠ ᠶ᠋ᠢ ᠨᠡᠪᠲᠡᠷᠬᠡᠢ ᠠᠵᠢᠭᠴᠢ ᠪᠠᠷ ᠢ᠋ᠶ᠋ᠠᠨ ᠪᠢᠯᠢᠭᠦᠨ ᠭᠠᠳᠠᠷᠯᠠᠵᠤ ᠪᠠᠢᠪᠠ᠃ ᠬᠠᠷᠠᠮᠰᠠᠯᠲᠠᠢ ᠨᠢ ᠬᠥᠮᠦᠨ ᠦ᠌ ᠳᠣᠲᠣᠭᠠᠳᠤ ᠪᠣᠳᠣᠯ ᠰᠠᠨᠠᠭ᠎ᠠ ᠶ᠋ᠢ ᠨᠢᠳᠦᠨ ᠦ᠌ ᠬᠢᠨᠢ ᠬᠠᠷᠠᠴᠠ ᠪᠠᠷ ᠪᠠᠷᠤᠭ ᠨᠡᠪᠲᠡ ᠬᠠᠷᠠᠳᠠᠭ ᠲᠡᠷᠡ ᠡᠷ᠎ᠡ ᠵᠤᠨᠵᠢᠨ ᠪᠡᠶ᠎ᠡ ᠰᠢᠷᠬ᠎ᠠ ᠲᠠᠢ ᠶ᠋ᠢᠨ ᠤᠴᠢᠷ ᠭᠡᠷ ᠲᠦ᠍ ᠪᠡᠨ ᠬᠡᠪᠲᠡᠵᠡᠢ᠃ ᠱᠠᠩᠳᠤ— ᠬᠠᠷᠠᠬᠣᠷᠣᠮ ᠬᠣᠶᠠᠷ ᠤ᠋ᠨ ᠬᠣᠭᠣᠷᠣᠨᠳᠣ ᠵᠠᠮ ᠬᠠᠷᠢᠯᠴᠠᠭ᠎ᠠ ᠨᠡᠭᠡᠭᠡᠯᠲᠡ ᠲᠡᠢ ᠤᠴᠢᠷ ᠠᠶᠠᠨ ᠵᠢᠩ ᠦ᠋ᠨ ᠪᠣᠯᠤᠨ ᠠᠯᠪᠠᠨ ᠠᠮᠢᠨ ᠬᠡᠷᠡᠭ ᠢ᠋ᠶ᠋ᠡᠷ ᠭᠠᠳᠠᠭᠠᠳᠤ᠂ ᠳᠣᠲᠣᠭᠠᠳᠤ ᠶ᠋ᠢᠨ ᠬᠥᠮᠦᠰ ᠵᠣᠷᠴᠢᠭᠰᠠᠭᠠᠷ ᠪᠠᠢᠭ᠎ᠠ᠂ ᠲᠡᠷᠡ ᠪᠦᠬᠦᠨ ᠢ᠋ ᠠᠯᠢ ᠴᠦ᠍ ᠲᠠᠯ᠎ᠠ ᠴᠠᠭᠳᠠᠬᠤ ᠠᠷᠭ᠎ᠠ ᠦᠭᠡᠢ ᠪᠠᠢᠪᠠ᠃ ᠪᠠᠰᠠ ᠶᠢᠰᠥᠩᠭᠡ ᠨᠣᠶᠠᠨ ᠲᠤᠯᠤᠯᠳᠤᠭᠠᠨ ᠳ᠋ᠤ᠌ ᠠᠯᠠᠭᠳᠠᠭᠰᠠᠨ᠂ ᠲᠡᠭᠦᠨ ᠦ᠌ ᠳᠣᠲᠣᠨᠣ ᠶ᠋ᠢᠨ ᠵᠠᠷᠢᠮ ᠴᠥᠭᠡᠨ ᠲᠦᠰᠢᠮᠡᠳ ᠪᠡᠶ᠎ᠡ ᠪᠡᠨ ᠨᠢᠭᠤᠨ ᠶᠠᠪᠤᠵᠤ ᠬᠠᠷᠢᠭᠤ ᠶ᠋ᠢ ᠠᠪᠤᠨ᠎ᠠ ᠭᠡᠮᠡᠨ ᠳᠣᠲᠣᠷ᠎ᠠ ᠪᠠᠨ ᠬᠠᠷ᠎ᠠ ᠰᠠᠨᠠᠭ᠎ᠠ ᠡᠭᠦᠷᠯᠡᠭᠦᠯᠦᠨ ᠪᠣᠢ ᠨᠢ ᠮᠡᠳᠡᠭᠡᠵᠢ᠃ 
       ᠥᠷᠯᠥᠭᠡ ᠡᠷᠲᠡ ᠬᠠᠷ᠎ᠠ ᠬᠣᠷᠣᠮ ᠤ᠋ᠨ ᠲᠥᠪ ᠲᠦ᠍ ᠮᠥᠩᠭᠥᠨ ᠮᠣᠳᠣᠨ ᠤ᠋ ᠳᠡᠷᠭᠡᠳᠡ ᠵᠣᠭᠤᠯᠲᠠᠲᠠᠢ ᠪᠠᠢᠳᠠᠭ ᠶᠡᠬᠡ ᠬᠡᠩᠭᠡᠷᠭᠡ ᠫᠢᠵᠢᠭᠢᠨᠡᠨ᠂ ᠴᠡᠷᠢᠭ ᠦ᠋ᠨ ᠬᠤᠸᠠᠷᠠᠨ ᠳ᠋ᠤ᠌ ᠵᠡᠰ ᠪᠦᠷᠢᠶᠡᠨ ᠦ᠌ ᠳᠠᠭᠤ ᠶᠠᠩ ᠶᠠᠩ ᠬᠢᠯ᠎ᠡ᠃ ᠡᠵᠡᠨ ᠬᠠᠭᠠᠨ ᠤ᠋ ᠬᠡᠪᠲᠡᠭᠦᠯ ᠴᠡᠷᠢᠭ᠂《ᠣᠷᠬᠣᠨ》 ᠲᠦᠮᠡᠲᠦ᠂ ᠰᠠᠶᠢ ᠲᠠᠲᠠᠭᠳᠠᠭᠰᠠᠨ ᠰᠢᠨ᠎ᠡ ᠲᠦᠮᠡᠲᠦ ᠪᠦᠭᠦᠳᠡ ᠨᠡᠢᠯᠡᠨ ᠡᠮᠦᠨ᠎ᠡ ᠵᠦᠭ ᠵᠣᠷᠢᠵᠤ ᠬᠥᠳᠡᠯᠬᠦ ᠨᠢ ᠶᠠᠭᠤ ᠶ᠋ᠢ ᠵᠣᠷᠢᠨ ᠶᠠᠪᠤᠵᠤ ᠪᠠᠢᠭ᠎ᠠ ᠶ᠋ᠢ ᠮᠡᠳᠡᠬᠦ ᠦᠭᠡᠢ ᠬᠡᠨ ᠪᠠᠢᠬᠤ ᠪᠢᠯᠡ᠃ ᠠᠷᠢᠬᠪᠥ᠋ᠬᠡ ᠬᠠᠭᠠᠨ ᠳᠡᠷᠭᠡᠳᠡ ᠪᠡᠨ ᠡᠪᠦᠭᠡᠨ ᠪᠣᠭᠳᠠ ᠶ᠋ᠢᠨ ᠡᠷᠳᠡᠨᠢ ᠶ᠋ᠢᠨ ᠲᠠᠮᠠᠭ᠎ᠠ᠂ ᠳᠥᠷᠪᠡᠨ ᠬᠥᠯᠲᠦ ᠬᠠᠷ᠎ᠠ ᠲᠤᠭ ᠢ᠋ ᠵᠠᠯᠠᠨ᠂ ᠰᠡᠦᠬᠡ ᠲᠡᠷᠭᠡ ᠪᠡᠨ ᠰᠤᠯᠠ ᠶᠠᠪᠤᠭᠤᠯᠵᠤ᠂ ᠥᠪᠡᠷ ᠢ᠋ᠶ᠋ᠡᠨ ᠪᠠᠷᠠᠭᠠᠨ ᠵᠢᠰᠦᠮ ᠦ᠋ᠨ ᠬᠤᠷᠳᠤᠨ ᠮᠣᠷᠢ ᠬᠥᠯᠦᠭᠯᠡᠵᠠᠢ᠃ ᠬᠠᠭᠠᠨ ᠤ᠋ ᠪᠢᠯᠳᠠᠯᠢᠭ ᠰᠠᠢᠬᠠᠨ ᠪᠡᠶ᠎ᠡ ᠶ᠋ᠢᠨ ᠦᠵᠡᠰᠬᠦᠯᠡᠩ ᠭᠤᠸ᠎ᠠ ᠨᠢ ᠲᠣᠳᠣᠷᠠᠵᠤ ᠥᠳᠬᠡᠨ ᠬᠠᠷ᠎ᠠ ᠬᠥᠮᠥᠰᠬᠡ ᠳᠣᠣᠷ᠎ᠠ ᠡᠷᠭᠢᠯᠳᠦᠬᠦ ᠬᠤᠷᠴᠠ ᠬᠠᠷᠠᠴᠠ ᠲᠠᠢ ᠨᠢᠳᠦᠨ ᠦ᠌ ᠬᠢᠨᠢ ᠭᠠᠯ ᠬᠣᠯᠠ ᠶ᠋ᠢ ᠪᠣᠯᠭᠣᠭᠠᠨ ᠬᠠᠷᠠᠵᠤ ᠶᠠᠪᠤᠯ᠎ᠠ᠃ 
       ᠶᠡᠬᠡ ᠴᠡᠷᠢᠭ ᠠᠨᠠᠢ ᠯᠠ ᠭᠤᠷᠪᠠ ᠳᠥᠷᠪᠡ ᠬᠣᠨᠣᠭ ᠠᠶᠠᠯᠠᠭᠠᠳ ᠭᠣᠪᠢ ᠳ᠋ᠤ᠌ ᠣᠷᠣᠵᠤ ᠢᠷᠡᠪᠡ᠃ ᠨᠠᠮᠤᠷ ᠴᠠᠭ ᠲᠤ ᠣᠷᠣᠢᠲᠠᠵᠤ ᠣᠷᠣᠭᠰᠠᠨ ᠪᠣᠷᠣᠭᠠᠨ ᠤ᠋ ᠳᠠᠷᠠᠭ᠎ᠠ ᠬᠡᠨᠵᠡᠯᠡᠭᠰᠡᠨ ᠳᠠᠭᠠᠨ᠎ᠠ ᠶ᠋ᠢᠨ ᠦᠨᠦᠷ ᠬᠠᠮᠠᠷ ᠱᠠᠷᠬᠢᠷᠠᠭᠤᠯᠤᠨ᠂ ᠬᠠᠷᠠᠭᠰᠠᠨ ᠵᠦᠭ ᠪᠦᠷᠢ ᠳ᠋ᠦ᠍ ᠪᠣᠰᠤᠭ᠎ᠠ ᠵᠡᠷᠭᠡᠯᠡᠭᠡ ᠪᠠᠷᠠᠯᠵᠠᠭᠠᠳ᠂ ᠪᠠᠢᠨ ᠪᠠᠢᠨ ᠨᠣᠭᠣᠭᠠᠷᠠᠵᠤ ᠬᠠᠷᠠᠭᠳᠠᠬᠤ ᠵᠠᠭ ᠤ᠋ᠨ ᠲᠥᠭᠦᠯ ᠨᠢᠳᠦ ᠪᠤᠯᠢᠶᠠᠨ᠂ ᠲᠣᠭᠣᠷᠢᠮ ᠪᠦᠷᠢᠳᠦ ᠨᠦ᠍ᠭᠦᠳ ᠲᠦ᠍ ᠰᠢᠪᠠᠭᠤᠬᠠᠢᠳ ᠭᠠᠩᠭᠠᠨᠠ ᠬᠤᠷᠠᠵᠤ᠂ ᠶᠠᠭᠤᠲᠠᠢ ᠦᠵᠡᠰᠬᠦᠯᠡᠩ ᠲᠡᠢ᠂ ᠶᠠᠮᠠᠷ ᠴᠡᠩᠭᠡᠭ ᠪᠠᠢᠨᠠᠮ ᠪᠣᠢ᠃ ᠠᠷᠢᠬᠪᠥ᠋ᠬᠡ ᠬᠠᠭᠠᠨ ᠬᠥᠪᠡᠭᠡ ᠲᠤᠯᠤᠭᠠᠳ ᠳᠠᠮᠵᠢᠨ ᠶᠠᠪᠤᠵᠤ ᠭᠣᠪᠢ ᠶ᠋ᠢᠨ ᠦᠵᠡᠰᠬᠦᠯᠡᠩ ᠢ᠋ ᠬᠠᠷᠠᠵᠤ ᠲᠠᠭᠠᠯᠠᠨ᠂ ᠠᠯᠤᠰ ᠤ᠋ᠨ ᠪᠠᠷ᠎ᠠ ᠶ᠋ᠢ ᠰᠠᠷᠠᠪᠴᠢᠯᠠᠨ ᠬᠠᠷᠠᠵᠤ᠂ ᠴᠡᠩᠬᠡᠷ ᠮᠠᠨᠠᠨ ᠳ᠋ᠤ᠌ ᠬᠤᠴᠢᠭᠳᠠᠭᠰᠠᠨ ᠥᠷᠭᠡᠨ ᠭᠣᠪᠢ ᠶ᠋ᠢ ᠰᠢᠷᠳᠡᠨ᠎ᠡ᠃ ᠠᠷᠢᠬᠪᠥ᠋ᠬᠡ ᠰᠦᠷᠦᠭ ᠭᠠᠯᠠᠭᠤ ᠰᠠᠭᠤᠭᠰᠠᠨ ᠪᠢᠴᠢᠬᠠᠨ ᠲᠣᠭᠣᠷᠢᠮ ᠢ᠋ ᠳᠠᠭᠠᠷᠢᠵᠤ ᠰᠢᠪᠠᠭᠤ ᠶ᠋ᠢ ᠬᠠᠷᠪᠤᠭᠰᠠᠨ ᠬᠡᠳᠦᠨ ᠴᠡᠷᠢᠭ ᠢ᠋ ᠬᠠᠷᠠᠭᠠᠳ᠂ ᠲᠡᠳᠡᠨ ᠢ᠋ ᠳᠠᠭᠤᠳᠠᠨ ᠢᠷᠡᠭᠦᠯᠵᠦ᠄ 
       — ᠲᠠ ᠨᠠᠷ ᠥᠯᠥᠰᠦᠭᠡᠳ ᠪᠠᠢᠨ᠎ᠠ ᠤᠤ? ᠭᠡᠮ ᠦᠭᠡᠢ ᠠᠮᠢᠲᠠᠳ ᠢ᠋ ᠶᠠᠭᠤᠨ ᠤ᠋ ᠤᠴᠢᠷ ᠥᠰᠢᠶᠡᠲᠡᠨ ᠮᠡᠲᠦ ᠠᠯᠠᠨ᠎ᠠ ᠪᠣᠢ? ᠭᠡᠮᠡᠨ ᠬᠢᠯᠢᠩᠲᠡᠢ ᠪᠡᠷ ᠠᠰᠠᠭᠤᠭᠠᠳ  
       — ᠳᠠᠬᠢᠨ ᠢᠩᠭᠢᠵᠦ ᠭᠡᠮ ᠵᠢᠮ ᠦᠭᠡᠢ ᠠᠮᠢᠲᠠᠳ ᠢ᠋ ᠬᠥᠨᠥᠭᠡᠬᠦ ᠠᠬᠤᠯ᠎ᠠ ᠥᠪᠡᠷᠰᠡᠳ ᠦ᠋ᠨ ᠢ᠋ᠶ᠋ᠡᠨ ᠲᠣᠯᠣᠭᠠᠢ ᠪᠠᠷ ᠲᠡᠳᠡᠨ ᠦ᠌ ᠠᠮᠢ ᠶ᠋ᠢ ᠲᠥᠯᠥᠨ᠎ᠡ ᠭᠡᠵᠦ ᠮᠡᠳᠡᠭᠡᠷᠡᠢ! ᠪᠢᠳᠡ ᠨᠤᠲᠤᠭ ᠤᠰᠤ ᠪᠠᠨ ᠬᠠᠢᠷᠠᠯᠠᠨ ᠪᠠᠢᠶ᠎ᠠ ᠭᠡᠪᠡᠯ ᠭᠠᠵᠠᠷ ᠣᠷᠣᠨ ᠳ᠋ᠤ᠌ ᠢᠳᠡᠭᠡᠰᠢᠨ ᠨᠤᠲᠤᠭᠯᠠᠵᠤ ᠪᠠᠢᠭ᠎ᠠ ᠠᠮᠢᠲᠠᠳ ᠨᠢᠭᠡᠨ ᠠᠳᠠᠯᠢ ᠬᠠᠢᠷᠠᠯᠠᠬᠤ ᠶᠣᠰᠣᠲᠠᠢ᠃《ᠰᠢᠪᠠᠭᠤ ᠬᠥᠨᠥᠭᠡᠬᠦ ᠪᠣᠯ ᠬᠠᠷᠢᠶᠠᠯ ᠢᠷᠡᠳᠡᠭ》 ᠭᠡᠳᠡᠭ ᠭᠡᠵᠦ ᠥᠭᠦᠯᠡᠨ᠂ ᠡᠨᠡ ᠤᠳᠠᠭ᠎ᠠ ᠶ᠋ᠢᠨ ᠠᠶᠠᠯᠠᠯ ᠳ᠋ᠤ᠌ ᠬᠠᠭᠠᠨ ᠤ᠋ ᠵᠠᠩ ᠨᠢ ᠥᠭᠡᠷᠡᠴᠢᠯᠡᠭᠳᠡᠭᠰᠡᠨ ᠪᠠᠢᠳᠠᠯᠲᠠᠢ ᠭᠡᠬᠦ ᠤᠤ᠂ ᠬᠢᠯᠢᠩᠨᠡᠩᠭᠦᠢ ᠴᠢᠷᠠᠢ ᠭᠠᠷᠭᠠᠨ ᠠᠭᠠᠰᠢ ᠨᠢ ᠢᠯᠡᠷᠬᠡᠢ ᠬᠤᠪᠢᠷᠠᠭᠰᠠᠨ ᠰᠢᠨᠵᠢᠲᠡᠢ ᠪᠠᠢᠭ᠎ᠠ ᠶ᠋ᠢ ᠰᠢᠳᠠᠷ ᠤ᠋ᠳ ᠨᠢ ᠠᠵᠢᠭᠯᠠᠨ《ᠰᠠᠢᠨ ᠢᠷᠣ᠎ᠠ ᠪᠢᠰᠢ》 ᠭᠡᠵᠡᠭᠡᠵᠦ ᠪᠠᠢᠯ᠎ᠠ᠃ 
       ᠨᠢᠭᠡᠨ ᠦᠳᠡᠯᠡᠭᠡ ᠳᠡᠭᠡᠷ᠎ᠡ ᠡᠪᠦᠭᠡᠨ ᠳᠣᠷᠭᠣᠨ ᠲᠦᠰᠢᠮᠡᠯ ᠢᠷᠡᠵᠦ ᠬᠠᠭᠠᠨ ᠳ᠋ᠤ᠌ ᠪᠠᠨ ᠪᠠᠷᠠᠯᠬᠠᠨ᠂ ᠠᠶᠠᠨ ᠵᠠᠮ ᠤ᠋ᠨ ᠪᠠᠢᠳᠠᠯ ᠢ᠋ ᠶᠠᠷᠢᠯᠴᠠᠭᠠᠳ ᠭᠣᠢᠳᠠ ᠶᠠᠭᠤᠮ᠎ᠠ ᠶᠠᠭᠤ ᠪᠠᠢᠬᠤ ᠪᠣᠢ? ᠦᠨᠳᠦᠰᠦᠨ ᠴᠡᠷᠢᠭ ᠳᠠᠭᠠᠭᠠᠮᠠᠯ ᠤ᠋ᠳ ᠮᠠᠨᠢ ᠡᠢᠮᠦ ᠠᠶᠠᠨ ᠳ᠋ᠤ᠌ ᠳᠠᠳᠴᠤ᠂ ᠬᠠᠲᠠᠭᠤ ᠵᠥᠭᠡᠯᠡᠨ ᠢ᠋ ᠳᠠᠪᠠᠵᠤ ᠴᠢᠳᠠᠳᠠᠭ ᠪᠣᠯᠤᠭᠰᠠᠨ ᠪᠣᠯᠬᠣᠷ ᠲᠡᠳᠡ ᠮᠠᠨᠢ ᠲᠡᠮᠦᠷ ᠨᠢᠳᠤᠷᠭ᠎ᠠ ᠪᠣᠯᠬᠤ ᠪᠢᠵᠡ᠃ ᠡᠨᠡ ᠵᠤᠨ ᠲᠠᠲᠠᠭᠳᠠᠨ ᠢᠷᠡᠭᠰᠡᠨ ᠰᠢᠨ᠎ᠡ ᠴᠡᠷᠢᠭ ᠦ᠋ᠳ ᠡᠴᠡ ᠯᠡ ᠪᠢ ᠰᠡᠳᠬᠢᠯ ᠵᠣᠪᠠᠨᠢᠵᠤ ᠶᠠᠪᠤᠨ᠎ᠠ ᠭᠡᠵᠦ ᠡᠨᠡ ᠲᠦᠰᠢᠮᠡᠯ ᠠᠢᠯᠠᠳᠬᠠᠯ ᠬᠢᠵᠦ ᠬᠡᠯᠡᠯ᠎ᠡ᠃ ᠠᠷᠢᠬᠪᠥ᠋ᠬᠡ  ᠡᠨᠡ ᠨᠣᠶᠠᠨ ᠳ᠋ᠤ᠌ ᠬᠡᠵᠢᠶᠡᠨ ᠦ᠌ ᠳᠠᠭᠠᠯᠠᠳᠠᠭ᠂ ᠪᠤᠰᠤᠳ ᠢ᠋ᠶ᠋ᠠᠷ ᠬᠥᠭᠰᠢᠨ ᠭᠡᠵᠦ ᠬᠡᠯᠡᠭᠦᠯᠬᠦ ᠳᠤᠷ᠎ᠠ ᠦᠭᠡᠢ ᠪᠠᠢᠳᠠᠭ᠃ ᠲᠡᠳᠡ ᠬᠡᠭᠡᠷ᠎ᠡ ᠭᠠᠨᠵᠤᠭᠠᠨ ᠤ᠋ ᠠᠢᠷᠠᠭ ᠵᠠᠯᠭᠢᠯᠠᠨ ᠰᠠᠭᠤᠪᠠ᠃ 
       — ᠲᠡᠭᠡᠭᠡᠳ ᠶᠠᠭᠠᠬᠢᠶ᠎ᠠ ᠭᠡᠵᠦ ᠲᠠ ᠪᠣᠳᠣᠵᠤ ᠪᠠᠢᠨ᠎ᠠ ᠪᠣᠢ? ᠪᠢᠳᠡᠨ ᠢ᠋ ᠴᠠᠭ ᠪᠣᠯᠤᠭ᠎ᠠ ᠦᠭᠡᠢ ᠪᠠᠢᠬᠤ ᠳ᠋ᠤ᠌ ᠲᠡᠢᠨ ᠳ᠋ᠦ᠍ ᠮᠣᠷᠳᠠᠭᠰᠠᠨ ᠭᠡᠵᠦ ᠲᠠ ᠵᠢᠮᠡᠯᠡᠵᠦ ᠪᠠᠢᠨ᠎ᠠ ᠤᠤ? ᠭᠡᠮᠡᠨ ᠬᠠᠭᠠᠨ ᠠᠰᠠᠭᠤᠪᠠ᠃ ᠲᠣ᠊ ᠲᠦᠰᠢᠮᠡᠯ ᠰᠠᠬᠠᠯ ᠢ᠋ᠶ᠋ᠠᠨ ᠢᠮᠡᠷᠴᠢᠨ ᠵᠥᠭᠡᠯᠡᠨ ᠨᠢᠳᠦ ᠪᠡᠷ ᠡᠵᠡᠨ ᠢ᠋ᠶ᠋ᠡᠨ ᠬᠠᠷᠠᠵᠤ᠄ 
       — ᠳᠠᠭᠠᠷᠢᠯᠲᠠ ᠬᠢᠬᠦ ᠦᠶ᠎ᠡ ᠳ᠋ᠦ᠍ ᠰᠢᠨ᠎ᠡ ᠴᠡᠷᠢᠭ ᠦ᠋ᠳ ᠢ᠋ᠶ᠋ᠡᠨ ᠤᠷᠲᠤ ᠲᠠᠯ᠎ᠠ ᠳ᠋ᠤ᠌ ᠪᠠᠨ ᠠᠪᠤᠪᠠᠯ ᠡᠩᠨᠡᠭᠡ ᠠᠮᠠᠷᠬᠠᠨ ᠡᠪᠳᠡᠷᠡᠬᠦ ᠪᠣᠯᠪᠠ ᠤᠤ᠃ ᠠᠷᠤ ᠳ᠋ᠤ᠌ ᠪᠠᠨ ᠠᠪᠤᠶ᠎ᠠ ᠭᠡᠬᠦ ᠪᠡᠷ ᠲᠤᠯᠭᠠᠭᠤᠷᠢ ᠬᠦᠴᠦᠨ ᠪᠣᠯᠵᠤ ᠴᠢᠳᠠᠬᠤ ᠦᠭᠡᠢ ᠪᠢᠵᠡ᠃ ᠶᠡᠷᠦ ᠨᠢ ᠴᠡᠷᠢᠭ ᠦ᠋ᠨ ᠲᠣᠭᠠᠨ ᠠ᠋ᠴᠠ ᠴᠢᠨᠠᠷ ᠨᠢ ᠳᠤᠲᠠᠭᠠᠳ ᠪᠠᠢᠭ᠎ᠠ ᠶᠠᠩᠵᠤᠲᠠᠢ᠃ ᠶᠠᠮᠠᠷ ᠴᠦ᠍ ᠪᠣᠯᠤᠭᠰᠠᠨ ᠰᠢᠨ᠎ᠡ ᠬᠥᠮᠦᠰ ᠢ᠋ᠶ᠋ᠡᠨ ᠬᠠᠢᠷᠠᠯᠠ ᠭᠡᠵᠦ ᠳᠠᠭᠠᠭᠠᠮᠠᠯ ᠤ᠋ᠳ ᠲᠤ᠌ ᠲᠠ ᠵᠠᠷᠯᠢᠭᠯᠠᠬᠤ ᠪᠢᠵᠡ᠃ ᠴᠠᠭ ᠬᠤᠭᠤᠴᠠᠭᠠᠨ ᠬᠤᠪᠢ ᠳ᠋ᠤ᠌ ᠮᠠᠨ ᠳᠣᠪᠲᠣᠯᠤᠭᠠᠳ ᠠᠷᠠᠢ ᠡᠷᠲᠡᠳᠡᠯ᠎ᠡ ᠪᠣᠯᠤᠯᠲᠠᠢ᠃ ᠤᠭ ᠨᠢ ᠠᠩᠬᠠᠨ ᠤ᠋ ᠶᠡᠬᠡ ᠵᠢᠪᠠᠷ ᠢ᠋ᠶ᠋ᠠᠷ ᠯᠠ ᠱᠠᠩᠳᠤ ᠶ᠋ᠢ ᠳᠠᠭᠠᠷᠢᠭᠰᠠᠨ ᠪᠣᠯ ᠬᠢᠲᠠᠳ ᠴᠡᠷᠢᠭ ᠪᠡᠭᠡᠷᠡᠭᠡᠳ ᠬᠦᠴᠦᠲᠡᠢ ᠡᠰᠡᠷᠭᠦᠴᠡᠯ ᠦᠵᠡᠭᠦᠯᠵᠦ ᠴᠢᠳᠠᠬᠤ ᠦᠭᠡᠢ ᠪᠠᠢᠭᠰᠠᠨ ᠳᠠ ᠭᠡᠵᠦ ᠬᠡᠯᠡᠪᠡ᠃ ᠡᠢᠮᠦ ᠶᠠᠩᠵᠤ ᠶ᠋ᠢᠨ ᠶᠠᠷᠢᠶ᠎ᠠ ᠬᠥᠭᠡᠷᠦᠭᠡ ᠵᠠᠮ ᠤ᠋ᠨ ᠲᠤᠷᠰᠢᠲᠠ ᠪᠣᠯᠤᠭᠰᠠᠭᠠᠷ ᠪᠠᠢᠯ᠎ᠠ᠃  
       ᠪᠠᠢᠳᠠᠯ ᠲᠦᠪᠡᠭᠲᠡᠢ ᠪᠣᠯᠵᠠᠢ᠂ ᠣᠳᠣ ᠴᠠᠭ ᠬᠠᠷᠢᠵᠤ ᠪᠠᠢᠭ᠎ᠠ ᠪᠣᠯᠪᠠᠴᠤ ᠲᠡᠰᠬᠢᠮ᠎ᠡ ᠬᠦᠢᠲᠡᠨ ᠢᠷᠡᠬᠦ ᠠᠷᠠᠢ ᠪᠣᠯᠤᠭ᠎ᠠ ᠦᠭᠡᠢ᠂ ᠲᠡᠭᠦᠨ ᠢ᠋ ᠬᠦᠯᠢᠶᠡᠨ᠎ᠡ ᠭᠡᠬᠦ ᠳ᠋ᠦ᠍ ᠬᠤᠪᠢᠯᠠᠢ ᠲᠤᠯᠤᠯᠳᠤᠬᠤ ᠪᠡᠯᠡᠳᠬᠡᠯ ᠢ᠋ᠶ᠋ᠡᠨ ᠶᠠᠭᠠᠷᠠᠨ ᠬᠢᠵᠦ ᠣᠷᠬᠢᠬᠤ ᠪᠠᠢᠳᠠᠯᠲᠠᠢ ᠨᠢᠭᠡᠨᠲᠡ ᠡᠬᠢᠯᠡᠭᠰᠡᠨ ᠬᠡᠷᠡᠭ ᠢ᠋ᠶ᠋ᠡᠨ ᠳᠠᠭᠤᠰᠬᠠᠬᠤ ᠶᠣᠰᠣᠲᠠᠢ ᠨᠢ ᠭᠠᠷᠴᠠᠭ᠎ᠠ ᠦᠭᠡᠢ ᠪᠣᠯᠵᠠᠢ᠃ ᠨᠠᠷᠠᠨ ᠳ᠋ᠤ᠌ ᠲᠥᠯᠭᠡᠳᠡᠭᠰᠡᠨ ᠬᠠᠲᠤᠳ ᠬᠠᠷ᠎ᠠ ᠠᠭᠤᠯᠠᠰ ᠤ᠋ᠳ ᠡᠷᠭᠢᠨ ᠲᠣᠭᠣᠷᠢᠨ ᠳ᠋ᠤ᠌ ᠠᠷᠵᠠᠢᠨ᠂ ᠥᠩᠭᠡ ᠥᠩᠭᠡ ᠶ᠋ᠢᠨ ᠪᠤᠲᠠᠯᠢᠭ ᠤᠷᠭᠤᠮᠠᠯ ᠢ᠋ᠶ᠋ᠠᠷ ᠥᠪᠡᠷ ᠢ᠋ ᠪᠡᠨ ᠬᠤᠴᠢᠭᠰᠠᠨ ᠭᠣᠪᠢ ᠲᠠᠯ᠎ᠠ ᠨᠤᠲᠤᠭ ᠪᠦᠬᠦᠯᠢ ᠳ᠋ᠦ᠍ ᠪᠡᠨ ᠰᠢᠷᠭᠠᠯᠲᠤᠨ ᠬᠦᠷᠡᠩᠳᠡᠵᠦ᠂ ᠴᠠᠭᠠᠨ᠎ᠠ ᠪᠠᠨ ᠨᠢᠭᠡ ᠤᠢᠳᠬᠠᠷ ᠲᠠᠢ ᠮᠡᠲᠦ ᠠᠵᠢ᠃ ᠡᠨᠡ ᠪᠠᠢᠳᠠᠯ ᠶᠠᠭᠤ ᠶ᠋ᠢ ᠥᠭᠦᠯᠡᠨᠡᠮ ᠪᠣᠢ ᠭᠡᠪᠡᠯ ᠠᠯᠲᠠᠨ ᠰᠢᠷᠭᠠᠯ ᠶᠡᠬᠡ ᠭᠣᠪᠢ ᠮᠠᠨᠢ ᠬᠠᠮᠢᠭ᠎ᠠ ᠴᠦ᠍ ᠢᠯᠭᠠᠭ᠎ᠠ ᠦᠭᠡᠢ ᠢᠳᠡᠭᠡᠰᠢᠯᠡᠭ ᠲᠡᠢ ᠪᠣᠯᠪᠠᠴᠤ ᠥᠪᠡᠷ ᠦ᠋ᠨ ᠢ᠋ᠶ᠋ᠡᠨ ᠬᠥᠷᠥᠰᠥ ᠶ᠋ᠢ ᠬᠥᠮᠦᠨ᠂ ᠮᠠᠯ ᠤ᠋ᠨ ᠴᠢᠰᠤ ᠪᠠᠷ ᠳᠠᠬᠢᠨ ᠪᠤᠤ ᠪᠤᠳᠤᠭᠠᠰᠠᠢ ᠭᠡᠵᠦ ᠪᠣᠢ ᠮᠡᠲᠦ ᠤᠭ ᠬᠡᠷᠡᠭ ᠡᠴᠡ ᠵᠠᠢᠯᠠᠰᠬᠢᠬᠦ ᠴᠠᠭ ᠨᠢᠭᠡᠨᠲᠡ ᠥᠩᠭᠡᠷᠡᠵᠡᠢ᠃ 
       ᠰᠠᠢᠨ ᠤᠰᠤᠨ ᠤ᠋ ᠬᠥᠨᠳᠡᠢ ᠶ᠋ᠢ ᠳᠤᠭᠤᠯᠤᠭᠠᠳ᠂ ᠲᠣᠭᠣᠰ ᠬᠠᠢᠷᠬᠠᠨ ᠢ᠋ ᠥᠩᠭᠡᠷᠡᠵᠦ᠂ ᠬᠥᠰᠢᠭᠡ ᠠᠭᠤᠯᠠ ᠶ᠋ᠢᠨ ᠰᠢᠯᠢ ᠪᠡᠷ ᠳᠠᠪᠠᠲᠠᠯ᠎ᠠ ᠲᠡᠷᠲᠡᠭᠡ ᠡᠮᠦᠨ᠎ᠡ ᠵᠦᠭ ᠲᠦ᠍ ᠲᠩᠷᠢ ᠶ᠋ᠢᠨ ᠬᠠᠶᠠᠭ᠎ᠠ ᠮᠠᠨᠠᠨᠲᠠᠭᠤᠯᠤᠭᠰᠡᠨ ᠶᠡᠬᠡ ᠲᠣᠭᠣᠰᠣ ᠬᠠᠲᠠᠵᠤ ᠪᠣᠢ ᠨᠢ ᠨᠢᠳᠦᠨ ᠦ᠌ ᠦᠵᠦᠭᠦᠷ ᠲᠦ᠍ ᠲᠣᠳᠣᠷᠠᠯ᠎ᠠ᠃ ᠠᠷᠢᠬᠪᠥ᠋ᠬᠡ ᠬᠠᠭᠠᠨ ᠲᠡᠭᠦᠨ ᠢ᠋ ᠳᠤᠷᠠᠨ ᠰᠤᠩᠭᠠᠨ ᠬᠠᠷᠠᠵᠤ ᠪᠠᠢᠭᠰᠠᠨ ᠢ᠋ᠶ᠋ᠠᠨ᠄ 
       — ᠲᠡᠷᠡ ᠶᠠᠭᠤ ᠪᠣᠢ? ᠰᠡᠵᠢᠭ ᠲᠥᠷᠥᠭᠦᠯᠦᠭᠰᠡᠨ ᠮᠠᠭᠤᠬᠠᠢ ᠲᠣᠭᠣᠰᠣ ᠪᠠᠢᠬᠤ ᠰᠢᠭ᠋ ᠰᠠᠨᠠᠭᠳᠠᠯ᠎ᠠ ᠭᠡᠵᠦ ᠳᠡᠷᠭᠡᠳᠡ ᠪᠡᠨ ᠶᠠᠪᠤᠭ᠎ᠠ ᠳ᠋ᠤ᠌ ᠡᠪᠦᠭᠡᠨ ᠳ᠋ᠦ᠍ ᠬᠠᠨᠳᠤᠪᠠ᠃ ᠲᠣ᠊ ᠲᠦᠰᠢᠮᠡᠯ ᠳᠤᠷᠠᠨ ᠠᠪᠴᠤ ᠪᠠᠰᠠ ᠠᠯᠤᠰ ᠢ᠋ ᠰᠢᠷᠳᠡᠨ ᠪᠠᠢᠭᠰᠠᠨ ᠢ᠋ᠶ᠋ᠠᠨ ᠴᠢᠷᠠᠢ ᠬᠤᠪᠢᠷᠠᠭᠠᠨ᠄ 
       — ᠬᠠᠭᠠᠨᠲᠠᠨ ᠮᠢᠨᠢ ᠰᠣᠶᠣᠷᠬᠠᠵᠤ ᠪᠣᠯᠭᠣᠭ᠎ᠠ! ᠬᠤᠪᠢᠯᠠᠢ ᠶ᠋ᠢ ᠪᠢᠳᠡ ᠶᠠᠮᠠᠷ ᠮᠡᠳᠡᠬᠦ ᠦᠭᠡᠢ ᠪᠢᠰᠢ᠃ ᠲᠡᠭᠦᠨ ᠦ᠌ ᠲᠤᠷᠰᠢᠭᠤᠯ ᠬᠠᠷ᠎ᠠ ᠬᠣᠷᠣᠮ ᠳ᠋ᠤ᠌ ᠪᠠᠢᠵᠤ᠂ ᠮᠠᠨ ᠤ᠋ ᠴᠡᠷᠢᠭ ᠬᠥᠳᠡᠯᠬᠦ ᠭᠡᠵᠦ ᠪᠠᠢᠭ᠎ᠠ ᠶ᠋ᠢ ᠲᠡᠭᠦᠨ ᠳ᠋ᠦ᠍ ᠬᠡᠯᠡᠭᠰᠡᠨ ᠪᠠᠢᠨ᠎ᠠ᠃ ᠲᠡᠷᠡ ᠶᠡᠬᠡ ᠲᠣᠭᠣᠰᠣ ᠪᠣᠯ ᠵᠢᠷ ᠦ᠋ᠨ ᠰᠠᠯᠬᠢᠨ ᠤ᠋ ᠦᠯᠢᠶᠡᠯᠭᠡ ᠪᠢᠰᠢ᠂ ᠣᠯᠠᠨ ᠠᠮᠢᠲᠠᠨ ᠤ᠋ ᠬᠥᠯ ᠦ᠋ᠨ ᠰᠢᠷᠣᠢ ᠰᠢᠪ᠃ ᠬᠤᠪᠢᠯᠠᠢ ᠶ᠋ᠢᠨ ᠴᠡᠷᠢᠭ ᠢᠷᠡᠵᠦ ᠶᠠᠪᠤᠨ᠎ᠠ᠃ ᠲᠡᠢᠨ ᠳ᠋ᠦ᠍ ᠣᠷᠣᠬᠤ ᠴᠠᠭ ᠪᠣᠯᠵᠠᠢ ᠭᠡᠵᠦ ᠬᠡᠯᠡᠯ᠎ᠡ᠃ ᠢᠩᠭᠢᠵᠦ ᠪᠠᠢᠲᠠᠯ᠎ᠠ ᠤᠷᠲᠤ ᠵᠦᠭ ᠲᠦ᠍ ᠭᠠᠷᠭᠠᠭᠰᠠᠨ ᠬᠣᠰᠢᠭᠤᠴᠢ ᠴᠡᠷᠢᠭ ᠡᠴᠡ ᠮᠣᠷᠢᠨ ᠵᠠᠷᠤᠯᠭ᠎ᠠ ᠳᠠᠪᠬᠢᠨ ᠢᠷᠡᠵᠦ ᠬᠠᠭᠠᠨ ᠳ᠋ᠤ᠌ ᠣᠢᠷᠠᠲᠤᠨ ᠰᠥᠭᠥᠳᠦᠭᠡᠳ᠄ 
       — ᠳᠠᠢᠰᠤᠨ ᠤ᠋ ᠴᠡᠷᠢᠭ ᠪᠣᠯᠤᠯᠲᠠᠢ᠃ ᠮᠠᠰᠢ ᠣᠯᠠᠨ ᠮᠣᠷᠢᠲᠠᠨ ᠲᠣᠭᠣᠰᠣ ᠲᠠᠲᠠᠭᠤᠯᠤᠨ ᠳᠠᠪᠬᠢᠨ ᠢᠷᠡᠵᠦ ᠶᠠᠪᠤᠨ᠎ᠠ ᠭᠡᠵᠦ ᠠᠢᠯᠠᠳᠬᠠᠪᠠ᠃ 
       ᠠᠷᠢᠬᠪᠥ᠋ᠬᠡ ᠵᠡᠰ ᠪᠦᠷᠢᠶ᠎ᠡ ᠪᠡᠨ ᠦᠯᠢᠶᠡᠯᠭᠡᠨ᠂ ᠬᠣᠯᠠ ᠶᠠᠪᠤᠭ᠎ᠠ ᠳ᠋ᠤ᠌ ᠨᠢ ᠵᠠᠷᠤᠯᠭ᠎ᠠ ᠳᠠᠪᠬᠢᠭᠤᠯᠵᠤ ᠵᠠᠬᠢᠷᠤᠭᠴᠢ᠂ ᠳᠠᠭᠠᠭᠠᠮᠠᠯ ᠤ᠋ᠳ ᠢ᠋ᠶ᠋ᠠᠨ ᠳᠠᠭᠤᠳᠠᠭᠤᠯᠪᠠ᠃ ᠣᠯᠠᠨ ᠨᠣᠶᠠᠳ ᠲᠡᠷᠡ ᠳᠣᠣᠷ᠎ᠠ ᠪᠠᠨ ᠴᠤᠭᠯᠠᠷᠠᠯ᠎ᠠ᠃ ᠠᠷᠢᠬᠪᠥ᠋ᠬᠡ ᠪᠠᠢᠳᠠᠯ ᠢ᠋ ᠬᠥᠮᠦᠰ ᠲᠦ᠍ ᠪᠡᠨ ᠬᠡᠯᠡᠵᠦ᠂ ᠬᠥᠰᠢᠭᠡᠨ ᠠᠭᠤᠯᠠ ᠶ᠋ᠢᠨ ᠥᠪᠥᠷ ᠪᠠᠯ ᠢ᠋ᠶ᠋ᠠᠷ ᠠᠰᠢᠭᠲᠠᠢ ᠭᠠᠵᠠᠷ ᠡᠵᠡᠯᠡᠨ ᠪᠡᠶ᠎ᠡ ᠳᠠᠯᠳᠠᠯᠠᠵᠤ᠂ ᠳᠠᠢᠰᠤᠨ ᠢ᠋ ᠬᠦᠯᠢᠶᠡᠵᠦ ᠪᠠᠢᠭᠠᠳ ᠪᠦᠷ ᠣᠢᠷᠠᠲᠤᠨ ᠢᠷᠡᠬᠦ ᠪᠡᠷ ᠨᠢ ᠤᠷᠲᠤ ᠠ᠋ᠴᠠ ᠨᠢ ᠭᠡᠨᠡᠳᠲᠡ ᠳᠣᠪᠲᠣᠯᠤᠨ ᠣᠷᠣᠵᠤ᠂ ᠲᠠᠯ᠎ᠠ ᠪᠦᠷᠢ ᠡᠴᠡ ᠨᠢ ᠴᠣᠬᠢᠬᠤ ᠰᠢᠢᠳ ᠥᠭᠪᠡ᠃ ᠪᠠᠭ᠎ᠠ ᠦᠳᠡ ᠥᠩᠭᠡᠷᠡᠵᠦ ᠪᠠᠢᠯ᠎ᠠ᠃ ᠨᠠᠷᠠᠨ ᠳᠣᠣᠭᠤᠷ ᠶᠡᠬᠡ ᠲᠣᠭᠣᠰᠣ ᠮᠠᠨᠠᠷᠠᠨ᠂ ᠠᠯᠤᠰ ᠤ᠋ᠨ ᠪᠠᠷ᠎ᠠ ᠶ᠋ᠢ ᠬᠠᠭᠠᠵᠤ ᠰᠦᠮᠡᠢᠯᠭᠡᠨ᠎ᠡ᠃
       ᠮᠣᠷᠢᠨ ᠴᠠᠭ ᠥᠩᠭᠡᠷᠡᠵᠦ ᠪᠠᠢᠬᠤ ᠦᠶ᠎ᠡ ᠳ᠋ᠦ᠍ ᠳᠠᠢᠰᠤᠨ ᠤ᠋ ᠶᠡᠬᠡ ᠴᠡᠷᠢᠭ ᠣᠢᠷᠠᠲᠤᠨ ᠢᠷᠡᠯ᠎ᠡ᠃ ᠡᠨᠡ ᠡᠳᠦᠷ ᠶᠠᠭᠤ ᠪᠣᠯᠤᠭ᠎ᠠ ᠪᠣᠢ ᠭᠡᠮᠡᠷ ᠬᠠᠯᠠᠭᠤᠨ ᠠᠭᠠᠷ ᠪᠦᠬᠦᠨ ᠢ᠋ ᠪᠤᠬᠢᠨᠢᠳᠤᠭᠤᠯᠤᠨ᠎ᠠ᠃  
       ᠬᠤᠪᠢᠯᠠᠢ ᠶ᠋ᠢᠨ ᠴᠡᠷᠢᠭ ᠦ᠋ᠨ ᠲᠤᠷᠰᠢᠭᠤᠯ ᠠᠩᠭᠢ ᠠᠷᠢᠬᠪᠥᠶ᠋ᠬᠡ ᠶ᠋ᠢᠨ ᠴᠡᠷᠢᠭ ᠭᠠᠵᠠᠷ ᠤ᠋ᠨ ᠪᠠᠷᠲᠠᠭ᠎ᠠ ᠶ᠋ᠢ ᠡᠵᠡᠯᠡᠭᠰᠡᠨ ᠢ᠋ ᠮᠡᠳᠡᠭᠰᠡᠨ ᠪᠣᠯᠤᠯᠲᠠᠢ᠂ ᠨᠢᠭᠡ ᠣᠢᠷᠠᠲᠤᠨ ᠲᠤᠯᠵᠤ ᠢᠷᠡᠭᠡᠳ᠂ ᠡᠷᠭᠢᠵᠦ ᠪᠤᠴᠠᠨ᠂ ᠬᠠᠭᠤᠷᠬᠤ ᠠᠷᠭ᠎ᠠ ᠬᠡᠷᠡᠭᠯᠡᠨ ᠪᠣᠢ ᠨᠢ ᠠᠵᠢᠭᠯᠠᠭᠳᠠᠪᠠ᠃ ᠠᠷᠢᠬᠪᠥᠶ᠋ᠬᠡ ᠶ᠋ᠢᠨ ᠨᠢᠭᠡ ᠳᠠᠭᠠᠭᠠᠮᠠᠯ ᠳᠠᠯᠳᠠᠯᠠᠭᠰᠠᠨ ᠭᠠᠩᠭᠠᠨ ᠠ᠋ᠴᠠ ᠪᠠᠨ ᠲᠤᠰᠢᠶᠠᠯ ᠦᠭᠡᠢ ᠪᠡᠷ ᠭᠠᠷᠴᠤ ᠳᠠᠪᠬᠢᠨ ᠳᠠᠢᠰᠤᠨ ᠢ᠋ ᠬᠥᠭᠡᠭᠡᠵᠦ ᠪᠠᠢᠳᠠᠯ ᠢ᠋ᠶ᠋ᠠᠨ ᠢᠯᠡ ᠪᠣᠯᠭᠠᠪᠠ᠃ ᠤᠭ ᠨᠢ ᠳᠠᠢᠰᠤᠨ ᠤ᠋ ᠪᠥᠭᠡᠮ ᠬᠦᠴᠦᠨ ᠢ᠋ ᠲᠤᠯᠵᠤ ᠢᠷᠡᠬᠦ ᠪᠡᠷ《 ᠰᠠᠷᠠᠨ ᠪᠦᠰᠡᠯᠡᠭᠦᠷ ᠲᠦ᠍》 ᠪᠠᠢᠭᠰᠠᠨ ᠠᠷᠢᠬᠪᠥᠶ᠋ᠬᠡ ᠬᠠᠭᠠᠨ ᠤ᠋ ᠴᠡᠷᠢᠭ ᠬᠠᠷᠢᠭᠤ ᠭᠡᠨᠡᠳᠲᠡ ᠳᠣᠪᠲᠣᠯᠤᠨ ᠨᠥᠭᠦᠭᠡ ᠲᠠᠯ᠎ᠠ ᠶ᠋ᠢᠨ ᠲᠡᠷᠢᠭᠦᠨ ᠠᠩᠭᠢ ᠶ᠋ᠢ ᠪᠤᠲᠠ ᠨᠢᠷᠭᠡᠬᠦ ᠪᠣᠯᠣᠮᠵᠢᠲᠠᠢ ᠪᠠᠢᠯ᠎ᠠ᠃ ᠭᠡᠲᠡᠯ᠎ᠡ ᠡᠨᠡ ᠠᠷᠭ᠎ᠠ ᠨᠢᠭᠡᠨᠲᠡ ᠮᠡᠳᠡᠭᠳᠡᠭᠰᠡᠨ ᠤᠴᠢᠷ ᠲᠡᠷᠡ ᠵᠦᠭ ᠡᠴᠡ ᠳᠠᠢᠰᠤᠨ ᠳᠡᠯᠭᠡᠭᠡ ᠵᠢᠭᠰᠠᠭᠠᠯ ᠢ᠋ᠶ᠋ᠠᠷ ᠴᠡᠷᠢᠭ ᠢ᠋ᠶ᠋ᠡᠨ ᠵᠢᠰᠢᠵᠦ᠂ ᠥᠷᠭᠡᠨ ᠳᠣᠪᠲᠣᠯᠭᠠᠨ ᠳ᠋ᠤ᠌ ᠣᠷᠣᠯ᠎ᠠ᠃ ᠬᠤᠪᠢᠯᠠᠢ ᠶ᠋ᠢᠨ ᠮᠣᠷᠢᠨ ᠴᠡᠷᠢᠭ ᠲᠦᠷᠦᠭᠦᠴᠢ ᠶ᠋ᠢᠨ ᠡᠩᠨᠡᠭᠡᠨ ᠳ᠋ᠦ᠍ ᠳᠠᠪᠰᠢᠵᠤ᠂ ᠠᠷᠤ ᠠ᠋ᠴᠠ ᠨᠢ ᠶᠠᠪᠠᠭᠠᠨ  ᠬᠢᠲᠠᠳ ᠴᠡᠷᠢᠭ ᠡᠩᠨᠡᠭᠡ ᠡᠩᠨᠡᠭᠡ ᠪᠡᠷ ᠢᠷᠡᠵᠦ ᠪᠠᠢᠵᠤ ᠬᠠᠷᠠᠭᠳᠠᠪᠠ᠃ ᠡᠨᠡ ᠠᠷᠤ ᠶ᠋ᠢᠨ ᠡᠩᠨᠡᠭᠡ ᠨᠢ ᠪᠠᠰᠠ ᠬᠤᠯᠤᠰᠤᠨ ᠰᠤᠮᠤᠲᠤ ᠬᠢᠲᠠᠳ ᠴᠡᠷᠢᠭ ᠪᠣᠯᠬᠤ ᠨᠢ ᠢᠯᠡᠷᠬᠡᠢ᠃ ᠢᠩᠭᠢᠭᠡᠳ ᠬᠥᠰᠢᠭᠡᠨ ᠠᠭᠤᠯᠠ ᠶ᠋ᠢᠨ ᠥᠪᠥᠷ ᠲᠦ᠍ ᠬᠣᠶᠠᠷ ᠲᠠᠯ᠎ᠠ ᠪᠡᠶ᠎ᠡ ᠪᠡᠶ᠎ᠡ ᠤᠷᠤᠭᠤ ᠪᠠᠨ ᠥᠷᠭᠡᠨ ᠡᠩᠨᠡᠭᠡ ᠪᠡᠷ ᠳᠠᠭᠠᠷᠢᠨ ᠣᠷᠣᠯ᠎ᠠ᠃ ᠡᠭᠦᠨ ᠡᠴᠡ ᠥᠭᠡᠷ᠎ᠡ ᠵᠠᠮ ᠪᠠᠢᠭᠰᠠᠨ ᠦᠭᠡᠢ᠃ ᠠᠭᠠᠷ ᠪᠦᠭᠴᠢᠮ ᠬᠠᠯᠠᠭᠤᠨ ᠪᠠᠢᠭ᠎ᠠ ᠨᠢ ᠲᠤᠯᠤᠯᠳᠤᠵᠤ ᠪᠠᠢᠭ᠎ᠠ ᠴᠡᠷᠢᠭ ᠮᠣᠷᠢᠨ ᠤ᠋ ᠠᠯᠢ ᠠᠯᠢᠨ ᠳ᠋ᠤ᠌ ᠳᠠᠭ᠎ᠠ ᠦᠭᠡᠢ ᠶ᠋ᠢ ᠬᠡᠯᠡᠬᠦ ᠶᠠᠭᠤᠨ᠃ ᠠᠷᠢᠬᠪᠥᠶ᠋ᠬᠡ ᠬᠠᠭᠠᠨ ᠨᠢᠭᠡᠨ ᠥᠨᠳᠥᠷᠯᠢᠭ ᠳᠡᠭᠡᠷ᠎ᠡ ᠭᠠᠷᠴᠤ ᠳᠤᠷᠠᠨᠳᠠᠨ᠂ ᠲᠤᠯᠤᠯᠳᠤᠭᠠᠨ ᠢ᠋ ᠬᠢᠨᠠᠭᠰᠠᠭᠠᠷ ᠪᠠᠢᠪᠠ᠃ ᠲᠡᠭᠦᠨ ᠢ᠋ ᠮᠣᠷᠢᠨ ᠴᠡᠷᠢᠭ ᠠᠪᠴᠤ ᠳᠠᠭᠠᠷᠢᠯᠳᠤᠨ ᠣᠷᠣᠬᠤ ᠭᠡᠬᠦ ᠳ᠋ᠦ᠍ ᠨᠢ ᠪᠡᠶ᠎ᠡ ᠬᠠᠮᠠᠭᠠᠯᠠᠭᠰᠠᠨ ᠬᠥᠮᠦᠰ ᠨᠢ ᠬᠣᠷᠢᠭᠯᠠᠨ᠂ ᠬᠦᠯᠦᠭ ᠦ᠋ᠨ ᠵᠢᠯᠣᠭᠣ ᠶ᠋ᠢ ᠳᠤ  ᠴᠢᠩᠰᠠᠩ ᠤ᠋ᠨ ᠵᠢᠭᠠᠪᠤᠷᠢ ᠶᠣᠰᠣ ᠪᠠᠷ ᠥᠪᠡᠷ ᠲᠦ᠍ ᠨᠢ ᠥᠭᠬᠦ ᠦᠭᠡᠢ ᠪᠠᠢᠯ᠎ᠠ᠃ ᠠᠷᠢᠬᠪᠥᠶ᠋ᠬᠡ ᠬᠢᠯᠢᠩᠨᠡᠵᠦ᠄ 
       — ᠲᠠ ᠨᠠᠮᠠᠶ᠋ᠢ ᠶᠠᠭᠠᠬᠢᠬᠤ ᠭᠡᠵᠦ ᠡᠨᠡ ᠬᠠᠳᠠᠨ ᠠᠭᠤᠯᠠᠨ ᠳᠡᠭᠡᠷ᠎ᠡ ᠬᠣᠷᠭᠣᠭᠣᠵᠤ ᠪᠠᠢᠨ᠎ᠠ ᠪᠣᠢ? ᠭᠡᠮᠡᠨ ᠳᠤ ᠶ᠋ᠢ ᠵᠠᠩᠨᠠᠪᠠ᠃ ᠡᠪᠦᠭᠡᠨ ᠴᠢᠷᠠᠢ ᠭᠦᠯᠢᠢᠯᠭᠡᠳ᠄  
       — ᠪᠣᠭᠣᠯ ᠪᠢ ᠲᠠᠨ ᠤ᠋ ᠤᠷᠤᠭ ᠰᠠᠳᠤᠨ ᠤ᠋ ᠵᠠᠬᠢᠶ᠎ᠠ ᠶᠣᠰᠣ ᠪᠠᠷ ᠠᠮᠢ ᠪᠡᠶ᠎ᠡ ᠶ᠋ᠢ ᠲᠠᠨᠢ ᠬᠠᠮᠠᠭᠠᠯᠠᠬᠤ ᠶᠣᠰᠣᠲᠠᠢ ᠪᠢᠯᠡ ᠭᠡᠳ ᠬᠥᠳᠡᠯᠬᠦ ᠦᠭᠡᠢ ᠪᠠᠢᠪᠠ᠃ 
       ᠠᠭᠤᠯᠠ ᠶ᠋ᠢᠨ ᠪᠠᠯ᠂ ᠡᠯᠡᠰᠦᠷᠬᠡᠭ ᠬᠥᠷᠥᠰᠥᠲᠡᠢ ᠠᠭᠤᠵᠢᠮ ᠬᠥᠨᠳᠡᠢ ᠳ᠋ᠦ᠍ ᠶᠡᠬᠡ ᠴᠡᠷᠢᠭ ᠵᠢᠭᠤᠷᠠᠯᠳᠤᠨ ᠲᠤᠯᠤᠯᠳᠤᠭᠰᠠᠭᠠᠷ᠂ ᠮᠣᠷᠢ ᠢᠨᠴᠠᠭᠠᠨ ᠴᠢᠷᠠᠯᠠᠵᠤ᠂ ᠬᠥᠮᠦᠨ ᠬᠠᠰᠬᠢᠷᠤᠯᠳᠤᠨ᠂ ᠡᠨᠳᠡ ᠲᠡᠨᠳᠡ ᠦᠭᠡᠢ ᠤᠲᠤᠭ᠎ᠠ ᠮᠠᠨᠠᠨ ᠪᠠᠭᠰᠢᠷᠠᠵᠤ᠂ ᠬᠥᠨᠳᠡᠯᠡᠨ ᠭᠤᠯᠳᠤ ᠤᠨᠠᠵᠤ ᠪᠠᠢᠭ᠎ᠠ ᠴᠡᠷᠢᠭ ᠲᠣᠭ᠎ᠠ ᠦᠭᠡᠢ ᠣᠯᠠᠨ ᠪᠣᠯᠵᠤ ᠪᠠᠢᠯ᠎ᠠ᠃ ᠬᠡᠨ ᠴᠦ᠍ ᠬᠠᠷᠠᠭᠰᠠᠨ ᠲᠡᠭᠦᠨ ᠢ᠋ ᠰᠣᠨᠢᠷᠬᠠᠨ ᠲᠠᠭᠠᠰᠢᠶᠠᠮ᠎ᠠ ᠦᠭᠡᠢ ᠠᠵᠢ᠃ ᠢᠯᠳᠦ ᠪᠠᠮᠪᠠᠢ ᠳᠡᠰ ᠨᠢᠰ ᠪᠠᠭᠤᠬᠤ ᠨᠢ ᠴᠢᠬᠢᠨ ᠳ᠋ᠦ᠍ ᠴᠢᠬᠢᠷ᠎ᠡ ᠬᠥᠮᠦᠰ ᠦ᠋ᠨ ᠭᠢᠩᠭᠢᠨᠡᠨ ᠬᠠᠢᠯᠠᠬᠤ ᠳᠠᠭᠤ᠂ ᠴᠢᠰᠤᠨ ᠤ᠋ ᠡᠬᠡᠭᠦᠨ ᠦᠨᠦᠷ ᠬᠣᠶᠠᠷ ᠵᠢᠷᠦᠬᠡ ᠰᠢᠮᠰᠢᠷᠡᠭᠦᠯᠬᠦ ᠪᠣᠯᠪᠠ᠃ ᠠᠷᠢᠬᠪᠥᠶ᠋ᠬᠡ ᠳᠤᠷᠠᠨᠳᠠᠭᠰᠠᠭᠠᠷ ᠳᠠᠭᠠᠷᠢᠨ ᠪᠠᠢᠭ᠎ᠠ ᠴᠡᠷᠢᠭ ᠦ᠋ᠨ ᠠᠷᠤ ᠲᠠᠯ᠎ᠠ ᠳ᠋ᠤ᠌ ᠬᠤᠪᠢᠯᠠᠢ᠂ ᠲᠡᠭᠦᠨ ᠦ᠌ ᠰᠢᠳᠠᠷ ᠵᠠᠩᠵᠤᠨ ᠴᠠᠭᠠᠨ᠂ ᠬᠠᠳᠠᠨ ᠨᠠᠷ ᠶᠠᠪᠤᠭ᠎ᠠ ᠶ᠋ᠢ ᠲᠠᠨᠢᠵᠤ ᠮᠡᠳᠡᠭᠡᠳ᠄  
       — ᠮᠢᠨᠦ ᠳᠠᠢᠰᠤᠨ ᠨᠤᠭᠤᠳ ᠬᠠᠮᠤᠭ ᠬᠦᠴᠦ ᠪᠡᠨ ᠰᠢᠪᠬᠠᠨ᠂ ᠠᠷᠪᠠᠢᠬᠤ ᠳᠠᠷᠪᠠᠢᠬᠤ ᠪᠠᠷ ᠢ᠋ᠶ᠋ᠠᠨ ᠨᠠᠭᠠᠰᠢ ᠬᠥᠳᠡᠯᠦᠯ᠎ᠡ ᠰᠢᠪ᠃ ᠲᠡᠳᠡ ᠠᠶᠤᠨ ᠰᠠᠨᠳᠤᠷᠴᠤ ᠳᠠᠭᠵᠢᠨ ᠴᠡᠴᠡᠷᠡᠵᠡᠢ ᠭᠡᠵᠦ ᠬᠡᠯᠡᠯ᠎ᠡ᠃ ᠠᠩᠬᠠᠨ ᠡᠳᠦᠷ ᠦ᠋ᠨ ᠲᠤᠯᠤᠯᠳᠤᠭᠠᠨ ᠦᠳᠡᠰᠢ ᠶ᠋ᠢᠨ ᠪᠦᠷᠦᠢ ᠬᠦᠷᠲᠡᠯ᠎ᠡ ᠦᠷᠭᠦᠯᠵᠢᠯᠡᠭᠡᠳ ᠪᠡᠶ᠎ᠡ ᠪᠡᠶ᠎ᠡ ᠪᠡᠨ ᠲᠠᠨᠢᠵᠤ ᠮᠡᠳᠡᠬᠦ ᠦᠭᠡᠢ ᠪᠣᠯᠬᠣᠷ ᠠᠷᠭ᠎ᠠ ᠦᠭᠡᠢ ᠵᠠᠪᠰᠠᠷᠯᠠᠨ᠂ ᠬᠣᠶᠠᠷ ᠲᠠᠯ᠎ᠠ ᠴᠡᠷᠢᠭ ᠢ᠋ᠶ᠋ᠡᠨ ᠬᠤᠷᠢᠶᠠᠯ᠎ᠠ᠃ ᠬᠡᠨ ᠨᠢ ᠴᠦ᠍ ᠳᠠᠪᠠᠭᠤ ᠲᠠᠢ ᠠᠮᠵᠢᠯᠲᠠ ᠣᠯᠤᠭ᠎ᠠ ᠦᠭᠡᠢ ᠪᠣᠯᠪᠠᠴᠤ ᠬᠤᠪᠢᠯᠠᠢ ᠶ᠋ᠢᠨ ᠴᠡᠷᠢᠭ ᠲᠣᠭ᠎ᠠ ᠪᠠᠷ ᠢᠯᠡᠭᠦᠦ ᠪᠠᠢᠭ᠎ᠠ ᠨᠢ ᠠᠵᠢᠭᠯᠠᠭᠳᠠᠪᠠ᠃ ᠡᠨᠡ ᠰᠥᠨᠢ ᠪᠦᠬᠦᠨ ᠦ᠌ ᠰᠡᠳᠬᠢᠯ ᠵᠣᠪᠠᠨᠢᠨ᠂ ᠨᠣᠢᠷ ᠲᠠᠢ ᠬᠥᠮᠦᠨ ᠪᠠᠷᠤᠭ ᠦᠭᠡᠢ᠃ ᠥᠷᠯᠥᠭᠡ ᠡᠷᠲᠡ ᠮᠣᠷᠢᠳ ᠢ᠋ᠶ᠋ᠠᠨ ᠡᠮᠡᠭᠡᠯᠯᠡᠪᠡ᠃ 
       ᠵᠡᠭᠦᠨ ᠡᠴᠡ ᠨᠠᠷᠠ ᠴᠢᠰᠤᠨ ᠳ᠋ᠤ᠌ ᠪᠣᠳᠣᠭᠳᠠᠭᠰᠠᠨ ᠶᠤᠮ ᠰᠢᠭ᠋ ᠤᠪ ᠤᠯᠠᠭᠠᠨ ᠥᠩᠭᠡᠲᠡᠢ ᠭᠠᠷᠴᠤ ᠢᠷᠡᠯ᠎ᠡ᠃ ᠨᠠᠷᠠᠨ ᠳᠣᠣᠭᠤᠷ ᠤᠲᠤᠭ᠎ᠠ ᠮᠠᠨᠠᠨ ᠬᠣᠯᠢᠯᠳᠤᠨ ᠵᠢᠪᠡᠬᠡᠢ ᠰᠠᠭᠠᠷᠠᠯ ᠲᠣᠭᠣᠰᠣ ᠮᠠᠨᠠᠷᠠᠵᠤ ᠦᠵᠡᠭᠳᠡᠪᠡ᠃ ᠥᠴᠥᠭᠡᠳᠦᠷ ᠦ᠋ᠨ ᠬᠠᠯᠠᠭᠤᠨ ᠬᠠᠮᠢᠭ᠎ᠠ ᠡᠴᠢᠪᠡ ᠭᠡᠮᠡᠷ ᠰᠤᠷᠠᠭ ᠦᠭᠡᠢ ᠪᠣᠯᠵᠤ᠂ ᠵᠡᠭᠦᠨ ᠡᠮᠦᠨ᠎ᠡ ᠡᠴᠡ ᠬᠦᠢᠲᠡᠨ ᠵᠢᠪᠡᠬᠡᠢ ᠠᠭᠠᠷ ᠦᠯᠢᠶᠡᠵᠦ ᠡᠬᠢᠯᠡᠯ᠎ᠡ᠃ ᠠᠷᠢᠬᠪᠥᠶ᠋ᠬᠡ ᠬᠠᠭᠠᠨ ᠴᠢᠷᠠᠢ ᠪᠠᠨ ᠪᠠᠷᠤᠢᠯᠭᠠᠨ ᠵᠠᠷᠤᠴᠠᠨ ᠤ᠋ ᠪᠠᠨ ᠡᠮᠦᠨ᠎ᠡ ᠵᠣᠭᠰᠣᠵᠤ ᠳᠤᠷᠠᠨ ᠰᠤᠩᠭᠠᠨ ᠠᠯᠤᠰ ᠢ᠋ ᠬᠠᠷᠠᠭᠰᠠᠭᠠᠷ ᠪᠠᠢᠪᠠ᠃ ᠲᠡᠭᠡᠲᠡᠯ᠎ᠡ ᠬᠤᠪᠢᠯᠠᠢ ᠶ᠋ᠢᠨ ᠬᠦᠷᠢᠶᠡᠨ ᠡᠴᠡ ᠮᠣᠷᠢᠲᠠᠢ ᠲᠠᠪᠤᠨ ᠬᠥᠮᠦᠨ ᠨᠠᠪᠰᠠᠭᠠᠨᠠᠨ ᠳᠠᠪᠬᠢᠵᠤ ᠢᠷᠡᠭᠡᠳ ᠨᠢᠭᠡᠨ ᠪᠢᠴᠢᠭ ᠢ᠋ ᠠᠷᠢᠬᠪᠥᠶ᠋ᠬᠡ ᠶ᠋ᠢᠨ ᠲᠣᠷᠭᠠᠨ ᠴᠡᠷᠢᠭ ᠦ᠋ᠨ ᠵᠠᠬᠢᠷᠤᠭᠴᠢ ᠲᠦᠰᠢᠮᠡᠯ ᠳ᠋ᠦ᠍ ᠥᠭᠪᠡ᠃ ᠲᠡᠷᠡ ᠨᠢ ᠠᠷᠢᠬᠪᠥᠶ᠋ᠬᠡ ᠳ᠋ᠦ᠍ ᠭᠡᠰᠡᠨ ᠬᠠᠶᠢᠭ ᠲᠠᠢ ᠪᠠᠢᠯ᠎ᠠ᠃ 
       ᠬᠠᠭᠠᠨ ᠤᠭ ᠪᠢᠴᠢᠭ ᠢ᠋ ᠳᠡᠷᠭᠡᠳᠡ ᠶ᠋ᠢᠨ ᠢ᠋ᠶ᠋ᠡᠨ ᠲᠦᠰᠢᠮᠡᠯ ᠢ᠋ᠶ᠋ᠡᠷ ᠤᠩᠰᠢᠭᠤᠯᠪᠠᠯ ᠰᠢᠨ᠎ᠡ ᠰᠣᠨᠢᠨ ᠶᠠᠭᠤᠮ᠎ᠠ ᠠᠯᠠᠭ᠎ᠠ᠃ ᠥᠭᠦᠯᠡᠭᠰᠡᠨ ᠨᠢ᠄《᠁ ᠠᠷᠢᠬᠪᠥᠶ᠋ᠬᠡ ᠠ᠋! ᠴᠢ ᠪᠦᠲᠦᠯ ᠦᠭᠡᠢ ᠵᠦᠢᠯ ᠳᠠᠬᠢᠨ ᠦᠢᠯᠡᠳᠴᠦ ᠶᠠᠪᠤᠭ᠎ᠠ ᠪᠠᠨ ᠣᠢᠯᠠᠭᠠᠨ ᠵᠡᠪᠰᠡᠭ ᠢ᠋ᠶ᠋ᠡᠨ ᠬᠤᠷᠢᠶᠠᠯᠭᠠᠵᠤ ᠪᠠᠭᠤᠨ ᠥᠭᠪᠡᠯ ᠪᠢ ᠴᠢᠨᠦ ᠪᠡᠶ᠎ᠡ ᠪᠣᠯᠤᠨ ᠪᠤᠰᠤᠳ ᠴᠡᠷᠢᠭ᠂ ᠳᠠᠭᠠᠭᠠᠮᠠᠯ ᠤ᠋ᠳ ᠤ᠋ᠨ ᠴᠢᠨᠢ ᠠᠮᠢ ᠶ᠋ᠢ ᠠᠭᠤᠴᠢᠯᠠᠨ᠎ᠠ᠃ ᠬᠠᠷᠠᠭᠰᠠᠭᠠᠷ ᠪᠠᠢᠲᠠᠯ᠎ᠠ ᠴᠢᠨᠦ ᠴᠡᠷᠢᠭ ᠡᠴᠡ ᠮᠢᠨᠦ ᠴᠡᠷᠢᠭ ᠳᠠᠪᠠᠭᠤ ᠣᠯᠠᠨ ᠲᠣᠭ᠎ᠠ ᠲᠠᠢ᠂ ᠪᠠᠢᠯᠳᠤᠬᠤ ᠬᠦᠴᠦ ᠪᠡᠷ ᠢᠯᠡᠭᠦᠦ ᠪᠠᠢᠨ᠎ᠠ᠃ ᠴᠢ ᠶᠠᠭᠠᠬᠢᠪᠠᠴᠤ ᠢᠯᠠᠬᠤ ᠦᠭᠡᠢ᠃ ᠴᠢ ᠨᠠᠳᠠᠳᠤ ᠡᠵᠡᠨ ᠪᠣᠭᠳᠠ ᠶ᠋ᠢᠨ ᠡᠷᠳᠡᠨᠢ ᠶ᠋ᠢᠨ ᠲᠠᠮᠠᠭ᠎ᠠ ᠶ᠋ᠢ ᠠᠪᠴᠢᠷᠠᠵᠤ ᠲᠤᠰᠢᠶᠠᠪᠠᠯ ᠪᠢ ᠵᠡᠷᠭᠡ ᠶ᠋ᠢ ᠴᠢᠨᠢ ᠴᠢᠮᠠᠲᠤ ᠬᠡᠪ ᠢ᠋ᠶ᠋ᠡᠷ ᠡᠳ᠋ᠯᠡᠭᠦᠯᠦᠨ᠎ᠡ᠁》 ᠭᠡᠵᠡᠢ᠃ ᠠᠷᠢᠬᠪᠥᠶ᠋ᠬᠡ ᠡᠭᠦᠨ ᠢ᠋ ᠰᠣᠨᠣᠰᠤᠭᠠᠳ ᠴᠢᠷᠠᠢ ᠪᠠᠨ ᠵᠢᠪᠡᠬᠡᠢᠯᠭᠡᠨ᠄ 
       —  ᠪᠢ ᠥᠪᠡᠷ ᠦ᠋ᠨ ᠢ᠋ᠶ᠋ᠡᠨ ᠮᠡᠳᠡᠵᠦ ᠪᠠᠢᠨ᠎ᠠ᠃ ᠬᠤᠪᠢᠯᠠᠢ ᠶ᠋ᠢᠨ ᠰᠦᠷᠳᠡᠭᠦᠯᠭᠡ ᠨᠠᠮᠠᠶ᠋ᠢ ᠰᠥᠬᠥᠷᠡᠭᠦᠯᠬᠦ ᠦᠭᠡᠢ᠃ ᠪᠢᠴᠢᠭ ᠪᠠᠷᠢᠵᠤ ᠢᠷᠡᠭᠰᠡᠨ ᠬᠥᠮᠦᠰ ᠢ᠋ ᠪᠠᠷᠢᠵᠤ ᠠᠪᠴᠤ ᠠᠷᠤ ᠲᠠᠯ᠎ᠠ ᠳ᠋ᠤ᠌ ᠬᠣᠷᠢᠭᠠᠨ ᠳ᠋ᠤ᠌ ᠪᠠᠢᠯᠭ᠎ᠠ᠃ ᠪᠠᠢᠯᠳᠤᠬᠤ ᠪᠦᠷᠢᠶ᠎ᠡ ᠲᠡᠳᠡ! ᠭᠡᠵᠦ ᠲᠤᠰᠢᠶᠠᠯ᠎ᠠ᠃ 
       ᠲᠤᠯᠤᠯᠳᠤᠭᠠᠨ ᠥᠷᠯᠥᠭᠡᠭᠦᠷ ᠡᠬᠢᠯᠡᠪᠡ᠃ ᠬᠣᠶᠠᠷ ᠲᠠᠯ᠎ᠠ ᠠᠯᠢ ᠠᠯᠢ ᠨᠢ ᠪᠦᠬᠦ ᠴᠡᠷᠢᠭ ᠢ᠋ᠶ᠋ᠡᠨ ᠬᠠᠰᠢᠵᠤ᠂ ᠳᠠᠪᠬᠤᠷ ᠡᠩᠨᠡᠭᠡ ᠪᠡᠷ ᠪᠡᠶ᠎ᠡ ᠪᠡᠶ᠎ᠡ ᠤᠷᠤᠭᠤ ᠪᠠᠨ ᠳᠣᠪᠲᠣᠯᠤᠯ᠎ᠠ᠃ ᠠᠯᠢ ᠠᠯᠢ ᠲᠠᠯ᠎ᠠ ᠶ᠋ᠢᠨ ᠡᠩᠨᠡᠭᠡ ᠨᠢᠭᠡ ᠰᠡᠲᠡᠷᠡᠵᠦ᠂ ᠨᠢᠭᠡ ᠵᠠᠯᠭᠠᠯᠳᠤᠨ᠂ ᠨᠠᠪᠰᠠ ᠪᠤᠯᠤᠳᠠᠯ᠎ᠠ ᠨᠦᠳᠦᠯᠴᠡᠵᠦ ᠪᠠᠢᠪᠠ᠃ ᠠᠷᠢᠬᠪᠥᠶ᠋ᠬᠡ ᠠᠭᠤᠯᠠᠨ ᠳᠡᠭᠡᠷ᠎ᠡ ᠡᠴᠡ ᠳᠤᠷᠠᠨᠳᠠᠨ ᠬᠠᠷᠠᠬᠤ ᠳ᠋ᠤ᠌ ᠬᠥᠰᠢᠭᠡ ᠠᠭᠤᠯᠠ ᠶ᠋ᠢᠨ ᠥᠪᠥᠷ ᠪᠠᠯ ᠠᠭᠤᠳᠠᠮ ᠬᠥᠨᠳᠡᠢ ᠲᠡᠷᠡ ᠠᠶ᠎ᠠ ᠪᠠᠷ ᠢ᠋ᠶ᠋ᠠᠨ ᠬᠥᠯ ᠦᠭᠡᠢ ᠨᠠᠮᠤᠭ ᠪᠣᠯᠤᠭᠰᠠᠨ ᠮᠡᠲᠦ ᠪᠡᠮᠪᠡᠯᠵᠡᠨ ᠬᠤᠢᠯᠠᠷᠠᠵᠤ᠂ ᠳᠡᠭᠡᠷ᠎ᠡ ᠳᠣᠣᠷ᠎ᠠ ᠪᠠᠨ ᠣᠷᠣᠨ ᠪᠠᠢᠬᠤ ᠰᠢᠭ᠋ ᠨᠢᠳᠦ ᠶ᠋ᠢ ᠨᠢ ᠡᠷᠢᠶᠡᠯᠵᠡᠭᠦᠯᠵᠦ ᠪᠠᠢᠪᠠ᠃ ᠲᠩᠷᠢ ᠳ᠋ᠦ᠍ ᠬᠠᠲᠠᠭᠰᠠᠨ ᠮᠠᠭᠤᠬᠠᠢ ᠳᠠᠭᠤᠨ ᠴᠢᠬᠢᠨ ᠳ᠋ᠦ᠍ ᠴᠢᠬᠢᠷ᠎ᠡ ᠪᠣᠯᠵᠤ  ᠪᠠᠢᠯ᠎ᠠ᠃ ᠯᠤᠤ ᠴᠠᠭ ᠲᠤ ᠡᠬᠢᠯᠡᠭᠰᠡᠨ ᠲᠤᠯᠤᠯᠳᠤᠭᠠᠨ ᠮᠣᠷᠢᠨ ᠴᠠᠭ ᠪᠣᠯᠬᠤ ᠳ᠋ᠤ᠌ ᠢᠳᠡ ᠡᠷᠴᠢ ᠪᠡᠨ ᠠᠪᠴᠤ ᠣᠪᠣᠯᠵᠠᠨ᠎ᠠ᠃ 
       ᠲᠩᠷᠢ ᠶ᠋ᠢᠨ ᠴᠢᠷᠠᠢ ᠮᠠᠭᠤᠬᠠᠢᠷᠠᠵᠤ᠂ ᠳᠣᠷᠣᠨ᠎ᠠ ᠠ᠋ᠴᠠ ᠦᠯᠢᠶᠡᠭᠰᠡᠨ ᠰᠠᠯᠬᠢ ᠰᠢᠷᠦᠭᠦᠰᠦᠨ ᠭᠠᠵᠠᠷ ᠲᠩᠷᠢ ᠬᠣᠶᠠᠷ ᠢ᠋ ᠨᠡᠢᠯᠡᠭᠦᠯᠦᠭᠰᠡᠨ ᠤᠯᠠᠭᠠᠨ ᠲᠣᠭᠣᠰᠣ ᠮᠠᠨᠠᠷᠠᠵᠤ ᠡᠬᠢᠯᠡᠯ᠎ᠡ᠃ ᠠᠷᠢᠬᠪᠥᠶ᠋ᠬᠡ ᠶ᠋ᠢᠨ ᠴᠡᠷᠢᠭ ᠤᠯᠠᠭᠠᠨ ᠨᠢᠭᠤᠷ ᠤᠷᠤᠭᠤ ᠨᠢ ᠦᠯᠢᠶᠡᠭᠰᠡᠨ ᠡᠯᠡᠰᠦᠨ ᠰᠢᠭᠤᠷᠭᠠᠨ ᠳ᠋ᠤ᠌ ᠬᠦᠴᠦ ᠬᠠᠷᠢᠨ ᠲᠦᠷᠢᠭᠳᠡᠵᠦ ᠪᠠᠢᠪᠠ᠃ 
       ᠬᠠᠭᠠᠨ ᠥᠪᠡᠷ ᠢ᠋ᠶ᠋ᠡᠨ ᠬᠣᠷᠢᠭ ᠢ᠋ ᠡᠰᠡ ᠠᠩᠵᠠᠭᠠᠷᠠᠨ ᠳᠠᠭᠠᠷᠢᠨ ᠴᠣᠬᠢᠬᠤ ᠮᠣᠷᠢᠨ ᠴᠡᠷᠢᠭ ᠢ᠋ᠶ᠋ᠡᠨ ᠠᠪᠴᠤ ᠲᠡᠷᠡ ᠨᠢᠭᠤᠷ ᠨᠢᠳᠦ ᠦᠭᠡᠢ ᠡᠯᠡᠰᠦᠨ ᠰᠢᠭᠤᠷᠭᠠᠨ ᠳᠤᠮᠳᠠᠭᠤᠷ ᠳᠠᠢᠰᠤᠨ ᠳ᠋ᠤ᠌ ᠳᠣᠪᠲᠣᠯᠤᠨ ᠣᠷᠣᠯ᠎ᠠ᠃ ᠲᠡᠷᠡ ᠪᠡᠷ ᠴᠠᠪᠴᠢᠯᠳᠤᠨ ᠲᠠᠭᠠᠷᠢᠭᠰᠠᠭᠠᠷ ᠳᠠᠢᠰᠤᠨ ᠤ᠋ ᠨᠢᠭᠡ ᠬᠣᠶᠠᠳᠤᠭᠠᠷ ᠡᠩᠨᠡᠭᠡ ᠶ᠋ᠢ ᠳᠠᠪᠠᠭᠰᠠᠨ ᠪᠣᠯᠪᠠᠴᠤ ᠬᠥᠮᠦᠨ ᠦ᠌ ᠥᠪᠡᠷ ᠢ᠋ ᠨᠢ ᠲᠠᠨᠢᠭᠳᠠᠬᠤ ᠦᠭᠡᠢ ᠪᠣᠯᠲᠠᠯ᠎ᠠ ᠨᠢ ᠨᠢᠳᠦ ᠰᠣᠬᠣᠯᠠᠭᠰᠠᠨ ᠰᠢᠷᠤᠢᠨ ᠳᠤᠮᠳᠠ ᠴᠠᠭᠠᠰᠢ ᠶᠠᠪᠤᠬᠤ ᠠᠷᠭ᠎ᠠ ᠦᠭᠡᠢ ᠪᠣᠯᠤᠭᠠᠳ ᠡᠷᠭᠢᠵᠡᠢ᠃ ᠴᠡᠷᠢᠭ ᠨᠢ ᠴᠦ᠍ ᠵᠠᠩᠵᠤᠨ ᠢ᠋ᠶ᠋ᠠᠨ ᠣᠯᠵᠤ ᠬᠠᠷᠠᠬᠤ ᠦᠭᠡᠢ ᠪᠣᠯᠪᠠ᠃ 
       ᠠᠷᠢᠬᠪᠥᠶ᠋ᠬᠡ ᠭᠤᠷᠪᠠ ᠳᠠᠬᠢᠨ ᠳᠠᠭᠠᠷᠢᠭᠠᠳ ᠠᠷᠭ᠎ᠠ ᠦᠭᠡᠢ ᠬᠦᠴᠦᠨ ᠳ᠋ᠦ᠍ ᠳᠠᠷᠤᠭᠳᠠᠨ ᠤᠬᠤᠷᠢᠯ᠎ᠠ᠃ ᠬᠤᠪᠢᠯᠠᠢ ᠶ᠋ᠢᠨ ᠴᠡᠷᠢᠭ ᠨᠢ ᠴᠦ᠍ ᠪᠠᠰᠠ ᠰᠣᠬᠣᠷᠠᠭᠰᠠᠨ ᠪᠣᠯᠪᠠᠴᠤ ᠡᠩᠨᠡᠭᠡ ᠪᠡᠨ ᠵᠠᠳᠠᠯᠬᠤ ᠥᠬᠡᠢ᠂ ᠳᠠᠪᠬᠤᠷ ᠳᠠᠪᠬᠤᠷ ᠬᠦᠷᠢᠶ᠎ᠡ ᠪᠤᠰᠬᠠᠨ ᠣᠷᠢᠯᠠᠯᠳᠤᠵᠤ᠂ ᠪᠡᠶ᠎ᠡ ᠪᠡᠶ᠎ᠡ ᠪᠡᠨ ᠳᠠᠭᠤᠳᠠᠵᠤ ᠣᠯᠤᠭᠠᠳ ᠲᠤᠯᠤᠯᠳᠤᠨ᠎ᠠ᠃ ᠲᠡᠭᠦᠨ ᠦ᠌ ᠴᠡᠷᠢᠭ ᠦ᠋ᠨ ᠨᠡᠯᠢᠶᠡᠳ ᠬᠡᠰᠡᠭ ᠨᠢ ᠬᠢᠲᠠᠳ ᠪᠣᠯᠬᠤ ᠨᠢ ᠳᠠᠭᠤ ᠪᠠᠷ ᠢ᠋ᠶ᠋ᠠᠨ ᠲᠠᠨᠢᠭᠳᠠᠵᠤ ᠪᠠᠢᠪᠠ᠃ 
       ᠲᠤᠯᠤᠯᠳᠤᠭᠠᠨ ᠦᠳᠡᠰᠢ ᠪᠦᠷᠦᠢ ᠪᠣᠯᠲᠠᠯ᠎ᠠ ᠦᠷᠭᠦᠯᠵᠢᠯᠡᠭᠡᠳ᠂ ᠠᠷᠢᠬᠪᠥᠶ᠋ᠬᠡ ᠶ᠋ᠢᠨ ᠴᠡᠷᠢᠭ ᠰᠠᠷᠨᠢᠨ ᠤᠬᠤᠷᠢᠵᠤ ᠬᠥᠰᠢᠭᠡᠨ ᠠᠭᠤᠯᠠ ᠶ᠋ᠢᠨ ᠪᠠᠷᠠᠭᠤᠨ ᠵᠡᠭᠦᠨ ᠰᠤᠭᠤ ᠪᠠᠷ ᠭᠡᠳᠡᠷᠭᠦ ᠪᠤᠴᠠᠬᠤ ᠵᠠᠮ ᠳ᠋ᠤ᠌ ᠥᠪᠡᠷ ᠦ᠋ᠨ ᠡᠷᠬᠡ ᠦᠭᠡᠢ ᠣᠷᠣᠯ᠎ᠠ᠃ ᠦᠯᠡᠮᠵᠢ ᠬᠡᠰᠡᠭ ᠨᠢ ᠠᠯᠠᠭᠳᠠᠭᠰᠠᠨ ᠪᠣᠯᠤᠯᠲᠠᠢ᠃ ᠳᠠᠢᠰᠤᠨ ᠤ᠋ ᠲᠠᠯ᠎ᠠ ᠴᠦ᠍ ᠶᠡᠬᠡᠬᠡᠨ ᠬᠣᠬᠢᠷᠠᠯ ᠬᠦᠯᠢᠶᠡᠭᠰᠡᠨ ᠪᠣᠯᠪᠠᠴᠤ ᠬᠥᠮᠦᠨ ᠦ᠌ ᠲᠣᠭ᠎ᠠ ᠪᠠᠷ ᠬᠣᠯᠠ ᠢᠯᠡᠭᠦᠦ ᠤᠴᠢᠷ ᠦᠯᠡᠳᠡᠭᠰᠡᠳ ᠨᠢ ᠳᠠᠪᠠᠭᠤ ᠪᠠᠢᠳᠠᠯᠲᠠᠢ ᠪᠠᠢᠪᠠ᠃ ᠠᠷᠢᠬᠪᠥᠶ᠋ᠬᠡ ᠶ᠋ᠢᠨ ᠴᠡᠷᠢᠭ ᠦ᠋ᠨ ᠳᠠᠭᠠᠭᠠᠮᠠᠯ ᠤ᠋ᠳ ᠠ᠋ᠴᠠ ᠨᠡᠯᠢᠶᠡᠳ ᠨᠢ ᠰᠤᠷᠠᠭ ᠦᠭᠡᠢ ᠠᠯᠠᠭ᠎ᠠ ᠪᠣᠯᠤᠭᠰᠠᠨ ᠨᠢ ᠡᠯᠡᠰᠦᠨ ᠰᠢᠭᠤᠷᠭ᠎ᠠ ᠪᠠᠷ ᠡᠨᠳᠡᠭᠰᠡᠨ ᠪᠣᠯᠤᠯᠲᠠᠢ᠃ 
       ᠠᠷᠢᠬᠪᠥᠶ᠋ᠬᠡ ᠨᠢᠳᠦᠨ ᠳ᠋ᠦ᠍ ᠣᠷᠣᠭᠰᠠᠨ ᠰᠢᠷᠣᠢ ᠪᠠᠨ ᠠᠷᠴᠢᠭᠠᠳ᠂ ᠮᠡᠬᠡ ᠪᠠᠷᠠᠳᠠᠭᠰᠠᠨ ᠶᠠᠩᠵᠤᠲᠠᠢ ᠵᠣᠭᠰᠣᠵᠤ ᠪᠠᠢᠬᠤ ᠳ᠋ᠤ᠌ ᠨᠢ ᠬᠥᠭᠰᠢᠨ ᠳᠣᠷᠭᠣᠨ ᠴᠢᠩᠰᠠᠩ ᠳᠠᠪᠬᠢᠨ ᠢᠷᠡᠵᠦ ᠶᠠᠪᠠᠭᠠᠯᠠᠨ ᠠᠭᠤᠯᠵᠠᠭᠠᠳ᠄ 
       — ᠪᠤᠤ ᠭᠤᠳᠤᠷᠠᠭᠠᠷᠠᠢ! ᠳᠣᠯᠣᠭ᠎ᠠ ᠳᠣᠣᠷᠠᠳᠠᠵᠤ ᠨᠠᠢ᠍ᠮᠠ ᠰᠡᠭᠡᠳᠡᠭ ᠤᠴᠢᠷ ᠴᠦ᠍ ᠪᠣᠢ᠃ ᠡᠷ᠎ᠡ ᠬᠥᠮᠦᠨ ᠦ᠌ ᠵᠠᠮ ᠤ᠋ᠨ ᠬᠦᠵᠦᠭᠦᠦ ᠤᠷᠲᠤ ᠭᠡᠵᠦ ᠬᠡᠯᠡᠭᠡᠳ᠂ ᠥᠷᠦᠪᠴᠢᠨ ᠰᠡᠳᠬᠢᠯ ᠢ᠋ᠶ᠋ᠡᠷ ᠲᠡᠪᠡᠷᠢᠨ ᠠᠪᠴᠤ ᠦᠨᠦᠰᠴᠡᠢ᠃ ᠬᠠᠷᠠᠬᠣᠷᠣᠮ ᠤ᠋ᠨ ᠦᠯᠡᠳᠡᠭᠰᠡᠨ ᠴᠡᠷᠢᠭ ᠠᠮᠢ ᠲᠡᠭᠦᠰ ᠲᠥᠷᠥᠭᠰᠡᠨ ᠨᠤᠲᠤᠭ ᠤ᠋ᠨ ᠢ᠋ᠶ᠋ᠠᠨ ᠵᠦᠭ ᠵᠣᠭᠰᠣᠭ᠎ᠠ ᠵᠠᠢ ᠦᠭᠡᠢ ᠤᠬᠤᠷᠢᠨ ᠴᠤᠪᠤᠪᠠ᠃ ᠲᠡᠳᠡᠨ ᠢ᠋ ᠬᠡᠨ ᠴᠦ᠍ ᠬᠣᠷᠢᠭᠯᠠᠨ ᠰᠠᠭᠠᠲᠠᠭᠤᠯᠤᠭᠰᠠᠨ ᠦᠭᠡᠢ᠃  
       ᠬᠤᠪᠢᠯᠠᠢ ᠶ᠋ᠢᠨ ᠴᠡᠷᠢᠭ ᠬᠥᠰᠢᠭᠡᠨ ᠠᠭᠤᠯᠠ ᠶ᠋ᠢ ᠳᠠᠪᠠᠵᠤ ᠠᠷᠤ ᠠ᠋ᠴᠠ ᠨᠢ ᠬᠥᠭᠡᠭᠡᠬᠦ ᠲᠡᠩᠬᠡᠭᠡ ᠦᠭᠡᠢ ᠪᠣᠯᠤᠭᠰᠠᠨ ᠤᠴᠢᠷ ᠲᠡᠨᠳᠡ ᠪᠡᠨ ᠤᠲᠤᠭ᠎ᠠ ᠲᠠᠯᠪᠢᠨ ᠬᠣᠴᠣᠷᠤᠯ᠎ᠠ᠃ ᠬᠣᠶᠠᠷ ᠲᠠᠯ᠎ᠠ ᠶ᠋ᠢᠨ ᠴᠡᠷᠢᠭ ᠦ᠋ᠨ ᠬᠦᠴᠦᠨ ᠲᠡᠩᠴᠡᠭᠦᠷᠢ ᠦᠭᠡᠢ᠂ ᠬᠠᠷᠠᠬᠣᠷᠣᠮ ᠤ᠋ᠨ ᠲᠠᠯ᠎ᠠ ᠡᠯᠡᠰᠦᠨ ᠰᠢᠭᠤᠷᠭᠠᠨ ᠳ᠋ᠤ᠌ ᠨᠡᠷᠪᠡᠭᠳᠡᠬᠦ ᠳ᠋ᠦ᠍ ᠬᠤᠪᠢᠯᠠᠢ ᠲᠠᠢᠯᠵᠤ᠂ ᠲᠡᠭᠦᠨ ᠢ᠋ ᠪᠡᠨ《ᠲᠩᠷᠢ ᠶ᠋ᠢᠨ ᠠᠪᠤᠷᠠᠯ》 ᠭᠡᠵᠦ ᠬᠥᠭᠡᠷᠦᠨ ᠴᠣᠬᠢᠭᠤᠯᠵᠠᠢ᠃ ᠠᠷᠢᠬᠪᠥᠶ᠋ᠬᠡ ᠶ᠋ᠢᠨ ᠠᠮᠢᠳᠤ ᠦᠯᠡᠳᠡᠭᠰᠡᠨ ᠨᠢᠭᠡᠨ ᠲᠦᠮᠡᠲᠦ ᠣᠷᠴᠢᠮ ᠴᠡᠷᠢᠭ ᠨᠢ ᠵᠠᠮ ᠳ᠋ᠤ᠌ ᠳᠣᠯᠣᠭ᠎ᠠ ᠬᠣᠨᠣᠭ ᠠᠶᠠᠯᠠᠨ ᠶᠠᠪᠤᠭᠰᠠᠭᠠᠷ ᠨᠡᠢᠰᠯᠡᠯ ᠳ᠋ᠦ᠍ ᠪᠡᠨ ᠢᠷᠡᠭᠰᠡᠨ ᠳᠣᠣᠷ᠎ᠠ ᠪᠠᠨ ᠬᠤᠪᠢᠯᠠᠢ ᠠ᠋ᠴᠠ ᠰᠡᠷᠡᠮᠵᠢᠯᠡᠨ ᠬᠠᠭᠠᠯᠲᠠ ᠬᠠᠮᠠᠭᠠᠯᠠᠯᠲᠠ ᠶ᠋ᠢ ᠬᠣᠲᠠ ᠶ᠋ᠢᠨ ᠵᠠᠬ᠎ᠠ ᠪᠠᠷ ᠪᠠᠢᠭᠤᠯᠵᠤ ᠡᠬᠢᠯᠡᠭᠰᠡᠨ ᠠᠵᠢ᠃ 
       ᠥᠩᠭᠡᠷᠡᠭᠡᠭᠰᠡᠨ ᠲᠤᠯᠤᠯᠳᠤᠭᠠᠨ ᠤ᠋ ᠦᠶ᠎ᠡ ᠪᠡᠷ ᠬᠣᠶᠠᠷ ᠲᠠᠯ᠎ᠠ ᠪᠠᠷ ᠪᠡᠶ᠎ᠡ ᠪᠠᠶᠠᠨ ᠠ᠋ᠴᠠ ᠪᠠᠨ ᠵᠠᠷᠢᠮ ᠴᠥᠭᠡᠨ ᠴᠡᠷᠢᠭ ᠳᠠᠭᠠᠭᠠᠮᠠᠯ ᠣᠯᠵᠠᠯᠠᠨ ᠠᠪᠤᠭᠰᠠᠨ ᠨᠢ ᠶᠠᠮᠠᠷ ᠴᠦ᠍ ᠲᠡᠢᠨ ᠦ᠌ ᠶᠠᠪᠤᠴᠠ ᠳ᠋ᠤ᠌ ᠭᠠᠷᠳᠠᠭ ᠵᠦᠢᠯ ᠪᠢᠯᠡ᠃ ᠪᠠᠷᠢᠭᠳᠠᠵᠤ ᠬᠠᠷᠠᠬᠣᠷᠣᠮ ᠳ᠋ᠤ᠌ ᠲᠠᠭᠤᠭᠳᠠᠨ ᠢᠷᠡᠭᠰᠡᠨ ᠬᠢᠲᠠᠳ ᠨᠢᠭᠡ ᠳᠠᠭᠠᠭᠠᠮᠠᠯ ᠢ᠋ ᠪᠠᠢᠴᠠᠭᠠᠪᠠᠯ ᠥᠴᠢᠭ ᠨᠢ ᠰᠣᠨᠢᠨ᠄
       — ᠬᠤᠪᠢᠯᠠᠢ ᠵᠠᠬᠢᠷᠤᠭᠴᠢ ᠶ᠋ᠢᠨ ᠴᠡᠷᠢᠭ ᠲᠦ᠍ ᠬᠢᠲᠠᠳ ᠴᠡᠷᠢᠭ ᠬᠣᠶᠠᠷ ᠲᠦᠮᠡ ᠢᠯᠡᠭᠦᠦ ᠶᠠᠪᠤᠵᠤ ᠪᠠᠢᠭ᠎ᠠ᠃ ᠪᠢᠳᠡ ᠥᠪᠡᠷ ᠦ᠋ᠨ ᠳᠠᠭᠠᠭᠠᠮᠠᠯ ᠠ᠋ᠴᠠ ᠨᠢᠭᠤᠴᠠ ᠪᠠᠷ ᠠᠪᠤᠭᠰᠠᠨ ᠲᠤᠰᠢᠶᠠᠯ ᠳ᠋ᠤ᠌ ᠪᠠᠨ《ᠬᠢᠲᠠᠳ ᠴᠡᠷᠢᠭ ᠠᠮᠢ ᠬᠠᠢᠷ᠎ᠠ ᠦᠭᠡᠢ ᠪᠠᠢᠯᠳᠤᠵᠤ ᠪᠠᠢᠭ᠎ᠠ ᠪᠠᠢᠳᠠᠯ ᠢ᠋ ᠢᠯᠡᠳᠲᠡ ᠦᠵᠡᠭᠦᠯᠦᠨ᠂ ᠬᠣᠶᠠᠷ ᠲᠠᠯ᠎ᠠ ᠠ᠋ᠴᠠ ᠭᠠᠷᠴᠤ ᠵᠥᠷᠢᠯᠳᠦᠨ ᠪᠠᠢᠭ᠎ᠠ ᠮᠣᠩᠭᠣᠯ ᠴᠡᠷᠢᠭ ᠢ᠋ ᠳᠠᠢᠰᠤᠨ ᠤ᠋ ᠲᠠᠯ᠎ᠠ᠂ ᠮᠠᠨ ᠤ᠋ ᠲᠠᠯ᠎ᠠ ᠭᠡᠵᠦ ᠢᠯᠭᠠᠯ ᠦᠭᠡᠢ ᠣᠯᠠᠨ ᠢ᠋ᠶ᠋ᠠᠷ ᠦᠬᠦᠭᠦᠯᠬᠦ ᠶ᠋ᠢ ᠬᠢᠴᠢᠶᠡᠬᠦ ᠶᠣᠰᠣᠲᠠᠢ》 ᠭᠡᠰᠡᠨ ᠭᠡᠪᠡ᠃ 
       — ᠶᠠᠭᠠᠬᠢᠭᠠᠳ ᠲᠠ ᠨᠠᠷ ᠥᠪᠡᠷᠰᠡᠳ ᠦ᠋ᠨ ᠢ᠋ᠶ᠋ᠡᠨ ᠠᠮᠢ ᠶ᠋ᠢ ᠬᠠᠢᠷᠠᠯᠠᠬᠤ ᠦᠭᠡᠢ ᠶᠠᠪᠤᠵᠤ ᠮᠣᠩᠭᠣᠯ ᠬᠠᠭᠠᠨ ᠬᠡᠮᠡᠬᠦ ᠵᠠᠬᠢᠷᠤᠭᠴᠢ ᠶ᠋ᠢᠨ ᠲᠥᠯᠥᠭᠡ ᠦᠬᠦᠨ ᠲᠤᠯᠤᠯᠳᠤᠳᠠᠭ ᠪᠢᠯᠡ? ᠡᠨᠡ ᠶᠠᠮᠠᠷ ᠤᠴᠢᠷ ᠲᠠᠢ ᠪᠣᠢ? 
       — ᠠᠢ᠂ ᠪᠢᠳᠡᠨ ᠦ᠌ ᠬᠢᠲᠠᠳ ᠴᠡᠷᠢᠭ ᠶᠡᠬᠡ ᠰᠠᠢᠨ ᠲᠤᠯᠤᠯᠳᠤᠪᠠᠯ ᠮᠣᠩᠭᠣᠯ ᠮᠣᠩᠭᠣᠯ ᠢ᠋ ᠪᠡᠨ ᠣᠯᠠᠨ ᠢ᠋ᠶ᠋ᠠᠷ  ᠬᠢᠳᠤᠨ᠎ᠠ᠃ ᠪᠢᠳᠡ ᠬᠢᠲᠠᠳ ᠢ᠋ ᠪᠢᠰᠢ ᠮᠣᠩᠭᠣᠯ ᠢ᠋ ᠬᠣᠷᠣᠭᠠᠵᠤ ᠶᠠᠪᠤᠭ᠎ᠠ ᠪᠣᠯᠬᠣᠷ ᠶᠠᠭᠤ ᠶ᠋ᠢ ᠨᠢ ᠬᠠᠢᠷᠠᠯᠠᠬᠤ ᠪᠣᠢ? ᠮᠠᠨ ᠤ᠋ ᠬᠢᠲᠠᠳ ᠴᠡᠷᠢᠭ ᠬᠡᠳᠦ ᠦᠬᠦᠵᠦ᠂ ᠮᠣᠩᠭᠣᠯ ᠨᠢᠭᠡ ᠠᠯᠠᠭᠳᠠᠵᠤ ᠪᠠᠢᠯ᠎ᠠ ᠭᠡᠬᠦ ᠳ᠋ᠦ᠍ ᠡᠴᠦᠰ ᠲᠦ᠍ ᠪᠡᠨ ᠪᠢᠳᠡᠨ ᠳ᠋ᠦ᠍ ᠠᠰᠢᠭᠲᠠᠢ ᠪᠣᠯᠤᠨ᠎ᠠ᠃ ᠤᠴᠢᠷ ᠨᠢ ᠮᠣᠩᠭᠣᠯ ᠴᠥᠭᠡᠬᠡᠨ ᠪᠢᠳᠡ ᠣᠯᠠᠨ ᠭᠡᠵᠦ ᠶᠡᠬᠡ ᠳᠠᠭᠠᠭᠠᠮᠠᠯ ᠬᠡᠯᠡᠳᠡᠭ ᠭᠡᠵᠦ ᠮᠠᠨ ᠤ᠋ ᠳᠠᠭᠠᠭᠠᠮᠠᠯ ᠪᠠᠰᠠ ᠬᠡᠯᠡᠳᠡᠭ ᠭᠡᠨ᠎ᠡ ᠪᠢᠯᠡ᠃ ᠪᠢᠳᠡ ᠲᠡᠷᠡ ᠦᠭᠡ ᠶ᠋ᠢ ᠳᠠᠭᠠᠳᠠᠭ  ᠭᠡᠵᠡᠢ᠃

          ᠦᠰᠦᠭ ᠠᠮᠢᠯᠠᠭᠤᠯᠤᠭᠰᠠᠨ ᠨᠢ᠄ ᠲᠡᠭᠷᠢ ᠡᠵᠢ᠂ ᠪᠠᠭᠠᠲᠤᠷ᠂ ᠳᠠᠪᠰᠢᠯᠲᠦ