ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠶᠢᠰᠦ> Элсэнд булагдсан сувдаа – П.Оюунгэрэл <9> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠶᠢᠰᠦ> Элсэнд булагдсан сувдаа – П.Оюунгэрэл <9>

ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠶᠢᠰᠦ> Элсэнд булагдсан сувдаа – П.Оюунгэрэл <9>

ᠠᠩᠭᠢᠯᠠᠯ:ᠲᠤᠭᠤᠵᠢ ᠷᠣᠮᠠᠨ
2026-09-30

19

ᠶᠢᠰᠦ


               ᠶᠢᠰᠦ  

       ᠬᠥᠮᠦᠨ ᠵᠤᠨ ᠤ᠋ ᠡᠭᠡᠯ ᠪᠣᠷᠣ ᠬᠣᠨᠣᠭ ᠡᠳᠦᠷ ᠦ᠋ᠳ ᠡᠭᠡᠯᠵᠢᠯᠡᠨ ᠪᠠᠢᠭᠰᠠᠭᠠᠷ ᠪᠠᠰᠠ ᠬᠡᠳᠦᠨ ᠵᠢᠯ ᠥᠩᠭᠡᠷᠡᠨ ᠣᠳᠴᠠᠢ᠃ ᠪᠦᠬᠦ ᠬᠤᠰᠢᠭᠤᠨ ᠤ᠋ ᠬᠡᠪᠴᠢᠶᠡᠨ ᠳ᠋ᠦ᠍ ᠵᠥᠩᠳᠡᠭᠡᠨ ᠶᠡᠬᠡ ᠬᠤᠪᠢᠷᠠᠯᠲᠠ ᠥᠭᠡᠷᠡᠴᠢᠯᠡᠯᠲᠡ ᠭᠠᠷᠴᠤ ᠪᠠᠢᠯ᠎ᠠ᠃ ᠤᠤᠯ ᠤ᠋ᠨ ᠬᠣᠰᠢᠭᠤ ᠨᠠᠮ ᠵᠠᠰᠠᠭ ᠤ᠋ᠨ ᠤᠳᠤᠷᠢᠳᠬᠤ ᠪᠠᠭ ᠰᠢᠨ᠎ᠡ ᠪᠡᠷ ᠰᠣᠯᠢᠭᠳᠠᠵᠤ᠂ ᠤᠤᠯ ᠤ᠋ᠨ ᠲᠡᠷᠡ ᠬᠦ᠌ ᠠᠵᠤ ᠠᠬᠤᠢ ᠶ᠋ᠢᠨ ᠳᠠᠮᠫᠤᠷᠠᠭᠰᠠᠨ ᠪᠠᠢᠳᠠᠯ ᠥᠭᠡᠷᠡᠴᠢᠯᠡᠭᠳᠡᠵᠦ᠂ ᠬᠣᠲᠠ ᠪᠠᠯᠭᠠᠰᠤᠵᠢᠭᠤᠯᠤᠯᠲᠠ ᠶ᠋ᠢᠨ ᠪᠦᠲᠦᠭᠡᠨ ᠪᠠᠢᠭᠤᠯᠤᠯᠲᠠ ᠦᠳᠲᠡᠷ ᠲᠦᠷᠭᠡᠨ ᠬᠥᠭᠵᠢᠵᠦ᠂ ᠠᠵᠢᠯᠲᠠᠨ ᠠᠯᠪᠠᠲᠠᠨ ᠤ᠋ ᠴᠠᠯᠢᠩ ᠮᠥᠩᠭᠥ ᠲᠣᠭᠲᠠᠭᠰᠠᠨ ᠴᠠᠭ ᠲᠠᠭᠠᠨ ᠲᠠᠯᠪᠢᠬᠤ ᠪᠣᠯᠤᠭᠰᠠᠨ ᠪᠥᠭᠡᠳ ᠴᠠᠯᠢᠩ ᠹᠦᠩᠯᠦ ᠴᠦ᠍ ᠬᠠᠷᠢᠴᠠᠩᠭᠤᠢ ᠪᠠᠷ ᠥᠰᠴᠦ ᠨᠡᠮᠡᠭᠳᠡᠭᠰᠡᠭᠡᠷ ᠪᠠᠢᠯ᠎ᠠ᠃ 
       ᠬᠣᠰᠢᠭᠤ ᠪᠠᠯᠭᠠᠰᠤᠨ ᠤ᠋ ᠰᠤᠷᠭᠠᠭᠤᠯᠢ ᠨᠤᠭᠤᠳ ᠢ᠋ ᠥᠷᠭᠡᠳᠬᠡᠨ ᠪᠠᠢᠭᠤᠯᠵᠤ ᠴᠥᠮ ᠠᠰᠠᠷ ᠲᠠᠭᠲᠤ ᠳ᠋ᠤ᠌ ᠨᠡᠭᠦᠨ ᠣᠷᠣᠭᠰᠠᠨ ᠪᠥᠭᠡᠳ ᠡᠯ᠎ᠡ ᠰᠤᠮᠤᠨ ᠤ᠋ ᠰᠤᠷᠭᠠᠭᠤᠯᠢ ᠨᠤᠭᠤᠳ ᠢ᠋ ᠬᠤᠰᠢᠭᠤᠨ ᠤ᠋ ᠰᠤᠷᠭᠠᠭᠤᠯᠢ ᠳ᠋ᠤ᠌ ᠰᠢᠯᠵᠢᠭᠦᠯᠦᠨ ᠨᠡᠢᠯᠡᠭᠦᠯᠦᠭᠰᠡᠨ ᠡᠴᠡ ᠮᠣᠩᠭᠣᠯ ᠪᠠᠭ᠎ᠠ ᠰᠤᠷᠭᠠᠭᠤᠯᠢ ᠶ᠋ᠢᠨ ᠰᠤᠷᠤᠭᠴᠢᠳ ᠤ᠋ᠨ ᠲᠣᠭ᠎ᠠ ᠠᠷᠪᠢᠳᠴᠤ ᠪᠠᠭᠰᠢ ᠠᠵᠢᠯᠲᠠᠨ ᠨᠡᠮᠡᠭᠳᠡᠭᠡᠳ ᠵᠠᠭᠤ ᠭᠠᠷᠤᠢ ᠪᠣᠯᠵᠠᠢ᠃ ᠤᠤᠯ ᠤ᠋ᠨ ᠳᠠᠷᠤᠭ᠎ᠠ ᠵᠠᠬᠢᠷᠤᠯ ᠨᠠᠷ ᠴᠥᠮ ᠰᠢᠯᠵᠢᠵᠦ ᠶᠠᠪᠤᠬᠤ ᠪᠤᠶᠤ ᠰᠡᠵᠢᠮ᠎ᠡ᠂ ᠡᠯᠪᠡᠭ ᠵᠡᠷᠭᠡ ᠳᠠᠷᠤᠭ᠎ᠠ ᠨᠠᠷ ᠠᠵᠢᠯ ᠤ᠋ᠨ ᠠᠮᠠᠷᠠᠯᠲᠠ ᠪᠠᠨ ᠠᠪᠴᠠᠢ᠃ 
       ᠰᠢᠨ᠎ᠡ ᠪᠡᠷ ᠰᠢᠯᠵᠢᠵᠦ ᠢᠷᠡᠭᠰᠡᠨ ᠮᠡᠳᠡᠯᠲᠦ ᠵᠠᠬᠢᠷᠤᠯ ᠨᠢ ᠮᠡᠳᠡᠯᠭᠡ ᠪᠣᠯᠪᠠᠰᠤᠷᠠᠯ ᠲᠠᠢ᠂ ᠯᠠᠪᠳᠠᠭᠤᠨ ᠬᠢᠨᠠᠮᠠᠭᠠᠢ ᠬᠥᠮᠦᠨ ᠪᠠᠢᠵᠤ᠂ ᠮᠠᠰᠢ ᠰᠡᠷᠭᠡᠭ ᠬᠤᠷᠴᠠ ᠠᠵᠤ ᠠᠬᠤᠢ ᠶ᠋ᠢᠨ ᠲᠠᠷᠢᠬᠢ ᠲᠠᠢ ᠬᠥᠮᠦᠨ ᠪᠠᠢᠭᠰᠠᠨ ᠤ᠋ ᠰᠠᠢᠨ ᠢ᠋ᠶ᠋ᠠᠷ ᠬᠣᠰᠢᠭᠤ ᠦᠨᠳᠦᠰᠦᠲᠡᠨ ᠦ᠌ ᠮᠣᠩᠭᠣᠯ ᠪᠠᠭ᠎ᠠ ᠰᠤᠷᠭᠠᠭᠤᠯᠢ ᠮᠠᠨᠢ ᠠᠵᠤ ᠠᠬᠤᠢ᠂ ᠠᠷᠤ ᠲᠠᠯ᠎ᠠ ᠶ᠋ᠢᠨ ᠵᠢᠭᠠᠨ ᠰᠤᠷᠭᠠᠯᠲᠠ ᠶ᠋ᠢᠨ ᠲᠠᠯ᠎ᠠ ᠪᠠᠷ ᠯᠤᠲᠤ ᠶᠡᠬᠡ ᠬᠤᠪᠢᠷᠠᠯᠲᠠ ᠭᠠᠷᠴᠤ ᠡᠬᠢᠯᠡᠵᠡᠢ᠃ ᠪᠦᠬᠦ ᠤᠯᠤᠰ ᠤ᠋ᠨ ᠬᠡᠪᠴᠢᠶᠡᠨ ᠳ᠋ᠦ᠍ ᠬᠡᠪ ᠴᠢᠨᠠᠷ ᠤ᠋ᠨ ᠰᠤᠷᠭᠠᠨ ᠬᠥᠮᠦᠵᠢᠯ ᠢ᠋ ᠲᠦᠭᠡᠮᠡᠯᠵᠢᠭᠦᠯᠬᠦ ᠥᠷᠨᠢᠯᠲᠡ ᠭᠠᠷᠴᠤ ᠤᠳᠤᠮᠰᠢᠯᠲᠤ ᠵᠢᠭᠠᠨ ᠰᠤᠷᠭᠠᠯᠲᠠ᠎ᠠ᠋ᠴᠠ ᠪᠠᠨ ᠴᠠᠬᠢᠯᠭᠠᠨᠵᠢᠭᠰᠠᠨ ᠵᠢᠭᠠᠨ ᠰᠤᠷᠭᠠᠯᠲᠠ ᠳ᠋ᠤ᠌ ᠣᠷᠣᠵᠤ᠂ ᠪᠠᠭᠰᠢᠨᠠᠷ ᠤ᠋ᠨ ᠮᠡᠳᠡᠯᠭᠡ ᠪᠣᠯᠪᠠᠰᠤᠷᠠᠯ ᠢ᠋ ᠳᠡᠭᠡᠭᠰᠢᠯᠡᠭᠦᠯᠬᠦ ᠣᠯᠠᠨ ᠲᠠᠯ᠎ᠠ ᠶ᠋ᠢᠨ ᠠᠷᠭ᠎ᠠ ᠠᠪᠴᠠᠯ ᠪᠣᠢ ᠪᠣᠯᠭᠠᠵᠤ᠂ ᠴᠢᠳᠠᠪᠤᠷᠢ ᠲᠠᠢ ᠨᠢ ᠴᠢᠳᠠᠪᠤᠷᠢ ᠪᠠᠷ ᠢ᠋ᠶ᠋ᠠᠨ᠂ ᠮᠡᠷᠭᠡᠵᠢᠯ ᠲᠡᠢ ᠨᠢ ᠮᠡᠷᠭᠡᠵᠢᠯ ᠢ᠋ᠶ᠋ᠡᠷ ᠢ᠋ᠶ᠋ᠡᠨ ᠴᠢᠯᠥᠭᠡᠲᠡᠢ ᠥᠷᠢᠰᠦᠯᠳᠦᠨ ᠶᠠᠭᠠᠷᠠᠯᠲᠠᠢ ᠠᠵᠢᠯᠯᠠᠬᠤ ᠪᠤᠯᠵᠠᠭᠠᠪᠠ᠃ ᠡᠨᠡ ᠦᠶ᠎ᠡ ᠳ᠋ᠦ᠍ ᠮᠥᠨ ᠬᠦ᠌ ᠬᠣᠶᠠᠷ ᠦᠨᠳᠦᠰᠦᠨ ᠦ᠌ ᠪᠠᠷᠢᠮᠵᠢᠶ᠎ᠠ ᠳ᠋ᠤ᠌ ᠬᠦᠷᠬᠦ ᠰᠢᠯᠭᠠᠷᠠᠭᠤᠯᠤᠯᠲᠠ ᠪᠠᠢᠴᠠᠭᠠᠯᠲᠠ ᠶ᠋ᠢ ᠭᠡᠲᠦᠯᠬᠦ ᠭᠡᠵᠦ ᠪᠠᠭᠰᠢᠨᠠᠷ ᠲᠣᠯᠣᠭᠠᠢ ᠥᠨᠳᠡᠢᠯ ᠦᠭᠡᠢ ᠪᠤᠵᠢᠭᠢᠨᠠᠯᠳᠤᠨ ᠶᠠᠭᠠᠷᠠᠭᠰᠠᠭᠠᠷ ᠰᠢᠨ᠎ᠡ ᠮᠢᠩᠭᠠᠨ ᠤ᠋ ᠠᠩᠬᠠᠨ ᠤ᠋ ᠡᠭᠦᠳᠡ ᠶ᠋ᠢ ᠨᠡᠭᠡᠭᠡᠵᠡᠢ᠃ ᠵᠠᠭᠤᠨ ᠰᠤᠨᠳᠠᠯᠠᠭᠰᠠᠨ ᠬᠡᠳᠦᠨ ᠠᠷᠪᠠᠨ ᠵᠢᠯ ᠡᠢᠨ ᠬᠦ᠌ ᠥᠩᠭᠡᠷᠡᠨ ᠣᠳᠴᠤ᠂ ᠴᠣ ᠰᠢᠨ᠎ᠡ ᠨᠢᠭᠡᠨ ᠵᠠᠭᠤᠨ ᠤ᠋ ᠬᠥᠰᠢᠭᠡ ᠰᠡᠬᠦᠭᠳᠡᠯ᠎ᠡ᠃ 
       ᠭᠠᠪᠢᠷ᠎ᠠ ᠶ᠋ᠢᠨ ᠬᠡᠦᠬᠡᠳ ᠦ᠋ᠳ ᠴᠥᠮ ᠥᠰᠴᠦ ᠥᠭᠡᠯᠡᠢ ᠪᠣᠯᠤᠯ᠎ᠠ᠃ ᠮᠥᠨ ᠬᠦ᠌ ᠭᠡᠷ ᠦ᠋ᠨ ᠬᠦᠴᠢᠷᠳᠡᠯ ᠡᠴᠡ ᠪᠡᠨ ᠪᠣᠯᠵᠤ ᠶᠡᠬᠡ ᠳᠡᠭᠡᠳᠦ ᠰᠤᠷᠭᠠᠭᠤᠯᠢ ᠳ᠋ᠤ᠌ ᠣᠷᠣᠵᠤ ᠦᠷᠭᠦᠯᠵᠢᠯᠡᠨ ᠰᠤᠷᠤᠯᠴᠠᠵᠤ ᠴᠢᠳᠠᠭᠰᠠᠨ ᠦᠭᠡᠢ ᠪᠣᠯᠪᠠᠴᠤ ᠥᠨᠳᠥᠷ ᠳᠤᠮᠳᠠᠳᠤ ᠪᠠᠨ ᠲᠡᠭᠦᠰᠬᠡᠭᠡᠳ ᠥᠪᠡᠷ ᠥᠪᠡᠷ ᠦ᠋ᠨ ᠳᠤᠷ᠎ᠠ ᠰᠣᠨᠢᠷᠬᠠᠯ ᠢ᠋ᠶ᠋ᠠᠷ ᠢ᠋ᠶ᠋ᠠᠨ ᠳᠠᠩᠴᠤ ᠡᠷᠲᠡ ᠨᠡᠢᠭᠡᠮ ᠦ᠋ᠨ ᠡᠷᠢᠶᠡᠨ ᠪᠠᠷᠠᠭᠠᠨ ᠤ᠋ ᠳᠤᠮᠳᠠᠭᠤᠷ ᠥᠪᠡᠷ ᠥᠪᠡᠷᠰᠡᠳ ᠦ᠋ᠨ ᠠᠶᠠᠨ ᠵᠠᠮ ᠢ᠋ᠶ᠋ᠠᠨ ᠡᠯᠭᠦᠵᠦ᠂ ᠪᠡᠭᠡᠵᠢᠩ᠂ ᠬᠥᠬᠡᠬᠣᠲᠠ ᠵᠡᠷᠭᠡ ᠣᠷᠣᠨ ᠳ᠋ᠤ᠌ ᠠᠷᠠᠯᠵᠢᠶ᠎ᠠ ᠬᠤᠳᠠᠯᠳᠤᠭᠠᠨ ᠤ᠋ ᠺᠣᠮᠫᠠᠨᠢ ᠨᠤᠭᠤᠳ ᠲᠤ᠌ ᠠᠵᠢᠯ ᠠᠯᠪᠠ ᠣᠯᠵᠤ᠂ ᠠᠮᠢ ᠪᠠᠨ ᠲᠡᠵᠢᠭᠡᠨ ᠡᠵᠢ ᠶ᠋ᠢᠨ ᠢ᠋ᠶ᠋ᠡᠨ ᠳᠠᠷᠤᠭᠠᠰᠤ ᠶ᠋ᠢ ᠬᠥᠩᠭᠡᠯᠡᠨ ᠪᠡᠶ᠎ᠡ ᠪᠡᠨ ᠳᠠᠭᠠᠭᠠᠵᠤ ᠠᠮᠢᠳᠤᠷᠠᠵᠤ ᠡᠬᠢᠯᠡᠵᠡᠢ᠃ ᠬᠣᠵᠢᠮ ᠨᠢ ᠲᠡᠨᠳᠡ ᠬᠠᠨᠢ ᠨᠥᠬᠥᠷ ᠲᠡᠢ ᠪᠣᠯᠵᠤ ᠶᠢᠰᠦᠨ ᠥᠩᠭᠡ ᠪᠡᠷ ᠪᠤᠴᠠᠯᠤᠭᠰᠠᠨ ᠶᠡᠬᠡ ᠬᠣᠲᠠᠨ ᠳ᠋ᠤ᠌ ᠰᠠᠭᠤᠷᠢᠰᠢᠨ ᠠᠮᠢᠳᠤᠷᠠᠭᠰᠠᠨ ᠨᠢ ᠨᠡᠯᠢᠶᠡᠳ ᠬᠡᠳᠦᠨ ᠵᠢᠯ ᠦ᠋ᠨ ᠳᠠᠷᠠᠭᠠᠬᠢ ᠤᠴᠢᠷ ᠶᠤᠮ᠃  ᠲᠡᠳᠡ ᠡᠵᠢ ᠶ᠋ᠢᠨ ᠢ᠋ᠶ᠋ᠡᠨ ᠴᠢᠩᠭ᠎ᠠ ᠬᠠᠲᠠᠭᠤ ᠰᠤᠷᠭᠠᠯ ᠳᠣᠣᠷ᠎ᠠ ᠡᠭᠡᠯ ᠪᠣᠷᠣᠭᠵᠢᠭᠤᠨ᠂ ᠠᠵᠢᠯᠴᠢ ᠬᠥᠳᠡᠯᠮᠦᠷᠢᠴᠢ᠂ ᠬᠦᠴᠢᠷ ᠵᠣᠪᠠᠭᠤᠷᠢ ᠳ᠋ᠤ᠌ ᠲᠡᠰᠪᠦᠷᠢ ᠳᠠᠭᠠᠭᠠᠴᠠ ᠲᠠᠢ᠂ ᠦᠨᠡᠨᠴᠢ ᠰᠢᠳᠤᠷᠭᠤ ᠬᠥᠮᠦᠨ ᠪᠣᠯᠤᠨ ᠬᠥᠮᠦᠵᠢᠵᠡᠢ᠃ ᠭᠠᠪᠢᠷ᠎ᠠ ᠬᠣᠵᠢᠮ ᠨᠢ《ᠪᠢ ᠬᠡᠦᠬᠡᠳ ᠦ᠋ᠳ ᠢ᠋ᠶ᠋ᠡᠨ ᠶᠡᠬᠡ ᠳᠡᠭᠡᠳᠦ ᠰᠤᠷᠭᠠᠭᠤᠯᠢ ᠳ᠋ᠤ᠌ ᠣᠷᠣᠭᠤᠯᠵᠤ ᠥᠨᠳᠥᠷ ᠳᠡᠰ ᠦ᠋ᠨ ᠪᠣᠯᠪᠠᠰᠤᠷᠠᠯ ᠬᠦᠷᠲᠡᠭᠡᠵᠦ ᠴᠢᠳᠠᠭ᠎ᠠ ᠦᠭᠡᠢ ᠴᠦ᠍ ᠬᠥᠮᠦᠨ ᠪᠣᠯᠬᠤ ᠶ᠋ᠢᠨ ᠶᠣᠰᠣ ᠤᠴᠢᠷ ᠢ᠋ ᠪᠣᠯ ᠲᠡᠳᠡᠨ ᠳ᠋ᠡᠭᠡᠨ ᠬᠠᠩᠭᠠᠮᠵᠢᠲᠠᠢ ᠬᠦᠷᠲᠡᠭᠡᠭᠰᠡᠨ ᠶᠦᠮ》 ᠭᠡᠳᠡᠭ ᠪᠠᠢᠯ᠎ᠠ᠃ 
       ᠣᠳᠣ ᠭᠠᠪᠢᠷ᠎ᠠ ᠨᠢᠭᠡᠨᠲᠡ ᠲᠠᠪᠢ ᠬᠣᠯᠠ ᠭᠠᠷᠴᠤ ᠰᠠᠨᠴᠢᠭ ᠤ᠋ᠨ ᠦᠰᠦᠨ ᠳ᠋ᠦ᠍ᠨᠢ ᠬᠢᠷᠠᠭᠤ ᠪᠠᠭᠤᠭᠰᠠᠨ ᠪᠣᠯᠪᠠᠴᠤ ᠵᠢᠪᠬᠤᠭ᠎ᠠ ᠲᠡᠭᠦᠰ ᠭᠢᠯᠠᠷᠠᠭᠤᠯᠵᠤ ᠶᠠᠪᠤᠨ᠎ᠠ᠃ ᠲᠡᠷᠡ ᠵᠣᠬᠢᠶᠠᠯ ᠪᠦᠲᠦᠭᠡᠯ ᠢ᠋ᠶ᠋ᠡᠨ ᠤᠷᠤᠯᠳᠤᠵᠤ᠂ ᠵᠣᠪᠠᠵᠤ ᠭᠠᠴᠢᠭᠳᠠᠬᠤ ᠵᠦᠢᠯ ᠦᠭᠡᠢ᠂ ᠪᠡᠭᠡᠵᠢᠩ ᠬᠣᠲᠠᠨ ᠳ᠋ᠤ᠌ ᠬᠦᠦ ᠪᠡᠷᠢ ᠲᠡᠢ ᠪᠡᠨ ᠬᠠᠮᠲᠤ ᠠᠮᠢᠳᠤᠷᠠᠵᠤ ᠪᠠᠢᠨ᠎ᠠ᠃ 
       ᠰᠢᠨ᠎ᠡ ᠮᠢᠩᠭᠠᠨ ᠤ᠋ ᠵᠢᠷᠭᠤᠳᠠᠬᠢ ᠣᠨ ᠤ᠋ ᠦᠶ᠎ᠡ ᠪᠡᠷ ᠲᠡᠷᠡ ᠭᠤᠴᠢ ᠭᠠᠷᠤᠢ ᠵᠢᠯ ᠠᠵᠢᠯᠯᠠᠵᠤ ᠠᠮᠢᠳᠤᠷᠠᠨ᠂ ᠠᠮᠢᠳᠤᠷᠠᠯ ᠤ᠋ᠨ ᠢ᠋ᠶ᠋ᠠᠨ ᠠᠩᠬ᠎ᠠ ᠪᠦᠬᠦᠨ ᠢ᠋ ᠡᠬᠢᠯᠡᠭᠦᠯᠦᠭᠰᠡᠨ ᠮᠥᠷᠲᠡᠭᠡᠨ ᠵᠢᠷᠭᠠᠯ ᠵᠣᠪᠠᠯᠠᠩ ᠢ᠋ ᠲᠡᠩᠴᠡᠭᠦᠬᠡᠨ ᠡᠳ᠋ᠯᠡᠵᠦ ᠶᠠᠪᠤᠭᠰᠠᠨ ᠭᠡᠯ᠎ᠡ ᠴᠦ᠍ ᠴᠢᠩ ᠵᠢᠷᠦᠬᠡᠨ ᠦ᠌ ᠤᠭ ᠡᠴᠡ ᠪᠡᠨ ᠬᠠᠢᠷᠠᠯᠠᠨ ᠪᠠᠬᠠᠳᠤᠵᠤ ᠶᠠᠪᠤᠳᠠᠭ ᠥᠨᠢᠷ ᠰᠠᠢᠬᠠᠨ ᠦᠵᠦᠮᠦᠴᠢᠨ ᠨᠤᠲᠤᠭ ᠡᠴᠡ ᠪᠡᠨ ᠠᠶᠠᠷᠯᠠᠨ ᠦᠳᠡᠯᠦᠭᠡ ᠨᠠᠰᠤ ᠪᠠᠨ ᠦᠷ᠎ᠡ ᠠᠴᠢᠨᠠᠷ ᠲᠠᠢ ᠪᠠᠨ ᠥᠩᠭᠡᠷᠡᠭᠦᠯᠬᠦ ᠪᠡᠷ ᠰᠢᠢᠳᠴᠡᠢ᠃ 
       ᠲᠡᠷᠡ ᠥᠨᠢᠷ ᠪᠠᠶᠠᠨ ᠦᠵᠦᠮᠦᠴᠢᠨ ᠨᠤᠲᠤᠭ ᠤ᠋ᠨ ᠢ᠋ᠶ᠋ᠠᠨ ᠬᠥᠷᠥᠰᠥ ᠰᠢᠷᠣᠢ ᠳ᠋ᠤ᠌ ᠬᠥᠯ ᠭᠢᠰᠬᠢᠭᠰᠡᠨ ᠡᠳᠦᠷ ᠡᠴᠡ ᠪᠡᠨ ᠡᠬᠢᠯᠡᠨ ᠰᠡᠴᠡᠨ ᠤᠬᠠᠭᠠᠨᠲᠤ ᠠᠷᠠᠳ ᠲᠦᠮᠡᠨ ᠦ᠌ ᠪᠡᠨ ᠬᠠᠢᠷ᠎ᠠ ᠲᠦᠰᠢᠭ ᠲᠦ᠍ ᠰᠡᠳᠬᠢᠯ ᠪᠠᠶᠠᠨ ᠶᠠᠪᠤᠭᠰᠠᠨ ᠶᠤᠮ᠃  ᠲᠡᠷᠡ᠂ ᠨᠥᠬᠥᠷ ᠦ᠋ᠨ ᠢ᠋ᠶ᠋ᠡᠨ ᠨᠠᠰᠤ ᠪᠠᠷᠠᠭᠰᠠᠨ ᠬᠣᠷᠢᠨ ᠲᠠᠪᠤᠨ ᠵᠢᠯ ᠦ᠋ᠨ ᠬᠢᠨᠢ ᠣᠢ ᠳᠡᠭᠡᠷ᠎ᠡ ᠬᠦᠦ ᠪᠡᠨ ᠳᠠᠭᠠᠭᠤᠯᠤᠨ ᠠᠪᠤ ᠶ᠋ᠢᠨ ᠬᠢᠨᠢ ᠪᠤᠩᠬᠤᠨ ᠳᠡᠭᠡᠷ᠎ᠡ ᠣᠴᠢᠬᠤ ᠳ᠋ᠠᠭᠠᠨ ᠬᠦᠦ ᠳ᠋ᠡᠭᠡᠨ — ᠡᠵᠢ ᠶ᠋ᠢᠨ ᠬᠢᠨᠢ ᠶᠠᠰᠤ ᠡᠨᠡ ᠨᠤᠲᠤᠭ ᠤ᠋ᠨ ᠬᠥᠷᠥᠰᠥᠨ ᠳ᠋ᠦ᠍ ᠰᠢᠩᠭᠡᠬᠦ ᠤᠴᠢᠷᠲᠠᠢ ᠭᠡᠮᠡᠨ ᠵᠠᠬᠢᠵᠠᠢ᠃ 
       ᠲᠡᠦᠬᠡ ᠶ᠋ᠢᠨ ᠡᠷᠭᠢᠯᠭᠡᠨ ᠳ᠋ᠦ᠍ ᠠᠯᠢᠪᠠ ᠶᠠᠭᠤᠮ᠎ᠠ ᠡᠭᠦᠰᠴᠦ ᠬᠥᠭᠵᠢᠬᠦ᠂ ᠥᠭᠡᠳᠡᠯᠡᠵᠦ ᠤᠷᠤᠭᠤᠳᠠᠬᠤ ᠪᠠ ᠮᠠᠨᠳᠤᠵᠤ ᠪᠠᠭᠤᠷᠠᠬᠤ ᠵᠢᠮ᠎ᠡ ᠲᠡᠢ ᠪᠣᠯᠬᠣᠷ ᠤᠬᠠᠭᠠᠨᠲᠤ ᠠᠷᠠᠳ ᠲᠦᠮᠡᠨ ᠮᠠᠨᠢ ᠲᠡᠦᠬᠡ ᠪᠡᠨ ᠲᠠᠰᠤᠷᠠᠯ ᠦᠭᠡᠢ ᠰᠢᠨᠡᠳᠬᠡᠨ ᠪᠢᠴᠢᠭᠯᠡᠬᠦ ᠨᠢ ᠳᠠᠮᠵᠢᠭ ᠦᠭᠡᠢ᠃ ᠰᠢᠵᠢᠷ ᠠᠯᠲᠠᠨ ᠴᠠᠭ ᠡᠷᠢᠨ ᠦ᠌ ᠬᠦᠰᠡᠯᠡᠩ ᠦ᠋ᠨ ᠵᠢᠯᠣᠭᠣ ᠪᠠᠨ ᠠᠳᠬᠤᠭᠰᠠᠨ ᠥᠪ ᠰᠣᠶᠣᠯ ᠤ᠋ᠨ ᠳᠠᠷᠬᠠᠨ ᠥᠯᠥᠭᠡᠢ— ᠦᠵᠦᠮᠦᠴᠢᠨ ᠦ᠌ ᠮᠢᠨᠢ ᠦᠢᠯᠡᠰ ᠢᠷᠡᠭᠡᠳᠦᠢ ᠥᠩ ᠴᠡᠩᠬᠡᠷ ᠠᠭᠤᠯᠠᠰ ᠤ᠋ᠨ ᠢ᠋ᠶ᠋ᠠᠨ ᠡᠯᠢᠭᠡᠨ ᠳ᠋ᠦ᠍ ᠭᠡᠷᠡᠯᠲᠦ ᠰᠤᠪᠤᠳ ᠰᠢᠭ᠋ ᠥᠨᠢ ᠮᠥᠩᠬᠡ ᠭᠢᠯᠠᠯᠵᠠᠬᠤ ᠨᠢ ᠯᠠᠪᠲᠠᠢ᠃ 
       ᠡᠯᠡᠰᠦᠨ ᠦ᠌ ᠳᠠᠪᠬᠤᠷᠭ᠎ᠠ ᠠ᠋ᠴᠠ ᠨᠢᠭᠡᠨ ᠮᠥᠬᠥᠯᠢᠭ ᠰᠤᠪᠤᠳ ᠭᠢᠯᠠᠯᠵᠠᠨ ᠢᠯᠡᠷᠡᠯ᠎ᠡ᠃ ᠡᠷᠲᠡ ᠶ᠋ᠢᠨ ᠨᠠᠷᠠᠨ ᠤ᠋ ᠬᠤᠷᠴᠠ ᠲᠤᠶᠠᠭᠠᠨ ᠳ᠋ᠤ᠌ ᠰᠣᠯᠣᠩᠭ᠎ᠠ ᠲᠡᠳᠡᠨ ᠭᠡᠷᠡᠯᠲᠦᠨ᠎ᠡ᠃ 

                                        2006—2010 ᠣᠨ ᠪᠣᠯᠲᠠᠯ᠎ᠠ 
                                             ᠬᠥᠬᠡᠬᠣᠲᠠᠨ᠎ᠠ ᠪᠢᠴᠢᠵᠦ ᠳᠠᠭᠤᠰᠬᠠᠪᠠᠢ᠃  



            ᠦᠰᠦᠭ ᠠᠮᠢᠯᠠᠭᠤᠯᠤᠭᠴᠢ᠄ ᠣᠶᠤᠨᠴᠢᠮᠡᠭ᠂ ᠡᠷᠳᠡᠨᠢᠭᠤᠸ᠎ᠠ᠂ ᠪᠠᠶᠠᠨᠴᠡᠴᠡᠭ᠂ ᠠᠯᠲᠠᠨᠴᠡᠴᠡᠭ᠂ 
                          ᠤᠯᠭᠠᠨᠴᠡᠴᠡᠭ᠂ ᠤᠷᠠᠨᠴᠢᠮᠡᠭ᠂ ᠨᠠᠷᠠᠨᠲᠤᠶᠠᠭ᠎ᠠ᠂ ᠮᠥᠩᠭᠥᠨ᠂ 
                          ᠬᠡᠷᠡᠢᠳ·ᠮᠥᠩᠬᠡᠨᠠᠰᠤᠨ᠂ ᠡᠭᠦᠯᠡᠩᠬᠤᠸᠠᠷ᠂ ᠬᠡᠯᠡᠰᠣᠶᠣᠯ᠂ ᠪᠠᠯ᠂ 
                          ᠪᠠᠶᠠᠨᠰᠡᠷᠡᠩ᠂ ᠱᠠᠭᠰᠠᠯ᠂ ᠬᠥᠬᠡᠮᠣᠩᠭᠣᠯ᠂ ᠠᠯᠲᠠᠨᠴᠢᠮᠡᠭ᠂ 
                          ᠣᠳᠬᠠᠨᠰᠣ᠎ᠠ᠂ ᠳ·ᠣᠶᠤᠨᠪᠢᠯᠢᠭ᠌᠂ ᠪᠠᠢ·ᠰᠠᠷᠠᠨ᠎ᠠ᠂ ᠴᠡᠴᠡᠭ  
            ᠬᠢᠨᠠᠭᠴᠢ᠄ ᠣᠳᠬᠠᠨᠰᠣ᠎ᠠ᠂  ᠤᠷᠠᠨᠴᠢᠮᠡᠭ᠂ ᠣᠶᠤᠨᠴᠢᠮᠡᠭ᠂ ᠡᠷᠳᠡᠨᠢᠭᠤᠸ᠎ᠠ᠂ ᠭᠠᠷᠮ᠎ᠠ᠂ 
                          ᠠᠯᠲᠠᠨᠴᠢᠮᠡᠭ᠂ ᠬᠡᠷᠡᠢᠳ᠂ ᠮᠥᠩᠬᠡᠨᠠᠰᠤᠨ᠂ ᠪᠠᠶᠠᠨᠴᠡᠴᠡᠭ᠂ ᠰᠡᠬᠡᠭᠡᠷᠡᠯ᠂ 
                          ᠪᠠᠯ᠂ ᠡᠭᠦᠯᠡᠩᠬᠤᠸᠠᠷ᠂ ᠬᠡᠯᠡᠰᠣᠶᠣᠯ᠂ ᠬᠠᠨ ᠱᠢ ᠵᠢᠶᠦ᠋ᠨ᠂ ᠠᠷᠢᠭᠤᠨᠭᠡᠷᠡᠯ᠂ 
                          ᠰᠣᠨᠢᠨᠪᠠᠶᠠᠷ᠂ ᠪᠡᠯᠦᠰᠦᠭ᠂ ᠠᠯᠲᠠᠨᠴᠡᠴᠡᠭ