ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ᠬᠥᠬᠡᠯᠤᠤ ᠨᠠᠷ (ᠬᠣᠶᠠᠳᠤᠭᠠᠷ ᠪᠣᠲᠢ) ᠡᠪᠡᠳᠴᠢᠨ ᠢ᠋ ᠢᠳᠡᠭᠡᠨ ᠦ᠌ ᠵᠠᠰᠠᠯ ᠢ᠋ᠶ᠋ᠠᠷ ᠵᠠᠰᠠᠬᠤ-1 Идээ ундааны жинхэнэ товч– Хүсэхүй ᠂Хөхлуу нар – <2-р боть>өвчнийг идээний заслаар
ᠡᠪᠡᠳᠴᠢᠨ ᠢ᠋ ᠢᠳᠡᠭᠡᠨ ᠦ᠌ ᠵᠠᠰᠠᠯ ᠢ᠋ᠶ᠋ᠠᠷ ᠵᠠᠰᠠᠬᠤ-1
ᠡᠨᠡ ᠪᠣᠯᠪᠠᠰᠤ ᠨᠢᠷᠤᠭᠤ ᠪᠡᠯᠬᠡᠭᠦᠰᠦ ᠪᠡᠷ ᠡᠪᠡᠳᠬᠦ᠂ ᠶᠠᠰᠤᠨ ᠴᠢᠮᠥᠭᠡ ᠬᠣᠭᠣᠰᠣᠷᠠᠬᠤ᠂ ᠤᠳᠠᠭᠠᠨ ᠵᠣᠭᠰᠣᠵᠤ ᠦᠯᠦ ᠳᠡᠢᠯᠬᠦ᠂ ᠪᠡᠶ᠎ᠡ ᠬᠦᠨᠳᠦᠷᠡᠨ᠂ ᠲᠠᠮᠢᠷ ᠰᠤᠯᠠᠷᠠᠬᠤ᠂ ᠬᠤᠯᠠᠭᠠᠢ ᠬᠥᠯᠥᠰᠥ ᠬᠥᠯᠥᠷᠡᠬᠦ ᠢᠳᠡᠭᠡᠨ ᠤᠮᠳᠠᠭᠠᠨ ᠤ᠋ ᠬᠡᠮᠵᠢᠶ᠎ᠡ ᠬᠠᠰᠤᠭᠳᠠᠭᠠᠳ ᠴᠠᠭ ᠪᠤᠰᠤ ᠪᠠᠷ ᠪᠥᠭᠡᠯᠵᠢᠵᠦ ᠰᠠᠭᠤᠯᠭᠠᠬᠤ ᠵᠡᠷᠭᠡ ᠶ᠋ᠢ ᠵᠠᠰᠠᠮᠤᠢ᠃
ᠡᠭᠦᠨ ᠳ᠋ᠦ᠍ᠷ ᠲᠦᠭᠦᠬᠡᠢ ᠰᠠᠰᠸᠷ (ᠬᠢᠲᠠᠳ ᠳᠠᠭᠤᠳᠠᠯᠭ᠎ᠠ ᠠᠨᠤ ᠳᠢ ᠬᠤᠸᠠᠩ ᠪᠣᠯᠠᠢ᠃ ᠮᠣᠩᠭᠣᠯ ᠢ᠋ᠶ᠋ᠠᠷ ᠪᠠᠰᠠ ᠬᠤᠷᠤᠭᠤᠪᠴᠢ ᠴᠡᠴᠡᠭ ᠬᠡᠮᠡᠮᠦᠢ) ᠬᠠᠭᠠᠰ ᠵᠢᠩ᠂ ᠰᠤᠷᠠᠮ ᠪᠤᠷᠠᠮ ᠤ᠋ᠨ ᠡᠭᠡᠳᠡᠩ ᠲᠠᠪᠤᠨ ᠯᠠᠩ᠂ ᠬᠠᠷ᠎ᠠ ᠲᠠᠬᠢᠶ᠎ᠠ ᠨᠢᠭᠡ ᠪᠦᠬᠦᠯᠢ᠃
ᠳᠡᠭᠡᠷᠡᠬᠢ ᠭᠤᠷᠪᠠᠨ ᠵᠦᠢᠯ ᠡᠴᠡ ᠶᠠᠭᠤᠨ ᠤ᠋ ᠡᠮᠦᠨ᠎ᠡ ᠲᠠᠬᠢᠶ᠎ᠠ ᠶ᠋ᠢᠨ ᠦᠰᠦ ᠪᠠ ᠭᠡᠳᠡᠰᠦ ᠳᠣᠲᠣᠷ ᠢ᠋ ᠴᠡᠪᠡᠷ ᠠᠷᠢᠯᠭᠠᠭᠠᠳ ᠨᠠᠷᠢᠨ ᠬᠡᠷᠴᠢᠵᠦ᠂ ᠵᠢᠴᠢ ᠰᠠᠰᠸᠷ ᠪᠠ ᠰᠤᠷᠠᠮ ᠢ᠋ ᠲᠡᠭᠰᠢᠬᠡᠨ ᠬᠤᠳᠬᠤᠵᠤ᠂ ᠲᠠᠬᠢᠶᠠᠨ ᠬᠡᠪᠡᠯᠢ ᠳᠣᠲᠣᠷ᠎ᠠ ᠠᠬᠤᠭᠤᠯᠤᠨ ᠭᠠᠤᠯᠢᠨ ᠰᠠᠪᠠ ᠳ᠋ᠤᠷ ᠲᠠᠯᠪᠢᠭᠠᠳ ᠳᠠᠬᠢᠵᠦ ᠵᠢᠩᠨᠡᠭᠦᠷ ᠲᠣᠷ ᠲᠠᠯᠪᠢᠵᠤ ᠵᠢᠩᠨᠡᠵᠦ ᠪᠣᠯᠭᠣᠮᠤᠢ᠃ ᠪᠣᠯᠭᠣᠭᠰᠠᠨ ᠤ᠋ ᠳᠠᠷᠠᠭ᠎ᠠ ᠳᠠᠪᠤᠰᠤ ᠼᠤᠤ ᠨᠠᠢᠷᠠᠭᠤᠯᠬᠤ ᠦᠭᠡᠢ ᠪᠡᠷ ᠭᠠᠭᠴᠠ ᠬᠦ᠌ ᠮᠢᠬ᠎ᠠ ᠶ᠋ᠢ ᠢᠳᠡᠵᠦ ᠰᠥᠮᠥᠰᠦ ᠶ᠋ᠢ ᠳᠠᠭᠤᠰᠬᠠᠨ ᠤᠤᠭᠤᠮᠤᠢ᠃
ᠬᠣᠨᠢ ᠶ᠋ᠢᠨ ᠥᠭᠡᠬᠦ ᠪᠠ ᠪᠠᠯ ᠤ᠋ᠨ ᠬᠠᠨᠳᠠ
ᠲᠠᠮᠢᠷ ᠳᠣᠷᠣᠢ ᠠᠷᠬᠠᠭ ᠪᠡᠯᠬᠡᠭᠦᠰᠦ ᠪᠡᠷ ᠡᠪᠡᠳᠬᠦ᠂ ᠬᠠᠨᠢᠶᠠᠬᠤ᠂ ᠠᠭᠤᠰᠬᠢ ᠶ᠋ᠢᠨ ᠬᠠᠲᠠᠩᠭᠢᠷ᠂ ᠶᠠᠰᠤ ᠬᠠᠯᠠᠭᠤᠷᠠᠬᠤ ᠵᠡᠷᠭᠡ ᠡᠪᠡᠳᠴᠢᠨ ᠢ᠋ ᠠᠨᠠᠭᠠᠮᠤᠢ᠃
ᠪᠣᠯᠭᠣᠭᠰᠠᠨ ᠬᠣᠨᠢ ᠶ᠋ᠢᠨ ᠥᠭᠡᠬᠦ ᠲᠠᠪᠤᠨ ᠯᠠᠩ᠂ ᠪᠣᠯᠭᠣᠭᠰᠠᠨ ᠬᠣᠨᠢ ᠶ᠋ᠢᠨ ᠴᠢᠮᠥᠭᠡ ᠲᠠᠪᠤᠨ ᠯᠠᠩ᠂ ᠴᠠᠭᠠᠨ ᠪᠠᠯ ᠲᠠᠪᠤᠨ ᠯᠠᠩ ᠢ᠋ ᠪᠣᠯᠭᠣᠵᠤ ᠴᠡᠪᠡᠷᠯᠡᠬᠦ᠂ ᠨᠣᠢᠲᠠᠨ ᠭᠠ ᠶ᠋ᠢᠨ ᠰᠢᠭᠦᠰᠦ ᠨᠢᠭᠡᠨ ᠭᠧ ᠨᠣᠢᠲᠠᠨ ᠰᠡᠰᠸᠷ ᠦ᠋ᠨ ᠰᠢᠭᠦᠰᠦ ᠲᠠᠪᠤᠨ ᠭᠧ᠃
ᠳᠡᠭᠡᠷᠡᠬᠢ ᠲᠠᠪᠤᠨ ᠵᠦᠢᠯ ᠡᠴᠡ ᠤᠷᠢᠳᠠᠪᠡᠷ ᠬᠣᠨᠢ ᠶ᠋ᠢᠨ ᠥᠭᠡᠬᠦ ᠶ᠋ᠢ ᠪᠤᠴᠠᠯᠭᠠᠵᠤ᠂ ᠳᠠᠷᠠᠭ᠎ᠠ ᠠᠨᠤ ᠬᠣᠨᠢ ᠶ᠋ᠢᠨ ᠴᠢᠮᠥᠭᠡ ᠶ᠋ᠢ ᠲᠠᠯᠪᠢᠵᠤ ᠪᠤᠴᠠᠯᠭᠠᠭᠰᠠᠭᠠᠷ ᠡᠭᠦᠨ ᠦ᠌ ᠳᠡᠭᠡᠷ᠎ᠡ ᠰᠠᠰᠸ᠋ᠷ ᠬᠢᠭᠡᠳ ᠭᠠ ᠶ᠋ᠢᠨ ᠰᠢᠭᠦᠰᠦ ᠶ᠋ᠢ ᠲᠠᠯᠪᠢᠭᠠᠳ ᠲᠠᠰᠤᠷᠠᠯᠲᠠ ᠦᠭᠡᠢ ᠬᠤᠳᠬᠤᠵᠤ ᠵᠥᠭᠡᠯᠡᠨ ᠭᠠᠯ ᠳᠡᠭᠡᠷ᠎ᠡ ᠬᠡᠳᠦᠨᠲᠡ ᠪᠤᠴᠠᠯᠭᠠᠭᠠᠳ ᠬᠠᠨᠳᠠᠯᠠᠮᠤᠢ᠃ ᠡᠭᠦᠨ ᠢ᠋ ᠡᠳᠦᠷ ᠪᠦᠷᠢ ᠪᠦᠯᠢᠶᠡᠨ ᠠᠷᠢᠬᠢᠨ ᠳ᠋ᠤᠷ ᠵᠢᠭᠤᠷᠠᠵᠤ ᠥᠯᠥᠨ ᠢ᠋ᠶ᠋ᠡᠷ ᠨᠢᠭᠡᠨ ᠬᠠᠯᠪᠠᠭ᠎ᠠ ᠤᠤᠭᠤᠵᠤ ᠡᠰᠡᠬᠦᠯ᠎ᠡ ᠡᠭᠦᠨ ᠢ᠋ᠶ᠋ᠡᠷ ᠱᠥᠯᠥ ᠭᠠᠷᠭᠠᠬᠤ ᠪᠤᠶᠤ ᠰᠢᠩᠭᠡᠨ ᠪᠤᠳᠠᠭ᠎ᠠ ᠳ᠋ᠤᠷ ᠨᠠᠢᠷᠠᠭᠤᠯᠵᠤ ᠢᠳᠡᠵᠦ ᠴᠥᠮ ᠪᠣᠯᠤᠮᠤᠢ᠃
ᠬᠣᠨᠢ ᠶ᠋ᠢᠨ ᠴᠤᠯᠤ ᠰᠠᠪᠠ ᠶ᠋ᠢᠨ ᠵᠤᠭᠤᠰᠢ
ᠡᠨᠡ ᠢᠨᠦ ᠪᠥᠭᠡᠷᠡᠨ ᠲᠠᠮᠢᠷ ᠪᠠᠷᠠᠭᠳᠠᠭᠰᠠᠨ ᠠᠷᠬᠠᠭ ᠪᠠ ᠶᠠᠰᠤᠨ ᠤ᠋ ᠴᠢᠮᠥᠭᠡ ᠬᠣᠬᠢᠷᠠᠭᠰᠠᠨ ᠢ᠋ ᠵᠠᠰᠠᠮᠤᠢ᠃
ᠬᠣᠨᠢ ᠶ᠋ᠢᠨ ᠡᠯᠢᠭᠡ᠂ ᠭᠦᠵᠡᠭᠡ᠂ ᠪᠥᠭᠡᠷ᠎ᠡ ᠵᠢᠷᠦᠬᠡ ᠠᠭᠤᠰᠬᠢ ᠲᠣᠰᠪᠣᠷᠢ ᠨᠢᠭᠡᠨ ᠪᠦᠬᠦᠯᠢ ᠶ᠋ᠢ ᠤᠬᠢᠶᠠᠵᠤ ᠴᠡᠪᠡᠷᠯᠡᠨ ᠵᠥᠭᠡᠬᠡᠢ ᠨᠢᠭᠡᠨ ᠯᠠᠩ ᠂ ᠫᠣᠸᠠᠷᠢ ᠨᠢᠭᠡᠨ ᠯᠠᠩ᠂ ᠪᠢᠪᠢᠯᠢᠩ ᠨᠢᠭᠡᠨ ᠯᠠᠩ᠂ ᠨᠢᠭᠡ ᠲᠣᠩᠭᠣᠷ ᠢ᠋ (ᠪᠤᠷᠴᠠᠭ ᠤ᠋ᠨ ᠬᠢᠮᠡᠯ) ᠨᠢᠭᠡᠨ ᠭᠧ ᠵᠦᠷᠪᠠᠭ ᠬᠣᠶᠠᠷ ᠴᠢᠨ ᠢ᠋ ᠴᠠᠭᠠᠨ ᠭᠣᠣᠯ ᠢ᠋ ᠠᠪᠴᠤ ᠬᠠᠶᠠᠨ ᠭᠡᠮᠡᠷ ᠬᠣᠶᠠᠷ ᠴᠢᠨ ᠭᠠᠭᠤᠯᠠ ᠬᠣᠶᠠᠷ ᠪᠦᠬᠦᠯᠢ᠂ ᠰᠣᠩᠭᠢᠨ᠎ᠠ ᠲᠠᠪᠤᠨ ᠰᠢᠷᠬᠡᠭ᠃
ᠳᠡᠭᠡᠷᠡᠬᠢ ᠵᠦᠢᠯ ᠦ᠋ᠳ ᠡᠴᠡ ᠤᠷᠢᠳᠠᠪᠡᠷ ᠡᠯᠢᠭᠡ ᠨᠦ᠍ᠭᠦᠳ ᠢ᠋ ᠵᠥᠭᠡᠯᠡᠨ ᠭᠠᠯ ᠳᠡᠭᠡᠷ᠎ᠡ ᠪᠤᠴᠠᠯᠭᠠᠨ ᠪᠣᠯᠭᠣᠭᠠᠳ ᠱᠥᠯᠦᠨ ᠡᠴᠡ ᠱᠦᠭᠦᠵᠦ ᠠᠪᠤᠭᠰᠠᠨ ᠤ᠋ ᠬᠣᠢᠨ᠎ᠠ ᠮᠥᠨ ᠬᠦ᠌ ᠡᠯᠢᠭᠡ ᠨᠦ᠍ᠭᠦᠳ ᠢ᠋ ᠡᠮ᠎ᠡ ᠶ᠋ᠢᠨ ᠬᠠᠮᠲᠤ ᠬᠣᠨᠢ ᠶ᠋ᠢᠨ ᠭᠦᠵᠡᠭᠡᠨ ᠳ᠋ᠦ᠍ᠷ ᠠᠬᠤᠭᠤᠯᠤᠨ ᠠᠮᠠᠰᠠᠷ ᠢ᠋ ᠨᠢ ᠣᠶᠣᠵᠤ ᠪᠢᠲᠡᠭᠦᠯᠡᠭᠡᠳ ᠱᠣ ᠤᠭᠤᠲᠠᠨ ᠳ᠋ᠤᠷ ᠤᠭᠤᠲᠠᠯᠠᠭᠠᠳ ᠮᠥᠨ ᠪᠠᠰᠠ ᠪᠤᠴᠠᠯᠭᠠᠨ ᠪᠣᠯᠭᠣᠭᠰᠠᠨ ᠤ᠋ ᠰᠡᠭᠦᠯᠡᠷ ᠲᠠᠪᠤᠨ ᠠᠮᠲᠠ ᠨᠡᠮᠡᠵᠦ ᠨᠠᠢᠷᠠᠭᠤᠯᠤᠨ ᠳᠤᠷ᠎ᠠ ᠶ᠋ᠢᠨ ᠠᠶᠠᠪᠠᠷ ᠠᠬᠢᠨ ᠳᠠᠬᠢᠨ ᠢᠳᠡᠵᠦ ᠪᠣᠯᠤᠮᠤᠢ᠃
ᠬᠣᠨᠢᠨ ᠶᠠᠰᠤᠨ ᠤ᠋ ᠰᠢᠩᠭᠡᠨ ᠪᠤᠳᠠᠭ᠎ᠠ
ᠡᠨᠡ ᠪᠣᠯ ᠲᠠᠮᠢᠷ ᠳᠣᠷᠣᠢ ᠠᠷᠬᠠᠭ ᠠ᠋ᠴᠠ ᠪᠡᠯᠬᠡᠭᠦᠰᠦ ᠡᠪᠦᠳᠦᠭ ᠢ᠋ᠶ᠋ᠡᠷ ᠬᠦᠴᠦᠨ ᠦᠭᠡᠢ ᠶ᠋ᠢ ᠡᠮᠨᠡᠮᠦᠢ᠃
ᠬᠣᠨᠢ ᠶ᠋ᠢᠨ ᠶᠠᠰᠤ ᠨᠢᠭᠡ ᠪᠦᠬᠦᠯᠢ ᠶ᠋ᠢ ᠪᠠᠯᠪᠠᠴᠢᠨ ᠬᠡᠮᠬᠡᠴᠢᠵᠦ ᠵᠦᠷᠪᠠᠭ ᠬᠣᠶᠠᠷ ᠴᠢᠨ ᠢ᠋ ᠳᠣᠲᠣᠷᠠᠬᠢ ᠴᠠᠭᠠᠨ ᠭᠣᠣᠯ ᠢ᠋ ᠠᠪᠴᠤ ᠬᠠᠶᠠᠨ ᠭᠡᠮᠡᠷ ᠬᠣᠶᠠᠷ ᠴᠢᠨ᠂ ᠭᠠᠭᠤᠯᠠ ᠬᠣᠶᠠᠷ ᠪᠦᠬᠦᠯᠢ᠂ ᠨᠣᠢᠲᠠᠨ ᠭᠠ ᠨᠢᠭᠡᠨ ᠯᠠᠩ᠂ ᠳᠠᠪᠤᠰᠤ ᠥᠴᠦᠬᠡᠨ ᠲᠡᠳᠦᠢ᠃
ᠳᠡᠭᠡᠷᠡᠬᠢ ᠵᠦᠢᠯ ᠦ᠋ᠳ ᠢ᠋ ᠭᠤᠷᠪᠠᠨ ᠳ᠋ᠧᠦ ᠤᠰᠤᠨ ᠳ᠋ᠤᠷ ᠲᠠᠯᠪᠢᠵᠤ᠂ ᠵᠥᠭᠡᠯᠡᠨ ᠭᠠᠯ ᠳᠡᠭᠡᠷ᠎ᠡ ᠪᠤᠴᠠᠯᠭᠠᠵᠤ ᠰᠥᠮᠥᠰᠦ ᠶ᠋ᠢ ᠱᠦᠭᠦᠵᠦ ᠰᠢᠭᠦᠵᠦ ᠲᠤᠩᠭᠠᠯᠠᠭᠰᠢᠭᠤᠯᠤᠭᠠᠳ ᠰᠢᠩᠭᠡᠨ ᠪᠤᠳᠠᠭ᠎ᠠ ᠴᠢᠨᠠᠬᠤ ᠪᠤᠶᠤ ᠱᠥᠯᠥ ᠨᠠᠢᠷᠠᠭᠤᠯᠵᠤ ᠴᠥᠮ ᠪᠣᠯᠤᠮᠤᠢ᠃
ᠬᠣᠨᠢᠨ ᠤ᠋ ᠨᠢᠷᠤᠭᠤᠨ ᠶᠠᠰᠤᠨ ᠤ᠋ ᠱᠥᠯᠥ
ᠡᠨᠡ ᠢᠨᠦ ᠤᠳᠠᠭᠠᠨ ᠡᠳᠦᠷ ᠢ᠋ᠶ᠋ᠡᠷ ᠳᠣᠭᠣᠭᠰᠢ ᠪᠡᠶ᠎ᠡ ᠶ᠋ᠢᠨ ᠲᠠᠮᠢᠷ ᠳᠣᠷᠣᠢᠲᠠᠭᠠᠳ ᠪᠥᠭᠡᠷ᠎ᠡ ᠪᠡᠯᠬᠡᠭᠦᠰᠦ ᠶ᠋ᠢᠨ ᠬᠥᠨᠦᠭᠡᠭᠳᠡᠯ ᠢ᠋ ᠵᠠᠰᠠᠮᠤᠢ᠃ ᠡᠭᠦᠨ ᠳ᠋ᠦ᠍ᠷ ᠬᠣᠨᠢ ᠶ᠋ᠢᠨ ᠨᠢᠷᠤᠭᠤᠨ ᠶᠠᠰᠤ ᠨᠢᠭᠡᠨ ᠪᠦᠬᠦᠯᠢ ᠶ᠋ᠢ ᠪᠠᠯᠪᠠᠴᠢᠨ ᠬᠡᠮᠬᠡᠴᠢᠵᠦ᠂ ᠴᠠᠭᠠᠨ ᠭᠤᠶᠠᠨ ᠨᠢᠭᠡᠨ ᠯᠠᠩ ᠢ᠋ ᠤᠬᠢᠶᠠᠭᠠᠳ ᠬᠡᠷᠴᠢᠮ ᠬᠡᠷᠴᠢᠵᠦ᠂ ᠭᠠᠭᠤᠯᠠ ᠭᠤᠷᠪᠠᠨ ᠪᠦᠬᠦᠯᠢ᠂ ᠪᠢᠪᠢᠯᠢᠩ ᠬᠣᠶᠠᠷ ᠴᠢᠨ᠃
ᠳᠡᠭᠡᠷᠡᠬᠢ ᠵᠦᠢᠯ ᠦ᠋ᠳ ᠢ᠋ ᠣᠰᠤᠨ᠎ᠠ ᠪᠤᠴᠠᠯᠭᠠᠭᠠᠳ ᠰᠢᠭᠠᠷᠤ ᠶ᠋ᠢ ᠱᠦᠭᠦᠵᠦ ᠬᠠᠶᠠᠨ᠂ ᠰᠣᠩᠭᠢᠨ᠎ᠠ ᠶ᠋ᠢᠨ ᠴᠠᠭᠠᠨ ᠪᠠ ᠲᠠᠪᠤᠨ ᠠᠮᠲᠠ ᠲᠠᠯᠪᠢᠵᠤ ᠨᠠᠢᠷᠠᠭᠤᠯᠤᠨ ᠵᠢᠴᠢ ᠭᠤᠯᠢᠷ ᠤ᠋ᠨ ᠱᠧᠰᠧ ᠬᠢᠵᠦ ᠢᠳᠡᠮᠦᠢ᠃
ᠴᠠᠭᠠᠨ ᠬᠣᠨᠢ ᠶ᠋ᠢᠨ ᠪᠥᠭᠡᠷ᠎ᠡ ᠶ᠋ᠢᠨ ᠱᠥᠯᠥ
ᠪᠡᠯᠬᠡᠰ ᠦ᠋ᠨ ᠬᠦᠴᠦᠨ ᠪᠠᠭᠤᠷᠠᠵᠤ᠂ ᠪᠡᠯᠬᠡᠭᠦᠰᠦ ᠡᠪᠦᠳᠦᠭ ᠢ᠋ᠶ᠋ᠡᠷ ᠬᠦᠴᠦ ᠲᠠᠮᠢᠷ ᠦᠭᠡᠢ ᠶ᠋ᠢ ᠡᠮᠨᠡᠮᠦᠢ᠃
ᠴᠠᠭᠠᠨ ᠬᠣᠨᠢ ᠶ᠋ᠢᠨ ᠪᠥᠭᠡᠷ᠎ᠡ ᠬᠣᠶᠠᠷ ᠪᠦᠬᠦᠯᠢ ᠶ᠋ᠢ ᠬᠡᠷᠴᠢᠮ ᠬᠡᠷᠴᠢᠵᠦ᠂ ᠴᠠᠭᠠᠨ ᠭᠤᠶᠠᠨ ᠨᠢᠭᠡ ᠯᠠᠩ ᠢ᠋ ᠠᠷᠢᠬᠢᠨ ᠳ᠋ᠤᠷ ᠳᠡᠪᠲᠦᠭᠡᠭᠡᠳ ᠬᠡᠷᠴᠢᠨ᠂ ᠬᠣᠨᠢ ᠶ᠋ᠢᠨ ᠥᠭᠡᠬᠦ ᠳᠥᠷᠪᠡᠨ ᠯᠠᠩ ᠢ᠋ ᠬᠡᠷᠴᠢᠮ ᠬᠡᠷᠴᠢᠵᠦ᠂ ᠫᠣᠸᠠᠷᠢ ᠬᠣᠶᠠᠷ ᠴᠢᠨ᠂ ᠵᠦᠷᠪᠠᠭ ᠨᠢᠭᠡ ᠴᠢᠨ ᠢ᠋ ᠴᠠᠭᠠᠨ ᠭᠣᠣᠯ ᠢ᠋ ᠠᠪᠴᠤ ᠬᠠᠶᠠᠨ ᠪᠢᠪᠢᠯᠢᠩ ᠭᠠᠭᠤᠯᠠ ᠲᠣᠰᠪᠣᠷᠢ ᠬᠣᠶᠠᠷ ᠴᠢᠨ᠃
ᠳᠡᠭᠡᠷᠡᠬᠢ ᠵᠦᠢᠯ ᠦ᠋ᠳ ᠢ᠋ ᠨᠡᠢᠯᠡᠭᠦᠯᠵᠦ ᠨᠠᠢᠷᠠᠭᠤᠯᠤᠭᠠᠳ ᠰᠣᠩᠭᠢᠨ᠎ᠠ ᠶ᠋ᠢᠨ ᠴᠠᠭᠠᠨ ᠪᠠ ᠳᠠᠪᠤᠰᠤ ᠵᠢᠶᠠᠩ ᠵᠡᠷᠭᠡ ᠶ᠋ᠢ ᠲᠠᠯᠪᠢᠵᠤ ᠱᠥᠯᠥ ᠭᠠᠷᠭᠠᠨ ᠭᠤᠯᠢᠷ ᠤ᠋ᠨ ᠱᠧᠰᠧ ᠬᠢᠵᠦ ᠶᠡᠷᠦ ᠶ᠋ᠢᠨ ᠮᠠᠶᠢᠭ ᠤ᠋ᠨ ᠱᠥᠯᠥ ᠲᠡᠢ ᠬᠣᠭᠣᠯᠠ ᠬᠢᠵᠦ ᠢᠳᠡᠮᠦᠢ᠃
ᠭᠠᠬᠠᠢ ᠶ᠋ᠢᠨ ᠪᠥᠭᠡᠷ᠎ᠡ ᠲᠡᠢ ᠰᠢᠩᠭᠡᠨ ᠪᠤᠳᠠᠭ᠎ᠠ
ᠡᠨᠡ ᠢᠨᠦ ᠪᠥᠭᠡᠷ᠎ᠡ ᠶ᠋ᠢᠨ ᠲᠠᠮᠢᠷ ᠳᠣᠷᠣᠢᠲᠠᠨ ᠵᠦᠳᠡᠷᠡᠯ᠂ ᠦ᠋ᠨ ᠠᠷᠤ ᠠ᠋ᠴᠠ ᠪᠣᠯᠵᠤ ᠪᠡᠯᠬᠡᠭᠦᠰᠦ ᠡᠪᠦᠳᠦᠭ ᠡᠪᠡᠷᠰᠢᠶᠡᠯ ᠬᠦᠴᠦᠨ ᠦᠭᠡᠢ ᠶ᠋ᠢ ᠵᠠᠰᠠᠮᠤᠢ᠃
ᠭᠠᠬᠠᠢ ᠶ᠋ᠢᠨ ᠪᠥᠭᠡᠷ᠎ᠡ ᠨᠢᠭᠡᠨ ᠬᠣᠣᠰ ᠢ᠋ ᠥᠭᠡᠬᠦᠲᠦ ᠬᠠᠢᠯᠠᠰᠤ ᠶ᠋ᠢ ᠠᠪᠴᠤ ᠬᠠᠶᠠᠨ᠂ ᠲᠤᠲᠤᠷᠭ᠎ᠠ ᠭᠤᠷᠪᠠᠨ ᠭᠧ ᠂ ᠭᠠᠭᠤᠯᠠ ᠬᠣᠶᠠᠷ ᠴᠢᠨ ᠂ ᠵᠦᠷᠪᠠᠭ ᠨᠢᠭᠡᠨ ᠴᠢᠨ ᠢ᠋ ᠴᠠᠭᠠᠨ ᠭᠣᠣᠯ ᠢ᠋ ᠠᠪᠴᠤ ᠬᠠᠶᠠᠨ ᠵᠸᠡᠪᠡᠷᠡᠢ ᠬᠣᠶᠠᠷ ᠴᠢᠨ᠃
ᠳᠡᠭᠡᠷᠡᠬᠢ ᠵᠦᠢᠯ ᠦ᠋ᠳ ᠡᠴᠡ ᠤᠷᠢᠳᠠᠪᠡᠷ ᠭᠠᠬᠠᠢ ᠶ᠋ᠢᠨ ᠪᠥᠭᠡᠷ᠎ᠡ ᠪᠠ ᠵᠦᠷᠪᠠᠭ ᠵᠡᠷᠭᠡ ᠶ᠋ᠢ ᠣᠰᠤᠨ᠎ᠠ ᠪᠤᠴᠠᠯᠭᠠᠨ ᠱᠥᠯᠦᠨ ᠳᠣᠲᠣᠷᠠᠬᠢ ᠰᠢᠭᠠᠷᠤ ᠶ᠋ᠢ ᠱᠦᠭᠦᠵᠦ ᠠᠪᠤᠭᠠᠳ ᠥᠴᠦᠬᠡᠨ ᠲᠡᠳᠦᠢ ᠠᠷᠢᠬᠢ ᠬᠢᠵᠦ᠂ ᠰᠡᠭᠦᠯᠡᠷ ᠲᠤᠲᠤᠷᠭ᠎ᠠ ᠪᠠᠨ ᠬᠢᠵᠦ ᠰᠢᠩᠭᠡᠨ ᠪᠤᠳᠠᠭ᠎ᠠ ᠪᠤᠴᠠᠯᠭᠠᠵᠤ ᠥᠯᠥᠨ ᠢ᠋ᠶ᠋ᠡᠷ ᠢᠳᠡᠮᠦᠢ᠃
ᠬᠡᠷᠢᠶᠡᠨᠴᠢ ᠪᠠ ᠬᠣᠨᠢ ᠶ᠋ᠢᠨ ᠪᠥᠭᠡᠷᠡᠨ ᠰᠢᠩᠭᠡᠨ ᠪᠤᠳᠠᠭ᠎ᠠ
ᠡᠨᠡ ᠢᠨᠦ ᠠᠷᠭ᠎ᠠ ᠶ᠋ᠢᠨ ᠲᠠᠮᠢᠷ (ᠢᠯᠴᠢ ᠶ᠋ᠢ ᠬᠡᠯᠡᠭᠰᠡᠨ ᠪᠤᠶᠤ) ᠪᠠᠭᠤᠷᠠᠵᠤ᠂ ᠪᠡᠯᠬᠡᠭᠦᠰᠦ ᠬᠥᠯ ᠢ᠋ᠶ᠋ᠡᠷ ᠡᠪᠡᠳᠴᠦ᠂ ᠲᠠᠪᠤᠨ ᠬᠥᠨᠥᠭᠡᠯ ᠳᠣᠯᠣᠭᠠᠨ ᠭᠡᠮᠲᠦᠯ ᠢ᠋ ᠠᠨᠠᠭᠠᠮᠤᠢ᠃
ᠬᠡᠷᠢᠶᠡᠨᠴᠢ ᠶ᠋ᠢᠨ ᠨᠠᠪᠴᠢ (ᠫᠠᠩᠮᠠᠢ ᠶ᠋ᠢᠨ ᠨᠠᠪᠴᠢ) ᠨᠢᠭᠡ ᠵᠢᠩ᠂ ᠬᠣᠨᠢᠨ ᠪᠥᠭᠡᠷ᠎ᠡ ᠬᠣᠶᠠᠷ ᠬᠣᠣᠰ ᠢ᠋ ᠨᠠᠷᠢᠨ ᠬᠡᠷᠴᠢᠨ᠂ ᠰᠣᠩᠭᠢᠨ᠎ᠠ ᠶ᠋ᠢᠨ ᠴᠠᠭᠠᠨ ᠨᠢᠭᠡᠨ ᠰᠢᠷᠬᠡᠭ᠂ ᠬᠣᠨᠢᠨ ᠮᠢᠬ᠎ᠠ ᠬᠠᠭᠠᠰ ᠵᠢᠩ ᠢ᠋ ᠬᠠᠭᠤᠷᠤᠮᠤᠢ᠃
ᠳᠡᠭᠡᠷᠡᠬᠢ ᠳᠥᠷᠪᠡᠨ ᠵᠦᠢᠯ ᠦ᠋ᠨ ᠲᠡᠭᠰᠢᠬᠡᠨ ᠬᠤᠳᠬᠤᠭᠠᠳ ᠲᠠᠪᠤᠨ ᠠᠮᠲᠠ ᠬᠢᠵᠦ ᠨᠠᠢᠷᠠᠭᠤᠯᠤᠨ ᠪᠤᠴᠠᠯᠭᠠᠨ ᠱᠥᠯᠦᠨ ᠳ᠋ᠦ᠍ᠷ ᠪᠤᠳᠠᠭ᠎ᠠ ᠪᠠᠨ ᠲᠠᠯᠪᠢᠵᠤ᠂ ᠰᠢᠩᠭᠡᠨ ᠪᠤᠳᠠᠭ᠎ᠠ ᠪᠤᠴᠠᠯᠭᠠᠭᠠᠳ ᠥᠯᠥᠨ ᠢ᠋ᠶ᠋ᠡᠷ ᠢᠳᠡᠮᠦᠢ᠃
ᠦᠰᠦᠭ ᠠᠮᠢᠯᠠᠭᠤᠯᠤᠭᠰᠠᠨ ᠨᠢ ᠄ ᠭᠠᠸᠠ
