ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠵᠢᠷᠭᠤᠳᠤᠭᠠᠷ ᠪᠦᠯᠦᠭ -3 >᠂ ᠰᠦᠩ ᠲᠦᠷᠢᠯ᠎ᠡ Бүргэд харьд үүрэлдэггүй – Ж᠂ Пүрэв <6-р бүлэг ~3>. сөн түрлээ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠵᠢᠷᠭᠤᠳᠤᠭᠠᠷ ᠪᠦᠯᠦᠭ -3 >᠂ ᠰᠦᠩ ᠲᠦᠷᠢᠯ᠎ᠡ Бүргэд харьд үүрэлдэггүй – Ж᠂ Пүрэв <6-р бүлэг ~3>. сөн түрлээ

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠵᠢᠷᠭᠤᠳᠤᠭᠠᠷ ᠪᠦᠯᠦᠭ -3 >᠂ ᠰᠦᠩ ᠲᠦᠷᠢᠯ᠎ᠡ Бүргэд харьд үүрэлдэггүй – Ж᠂ Пүрэв <6-р бүлэг ~3>. сөн түрлээ

ᠠᠩᠭᠢᠯᠠᠯ:ᠲᠤᠭᠤᠵᠢ ᠷᠣᠮᠠᠨ
2026-09-30

9

ᠵᠢᠷᠭᠤᠳᠤᠭᠠᠷ ᠪᠦᠯᠦᠭ᠂ ᠡᠭᠦᠷ ᠡᠴᠡ ᠪᠡᠨ ᠬᠠᠭᠠᠴᠠᠭᠰᠠᠨ ᠪᠦᠷᠭᠦᠳ ᠦᠨ ᠵᠤᠯᠵᠠᠭ᠎ᠠ

ᠭᠤᠷᠪᠠ - ᠰᠦᠩ ᠲᠦᠷᠢᠯ᠎ᠡ


       ᠠᠷᠢᠬᠪᠦ᠋ᠬᠡ ᠪᠠᠢᠳᠠᠷᠠᠭ ᠤ᠋ᠨ ᠭᠣᠣᠯ ᠤ᠋ᠨ ᠡᠬᠢᠨ ᠳ᠋ᠦ᠍ ᠦᠬᠡᠷ ᠦ᠋ᠨ ᠲᠠᠷᠭᠤᠨ ᠬᠠᠪᠢᠷᠭ᠎ᠠ ᠴᠢᠨᠠᠭᠤᠯᠤᠨ ᠢᠳᠡᠭᠡᠳ ᠵᠦᠭᠡᠷ ᠰᠠᠭᠤᠵᠤ ᠪᠠᠢᠭᠰᠠᠨ ᠦᠭᠡᠢ᠃ ᠲᠡᠷᠡ ᠪᠡᠷ ᠲᠠᠯ᠎ᠠ ᠲᠠᠯ᠎ᠠ ᠲᠡᠢᠰᠢ ᠨᠢ ᠡᠯᠴᠢ ᠮᠣᠷᠳᠠᠭᠤᠯᠤᠨ ᠵᠠᠷᠤᠵᠤ ᠬᠤᠪᠢᠯᠠᠢ ᠶ᠋ᠢᠨ ᠤᠷᠪᠠᠮᠠᠯ ᠰᠠᠨᠠᠭ᠎ᠠ ᠶ᠋ᠢ ᠢᠯᠡᠴᠢᠯᠡᠨ᠂ ᠨᠡᠢᠰᠯᠡᠯ ᠢ᠋ ᠬᠠᠷᠠᠬᠣᠷᠣᠮ ᠠ᠋ᠴᠠ ᠬᠠᠭᠠᠴᠠᠭᠠᠨ ᠡᠮᠦᠨ᠎ᠡ ᠵᠦᠭ ᠠᠪᠠᠴᠢᠬᠤ ᠭᠡᠵᠦ ᠪᠠᠢᠭ᠎ᠠ ᠶ᠋ᠢ ᠡᠪᠦᠭᠡᠨ ᠪᠣᠭᠳᠠ ᠴᠢᠩᠭᠢᠰ ᠬᠠᠭᠠᠨ ᠤ᠋ ᠪᠣᠳᠣᠯ ᠰᠠᠨᠠᠭ᠎ᠠ ᠶ᠋ᠢ ᠭᠤᠲᠤᠭᠠᠨ᠂ ᠲᠡᠭᠦᠨ ᠦ᠌ ᠵᠠᠷᠯᠢᠭ ᠢ᠋ ᠬᠤᠭᠤᠯᠵᠤ ᠨᠤᠭᠤᠯᠤᠭᠰᠠᠨ ᠪᠤᠵᠠᠷ ᠶᠠᠪᠤᠳᠠᠯ ᠭᠡᠵᠦ ᠵᠠᠷᠯᠠᠨ ᠲᠤᠩᠬᠠᠭᠯᠠᠵᠤ ᠪᠠᠢᠯ᠎ᠠ᠃ ᠠᠷᠢᠬᠪᠦ᠋ᠬᠡ ᠡᠨᠡ ᠰᠠᠨᠠᠭ᠎ᠠ ᠪᠣᠳᠣᠯ ᠢ᠋ᠶ᠋ᠠᠨ ᠢᠷᠡᠨ ᠦ᠌ ᠬᠠᠨ᠂ ᠪᠠᠷᠠᠭᠤᠨ ᠳᠤᠮᠳᠠᠳᠤ ᠣᠷᠣᠨ ᠤ᠋ ᠡᠵᠡᠨ᠂ ᠠᠯᠲᠠᠨ ᠣᠷᠳᠣᠨ ᠤ᠋ ᠬᠠᠭᠠᠨ ᠪᠣᠯᠤᠨ ᠢᠯᠢ ᠲᠠᠷᠪᠠᠭᠠᠲᠠᠢ ᠶ᠋ᠢᠨ ᠭᠠᠵᠠᠷ ᠲᠤ ᠮᠥᠩᠬᠡ ᠬᠠᠭᠠᠨ ᠤ᠋ ᠵᠠᠷᠯᠢᠭ ᠢ᠋ᠶ᠋ᠠᠷ ᠨᠤᠲᠤᠭ ᠡᠵᠡᠮᠰᠢᠨ ᠰᠠᠭᠤᠭᠰᠠᠨ ᠬᠠᠢᠳᠤ①᠂  ᠯᠢᠶᠣᠤᠳᠦ᠋ᠩ ᠬᠢᠵᠠᠭᠠᠷ ᠤ᠋ᠨ ᠵᠠᠬᠢᠷᠤᠭᠴᠢ ᠸᠠᠩ ᠨᠠᠶᠠ ᠮᠡᠲᠦ ᠬᠥᠮᠦᠰ ᠲᠦ᠍ ᠡᠯᠴᠢ ᠵᠠᠷᠤᠵᠤ ᠠᠮᠠ ᠪᠠᠷ ᠪᠣᠯᠤᠨ ᠪᠢᠴᠢᠭ ᠢ᠋ᠶ᠋ᠡᠷ ᠮᠡᠳᠡᠭᠳᠡᠨ ᠬᠡᠯᠡᠵᠦ᠂ ᠥᠪᠡᠷ ᠲᠡᠢ ᠪᠡᠨ ᠨᠡᠢᠯᠡᠵᠦ ᠬᠠᠮᠲᠤᠷᠠᠨ ᠲᠡᠮᠡᠴᠡᠯᠳᠦᠬᠦ ᠶ᠋ᠢ ᠤᠷᠢᠶᠠᠯᠠᠨ ᠳᠠᠭᠤᠳᠠᠭᠰᠠᠨ ᠪᠠᠢᠨ᠎ᠠ᠃ ᠬᠠᠢᠳᠤ ᠠ᠋ᠴᠠ ᠪᠤᠰᠤᠳ ᠨᠣᠶᠠᠳ ᠬᠠᠨ ᠨᠤᠭᠤᠳ ᠠᠷᠢᠬᠪᠦ᠋ᠬᠡ ᠶ᠋ᠢᠨ ᠡᠨᠡ ᠰᠠᠨᠠᠯ ᠢ᠋ ᠤᠬᠤᠰᠬᠢᠨ ᠠᠪᠴᠤ ᠳᠡᠮᠵᠢᠭᠰᠡᠨ ᠦᠭᠡᠢ᠂ ᠠᠬ᠎ᠠ ᠳᠡᠭᠦᠦ ᠬᠣᠶᠠᠷ ᠤ᠋ᠨ ᠴᠠᠭᠠᠰᠢᠳᠠ ᠶ᠋ᠢᠨ ᠪᠠᠢᠳᠠᠯ ᠢ᠋ ᠠᠵᠢᠭᠯᠠᠬᠤ ᠪᠠᠢᠷᠢ ᠰᠠᠭᠤᠷᠢ ᠪᠠᠷᠢᠮᠲᠠᠯᠠᠨ ᠳᠠᠭᠤ ᠦᠭᠡᠢ ᠪᠠᠢᠬᠤ ᠳ᠋ᠤ᠌ ᠪᠠᠨ ᠪᠠᠰᠠ ᠡᠰᠡᠷᠭᠦᠴᠡᠭᠡ ᠦᠭᠡᠢ ᠪᠢᠯᠡ᠃ ᠬᠠᠷᠢᠨ ᠬᠠᠢᠳᠤ ᠨᠣᠶᠠᠨ ᠠᠬ᠎ᠠ ᠳᠡᠭᠦᠦ ᠬᠣᠶᠠᠷ ᠤ᠋ᠨ ᠠᠯᠢ ᠠᠯᠢᠨ ᠤ᠋ ᠬᠢᠨᠢ ᠬᠦᠴᠦ ᠶ᠋ᠢ ᠬᠣᠭᠣᠷᠣᠨᠳᠣ ᠨᠢ ᠲᠡᠮᠡᠴᠡᠯᠳᠦᠭᠦᠯᠦᠨ ᠪᠤᠲᠠᠷᠠᠭᠠᠬᠤ ᠳᠠᠯᠳᠠ ᠶ᠋ᠢᠨ ᠰᠠᠨᠠᠭ᠎ᠠ ᠪᠠᠷ ᠠᠷᠢᠬᠪᠦ᠋ᠬᠡ ᠶ᠋ᠢ ᠳᠡᠮᠵᠢᠨ᠎ᠡ ᠭᠡᠳᠡᠭ ᠢ᠋ᠶ᠋ᠡᠨ ᠰᠢᠭᠤᠳ ᠢᠯᠡᠷᠬᠡᠢᠯᠡᠨ᠂《ᠬᠡᠷᠡᠭᠲᠡᠢ ᠴᠠᠭ ᠲᠤ ᠴᠢᠨᠢ ᠴᠡᠷᠢᠭ᠂ ᠮᠣᠷᠢ ᠭᠠᠷᠭᠠᠨ ᠥᠭᠴᠦ ᠴᠢᠮᠠᠲᠤ ᠲᠤᠰᠠᠯᠠᠨ᠎ᠠ》 ᠭᠡᠵᠦ ᠠᠷᠢᠬᠪᠦ᠋ᠬᠡ ᠶ᠋ᠢᠨ ᠡᠯᠴᠢ ᠳ᠋ᠦ᠍ ᠬᠡᠯᠡᠵᠦ᠂ ᠨᠤᠮᠤ ᠰᠠᠭᠠᠳᠠᠭ ᠪᠡᠯᠡᠳᠬᠡᠨ ᠪᠤᠴᠠᠭᠠᠭᠰᠠᠨ ᠨᠢ《ᠪᠢ ᠮᠣᠩᠭᠣᠯ ᠤ᠋ᠨ ᠨᠡᠢᠰᠯᠡᠯ ᠢ᠋ ᠬᠠᠷ᠎ᠠ ᠬᠣᠷᠣᠮ ᠳ᠋ᠤ᠌ ᠪᠠᠢᠯᠭᠠᠬᠤ ᠶ᠋ᠢᠨ ᠲᠥᠯᠥᠭᠡ ᠡᠨᠡ ᠰᠤᠮᠤ ᠠᠳᠠᠯᠢ ᠬᠠᠷᠪᠤᠯᠴᠠᠨ᠎ᠠ》 ᠭᠡᠰᠡᠨ ᠰᠠᠨᠠᠭ᠎ᠠ ᠪᠠᠨ ᠢᠯᠡᠷᠬᠡᠢᠯᠡᠭᠰᠡᠨ ᠪᠠᠢᠨ᠎ᠠ᠃ ᠠᠷᠢᠬᠪᠦ᠋ᠬᠡ ᠡᠭᠦᠨ ᠢ᠋ᠶ᠋ᠡᠷ ᠬᠡᠷᠡᠭ ᠢ᠋ᠶ᠋ᠡᠨ ᠬᠢᠵᠠᠭᠠᠷᠯᠠᠭᠰᠠᠨ ᠦᠭᠡᠢ᠂ ᠥᠪᠡᠷ ᠢ᠋ᠶ᠋ᠡᠨ ᠡᠮᠡᠭᠡᠯᠲᠦ ᠮᠣᠷᠢ ᠤᠨᠤᠨ ᠳᠠᠪᠬᠢᠵᠤ ᠬᠣᠪᠲᠣ᠂ ᠪᠤᠯᠠᠭᠠᠨ᠂ ᠦᠶᠡᠴᠢ ᠭᠣᠣᠯ ᠤ᠋ᠨ ᠰᠠᠪᠠ ᠨᠤᠲᠤᠭ ᠠ᠋ᠴᠠ ᠪᠣᠯᠤᠨ ᠠᠯᠲᠠᠢ ᠨᠢᠷᠤᠭᠤᠨ ᠳ᠋ᠤ᠌ ᠨᠤᠲᠤᠭᠯᠠᠳᠠᠭ ᠢᠷᠭᠡᠳ ᠡᠴᠡ ᠬᠦᠴᠦ ᠠᠪᠴᠤ ᠰᠡᠯᠪᠢᠨ ᠴᠡᠷᠢᠭ ᠮᠣᠷᠢ ᠳᠠᠢᠴᠢᠯᠠᠵᠤ ᠡᠬᠢᠯᠡᠯ᠎ᠡ᠃ 
       ᠪᠠᠰᠠ ᠬᠠᠭᠤᠴᠢᠨ ᠥᠪᠡᠷ ᠦ᠋ᠨ ᠬᠠᠷᠢᠶᠠᠨ ᠳ᠋ᠤ᠌ ᠪᠠᠢᠭᠰᠠᠨ ᠴᠡᠷᠢᠭ᠂ ᠲᠦᠰᠢᠮᠡᠳ ᠨᠠᠷ ᠢ᠋ᠶ᠋ᠠᠨ ᠴᠤᠭᠯᠠᠭᠤᠯᠤᠨ ᠡᠮᠬᠢᠯᠡᠬᠦ ᠳ᠋ᠦ᠍ ᠪᠡᠨ《ᠬᠠᠮᠢᠭ᠎ᠠ ᠴᠦ᠍ ᠣᠴᠢᠭᠰᠠᠨ ᠪᠠᠢᠭᠰᠠᠨ ᠲᠡᠳᠡᠨ ᠳ᠋ᠦ᠍ ᠶᠠᠯ᠎ᠠ ᠵᠢᠮᠡᠯᠡᠯ ᠨᠣᠭᠳᠠᠭᠤᠯᠬᠤ ᠦᠭᠡᠢ》 ᠭᠡᠵᠦ ᠠᠮᠠ ᠥᠭᠴᠦ᠂《ᠮᠣᠩᠭᠣᠯ ᠤ᠋ᠨ ᠢ᠋ᠶ᠋ᠠᠨ ᠡᠬᠡ ᠭᠠᠯ ᠭᠣᠯᠣᠮᠲᠠ ᠪᠠᠨ ᠪᠢᠳᠡ ᠠᠮᠢ ᠪᠡᠶ᠎ᠡ ᠶ᠋ᠢ ᠡᠰᠡ ᠬᠠᠢᠷᠠᠯᠠᠨ ᠶᠠᠪᠤᠵᠤ ᠬᠠᠮᠠᠭᠠᠯᠠᠬᠤ ᠨᠢ ᠠᠷᠢᠭᠤᠨ ᠨᠡᠷ᠎ᠡ ᠲᠥᠷᠥ ᠶ᠋ᠢᠨ ᠬᠡᠷᠡᠭ ᠪᠥᠭᠡᠳ ᠤᠷᠪᠠᠭᠴᠢ ᠡᠲᠡᠭᠡᠳ ᠲᠡᠢ ᠲᠡᠮᠡᠴᠡᠯᠳᠦᠬᠦ ᠨᠢ ᠡᠵᠡᠨ ᠴᠢᠩᠭᠢᠰ ᠪᠣᠭᠳᠠ ᠶ᠋ᠢᠨ ᠠᠯᠳᠠᠷ ᠢ᠋ ᠰᠠᠬᠢᠭᠰᠠᠨ ᠰᠢᠳᠤᠷᠭᠤ ᠦᠢᠯᠡ ᠮᠥᠨ》 ᠭᠡᠮᠡᠨ ᠢᠳᠬᠠᠭᠰᠠᠨ ᠪᠠᠢᠨ᠎ᠠ᠃ ᠡᠨᠡ ᠦᠭᠡ ᠶ᠋ᠢ ᠨᠢ ᠲᠡᠭᠦᠨ ᠦ᠌ ᠬᠠᠭᠤᠴᠢᠨ ᠳᠠᠭᠠᠭᠠᠮᠠᠯ ᠲᠦᠰᠢᠮᠡᠳ᠂ ᠴᠡᠷᠢᠭ ᠦ᠋ᠳ ᠰᠣᠨᠣᠰᠤᠨ ᠬᠦᠯᠢᠶᠡᠨ ᠠᠪᠴᠤ ᠨᠡᠯᠢᠶᠡᠳ ᠲᠣᠭ᠎ᠠ ᠪᠠᠷ ᠪᠠᠢᠳᠠᠷᠠᠭ ᠤ᠋ᠨ ᠭᠣᠣᠯ ᠤ᠋ᠨ ᠰᠠᠪᠠ᠂ ᠬᠠᠩᠭᠠᠢ ᠨᠢᠷᠤᠭᠤᠨ ᠤ᠋ ᠪᠠᠷᠠᠭᠤᠨ ᠰᠤᠭᠤ ᠳ᠋ᠤ᠌ ᠢᠷᠡᠵᠦ ᠬᠤᠷᠠᠬᠤ ᠪᠣᠯᠪᠠ᠃ ᠬᠣᠨᠣᠭ ᠥᠩᠭᠡᠷᠡᠬᠦ ᠪᠦᠷᠢ ᠴᠡᠷᠢᠭ ᠦ᠋ᠨ ᠲᠣᠭ᠎ᠠ ᠨᠡᠮᠡᠭᠳᠡᠨ ᠪᠠᠢᠯ᠎ᠠ᠃ ᠡᠭᠦᠨ ᠳ᠋ᠦ᠍ ᠠᠷᠢᠬᠪᠦ᠋ᠬᠡ ᠪᠡᠶᠡᠰᠦᠨ《ᠮᠢᠨᠦ ᠰᠠᠨᠠᠭ᠎ᠠ ᠮᠣᠩᠭᠣᠯ ᠲᠦᠮᠡᠨ ᠳ᠋ᠦ᠍ ᠲᠠᠭᠠᠰᠢᠶᠠᠭᠳᠠᠵᠤ ᠪᠠᠢᠭ᠎ᠠ ᠰᠢᠪ᠃ ᠨᠠᠮᠠᠶ᠋ᠢ ᠣᠯᠠᠨ ᠮᠠᠨᠢ ᠶᠡᠬᠡ ᠬᠠᠭᠠᠨ ᠭᠡᠵᠦ ᠡᠷᠭᠦᠮᠵᠢᠯᠡᠭᠰᠡᠨ ᠰᠠᠨᠠᠭ᠎ᠠ ᠪᠠᠨ ᠬᠡᠪ ᠢ᠋ᠶ᠋ᠡᠷ ᠬᠠᠳᠠᠭᠠᠯᠠᠨ ᠪᠣᠢ ᠨᠢ ᠡᠨᠡ ᠪᠢᠵᠡ》᠃《ᠪᠢ ᠶᠠᠭᠠᠬᠢᠪᠠᠯ ᠲᠦᠮᠡᠨ ᠦ᠌ ᠪᠡᠨ ᠢᠲᠡᠭᠡᠯ ᠬᠦᠨᠳᠦᠳᠬᠡᠯ ᠢ᠋ ᠪᠤᠵᠠᠷᠳᠠᠭᠤᠯᠬᠤ ᠦᠭᠡᠢ ᠶᠠᠪᠤᠬᠤ ᠪᠣᠢ?》 ᠭᠡᠵᠦ ᠪᠣᠳᠣᠵᠤ ᠪᠠᠢᠯ᠎ᠠ᠃ ᠠᠷᠢᠬᠪᠦ᠋ᠬᠡ ᠤᠭ ᠨᠢ ᠰᠠᠨᠠᠭᠰᠠᠨ ᠢ᠋ᠶ᠋ᠠᠨ ᠭᠦᠢᠴᠡᠭᠡᠬᠦ ᠵᠣᠷᠢᠭ ᠰᠡᠳᠬᠢᠯ ᠦ᠋ᠨ ᠲᠡᠩᠬᠡᠭᠡ ᠲᠡᠢ᠂ ᠲᠡᠷᠡ ᠬᠦᠴᠦ ᠪᠡᠨ ᠪᠡᠶ᠎ᠡ ᠳ᠋ᠦ᠍ ᠪᠡᠨ ᠬᠠᠳᠠᠭᠠᠯᠠᠨ ᠶᠠᠪᠤᠭ᠎ᠠ ᠪᠢᠯᠡ᠃ 
       ᠠᠷᠢᠬᠪᠦ᠋ᠬᠡ ᠬᠠᠭᠠᠨ ᠭᠡᠳᠡᠭ ᠨᠡᠷ᠎ᠡ ᠪᠡᠨ ᠦᠨᠡᠬᠡᠷ ᠠᠯᠳᠠᠭ᠎ᠠ ᠦᠭᠡᠢ ᠪᠠᠢᠭ᠎ᠠ ᠴᠠᠭ᠃ ᠬᠠᠭᠠᠨ ᠤ᠋ ᠬᠢ ᠪᠠᠢᠳᠠᠷᠠᠭ ᠤ᠋ᠨ ᠭᠣᠣᠯ ᠤ᠋ᠨ ᠨᠢᠭᠡ ᠰᠠᠯᠠᠭ᠎ᠠ ᠠᠮᠠᠨ ᠳ᠋ᠤ᠌ ᠬᠣᠷᠢ ᠣᠷᠴᠢᠮ ᠭᠡᠷ ᠪᠠᠷᠢᠨ ᠡᠪᠦᠯᠵᠢᠭᠡᠳ᠂ ᠲᠡᠨᠳᠡ ᠪᠡᠨ ᠴᠠᠭᠠᠯᠠᠯ᠎ᠠ᠃ ᠰᠠᠷ᠎ᠠ ᠰᠢᠨ᠎ᠡ ᠶ᠋ᠢᠨ ᠪᠠᠶᠠᠷ ᠤ᠋ᠨ ᠡᠳᠦᠷ ᠨᠣᠶᠠᠳ ᠲᠠᠢᠵᠢ ᠨᠠᠷ ᠨᠢ ᠶᠣᠰᠣᠯᠠᠯ ᠤ᠋ᠨ ᠬᠤᠪᠴᠠᠰᠤ ᠪᠠᠨ ᠡᠮᠦᠰᠦᠨ᠂ ᠬᠥᠬᠡ ᠬᠥᠯᠲᠥᠷᠭᠡᠲᠦ ᠶᠡᠬᠡ ᠦᠷᠭᠦᠭᠡᠨ ᠳ᠋ᠦ᠍ ᠣᠷᠣᠵᠤ ᠬᠠᠭᠠᠨ ᠲᠠᠢ ᠪᠠᠨ ᠵᠣᠯᠭᠠᠪᠠ᠃ ᠲᠡᠳᠡ ᠬᠥᠯᠳᠡᠭᠡᠭᠰᠡᠨ ᠠᠢᠷᠠᠭ ᠭᠡᠰᠬᠡᠭᠡᠭᠰᠡᠨ᠂ ᠪᠠᠷᠠᠭᠤᠨ ᠳᠤᠮᠳᠠᠳᠤ ᠣᠷᠣᠨ ᠠ᠋ᠴᠠ ᠠᠴᠢᠵᠤ ᠢᠷᠡᠭᠰᠡᠨ《ᠬᠦᠷᠡᠩ》 ᠳᠠᠷᠠᠰᠤ ᠰᠡᠯᠲᠡ ᠶ᠋ᠢ ᠬᠤᠨᠳᠠᠭᠠᠯᠠᠵᠤ᠂ ᠪᠡᠯᠭᠡ ᠲᠡᠢ ᠰᠠᠢᠨ ᠦᠭᠡ ᠬᠡᠯᠡᠯᠴᠡᠨ ᠪᠠᠢᠯ᠎ᠠ᠃
       — ᠪᠢ ᠨᠣᠬᠠᠢ ᠶ᠋ᠢᠨ ᠭᠥᠯᠥᠭᠡ ᠪᠣᠯᠤᠭ᠎ᠠ ᠦᠭᠡᠢ ᠶᠠᠪᠤᠨ᠎ᠠ᠃ ᠡᠷ᠎ᠡ ᠮᠣᠷᠢ᠂ ᠡᠷᠴᠢᠲᠦ ᠰᠤᠮᠤ ᠬᠣᠶᠠᠷ ᠪᠢᠳᠡᠨ ᠢ᠋ ᠣᠷᠬᠢᠭ᠎ᠠ ᠦᠭᠡᠢ ᠪᠠᠢᠭ᠎ᠠ ᠨᠢ ᠯᠠᠪᠲᠠᠢ ᠭᠡᠵᠦ ᠠᠷᠢᠬᠪᠦ᠋ᠬᠡ ᠬᠡᠯᠡᠭᠡᠳ᠂ ᠵᠢᠷᠣᠭ᠎ᠠ ᠶᠠᠪᠤᠳᠠᠯ ᠲᠠᠢ ᠬᠡᠭᠡᠷ ᠵᠢᠰᠦᠮ ᠦ᠋ᠨ ᠮᠣᠷᠢ ᠤᠨᠤᠵᠤ ᠳᠠᠪᠬᠢᠨ ᠵᠦᠭ ᠢ᠋ᠶ᠋ᠡᠨ ᠭᠠᠷᠭᠠᠭᠠᠳ᠂ ᠳᠠᠷᠠᠭ᠎ᠠ ᠨᠢ ᠬᠣᠷᠢᠨ ᠳᠠᠭᠠᠭᠤᠯ ᠳᠠᠭᠠᠭᠤᠯᠤᠭᠰᠠᠭᠠᠷ ᠴᠡᠷᠢᠭ ᠦ᠋ᠨ ᠠᠩᠭᠢ ᠶ᠋ᠢᠨ ᠪᠠᠢᠷᠢ ᠨᠤᠭᠤᠳ ᠢ᠋ᠶ᠋ᠠᠷ ᠶᠠᠪᠤᠵᠤ ᠳᠠᠭᠠᠭᠠᠮᠠᠯ ᠨᠤᠭᠤᠳ ᠲᠠᠢ ᠪᠠᠨ ᠵᠣᠯᠭᠠᠨ᠂ ᠴᠠᠭᠠᠭᠴᠢᠨ ᠲᠠᠬᠢᠶ᠎ᠠ ᠵᠢᠯ ᠢ᠋ ᠡᠷᠭᠢᠯᠲᠡ ᠶ᠋ᠢᠨ ᠣᠨ ᠪᠣᠯᠭᠠᠬᠤ ᠶ᠋ᠢᠨ ᠲᠥᠯᠥᠭᠡ ᠲᠤᠯᠤᠯᠳᠤᠨ᠎ᠠ ᠭᠡᠵᠦ ᠬᠡᠯᠡᠵᠦ ᠪᠠᠢᠪᠠ᠃《ᠪᠢᠳᠡ ᠤᠳᠠᠬᠤ ᠦᠭᠡᠢ ᠪᠡᠶ᠎ᠡ ᠶ᠋ᠢᠨ ᠢ᠋ᠶ᠋ᠡᠨ ᠴᠢᠮᠡᠭᠡ ᠶ᠋ᠢ ᠭᠠᠷᠭᠠᠨ᠎ᠠ》 ᠭᠡᠵᠦ ᠲᠡᠷᠡ ᠪᠡᠷ ᠬᠡᠯᠡᠵᠦ ᠴᠡᠷᠢᠭ ᠦ᠋ᠳ ᠢ᠋ ᠬᠥᠭᠵᠢᠭᠡᠵᠦ ᠶᠠᠪᠤᠯ᠎ᠠ᠃ 
       ᠬᠠᠭᠠᠨ ᠤ᠋ ᠦᠷᠭᠦᠭᠡᠨ ᠦ᠌ ᠡᠭᠦᠳᠡᠨ ᠳ᠋ᠦ᠍ ᠡᠨᠡ ᠡᠳᠦᠷ ᠪᠥᠬᠡ ᠪᠠᠷᠢᠯᠳᠤᠨ᠂ ᠬᠤᠷᠳᠤᠨ ᠮᠣᠷᠢ ᠤᠷᠤᠯᠳᠤᠭᠤᠯᠵᠤ᠂ ᠲᠡᠭᠦᠨ ᠢ᠋ ᠨᠢ ᠣᠯᠠᠨ ᠬᠥᠮᠦᠨ ᠬᠠᠷᠠᠵᠤ ᠰᠡᠳᠬᠢᠯ ᠢ᠋ᠶ᠋ᠡᠨ ᠵᠣᠭᠣᠭᠠᠵᠤ ᠪᠢᠯᠡ᠃ ᠡᠨᠡ ᠡᠳᠦᠷ ᠶᠠᠭᠤᠮ᠎ᠠ ᠶᠠᠭᠤᠮ᠎ᠠ ᠠᠶᠠᠲᠠᠢᠬᠠᠨ ᠪᠠᠢᠭ᠎ᠠ᠃ ᠠᠷᠢᠬᠪᠦ᠋ᠬᠡ ᠶ᠋ᠢᠨ ᠬᠣᠶᠠᠷ ᠬᠠᠲᠤᠨ ᠳ᠋ᠤ᠌ ᠮᠣᠷᠢᠨᠱᠠᠭᠠᠢ ᠦᠢᠯᠡᠴᠢᠯᠡᠨ᠂ ᠲᠡᠳᠡᠨ ᠢ᠋ ᠪᠠᠰᠠ ᠵᠤᠭᠠᠴᠠᠭᠤᠯᠵᠠᠢ᠃ ᠪᠢᠯᠢᠭᠦᠨ ᠦ᠌ ᠡᠬᠡᠨᠡᠷ ᠬᠡᠦᠬᠡᠳ ᠨᠡᠯᠢᠶᠡᠳ ᠲᠦᠷᠦᠭᠦᠨ ᠪᠠᠢᠳᠠᠷᠠᠭ ᠲᠤ ᠢᠷᠡᠭᠡᠳ ᠬᠠᠭᠠᠨ ᠤ᠋ ᠦᠷᠭᠦᠭᠡᠨ ᠳ᠋ᠦ᠍ ᠮᠣᠷᠢᠨᠱᠠᠭᠠᠢ ᠲᠠᠢ ᠬᠠᠮᠲᠤ ᠪᠠᠷ ᠬᠤᠨᠳᠠᠭᠠᠴᠢᠨ ᠬᠢᠳᠡᠭ ᠪᠣᠯᠤᠭᠰᠠᠨ ᠪᠠᠢᠪᠠ᠃ 
       ᠬᠠᠪᠤᠷ ᠤ᠋ᠨ ᠰᠠᠷ᠎ᠠ ᠯᠠᠪᠬᠠᠨ ᠭᠠᠷᠤᠭᠠᠳ ᠢᠷᠡᠬᠦ ᠲᠡᠢ ᠵᠡᠷᠭᠡ ᠠᠷᠢᠬᠪᠦ᠋ᠬᠡ ᠴᠡᠷᠢᠭ ᠦ᠋ᠳ ᠢ᠋ᠶ᠋ᠡᠨ ᠰᠤᠷᠭᠠᠭᠤᠯᠢ ᠬᠢᠯᠭᠡᠵᠦ᠂ ᠢᠯᠠᠩᠭᠤᠶ᠎ᠠ ᠰᠢᠨ᠎ᠡ ᠪᠡᠷ ᠲᠠᠲᠠᠭᠳᠠᠭᠰᠠᠨ ᠡᠷᠡᠴᠦᠳ ᠢ᠋ ᠭᠣᠣᠯᠯᠠᠨ ᠬᠠᠷᠪᠤᠵᠤ ᠨᠠᠮᠨᠠᠬᠤ᠂ ᠴᠠᠪᠴᠢᠯᠳᠤᠨ ᠲᠤᠯᠤᠯᠳᠤᠬᠤ ᠪᠡᠯᠡᠳᠬᠡᠯ ᠬᠢᠯᠭᠡᠨ᠂ ᠳᠠᠭᠠᠭᠠᠮᠠᠯ ᠲᠦᠰᠢᠮᠡᠳ ᠨᠠᠷ ᠢ᠋ ᠠᠭᠱᠠᠨ ᠵᠠᠭᠤᠷ᠎ᠠ ᠴᠦ᠍ ᠵᠦᠭᠡᠷ ᠪᠠᠢᠯᠭᠠᠬᠤ ᠦᠭᠡᠢ᠂ ᠴᠡᠷᠢᠭ ᠦ᠋ᠨ ᠳᠣᠲᠣᠷ᠎ᠠ ᠶᠠᠪᠤᠭᠤᠯᠤᠨ᠎ᠠ᠃ ᠲᠡᠭᠡᠬᠦ ᠳ᠋ᠦ᠍ ᠪᠡᠨ 
       — ᠪᠢ ᠬᠥᠯᠥᠰᠥ ᠪᠡᠨ ᠠᠰᠬᠠᠷᠠᠭᠤᠯᠵᠤ ᠪᠡᠶ᠎ᠡ ᠪᠡᠨ ᠶᠠᠳᠠᠷᠠᠭᠠᠵᠤ ᠪᠠᠢᠵᠤ ᠯᠠ ᠳᠠᠢᠰᠤᠨ ᠢ᠋ ᠨᠣᠮᠣᠬᠠᠳᠬᠠᠨ᠎ᠠ ᠭᠡᠵᠦ ᠰᠤᠷᠭᠠᠮᠵᠢᠯᠠᠨ᠂ ᠬᠠᠭᠠᠨ ᠥᠪᠡᠷ ᠢ᠋ᠶ᠋ᠡᠨ ᠮᠣᠷᠢᠨ ᠤ᠋ ᠬᠤᠷᠳᠤ ᠪᠠᠷ ᠳᠠᠭᠠᠷᠢᠬᠤ᠂ ᠬᠠᠷᠪᠤᠬᠤ᠂ ᠴᠠᠪᠴᠢᠯᠳᠤᠬᠤ ᠰᠤᠷᠭᠠᠭᠤᠯᠢ ᠳ᠋ᠤ᠌ ᠪᠡᠶ᠎ᠡ ᠪᠡᠨ ᠤᠯᠠᠮ ᠪᠣᠯᠪᠠᠰᠤᠷᠠᠭᠤᠯᠤᠨ᠎ᠠ᠃ ᠤᠷᠢᠳ ᠨᠢ ᠴᠦ᠍ ᠴᠡᠷᠢᠭ ᠦ᠋ᠨ ᠰᠤᠷᠭᠠᠭᠤᠯᠢ ᠵᠡᠬᠡᠭᠰᠡᠨ ᠲᠡᠢ ᠡᠷ᠎ᠡ ᠪᠢᠯᠡ᠃
       ᠬᠠᠪᠤᠷ ᠤ᠋ᠨ ᠴᠠᠭᠠᠨ ᠨᠠᠷᠠᠨ ᠨᠢᠭᠤᠷ ᠳᠤᠯᠠᠭᠠᠴᠠᠭᠤᠯᠤᠭᠰᠠᠨ ᠨᠢᠭᠡ ᠡᠳᠦᠷ ᠠᠷᠢᠬᠪᠥ᠋ᠬᠡ ᠬᠠᠷᠢᠶ᠎ᠠ ᠴᠡᠷᠢᠭ ᠦ᠋ᠨ ᠳᠠᠭᠠᠭᠠᠮᠠᠯ ᠨᠣᠶᠠᠳ᠂ ᠲᠠᠮᠠᠭ᠎ᠠ ᠶ᠋ᠢᠨ ᠭᠠᠵᠠᠷ ᠤ᠋ᠨ ᠢ᠋ᠶ᠋ᠠᠨ ᠲᠦᠰᠢᠮᠡᠳ ᠨᠠᠷ ᠢ᠋ ᠶᠡᠬᠡ ᠭᠡᠷ ᠲᠦ᠍ ᠴᠤᠭᠯᠠᠭᠤᠯᠤᠨ᠂ ᠴᠠᠭ ᠦᠶ᠎ᠡ ᠶ᠋ᠢᠨ ᠬᠡᠷᠡᠭ ᠶᠠᠪᠤᠳᠠᠯ ᠭᠡᠰᠡᠨ ᠵᠦᠢᠯ ᠢ᠋ ᠬᠡᠯᠡᠯᠴᠡᠬᠦ ᠬᠤᠷᠠᠯᠲᠠᠢ ᠬᠢᠯᠭᠡᠯ᠎ᠡ᠃ ᠬᠣᠷᠢᠭᠠᠳ ᠨᠣᠶᠠᠳ ᠡᠨᠳᠡ ᠬᠤᠷᠠᠵᠤ᠂ ᠴᠢᠨᠠᠭᠰᠠᠨ ᠲᠠᠷᠭᠤᠨ ᠮᠢᠬ᠎ᠠ᠂ ᠪᠠᠷᠠᠭᠤᠨ ᠳᠤᠮᠳᠠᠳᠤ ᠣᠷᠣᠨ ᠤ᠋ ᠠᠮᠲᠠᠲᠤ ᠳᠠᠷᠠᠰᠤ ᠵᠣᠭᠣᠭᠯᠠᠨ᠂ ᠰᠡᠳᠬᠢᠯ ᠬᠠᠩᠬᠤᠯᠤᠭᠠᠳ ᠶᠠᠩᠵᠤ ᠪᠠᠷ ᠤᠭ ᠬᠡᠷᠡᠭ ᠢ᠋ ᠬᠡᠯᠡᠯᠴᠡᠪᠡ᠃ ᠠᠷᠢᠬᠪᠥ᠋ᠬᠡ ᠥᠷᠭᠡᠨ ᠬᠠᠷ᠎ᠠ ᠬᠥᠮᠥᠰᠬᠡ ᠳᠣᠣᠷᠠᠬᠢ ᠬᠤᠷᠴᠠ ᠬᠠᠷ᠎ᠠ ᠨᠢᠳᠦ ᠪᠡᠷ ᠢ᠋ᠶ᠋ᠡᠨ ᠣᠯᠠᠨ ᠢ᠋ ᠬᠠᠷᠠᠵᠤ᠂ ᠲᠠᠢᠪᠤᠩ ᠠᠭᠠᠳ ᠬᠤᠷᠴᠠ ᠬᠡᠯᠡᠯᠭᠡ ᠲᠡᠢ ᠦᠭᠡ ᠪᠡᠷ ᠶᠠᠷᠢᠬᠤ ᠳ᠋ᠤ᠌ ᠪᠠᠨ᠄ 
       — ᠪᠢᠳᠡ ᠵᠣᠪᠠᠯᠠᠩ ᠦᠵᠡᠭᠰᠡᠨ᠂ ᠬᠠᠭᠠᠴᠠᠯ ᠦᠵᠡᠭᠰᠡᠨ᠂ ᠣᠳᠣ ᠣᠷᠣᠬᠤ ᠣᠷᠣᠨ ᠣᠯᠵᠤ ᠶᠠᠳᠠᠭᠰᠠᠨ ᠪᠠᠢᠳᠠᠯᠲᠠᠢ ᠲᠥᠷᠥᠯᠬᠢ ᠬᠣᠲᠠ ᠠ᠋ᠴᠠ ᠪᠠᠨ ᠬᠥᠨᠳᠡᠢ ᠬᠣᠯᠠ ᠭᠠᠵᠠᠷ ᠲᠤ ᠠᠮᠢ ᠬᠣᠷᠣᠭᠠᠵᠤ ᠰᠠᠭᠤᠨ᠎ᠠ᠃ ᠡᠨᠡ ᠪᠣᠯ ᠨᠢᠭᠡ ᠪᠣᠳᠣᠯ ᠤ᠋ᠨ ᠲᠡᠢᠮᠦ ᠴᠦ᠍ ᠶᠡᠬᠡ ᠵᠣᠪᠠᠯᠠᠩ ᠪᠢᠰᠢ ᠪᠠᠢᠵᠤ ᠮᠠᠭᠠᠳ ᠦᠭᠡᠢ᠃ ᠬᠠᠮᠤᠭ ᠤ᠋ᠨ ᠠᠶᠤᠯᠲᠠᠢ ᠨᠢ ᠥᠪᠡᠷᠰᠡᠳ ᠦ᠋ᠨ ᠥᠷᠭᠥᠭᠡ ᠭᠡᠷ ᠪᠣᠯᠤᠭᠰᠠᠨ ᠨᠡᠢᠰᠯᠡᠯ ᠬᠣᠲᠠ ᠪᠠᠨ ᠬᠦᠢᠲᠡᠨ ᠰᠡᠳᠬᠢᠯᠲᠡᠨ ᠦ᠌ ᠭᠠᠷ ᠲᠤ ᠪᠤᠯᠢᠶᠠᠯᠭᠠᠵᠤ ᠣᠷᠬᠢᠭᠠᠳ ᠪᠠᠢᠨ᠎ᠠ᠃ ᠡᠪᠦᠭᠡ ᠳᠡᠭᠡᠳᠦᠰ ᠦ᠋ᠳ ᠦ᠋ᠨ ᠮᠢᠨᠢ ᠪᠣᠰᠬᠠᠵᠤ ᠪᠠᠢᠭᠤᠯᠤᠭᠰᠠᠨ ᠲᠡᠷᠡ ᠥᠯᠥᠭᠡᠢ ᠬᠠᠷ᠎ᠠ ᠰᠠᠨᠠᠭᠠᠲᠤ ᠬᠤᠪᠢᠯᠠᠢ ᠶ᠋ᠢᠨ ᠵᠠᠷᠤᠴᠠ ᠨᠠᠷ ᠴᠢᠨᠣ᠎ᠠ ᠡᠭᠦᠷᠯᠡᠭᠦᠯᠵᠦ ᠰᠠᠭᠤᠨ᠎ᠠ᠃ ᠪᠢᠳᠡ ᠲᠡᠷᠡ ᠬᠥᠨᠥᠭᠡᠯᠲᠦ ᠠᠮᠢᠲᠠᠳ ᠢ᠋ ᠰᠢᠪᠬᠠᠨ ᠬᠥᠭᠡᠭᠡᠵᠦ ᠵᠠᠢᠯᠠᠭᠤᠯᠬᠤ ᠶᠣᠰᠣᠲᠠᠢ ᠪᠣᠯᠪᠠ᠁ ᠭᠡᠯ᠎ᠡ᠃  
       ᠡᠨᠳᠡ ᠬᠤᠷᠠᠭᠰᠠᠨ ᠪᠤᠰᠤᠳ ᠨᠣᠶᠠᠳ᠂ ᠳᠠᠭᠠᠭᠠᠮᠠᠯ ᠤ᠋ᠳ ᠴᠡᠷᠢᠭ ᠦ᠋ᠨ ᠵᠠᠬᠢᠷᠤᠭᠴᠢ ᠨᠠᠷ ᠰᠠᠨᠠᠭ᠎ᠠ ᠪᠣᠳᠣᠯ ᠢ᠋ᠶ᠋ᠠᠨ ᠢᠯᠡᠷᠬᠡᠢᠯᠡᠨ ᠬᠡᠯᠡᠬᠦ ᠶᠣᠰᠣᠲᠠᠢ ᠪᠣᠯᠪᠠ᠃ ᠲᠦᠮᠡᠲᠦ ᠶ᠋ᠢᠨ ᠳᠠᠭᠠᠭᠠᠮᠠᠯ ᠨᠣᠶᠠᠳ ᠬᠠᠨ ᠭᠡᠭᠴᠢ ᠡᠬᠢᠯᠡᠨ ᠠᠷᠢᠬᠪᠥ᠋ᠬᠡ ᠳ᠋ᠦ᠍ ᠬᠠᠨᠳᠤᠵᠤ ᠶᠣᠰᠣ ᠬᠢᠨ ᠪᠥᠬᠥᠢᠭᠡᠳ᠄ 
       — ᠪᠣᠭᠣᠯ ᠪᠢ ᠥᠪᠡᠷ ᠢ᠋ ᠪᠡᠨ ᠴᠢᠨᠣ᠎ᠠ ᠶ᠋ᠢᠨ ᠡᠭᠦᠷ ᠲᠦ᠍ ᠰᠢᠭᠢᠳᠦᠭᠡ ᠦᠭᠡᠢ᠂ ᠡᠵᠡᠨ ᠬᠠᠭᠠᠨ ᠳ᠋ᠤ᠌ ᠪᠠᠨ ᠰᠢᠳᠠᠷᠯᠠᠨ ᠵᠢᠳᠬᠦᠵᠦ ᠶᠠᠪᠤᠨ᠎ᠠ ᠭᠡᠵᠦ ᠪᠣᠳᠣᠵᠤ ᠪᠠᠢᠨ᠎ᠠ᠃ ᠪᠢᠳᠡᠨ ᠢ᠋ ᠮᠥᠩᠬᠡ ᠲᠩᠷᠢ᠂ ᠡᠵᠡᠨ ᠳᠡᠭᠡᠳᠦ ᠶᠡᠬᠡ ᠪᠣᠭᠳᠠ ᠶ᠋ᠢᠨ ᠰᠦᠯᠳᠡ ᠥᠷᠥᠰᠢᠶᠡᠬᠦ ᠶᠣᠰᠣᠲᠠᠢ᠃ ᠪᠢᠳᠡ ᠨᠡᠩ ᠳᠠᠷᠤᠢ ᠬᠤᠪᠢᠯᠠᠢ ᠶ᠋ᠢᠨ ᠵᠠᠷᠤᠴᠠ᠂ ᠶᠢᠰᠦᠩᠬᠡ ᠨᠣᠶᠠᠨ ᠤ᠋ ᠲᠡᠵᠢᠭᠡᠵᠦ ᠪᠠᠢᠭ᠎ᠠ ᠪᠡᠯᠲᠡᠷᠭᠡ ᠨᠦ᠍ᠭᠦᠳ ᠢ᠋ ᠠᠷᠢᠭᠤᠨ ᠬᠠᠷ᠎ᠠ ᠬᠣᠷᠣᠮ ᠠ᠋ᠴᠠ ᠦᠯᠳᠡᠨ ᠬᠥᠭᠡᠭᠡᠵᠦ ᠵᠠᠢᠯᠠᠭᠤᠯᠬᠤ ᠶᠣᠰᠣᠲᠠᠢ ᠪᠣᠯᠵᠠᠢ᠃ ᠪᠢᠳᠡ ᠡᠷᠡᠴᠦᠳ ᠮᠥᠨ ᠶᠦᠮ ᠪᠣᠯ ᠡᠪᠦᠭᠡ ᠳᠡᠭᠡᠳᠦᠰ ᠦ᠋ᠨ ᠢ᠋ᠶ᠋ᠡᠨ ᠪᠤᠰᠬᠠᠵᠤ ᠪᠦᠲᠦᠭᠡᠭᠰᠡᠨ ᠠᠷᠢᠭᠤᠨ ᠤᠷᠲᠤ ᠬᠠᠷᠰᠢ ᠶ᠋ᠢ ᠬᠠᠷ᠎ᠠ ᠳᠣᠳᠤᠷᠲᠠᠨ ᠨᠤᠭᠤᠳ ᠤ᠋ᠨ ᠭᠠᠷ ᠲᠤ ᠤᠳᠠᠭᠠᠨ ᠪᠤᠵᠠᠷᠯᠠᠭᠤᠯᠵᠤ ᠪᠠᠢᠬᠤ ᠤᠴᠢᠷ ᠦᠭᠡᠢ᠁ ᠭᠡᠯ᠎ᠡ᠃ ᠮᠢᠩᠭᠠᠲᠤ ᠶ᠋ᠢᠨ ᠨᠣᠶᠠᠨ ᠰᠤ ᠭᠡᠭᠴᠢ ᠰᠢᠷᠦᠭᠦᠨ ᠬᠠᠷᠠᠴᠠ ᠲᠠᠢ᠂ ᠪᠣᠰᠤᠭ᠎ᠠ ᠰᠠᠬᠠᠯ ᠢ᠋ᠶ᠋ᠠᠨ ᠭᠣᠵᠤᠭᠤᠨᠤᠯᠤᠭᠰᠠᠨ ᠡᠷ᠎ᠡ ᠶᠣᠰᠣ ᠬᠢᠵᠦ᠄ 
       — ᠬᠠᠭᠠᠨᠲᠠᠨ ᠮᠢᠨᠢ ᠠ᠋? ᠪᠣᠭᠣᠯ ᠪᠢᠳᠡ ᠠᠷᠢᠭᠤᠨ ᠳᠡᠭᠡᠳᠦᠰ ᠦ᠋ᠳ ᠦ᠋ᠨ ᠰᠢᠩᠭᠡᠭᠡᠵᠦ ᠬᠠᠢᠷᠠᠯᠠᠭᠰᠠᠨ ᠰᠡᠳᠬᠢᠯ ᠢ᠋ᠶ᠋ᠡᠷ ᠲᠠᠨ ᠳ᠋ᠤ᠌ ᠰᠥᠭᠥᠳᠦᠨ ᠮᠥᠷᠭᠥᠵᠦ ᠪᠠᠢᠨ᠎ᠠ᠃ ᠲᠠ ᠪᠣᠯ ᠡᠷ᠎ᠡ ᠵᠣᠷᠢᠭ ᠢ᠋ᠶ᠋ᠠᠨ ᠪᠠᠳᠠᠷᠷᠭᠠᠭᠰᠡᠨ ᠳᠡᠭᠡᠳᠦ ᠬᠠᠭᠠᠨ ᠪᠢᠯᠡ᠃ ᠪᠣᠭᠣᠯ ᠪᠢᠳᠡ ᠲᠠᠨ ᠤ᠋ ᠵᠠᠷᠯᠢᠭ ᠲᠤ ᠰᠥᠭᠥᠳᠦᠨ ᠮᠥᠷᠭᠥᠨ᠎ᠡ! ᠬᠤᠪᠢᠯᠠᠢ ᠪᠣᠯ ᠬᠠᠷ᠎ᠠ ᠰᠠᠨᠠᠭᠠᠲᠠᠨ ᠬᠢᠲᠠᠳ ᠨᠣᠶᠠᠳ ᠢ᠋ᠶ᠋ᠠᠷ ᠲᠡᠵᠢᠭᠡᠯᠭᠡᠭᠰᠡᠨ ᠪᠣᠯᠠᠢ ᠮᠠᠭᠤ ᠰᠠᠨᠠᠭᠠᠲᠤ ᠤᠷᠪᠠᠭᠴᠢ ᠪᠣᠯᠬᠤ ᠪᠠᠨ ᠬᠠᠷᠠᠭᠤᠯᠵᠤ ᠪᠠᠢᠨ᠎ᠠ᠃ ᠬᠤᠪᠢᠯᠠᠢ ᠴᠠᠭᠠᠵᠠ ᠵᠢᠷᠤᠮ ᠶᠣᠰᠣ ᠪᠠᠷ ᠰᠠᠭᠤᠭᠰᠠᠨ ᠬᠠᠭᠠᠨ ᠤ᠋ ᠰᠠᠭᠤᠳᠠᠯ ᠢ᠋ ᠬᠦᠴᠦ ᠪᠡᠷ ᠪᠤᠯᠢᠶᠠᠵᠤ ᠠᠪᠬᠤ ᠪᠠᠷ ᠤᠯᠠᠩᠭᠠᠰᠤᠭᠰᠠᠨ ᠴᠢᠰᠤᠲᠤ ᠲᠡᠮᠡᠴᠡᠯ ᠢ᠋ ᠦᠢᠯᠡᠳᠦᠯ᠎ᠡ᠃ ᠪᠢᠳᠡ ᠲᠡᠭᠦᠨ ᠢ᠋ ᠵᠢᠭᠰᠢᠨ ᠵᠠᠨᠤᠵᠤ ᠪᠠᠢᠨ᠎ᠠ᠃ ᠴᠡᠷᠢᠭ ᠡᠷᠡᠴᠦᠳ ᠪᠢᠳᠡ ᠵᠥᠪᠬᠡᠨ ᠨᠡᠢᠰᠯᠡᠯ ᠬᠠᠷ᠎ᠠ ᠬᠣᠷᠣᠮ ᠢ᠋ᠶ᠋ᠠᠨ ᠴᠢᠯᠥᠭᠡᠯᠡᠬᠦ ᠲᠡᠳᠦᠢ ᠦᠭᠡᠢ᠂ ᠬᠤᠪᠢᠯᠠᠢ ᠶ᠋ᠢᠨ ᠨᠡᠢᠰᠯᠡᠯ ᠪᠣᠯᠭᠠᠬᠤ ᠭᠡᠵᠦ ᠬᠠᠰᠬᠢᠷᠴᠤ ᠪᠠᠢᠭ᠎ᠠ ᠲᠡᠷᠡ ᠬᠡᠷᠢᠶᠡᠨ ᠦ᠌ ᠡᠭᠦᠷ ᠢ᠋ ᠦᠨᠡᠰᠦ ᠨᠡᠭᠦᠷᠡᠰᠦ ᠪᠣᠯᠭᠠᠬᠤ ᠶᠣᠰᠣᠲᠠᠢ᠃ ᠲᠡᠢᠮᠦ ᠬᠦᠴᠦᠨ ᠮᠣᠩᠭᠣᠯ ᠪᠢᠳᠡᠨ ᠳ᠋ᠦ᠍ ᠪᠣᠢ ᠭᠡᠵᠦ ᠬᠡᠯᠡᠪᠡ᠃ ᠡᠳᠡᠭᠡᠷ ᠬᠥᠮᠦᠰ ᠦ᠋ᠨ ᠦᠭᠡᠨ ᠳ᠋ᠦ᠍ ᠠᠷᠢᠬᠪᠥ᠋ᠬᠡ ᠶ᠋ᠢᠨ ᠰᠡᠳᠬᠢᠯ ᠬᠥᠭᠡᠷᠦᠨ ᠵᠣᠷᠢᠭᠵᠢᠵᠤ ᠰᠠᠭᠤᠯ᠎ᠠ᠃ 
       ᠲᠠᠮᠠᠭ᠎ᠠ ᠶ᠋ᠢᠨ ᠭᠠᠵᠠᠷ ᠤ᠋ᠨ ᠶᠡᠬᠡ ᠴᠢᠩᠰᠠᠩ ᠳᠣᠷᠭᠣᠨ ᠭᠡᠭᠴᠢ ᠡᠪᠦᠭᠡᠵᠢᠶᠡᠷ ᠨᠣᠶᠠᠨ ᠶᠣᠰᠣ ᠬᠢᠨ ᠠᠢᠯᠠᠳᠬᠠᠯ ᠬᠢᠬᠦ ᠵᠥᠪᠰᠢᠶᠡᠷᠡᠯ ᠠᠪᠤᠭᠠᠳ᠂ ᠰᠥᠭᠡᠩᠭᠢᠳᠡᠭᠦᠦ ᠳᠠᠭᠤ ᠪᠠᠷ ᠠᠭᠠᠵᠢᠭᠤᠬᠠᠨ ᠬᠡᠯᠡᠬᠦ ᠳ᠋ᠦ᠍ ᠪᠡᠨ᠄ 
       — ᠨᠣᠶᠠᠳ ᠳᠡᠭᠡᠳᠦᠰ ᠦ᠋ᠳ ᠶᠡᠬᠡ ᠵᠣᠷᠢᠮᠠᠭ ᠰᠠᠢᠬᠠᠨ ᠦᠭᠡ ᠠᠢᠯᠠᠳᠴᠤ ᠪᠠᠢᠭ᠎ᠠ ᠨᠢ ᠰᠡᠳᠬᠢᠯ ᠬᠥᠭᠵᠢᠭᠡᠵᠦ᠂ ᠤᠷᠮ᠎ᠠ ᠵᠣᠷᠢᠭ ᠢ᠋ ᠪᠠᠳᠠᠷᠠᠭᠠᠵᠤ ᠪᠠᠢᠨ᠎ᠠ᠃ ᠭᠡᠬᠦ ᠳ᠋ᠦ᠍ ᠪᠡᠨ ᠤᠭ ᠬᠡᠷᠡᠭ ᠢ᠋ ᠪᠢᠳᠡ ᠬᠥᠭᠡᠷᠦᠭᠰᠡᠨ ᠰᠡᠳᠬᠢᠯ ᠦ᠋ᠨ ᠬᠦᠴᠦ ᠪᠡᠷ ᠬᠢᠬᠦ ᠪᠤᠰᠤ᠂ ᠬᠢᠨᠠᠭᠤᠷ ᠪᠣᠯᠭᠣᠮᠵᠢᠲᠠᠢ᠂ ᠶᠡᠬᠡ ᠪᠡᠯᠡᠳᠬᠡᠯᠲᠡᠢ᠂ ᠨᠠᠷᠢᠨ ᠤᠬᠠᠭᠠᠨ ᠵᠠᠷᠤᠵᠤ ᠬᠢᠪᠡᠯ ᠵᠣᠬᠢᠬᠤ ᠪᠢᠵᠡ ᠠ᠋᠃ ᠪᠢᠳᠡ ᠣᠳᠣ ᠲᠡᠢᠮᠦ ᠪᠠᠢᠳᠠᠯ ᠳ᠋ᠤ᠌ ᠬᠦᠷᠴᠦ ᠬᠠᠷᠠᠬᠠᠨ ᠴᠢᠳᠠᠭ᠎ᠠ ᠦᠭᠡᠢ ᠪᠠᠢᠨ᠎ᠠ᠃ ᠮᠤᠩᠬᠠᠭ ᠪᠢ ᠰᠠᠨᠠᠪᠠᠯ ᠤᠴᠢᠷ ᠵᠦᠭ ᠦᠭᠡᠢ ᠳᠠᠢᠳᠤᠬᠤ ᠪᠠᠷ ᠪᠢᠳᠡ ᠴᠡᠷᠢᠭᠵᠢᠵᠦ ᠵᠠᠪᠳᠤᠭ᠎ᠠ ᠦᠭᠡᠢ ᠪᠢᠰᠢ ᠪᠢᠵᠡ? ᠭᠡᠪᠡᠯ ᠪᠤᠰᠤᠳ ᠨᠣᠶᠠᠳ ᠳᠠᠭᠤ ᠲᠠᠯᠪᠢᠨ᠄ 
       — ᠨᠠᠭᠠᠳᠤ ᠬᠥᠭᠰᠢᠨ ᠲᠣᠯᠣᠭᠠᠢ ᠪᠢᠳᠡᠨ ᠢ᠋ ᠪᠠᠰᠤᠵᠤ ᠪᠠᠢᠨ᠎ᠠ᠃ ᠡᠭᠦᠨ ᠢ᠋ ᠵᠠᠢᠯᠠᠭᠤᠯ! 
       — ᠴᠢ ᠬᠤᠪᠢᠯᠠᠢ ᠳ᠋ᠤ᠌ ᠤᠷᠪᠠᠭᠰᠠᠨ ᠵᠥᠨᠥᠭ ᠪᠠᠢᠬᠤ ᠠ᠋ᠴᠠ ᠡᠰᠡ ᠵᠠᠢᠯᠠᠯ᠎ᠠ ᠭᠡᠵᠢ ᠤᠤ? 
       — ᠴᠢ ᠨᠠᠭᠠᠳᠤ ᠦᠭᠡ ᠪᠡᠨ ᠬᠢᠲᠠᠳ ᠨᠣᠶᠠᠳ ᠲᠠᠢ ᠰᠦᠯᠪᠡᠭᠡᠯᠳᠦᠭᠰᠡᠨ ᠬᠤᠪᠢᠯᠠᠢ ᠶ᠋ᠢᠨ ᠬᠢᠨ ᠳ᠋ᠦ᠍ ᠣᠴᠢᠵᠤ ᠬᠡᠯᠡ! ᠭᠡᠵᠦ ᠱᠤᠤᠭᠢᠯᠳᠤᠪᠠ᠃ ᠠᠷᠢᠬᠪᠥ᠋ᠬᠡ ᠪᠣᠰᠴᠤ ᠵᠠᠩᠳᠤᠷᠤᠨ ᠴᠢᠮᠡᠭᠡ ᠳᠠᠷᠤᠭᠠᠳ᠄ 
       — ᠲᠠ ᠮᠢᠨᠢ ᠠ᠋⁈ ᠪᠢᠳᠡ ᠪᠡᠶ᠎ᠡ ᠪᠠᠶᠠᠨ ᠤ᠋ ᠪᠠᠨ ᠦᠭᠡ ᠶ᠋ᠢ ᠵᠥᠪ ᠢ᠋ᠶ᠋ᠡᠷ ᠲᠤᠩᠭᠠᠭᠠᠵᠤ ᠪᠣᠳᠣᠵᠤ ᠣᠢᠯᠠᠭᠠᠵᠤ ᠠᠪᠬᠤ ᠶᠣᠰᠣᠲᠠᠢ᠃ ᠲᠣ᠊ ᠠᠬ᠎ᠠ ᠪᠤᠷᠤᠭᠤ ᠶ᠋ᠢ ᠥᠭᠦᠯᠡᠭᠡ ᠦᠭᠡᠢ ᠪᠠᠢᠬᠤ᠃ ᠠᠬ᠎ᠠ ᠨᠢ ᠰᠤᠷᠭᠠᠵᠤ᠂ ᠳᠡᠭᠦᠦ ᠨᠢ ᠰᠣᠨᠣᠰᠬᠤ ᠤᠴᠢᠷ《ᠬᠠᠰᠢᠷ ᠠ᠋ᠴᠠ ᠭᠠᠰᠢᠭᠤᠨ ᠭᠠᠷᠬᠤ ᠦᠭᠡᠢ》 ᠭᠡᠳᠡᠭ ᠦᠭᠡ ᠶ᠋ᠢ ᠪᠣᠯᠭᠤᠭᠠᠵᠠᠭ᠎ᠠ᠃ ᠲᠣ᠊ ᠨᠣᠶᠠᠨᠲᠠᠨ ᠪᠢᠳᠡᠨ ᠢ᠋ ᠬᠥᠭᠡᠷᠦᠭᠰᠡᠨ ᠰᠡᠳᠬᠢᠯ ᠦ᠋ᠨ ᠡᠷᠬᠡ ᠪᠡᠷ ᠬᠡᠷᠡᠭ ᠢ᠋ᠶ᠋ᠡᠨ ᠶᠠᠪᠤᠭᠤᠯᠵᠤ ᠪᠣᠯᠬᠤ ᠦᠭᠡᠢ ᠭᠡᠮᠡᠨ ᠰᠤᠷᠭᠠᠯ᠎ᠠ᠃ ᠡᠨᠡ ᠵᠥᠪ ᠰᠢᠦ᠃ ᠲᠡᠭᠡᠬᠦ ᠳ᠋ᠦ᠍ ᠪᠡᠨ ᠳ᠋ᠦ᠍ ᠨᠣᠶᠠᠨ ᠬᠠᠷ᠎ᠠ ᠬᠣᠷᠣᠮ ᠢ᠋ ᠡᠷᠭᠢᠭᠦᠯᠵᠦ ᠠᠪᠬᠤ ᠭᠡᠵᠦ ᠪᠤᠤ ᠮᠠᠬᠠᠷᠠᠨ ᠤᠷᠤᠯᠳᠤ ᠭᠡᠵᠦ ᠬᠡᠯᠡᠭᠡ ᠦᠭᠡᠢ᠃ ᠲᠤᠯᠤᠯᠳᠤᠭᠠᠨ ᠳ᠋ᠤ᠌ ᠪᠠᠨ ᠰᠠᠢᠨ ᠪᠡᠯᠡᠳᠭᠡ ᠭᠡᠵᠦ ᠬᠡᠯᠡᠵᠦ ᠪᠠᠢᠨ᠎ᠠ᠃ ᠡᠨᠡ ᠦᠭᠡ ᠵᠥᠪ ᠰᠢᠦ᠁ ᠭᠡᠯ᠎ᠡ᠃ ᠪᠤᠰᠤᠳ ᠨᠣᠶᠠᠳ ᠬᠠᠭᠠᠨ ᠤ᠋ ᠪᠠᠨ ᠦᠭᠡ ᠶ᠋ᠢ ᠳᠠᠭᠠᠳᠠᠭ ᠨᠢ ᠮᠡᠳᠡᠭᠡᠵᠢ᠃ 
       ᠪᠦᠬᠦ ᠨᠣᠶᠠᠳ ᠪᠠᠷᠤᠭ ᠲᠣᠯᠣᠭᠠᠢ ᠳᠠᠷᠠᠭᠠᠯᠠᠨ ᠪᠣᠰᠴᠤ ᠦᠭᠡ ᠬᠡᠯᠡᠬᠦ ᠳ᠋ᠦ᠍ ᠪᠡᠨ ᠬᠤᠪᠢᠯᠠᠢ ᠶ᠋ᠢᠨ ᠭᠠᠷ ᠠ᠋ᠴᠠ ᠨᠡᠢᠰᠯᠡᠯ ᠬᠣᠲᠠ ᠪᠠᠨ ᠴᠢᠯᠥᠭᠡᠯᠡᠵᠦ ᠠᠪᠤᠨ᠎ᠠ᠃ ᠲᠡᠭᠦᠨ ᠢ᠋ ᠬᠤᠪᠢᠯᠠᠢ ᠶ᠋ᠢᠨ ᠲᠤᠰᠢᠶᠠᠯ ᠢ᠋ᠶ᠋ᠠᠷ ᠡᠵᠡᠩᠨᠡᠵᠦ ᠰᠠᠭᠤᠭ᠎ᠠ ᠴᠥᠳᠦᠭᠡᠷ ᠶᠢᠰᠦᠩᠬᠡ ᠨᠣᠶᠠᠨ ᠢ᠋ ᠨᠢ ᠴᠠᠭᠠᠵᠠ ᠪᠠᠷ ᠠᠪᠴᠤ᠂ ᠵᠢᠷᠤᠮ ᠤ᠋ᠨ ᠣᠯᠠᠨ ᠴᠡᠷᠢᠭ ᠢ᠋ ᠥᠪᠡᠷ ᠲᠦ᠍ ᠪᠡᠨ ᠨᠢᠭᠡᠳᠬᠡᠨ᠂ ᠤᠯᠠᠮ ᠢ᠋ᠶ᠋ᠠᠷ ᠱᠠᠩᠳᠤ ᠭᠡᠳᠡᠭ ᠬᠢᠲᠠᠳ ᠬᠣᠲᠠ ᠶ᠋ᠢ ᠪᠠᠢᠯᠳᠤᠨ᠎ᠠ᠃ ᠰᠡᠷᠢᠭᠦᠨ ᠤᠯᠠᠷᠢᠯ ᠳ᠋ᠤ᠌ ᠳᠠᠢᠰᠤᠨ ᠤ᠋ ᠰᠠᠨᠠᠭᠠᠨ ᠳ᠋ᠤ᠌ ᠣᠷᠣᠮ᠎ᠠ ᠦᠭᠡᠢ ᠴᠠᠭ ᠢ᠋ᠶ᠋ᠠᠷ ᠨᠡᠢᠰᠯᠡᠯ ᠢ᠋ ᠳᠣᠪᠲᠣᠯᠤᠨ᠎ᠠ᠃ ᠣᠷᠣᠢᠲᠠᠪᠠᠯ ᠮᠠᠭᠤ ᠪᠣᠯᠤᠨ᠎ᠠ ᠭᠡᠵᠦ ᠥᠭᠦᠯᠡᠵᠦ ᠪᠠᠢᠯ᠎ᠠ᠃ ᠡᠨᠡ ᠪᠦᠭᠦᠳᠡ ᠶ᠋ᠢ ᠠᠷᠢᠬᠪᠥ᠋ᠬᠡ ᠥᠪᠡᠷ ᠦ᠋ᠨ ᠰᠢᠳᠠᠷ ᠵᠠᠩᠵᠤᠨ ᠲᠠᠢ ᠪᠠᠨ ᠬᠠᠮᠲᠤ ᠡᠷᠭᠢᠴᠡᠭᠦᠯᠦᠨ ᠪᠣᠳᠣᠵᠤ ᠦᠵᠡᠭᠡᠳ ᠨᠢᠭᠡ ᠰᠠᠷ᠎ᠠ ᠬᠠᠭᠠᠰ ᠤ᠋ᠨ ᠳᠠᠷᠠᠭ᠎ᠠ ᠳᠠᠢᠳᠤᠬᠤ᠂ ᠨᠠᠭᠠᠨ᠎ᠠ ᠨᠢ ᠠᠭᠲᠠ ᠮᠣᠷᠢᠳ ᠢ᠋ᠶ᠋ᠠᠨ ᠠᠮᠠᠷᠠᠭᠠᠬᠤ᠂ ᠴᠡᠷᠢᠭ ᠢ᠋ᠶ᠋ᠡᠨ ᠰᠤᠷᠭᠠᠭᠤᠯᠢᠯᠠᠬᠤ ᠶᠣᠰᠣᠲᠠᠢ ᠪᠠᠢᠨ᠎ᠠ ᠭᠡᠵᠦ ᠵᠠᠷᠯᠢᠭ ᠪᠠᠭᠤᠯᠭᠠᠪᠠ᠃ ᠲᠡᠭᠦᠨ ᠦ᠌ ᠡᠰᠡᠷᠭᠦ ᠵᠣᠭᠰᠣᠬᠤ ᠬᠡᠨ ᠪᠠᠢᠬᠤ ᠪᠢᠯᠡ᠃
       ᠠᠷᠢᠬᠪᠥᠶ᠋ᠬᠡ ᠵᠠᠩᠵᠤᠨ ᠤ᠋ ᠪᠠᠨ ᠬᠠᠮᠲᠤ ᠪᠠᠢᠵᠤ ᠪᠢᠯᠢᠭᠦᠨ ᠲᠦᠰᠢᠮᠡᠯ ᠲᠡᠢ ᠵᠣᠷᠢᠭᠤᠳᠠ ᠠᠭᠤᠯᠵᠠᠨ ᠬᠠᠷᠠᠬᠣᠷᠣᠮ ᠳ᠋ᠤ᠌ ᠬᠤᠪᠢᠯᠠᠢ ᠶ᠋ᠢᠨ ᠴᠡᠷᠢᠭ ᠶᠠᠮᠠᠷ ᠰᠢᠦ ᠪᠠᠢᠭᠤᠯᠤᠯᠲᠠ ᠲᠠᠢ᠂ ᠬᠠᠮᠢᠭ᠎ᠠ ᠣᠷᠣᠰᠢᠨ ᠪᠠᠢᠭ᠎ᠠ᠂ ᠶᠢᠰᠦᠩᠭᠡ ᠨᠣᠶᠠᠨ ᠶᠠᠮᠠᠷ ᠬᠠᠮᠠᠭᠠᠯᠠᠯᠲᠠ ᠲᠠᠢ ᠶᠠᠪᠤᠵᠤ ᠪᠠᠢᠭ᠎ᠠ ᠵᠡᠷᠭᠡ ᠶ᠋ᠢ ᠳᠠᠬᠢᠨ ᠨᠠᠷᠢᠨ ᠲᠠᠨᠢᠯᠴᠠᠭᠠᠳ᠂ ᠴᠡᠷᠢᠭ ᠦ᠋ᠨ ᠪᠠᠢᠷᠢᠯᠠᠯ ᠤ᠋ᠨ ᠪᠠᠢᠳᠠᠯ ᠢ᠋ ᠵᠢᠷᠤᠭᠯᠠᠨ᠂ ᠲᠡᠨᠳᠡ ᠬᠡᠷᠬᠢᠨ ᠳᠣᠪᠲᠣᠯᠬᠤ ᠲᠤᠬᠠᠢ ᠪᠣᠳᠣᠯ ᠢ᠋ᠶ᠋ᠠᠨ ᠲᠥᠯᠥᠪᠯᠡᠵᠦ ᠠᠪᠤᠯ᠎ᠠ᠃ ᠲᠡᠭᠡᠬᠦ ᠳ᠋ᠦ᠍ ᠪᠡᠨ ᠬᠠᠮᠤᠭ ᠤ᠋ᠨ ᠲᠡᠷᠢᠭᠦᠨ ᠳ᠋ᠦ᠍ ᠴᠥᠭᠡᠨ ᠬᠥᠮᠦᠨ ᠲᠡᠢ ᠪᠡᠷ ᠰᠠᠮ ᠣᠷᠣᠵᠤ ᠬᠣᠲᠠ ᠶ᠋ᠢᠨ ᠵᠠᠬᠢᠷᠤᠭᠴᠢ ᠶ᠋ᠢ ᠪᠠᠷᠢᠪᠴᠢᠯᠠᠨ ᠠᠪᠬᠤ ᠤᠴᠢᠷᠲᠠᠢ ᠪᠠᠢᠭ᠎ᠠ ᠶ᠋ᠢ ᠬᠡᠯᠡᠯᠴᠡᠨ᠂ ᠡᠨᠡ ᠬᠡᠷᠡᠭ ᠢ᠋ ᠪᠢᠯᠢᠭᠦᠨ ᠢ᠋ ᠲᠡᠷᠢᠭᠦᠯᠡᠨ ᠬᠢ ᠭᠡᠯ᠎ᠡ᠃ ᠲᠦᠰᠢᠮᠡᠯ ᠳ᠋ᠦ᠍ ᠦᠭᠡᠢ ᠭᠡᠬᠦ ᠶ᠋ᠢᠨ ᠠᠷᠭ᠎ᠠ ᠪᠠᠢᠬᠤ ᠦᠭᠡᠢ᠂ ᠪᠠᠰᠠ ᠴᠦ᠍ ᠳᠠᠢᠰᠤᠨ ᠤ᠋ ᠪᠠᠢᠷᠢᠯᠠᠯ ᠢ᠋ ᠪᠡᠶ᠎ᠡ ᠪᠡᠷ ᠶᠠᠪᠤᠵᠤ ᠮᠡᠳᠡᠭᠰᠡᠨ ᠦ᠌ ᠬᠤᠪᠢ ᠳ᠋ᠤ᠌ ᠢᠩᠭᠢᠬᠦ ᠨᠢ ᠵᠦᠢ ᠪᠣᠯᠵᠤ ᠪᠠᠢᠯ᠎ᠠ᠃ 
       ᠬᠠᠪᠤᠷ ᠤ᠋ᠨ ᠴᠠᠰᠤ ᠪᠤᠲᠠᠷᠠᠨ᠂ ᠵᠠᠷᠢᠮ ᠳ᠋ᠤ᠌ ᠪᠠᠨ ᠬᠠᠪᠰᠠᠷᠭ᠎ᠠ ᠨᠦᠳᠦᠵᠦ ᠮᠠᠯ ᠰᠢᠷᠪᠠᠭᠤᠯᠵᠤ ᠪᠠᠢᠭᠰᠠᠨ ᠪᠣᠯᠪᠠᠴᠤ ᠠᠷᠢᠬᠪᠥᠶ᠋ᠬᠡ ᠶ᠋ᠢᠨ ᠴᠡᠷᠢᠭ ᠳᠠᠢᠳᠤᠬᠤ ᠪᠡᠯᠡᠳᠬᠡᠯ ᠢ᠋ᠶ᠋ᠡᠨ ᠥᠷᠯᠥᠭᠡ ᠣᠷᠣᠢ ᠦᠭᠡᠢ ᠬᠢᠭᠰᠡᠭᠡᠷ ᠴᠠᠰᠤᠨ ᠳᠣᠣᠷ᠎ᠠ ᠠ᠋ᠴᠠ ᠭᠠᠷᠴᠤ ᠢᠷᠡᠭᠰᠡᠨ ᠰᠠᠬᠤᠯᠢᠭ ᠡᠪᠡᠰᠦᠨ ᠳ᠋ᠦ᠍ ᠠᠳᠤᠭᠤ ᠪᠠᠨ ᠪᠡᠯᠴᠢᠭᠡᠷᠯᠡᠭᠦᠯᠦᠨ ᠠᠭᠲᠠ ᠮᠣᠷᠢᠳ ᠢ᠋ᠶ᠋ᠠᠨ ᠲᠡᠩᠬᠡᠷᠡᠭᠦᠯᠵᠦ ᠪᠠᠢᠪᠠ᠃ ᠡᠨᠡ ᠵᠢᠯ ᠬᠠᠪᠤᠷ ᠤ᠋ᠨ ᠤᠷᠢ ᠡᠷᠲᠡ ᠣᠷᠣᠵᠤ᠂ ᠭᠣᠣᠯ ᠭᠣᠷᠣᠬᠠᠨ ᠤ᠋ ᠮᠥᠰᠥ ᠵᠠᠬ᠎ᠠ ᠪᠠᠷ ᠢ᠋ᠶ᠋ᠠᠨ ᠬᠠᠢᠯᠤᠨ᠂ ᠬᠣᠨᠣᠭ ᠥᠩᠭᠡᠷᠡᠬᠦ ᠲᠣᠰᠤᠮ ᠴᠠᠭ ᠲᠤᠯᠭᠠᠷᠠᠵᠤ ᠪᠠᠢᠯ᠎ᠠ᠃  
       ᠡᠢᠮᠦ ᠴᠠᠭ ᠢ᠋ᠶ᠋ᠠᠷ ᠠᠷᠢᠬᠪᠥᠶ᠋ᠬᠡ ᠬᠠᠭᠠᠨ ᠤ᠋ ᠴᠡᠷᠢᠭ ᠣᠷᠬᠣᠨ ᠤᠷᠤᠭᠤ ᠬᠥᠳᠡᠯᠬᠦ ᠪᠣᠯᠪᠠ᠃ ᠲᠡᠭᠡᠬᠦ ᠳ᠋ᠦ᠍ ᠪᠡᠨ ᠠᠷᠢᠬᠪᠥᠶ᠋ᠬᠡ ᠥᠪᠡᠷ ᠦ᠋ᠨ ᠲᠦᠮᠡᠲᠦ ᠶ᠋ᠢ ᠭᠤᠷᠪᠠ ᠬᠤᠪᠢᠶᠠᠵᠤ ᠬᠠᠩᠭᠠᠢ ᠶ᠋ᠢᠨ ᠨᠢᠷᠤᠭᠤ ᠶ᠋ᠢ ᠳᠠᠪᠠᠭᠤᠯᠬᠤ ᠡᠭᠦᠨ ᠦ᠌ ᠨᠢᠭᠡ ᠬᠡᠰᠡᠭ ᠢ᠋ ᠠᠭᠤᠯᠠ ᠶ᠋ᠢᠨ ᠠᠷᠤ ᠪᠠᠷ ᠶᠠᠪᠤᠭᠤᠯᠵᠤ ᠬᠠᠷᠠᠬᠣᠷᠣᠮ ᠤ᠋ᠨ ᠬᠣᠢᠲᠤ ᠲᠠᠯ᠎ᠠ ᠪᠠᠷ ᠳᠣᠪᠲᠣᠯᠤᠨ ᠣᠷᠣᠭᠤᠯᠵᠤ᠂ ᠬᠣᠶᠠᠳᠠᠬᠢ ᠬᠡᠰᠡᠭ ᠢ᠋ ᠡᠭ ᠦ᠋ᠨ ᠳᠠᠪᠠᠭ᠎ᠠ ᠪᠠᠷ ᠳᠠᠪᠠᠭᠤᠯᠤᠨ ᠣᠷᠬᠣᠨ ᠢ᠋ ᠤᠷᠤᠭᠤᠳᠠᠭᠤᠯᠤᠨ ᠬᠣᠲᠠ ᠶ᠋ᠢᠨ ᠪᠠᠷᠠᠭᠤᠨ ᠲᠠᠯ᠎ᠠ ᠠ᠋ᠴᠠ ᠣᠷᠣᠭᠤᠯᠵᠤ᠂ ᠭᠤᠷᠪᠠᠳᠠᠬᠢ ᠬᠡᠰᠡᠭ ᠢ᠋ ᠬᠠᠩᠭᠠᠢ ᠨᠢᠷᠤᠭᠤᠨ ᠤ᠋ ᠥᠪᠥᠷ ᠢ᠋ᠶ᠋ᠡᠷ ᠣᠷᠢᠶᠠᠯᠭᠠᠨ ᠬᠣᠲᠠ ᠶ᠋ᠢᠨ ᠵᠡᠭᠦᠨ ᠤᠷᠲᠤ ᠠ᠋ᠴᠠ ᠳᠣᠪᠲᠣᠯᠤᠭᠤᠯᠬᠤ᠂ ᠡᠨᠡ ᠠᠩᠭᠢ ᠳᠠᠢᠰᠤᠨ ᠤ᠋ ᠴᠡᠷᠢᠭ ᠲᠦᠰᠢᠮᠡᠳ ᠨᠠᠷ ᠤ᠋ᠨ ᠤᠷᠤᠭᠰᠢ ᠵᠢᠭᠤᠲᠠᠬᠤ ᠵᠠᠮ ᠢ᠋ ᠲᠠᠰᠤᠯᠤᠨ ᠬᠠᠭᠠᠵᠤ ᠴᠣᠬᠢᠬᠤ ᠶᠣᠰᠣᠲᠠᠢ ᠭᠡᠵᠦ ᠰᠢᠢᠳᠦᠯ᠎ᠡ᠃ ᠡᠨᠡ ᠲᠥᠯᠥᠪᠯᠡᠯᠭᠡ ᠶ᠋ᠢ ᠳᠣᠷᠭᠣᠨ ᠲᠦᠰᠢᠮᠡᠯ ᠭᠣᠣᠯᠯᠠᠨ ᠵᠣᠬᠢᠶᠠᠪᠠ᠃ ᠪᠢᠯᠢᠭᠦᠨ ᠳ᠋ᠦ᠍ ᠭᠤᠷᠪᠠᠨ ᠵᠠᠭᠤᠨ ᠴᠡᠷᠢᠭ ᠥᠭᠴᠦ᠂ ᠲᠡᠭᠦᠨ ᠢ᠋ ᠪᠡᠨ ᠵᠠᠭᠤᠲᠤ ᠵᠠᠭᠤᠲᠤ ᠪᠠᠷ ᠨᠢ ᠬᠤᠪᠢᠶᠠᠨ ᠬᠣᠲᠠ ᠳ᠋ᠤ᠌ ᠰᠠᠮ ᠣᠷᠣᠭᠤᠯᠵᠤ ᠶᠢᠰᠦᠩᠭᠡ ᠶ᠋ᠢᠨ ᠣᠷᠣᠨ ᠭᠡᠷ ᠢ᠋ ᠪᠦᠰᠡᠯᠡᠨ ᠠᠪᠴᠤ᠂ ᠲᠡᠷᠡ ᠨᠣᠶᠠᠨ ᠢ᠋ ᠠᠮᠢᠳᠤ ᠪᠠᠷ ᠨᠢ ᠪᠠᠷᠢᠪᠴᠢᠯᠠᠨ ᠬᠠᠭᠠᠨ ᠳ᠋ᠤ᠌ ᠲᠤᠰᠢᠶᠠᠬᠤ ᠡᠭᠦᠷᠭᠡ ᠶ᠋ᠢ ᠲᠦᠰᠢᠮᠡᠳ ᠲᠦ᠍ ᠬᠦᠯᠢᠶᠡᠯᠭᠡᠪᠡ᠃ 
       ᠬᠠᠪᠤᠷ ᠤ᠋ᠨ ᠠᠳᠠᠭ ᠰᠠᠷ᠎ᠠ ᠶ᠋ᠢᠨ ᠰᠢᠨ᠎ᠡ ᠶ᠋ᠢᠨ ᠬᠣᠶᠠᠷ ᠲᠤ ᠬᠡᠩᠭᠡᠷᠭᠡ ᠳᠡᠯᠡᠳᠦᠯ᠎ᠡ᠃ ᠠᠷᠢᠬᠪᠥᠶ᠋ᠬᠡ ᠶ᠋ᠢᠨ ᠴᠡᠷᠢᠭ ᠭᠤᠷᠪᠠᠨ ᠵᠠᠮ ᠢ᠋ᠶ᠋ᠠᠷ ᠬᠠᠷᠠᠬᠣᠷᠣᠮ ᠤ᠋ᠨ ᠵᠦᠭ ᠬᠥᠳᠡᠯᠪᠡ᠃ ᠪᠢᠯᠢᠭᠦᠨ ᠲᠣᠭᠲᠠᠭᠠᠵᠤ ᠥᠭᠭᠦᠭᠰᠡᠨ ᠲᠣᠭᠠᠨ ᠤ᠋ ᠴᠡᠷᠢᠭ ᠦ᠋ᠨ ᠬᠠᠮᠲᠤ ᠲᠡᠷᠢᠭᠦᠨ ᠦ᠌ ᠠᠩᠭᠢ ᠪᠣᠯᠤᠨ ᠤᠷᠢᠲᠠᠵᠤ ᠬᠥᠳᠡᠯᠦᠯ᠎ᠡ᠃ ᠪᠦᠬᠦ ᠵᠠᠮ ᠤ᠋ᠨ ᠴᠡᠷᠢᠭ ᠭᠤᠷᠪᠠ ᠠ᠋ᠴᠠ ᠲᠠᠪᠤ ᠬᠣᠨᠣᠭ ᠤ᠋ᠨ ᠳᠣᠲᠣᠷ᠎ᠠ ᠬᠠᠩᠭᠠᠢ ᠶ᠋ᠢᠨ ᠨᠢᠷᠤᠭᠤ ᠶ᠋ᠢ ᠳᠠᠪᠠᠵᠤ᠂ ᠣᠷᠬᠣᠨ ᠭᠣᠣᠯ ᠤ᠋ᠨ ᠰᠠᠪᠠ ᠳ᠋ᠤ᠌ ᠣᠷᠣᠭᠠᠳ᠂ ᠳᠠᠢᠰᠤᠨ ᠤ᠋ ᠬᠡᠭᠡᠷ᠎ᠡ ᠶ᠋ᠢᠨ ᠬᠠᠷᠠᠭᠤᠯ ᠤ᠋ᠨ ᠠᠷᠪᠠᠲᠤ ᠴᠡᠷᠢᠭ ᠦ᠋ᠳ ᠢ᠋ ᠬᠡᠳᠦᠨ ᠭᠠᠵᠠᠷ ᠤᠰᠠᠳᠬᠠᠨ᠂ ᠮᠠᠰᠢ ᠰᠡᠮᠡᠭᠡᠷᠬᠡᠨ ᠢ᠋ᠶ᠋ᠡᠷ ᠤᠷᠤᠭᠰᠢ ᠠᠭᠢᠭᠰᠠᠭᠠᠷ ᠪᠠᠢᠪᠠ᠃ ᠪᠢᠯᠢᠭᠦᠨ ᠦ᠌ ᠲᠡᠷᠢᠭᠦᠯᠡᠭᠰᠡᠨ ᠠᠩᠭᠢ ᠴᠢᠮᠡᠭᠡ ᠦᠭᠡᠢ ᠳᠣᠪᠲᠣᠯᠤᠭᠰᠠᠭᠠᠷ ᠦᠦᠷ ᠰᠥᠨᠢ ᠶ᠋ᠢᠨ ᠴᠠᠭ ᠢ᠋ᠶ᠋ᠠᠷ ᠰᠢᠩᠬᠤ ᠠᠭᠤᠯᠠ ᠶ᠋ᠢᠨ ᠪᠠᠷᠠᠭᠤᠨ᠂ ᠵᠡᠭᠦᠨ ᠲᠠᠯ᠎ᠠ ᠪᠠᠷ ᠲᠥᠯᠥᠪᠯᠡᠭᠰᠡᠨ ᠶᠣᠰᠣ ᠪᠠᠷ ᠬᠣᠲᠠ ᠳ᠋ᠤ᠌ ᠣᠷᠣᠵᠤ ᠶᠡᠬᠡ ᠬᠡᠷᠡᠮ ᠳ᠋ᠦ᠍ ᠲᠤᠯᠤᠨ ᠣᠴᠢᠯ᠎ᠠ᠃ ᠬᠠᠮᠤᠭ ᠲᠡᠷᠢᠭᠦᠨ ᠳ᠋ᠦ᠍ ᠬᠡᠷᠡᠮ ᠦ᠋ᠨ ᠳᠥᠷᠪᠡᠨ ᠬᠠᠭᠠᠯᠭ᠎ᠠ ᠶ᠋ᠢ ᠡᠵᠡᠯᠡᠨ ᠠᠪᠬᠤ ᠦᠶ᠎ᠡ ᠳ᠋ᠦ᠍ ᠴᠥᠭᠡᠨ ᠴᠡᠷᠢᠭ ᠦ᠋ᠳ ᠲᠡᠢ ᠲᠤᠯᠤᠯᠳᠤᠭᠠᠨ ᠬᠢᠵᠦ ᠡᠬᠢᠯᠡᠪᠡ᠃ ᠡᠨᠡ ᠨᠢ ᠳᠣᠲᠣᠭᠰᠢ ᠪᠠᠨ ᠬᠡᠯᠡ ᠠᠪᠤᠯᠴᠠᠨ᠂ ᠶᠢᠰᠦᠩᠭᠡ ᠨᠣᠶᠠᠨ ᠤ᠋ ᠪᠡᠶ᠎ᠡ ᠬᠠᠮᠠᠭᠠᠯᠠᠬᠤ ᠴᠡᠷᠢᠭ ᠲᠡᠢ ᠦᠦᠷ ᠦ᠋ᠨ ᠭᠡᠭᠡᠨ ᠢ᠋ᠶ᠋ᠡᠷ ᠬᠠᠷᠪᠤᠯᠳᠤᠭᠰᠠᠨ ᠪᠣᠯᠪᠠᠴᠤ ᠨᠢᠭᠡᠨᠲᠡ ᠶᠡᠬᠡ ᠬᠡᠷᠡᠮ ᠦ᠋ᠨ ᠬᠠᠭᠠᠯᠭ᠎ᠠ ᠨᠤᠭᠤᠳ ᠢ᠋ ᠪᠢᠯᠢᠭᠦᠨ ᠡᠵᠡᠯᠡᠨ ᠠᠪᠤᠭᠰᠠᠨ ᠪᠣᠯᠬᠣᠷ ᠭᠠᠳᠠᠭᠰᠢ ᠭᠠᠷᠬᠤ ᠭᠡᠵᠦ ᠣᠷᠣᠯᠳᠣᠭᠰᠠᠨ ᠪᠦᠬᠦᠨ ᠢ᠋ ᠲᠣᠨᠢᠯᠭᠠᠵᠤ᠂ ᠳᠠᠢᠰᠤᠨ ᠤ᠋ ᠭᠣᠣᠯ ᠬᠦᠴᠦᠨ ᠶᠡᠬᠡ ᠴᠡᠷᠢᠭ ᠲᠦ᠍ ᠬᠡᠯᠡ ᠵᠠᠯᠭᠠᠭᠤᠯᠬᠤ ᠦᠭᠡᠢ ᠪᠡᠷ ᠵᠠᠮ ᠢ᠋ ᠨᠢ ᠲᠠᠰᠤᠯᠵᠤ ᠪᠠᠢᠪᠠ᠃ ᠨᠢᠭᠡᠨ ᠵᠠᠭᠤ ᠢᠯᠡᠭᠦᠦ ᠴᠡᠷᠢᠭ ᠦ᠋ᠨ ᠬᠠᠮᠲᠤ ᠭᠠᠷᠴᠤ ᠢᠷᠡᠭᠡᠳ ᠬᠠᠷᠪᠤᠯᠳᠤᠵᠤ ᠡᠬᠢᠯᠡᠯ᠎ᠡ᠃ ᠨᠠᠷᠠᠨ ᠬᠣᠲᠠ ᠶ᠋ᠢᠨ ᠵᠡᠭᠦᠨ ᠲᠠᠯ᠎ᠠ ᠶ᠋ᠢᠨ ᠥᠷᠭᠡᠨ ᠬᠥᠨᠳᠡᠢ ᠶ᠋ᠢ ᠳᠦᠭᠦᠷᠡᠩ ᠲᠤᠶᠠᠭᠠᠷᠠᠭᠤᠯᠵᠤ᠂ ᠤᠯᠠᠮ ᠢ᠋ᠶ᠋ᠠᠷ ᠳᠡᠯᠡᠬᠡᠢ ᠶ᠋ᠢ ᠪᠦᠬᠦᠯᠢ ᠳ᠋ᠦ᠍ ᠨᠢ ᠭᠡᠢᠭᠦᠯᠦᠯ᠎ᠡ᠃ ᠴᠥᠭᠡᠬᠡᠨ ᠪᠣᠯᠪᠠᠴᠤ ᠡᠨᠳᠡ ᠲᠡᠢ ᠴᠡᠷᠢᠭ ᠳᠠᠢᠰᠤᠨ ᠲᠠᠢ ᠬᠠᠭᠠᠰ ᠴᠠᠭ ᠣᠷᠴᠢᠮ ᠬᠠᠷᠪᠤᠯᠳᠤᠭᠰᠠᠨ ᠳ᠋ᠤ᠌ ᠪᠢᠯᠢᠭᠦᠨ ᠥᠷᠥᠭᠡᠰᠦᠨ ᠭᠠᠷ ᠤ᠋ᠨ ᠢ᠋ᠶ᠋ᠠᠨ ᠪᠤᠭᠤᠯᠠᠭ᠎ᠠ ᠪᠠᠷ ᠬᠠᠷᠪᠤᠭᠤᠯᠤᠨ ᠰᠢᠷᠬᠠᠳᠤᠯ᠎ᠠ᠃ ᠶᠢᠰᠦᠩᠭᠡ ᠶ᠋ᠢ ᠠᠮᠢᠳᠤ ᠪᠠᠷ ᠪᠠᠷᠢᠪᠴᠢᠯᠠᠬᠤ ᠲᠤᠰᠢᠶᠠᠯ ᠲᠠᠢ ᠪᠠᠢᠭᠰᠠᠨ ᠪᠣᠯᠪᠠᠴᠤ ᠲᠡᠷᠡ ᠨᠣᠶᠠᠨ ᠪᠤᠰᠤᠳ ᠠ᠋ᠴᠠ ᠢᠯᠭᠠᠷᠠᠬᠤ ᠦᠭᠡᠢ ᠭᠡᠷ ᠦ᠋ᠨ ᠬᠣᠪᠴᠠᠰᠤᠲᠠᠢ ᠬᠠᠷᠪᠤᠯᠳᠤᠵᠤ ᠶᠠᠪᠤᠭᠠᠳ ᠪᠠᠰᠠ ᠡᠯᠢᠭᠡ ᠤᠷᠤᠭᠤ ᠪᠠᠨ ᠰᠤᠮᠤ ᠰᠢᠭᠠᠯᠭᠠᠨ ᠭᠠᠵᠠᠷ ᠲᠤ ᠤᠨᠠᠵᠠᠢ᠃ 
       ᠶᠡᠬᠡ ᠴᠡᠷᠢᠭ ᠬᠣᠲᠠ ᠳ᠋ᠤ᠌ ᠣᠷᠣᠵᠤ ᠢᠷᠡᠨ᠂ ᠰᠤᠮᠤ ᠢᠰᠬᠡᠷᠴᠦ᠂ ᠴᠢᠮᠡᠭᠡ ᠱᠤᠤᠭᠢᠶᠠᠨ ᠳᠡᠭᠳᠡᠨ ᠶᠡᠬᠡ ᠲᠤᠯᠤᠯᠳᠤᠭᠠᠨ ᠡᠬᠢᠯᠡᠭᠡᠳ᠂ ᠪᠥᠭᠡᠮ ᠪᠤᠵᠢᠭᠢᠨᠠᠭᠠᠨ ᠪᠣᠯᠪᠠ᠃ ᠨᠢᠭᠡᠨᠲᠡ ᠲᠡᠷᠢᠭᠦᠨ ᠨᠣᠶᠠᠨ ᠢ᠋ᠶ᠋ᠠᠨ ᠠᠯᠠᠭᠤᠯᠤᠭᠰᠠᠨ ᠬᠤᠪᠢᠯᠠᠢ ᠶ᠋ᠢᠨ ᠲᠠᠯ᠎ᠠ ᠶ᠋ᠢᠨ ᠴᠡᠷᠢᠭ ᠦ᠋ᠳ ᠨᠢᠭᠡᠳᠦᠭᠰᠡᠨ ᠤᠳᠤᠷᠢᠳᠤᠯᠭ᠎ᠠ ᠦᠭᠡᠢ ᠪᠣᠯᠵᠤ ᠡᠮᠬᠢ ᠵᠠᠮᠪᠠᠷᠠᠭ᠎ᠠ ᠪᠠᠨ ᠠᠯᠲᠠᠨ᠂ ᠳᠣᠣᠷ᠎ᠠ ᠪᠦᠷᠢᠨ᠎ᠡ ᠬᠡᠰᠡᠭ ᠵᠠᠭᠤᠷ᠎ᠠ ᠪᠠᠢᠯᠳᠤᠭᠠᠳ᠂ ᠡᠴᠦᠰ ᠲᠦ᠍ ᠨᠢ ᠭᠠᠵᠠᠷ ᠪᠦᠷᠢ ᠳ᠋ᠦ᠍ ᠪᠠᠭᠤᠨ ᠥᠭᠴᠦ᠂ ᠲᠤᠯᠤᠯᠳᠤᠭᠠᠨ ᠰᠢᠪᠲᠤᠷᠠᠬᠤ ᠲᠡᠢᠰᠢ ᠪᠡᠨ ᠬᠠᠨᠳᠤᠯ᠎ᠠ᠃ 
       ᠨᠡᠢᠰᠯᠡᠯ ᠢ᠋ ᠪᠤᠯᠢᠶᠠᠯᠳᠤᠭᠰᠠᠨ ᠮᠣᠩᠭᠣᠯ ᠴᠡᠷᠢᠭ ᠦ᠋ᠳ ᠬᠣᠭᠣᠷᠣᠨᠳᠣ ᠪᠠᠨ ᠴᠦ᠍ ᠤᠯᠠᠢᠷᠠᠨ ᠲᠤᠯᠤᠯᠳᠤᠬᠤ ᠬᠦᠰᠡᠯᠡᠩ ᠪᠠᠭᠠᠲᠠᠢ ᠪᠠᠢᠵᠠᠢ᠃ ᠬᠠᠭᠠᠨ ᠤ᠋ ᠴᠡᠷᠢᠭ ᠢ᠋《ᠪᠢᠳᠡ ᠠᠬ᠎ᠠ ᠳᠡᠭᠦᠦ ᠨᠠᠷ ᠮᠥᠨ ᠰᠢᠦ》 ᠭᠡᠵᠦ ᠬᠠᠰᠬᠢᠷᠤᠨ ᠲᠤᠯᠤᠯᠳᠤᠭᠠᠨ ᠳ᠋ᠤ᠌ ᠣᠷᠣᠭᠰᠠᠨ ᠠᠵᠢ᠃ ᠪᠢᠯᠢᠭᠦᠨ ᠥᠷᠥᠭᠡᠰᠦᠨ ᠭᠠᠷ ᠪᠣᠭᠣᠯᠲᠠ ᠲᠠᠢ ᠪᠠᠷ ᠬᠠᠭᠠᠨ ᠢ᠋ ᠶᠡᠬᠡ ᠬᠡᠷᠡᠮ ᠦ᠋ᠨ ᠭᠣᠣᠯ ᠬᠠᠭᠠᠯᠭᠠᠨ ᠳᠡᠭᠡᠷ᠎ᠡ ᠤᠭᠲᠤᠨ ᠶᠢᠰᠦᠩᠭᠡ ᠨᠣᠶᠠᠨ ᠥᠪᠡᠷ ᠢ᠋ᠶ᠋ᠡᠨ ᠬᠠᠷᠪᠤᠯᠳᠤᠵᠤ ᠶᠠᠪᠤᠭᠠᠳ ᠠᠯᠠᠭᠳᠠᠭᠰᠠᠨ ᠤᠴᠢᠷ ᠢ᠋ ᠠᠢᠯᠠᠳᠬᠠᠵᠤ᠂ ᠲᠡᠭᠦᠨ ᠡᠴᠡ ᠶᠠᠯ᠎ᠠ ᠠᠰᠠᠭᠤᠬᠤ ᠵᠠᠷᠯᠢᠭ ᠢ᠋ ᠭᠦᠢᠴᠡᠯᠳᠦᠭᠦᠯᠵᠦ ᠪᠣᠯᠤᠭᠰᠠᠨ ᠦᠭᠡᠢ ᠤᠴᠢᠷ ᠢ᠋ ᠥᠭᠦᠯᠡᠪᠡ᠃ ᠠᠷᠢᠬᠪᠥᠶ᠋ᠬᠡ ᠲᠡᠭᠦᠨ ᠳ᠋ᠦ᠍ ᠶᠠᠭᠤᠨ ᠬᠠᠷᠠᠮᠰᠠᠬᠤ ᠪᠣᠢ᠃ ᠭᠡᠬᠦ ᠳ᠋ᠦ᠍ ᠪᠡᠨ ᠵᠦᠢ ᠨᠢ ᠲᠡᠷᠡ ᠴᠦᠲᠦᠬᠡᠷ ᠨᠣᠶᠠᠨ ᠢ᠋ ᠶᠠᠯᠠᠲᠠᠨ ᠤ᠋ ᠶᠣᠰᠣ ᠪᠠᠷ ᠠᠰᠠᠭᠤᠯᠭ᠎ᠠ ᠶᠠᠪᠤᠭᠤᠯᠵᠤ ᠣᠷᠬᠣᠨ ᠤ᠋ ᠪᠣᠷᠣ ᠬᠤᠰᠢᠭᠤᠨ ᠳ᠋ᠤ᠌ ᠠᠪᠠᠴᠢᠨ ᠬᠠᠤᠯᠢ ᠵᠢᠷᠤᠮ ᠤ᠋ᠨ ᠳᠠᠭᠠᠤ ᠬᠣᠷᠣᠭᠠᠬᠤ ᠶᠣᠰᠣᠲᠠᠢ ᠪᠠᠢᠭᠰᠠᠨ ᠰᠠᠨ᠃ ᠪᠢᠯᠢᠭᠦᠨ ᠠᠷᠢᠬᠪᠥᠶ᠋ᠬᠡ ᠳ᠋ᠦ᠍ ᠬᠠᠨᠳᠤᠨ᠄ 
       — ᠶᠢᠰᠦᠩᠭᠡ ᠨᠣᠶᠠᠨ ᠤ᠋ ᠬᠡᠭᠦᠷ ᠢ᠋ ᠲᠠ ᠪᠣᠯᠭᠣᠭᠠᠨ ᠦᠵᠡᠭᠰᠡᠨ ᠪᠣᠯᠪᠠ ᠤᠤ? ᠭᠡᠪᠡᠯ ᠬᠠᠭᠠᠨ ᠵᠢᠪᠡᠭᠦᠴᠡᠯᠲᠡᠢ ᠪᠠᠢᠳᠠᠯ ᠢ᠋ᠶ᠋ᠠᠷ ᠬᠠᠷᠠᠨ᠄ 
       — ᠪᠢ ᠲᠡᠷᠡ ᠬᠤᠪᠢᠯᠠᠢ ᠶ᠋ᠢᠨ ᠵᠠᠷᠤᠴᠠ ᠨᠣᠶᠠᠨ ᠤ᠋ ᠬᠡᠭᠦᠷ ᠢ᠋ ᠦᠵᠡᠵᠦ᠂ ᠲᠡᠭᠦᠨ ᠢ᠋ᠶ᠋ᠡᠷ ᠪᠠᠬ᠎ᠠ ᠪᠠᠨ ᠬᠠᠩᠭᠠᠬᠤ ᠭᠡᠵᠦ ᠶᠠᠪᠤᠭ᠎ᠠ ᠪᠢᠰᠢ᠃ ᠪᠢᠯᠢᠭᠦᠨ ᠴᠢ ᠨᠠᠭᠠᠳᠤ ᠭᠠᠷ ᠤ᠋ᠨ ᠢ᠋ᠶ᠋ᠠᠨ ᠰᠢᠷᠬ᠎ᠠ ᠶ᠋ᠢ ᠲᠡᠮᠦᠷ ᠲᠣᠭᠣᠭᠠᠨ ᠤ᠋ ᠬᠦ ᠪᠤᠴᠠᠯᠭᠠᠨ ᠱᠠᠪᠰᠢᠭᠠᠳ ᠲᠦᠷᠭᠡᠨ ᠢᠯᠠᠷᠢᠰᠢᠭᠦᠯᠦᠭᠡᠴᠢ ᠭᠡᠵᠦ ᠬᠡᠯᠡᠯ᠎ᠡ᠃ ᠬᠠᠷᠠᠬᠣᠷᠣᠮ ᠪᠦᠬᠦᠯᠢ ᠳ᠋ᠦ᠍ ᠪᠡᠨ ᠠᠳᠤᠭᠤᠴᠢᠨ ᠡᠵᠡᠨ ᠦ᠌ ᠪᠡᠨ ᠵᠠᠬᠢᠷᠭᠠᠨ ᠳ᠋ᠤ᠌ ᠣᠷᠣᠪᠠ᠃ 
       ᠠᠷᠢᠬᠪᠥᠶ᠋ᠬᠡ ᠶᠡᠬᠡ ᠬᠠᠭᠠᠨ ᠤ᠋ ᠣᠷᠳᠣᠨ ᠤ᠋ ᠲᠣᠭᠣᠰᠣ ᠰᠢᠷᠣᠢ ᠶ᠋ᠢ ᠴᠡᠪᠡᠷᠯᠡᠭᠦᠯᠦᠨ᠂ ᠥᠪᠡᠷ ᠦ᠋ᠨ ᠬᠠᠭᠤᠴᠢᠨ ᠦᠷᠭᠦᠭᠡᠨ ᠳ᠋ᠦ᠍ ᠪᠡᠨ ᠣᠷᠣᠵᠤ ᠪᠠᠭᠤᠭᠠᠳ ᠳᠡᠷᠭᠡᠳᠡ ᠪᠡᠨ ᠠᠪᠴᠤ ᠶᠠᠪᠤᠭᠰᠠᠨ ᠪᠣᠭᠳᠠ ᠴᠢᠩᠭᠢᠰ ᠬᠠᠭᠠᠨ ᠤ᠋ ᠡᠷᠳᠡᠨᠢ ᠶ᠋ᠢᠨ ᠲᠠᠮᠠᠭ᠎ᠠ ᠶ᠋ᠢ ᠪᠠᠢᠷᠢᠨ ᠳ᠋ᠤ᠌ ᠨᠢ ᠵᠠᠯᠠᠪᠠ᠃ ᠡᠨᠡ ᠨᠢ ᠠᠷᠢᠬᠪᠥᠶ᠋ᠬᠡ ᠤᠯᠤᠰ ᠭᠦᠷᠦᠨ ᠦ᠌ ᠶᠡᠬᠡ ᠬᠠᠭᠠᠨ ᠬᠡᠪ ᠢ᠋ᠶ᠋ᠡᠷ ᠢ᠋ᠶ᠋ᠡᠨ ᠪᠠᠢᠭ᠎ᠠ ᠶ᠋ᠢ ᠨᠤᠲᠠᠯᠠᠬᠤ ᠵᠦᠢᠯ ᠪᠢᠯᠡ᠃  
       ᠬᠠᠷᠠᠬᠣᠷᠣᠮ ᠳ᠋ᠤ᠌ ᠪᠠᠢᠭ᠎ᠠ ᠬᠤᠪᠢᠯᠠᠢ ᠶ᠋ᠢᠨ ᠲᠦᠮᠡᠲᠦ ᠶ᠋ᠢᠨ ᠨᠡᠯᠢᠶᠡᠳ ᠳᠠᠭᠠᠭᠠᠮᠠᠯ ᠨᠣᠶᠠᠳ᠂ ᠣᠯᠠᠩᠬᠢ ᠴᠡᠷᠢᠭ ᠬᠠᠭᠠᠨ ᠤ᠋ ᠲᠠᠯ᠎ᠠ ᠳ᠋ᠤ᠌ ᠣᠷᠣᠵᠤ᠂ ᠲᠡᠭᠦᠨ ᠦ᠌ ᠵᠠᠷᠯᠢᠭ ᠢ᠋ ᠪᠡᠶᠡᠯᠡᠭᠦᠯᠬᠦ ᠶ᠋ᠢᠨ ᠲᠥᠯᠥᠭᠡᠨ᠎ᠡ ᠵᠢᠳᠬᠦᠨ᠎ᠡ ᠭᠡᠵᠦ ᠠᠮᠠᠯᠠᠵᠤ ᠪᠠᠢᠯ᠎ᠠ᠃ ᠪᠠᠰᠠ ᠨᠡᠯᠢᠶᠡᠳ ᠲᠣᠭ᠎ᠠ ᠲᠠᠢ ᠴᠡᠷᠢᠭ ᠳᠠᠭᠠᠭᠠᠮᠠᠯ ᠤ᠋ᠳ ᠲᠡᠢᠨ ᠳᠣᠯᠣᠭᠠᠨ ᠤ᠋ ᠦᠢᠮᠡᠭᠡᠨ ᠳᠤᠮᠳᠠ ᠠᠮᠢ ᠲᠦᠦᠰ ᠪᠤᠲᠠᠷᠠᠨ ᠰᠠᠷᠨᠢᠵᠤ ᠠᠯᠠᠭ᠎ᠠ ᠪᠣᠯᠤᠭᠰᠠᠨ ᠠᠵᠢ᠃ ᠣᠨ ᠵᠢᠯ ᠢ᠋ᠶ᠋ᠡᠷ ᠣᠷᠣᠨ ᠭᠡᠷ ᠦ᠋ᠨ ᠢ᠋ᠶ᠋ᠡᠨ ᠪᠠᠷ᠎ᠠ ᠶ᠋ᠢ ᠬᠠᠷᠠᠭ᠎ᠠ ᠦᠭᠡᠢ ᠶᠠᠪᠤᠭᠰᠠᠨ ᠲᠡᠷᠡ ᠬᠥᠮᠦᠰ ᠢ᠋ ᠪᠤᠷᠤᠭᠤᠳᠬᠠᠵᠤ ᠪᠣᠯᠬᠤ ᠦᠭᠡᠢ ᠭᠡᠮᠡᠨ ᠠᠷᠢᠬᠪᠥᠶ᠋ᠬᠡ ᠬᠠᠭᠠᠨ ᠬᠡᠯᠡᠭᠰᠡᠨ ᠪᠠᠢᠨ᠎ᠠ᠃ ᠡᠨᠡ ᠦᠭᠡ ᠶᠠᠪᠤᠭᠰᠠᠨ ᠪᠣᠯᠤᠨ ᠦᠯᠡᠳᠡᠭᠰᠡᠨ ᠴᠡᠷᠢᠭ ᠳᠠᠭᠠᠭᠠᠮᠠᠯ ᠤ᠋ᠳ ᠤ᠋ᠨ ᠰᠡᠳᠬᠢᠯ ᠢ᠋ ᠪᠠᠶᠠᠰᠬᠠᠵᠠᠢ᠃ 
       ᠲᠡᠢᠨ ᠦ᠌ ᠬᠥᠯ ᠳ᠋ᠦ᠍ ᠠᠰᠤᠷᠤ ᠶᠡᠬᠡ ᠰᠦᠢᠷᠡᠭᠡ ᠦᠭᠡᠢ ᠬᠠᠷᠠᠬᠣᠷᠣᠮ ᠬᠣᠲᠠ ᠬᠡᠳᠦ ᠬᠣᠨᠣᠭ ᠤ᠋ᠨ ᠳᠣᠲᠣᠷ᠎ᠠ ᠡᠮᠬᠢ ᠵᠢᠷᠤᠮ ᠳ᠋ᠤ᠌ ᠪᠠᠨ ᠣᠷᠣᠵᠤ᠂ ᠣᠷᠣᠰᠢᠨ ᠰᠠᠭᠤᠭᠴᠢ ᠣᠯᠠᠨ ᠬᠥᠮᠦᠨ ᠬᠠᠭᠠᠨ ᠳ᠋ᠤ᠌ ᠪᠠᠨ ᠬᠠᠨᠳᠤᠨ ᠢᠳᠡᠭᠡ ᠴᠠᠭᠠᠨ ᠤ᠋ ᠪᠠᠨ ᠳᠡᠭᠡᠵᠢ ᠶ᠋ᠢ ᠡᠷᠭᠦᠵᠦ᠂ ᠥᠯᠵᠡᠢ ᠬᠤᠲᠤᠭ ᠣᠷᠣᠰᠢᠬᠤ ᠶ᠋ᠢ ᠢᠷᠦᠭᠡᠵᠦ ᠪᠠᠢᠯ᠎ᠠ᠃ 
       ᠠᠭᠤᠳᠠᠮ ᠬᠥᠨᠳᠡᠢ ᠳ᠋ᠦ᠍ ᠨᠣᠭᠣᠭ᠎ᠠ ᠰᠣᠶᠣᠭᠠᠯᠠᠨ᠂ ᠠᠭᠤᠯᠠ ᠶ᠋ᠢᠨ ᠮᠣᠳᠣ ᠬᠠᠶᠠᠭᠠᠨ ᠠ᠋ᠴᠠ ᠪᠠᠨ ᠨᠣᠭᠣᠭᠠᠷᠠᠵᠤ ᠡᠬᠢᠯᠡᠬᠦ ᠳ᠋ᠦ᠍ ᠭᠣᠣᠯ ᠤ᠋ᠨ ᠵᠠᠬ᠎ᠠ ᠪᠠᠷ ᠬᠤᠷᠠᠭ᠎ᠠ ᠬᠠᠷᠢᠭᠤᠯᠤᠭᠰᠠᠨ ᠬᠡᠦᠬᠡᠳ ᠦ᠋ᠳ ᠭᠦᠶᠦᠯᠳᠦᠵᠦ᠂ ᠬᠣᠨᠢᠨ ᠤ᠋ ᠪᠡᠯᠴᠢᠭᠡᠷ ᠳᠡᠭᠡᠷ᠎ᠡ ᠤᠷᠲᠤ ᠶ᠋ᠢᠨ ᠳᠠᠭᠤᠤ ᠴᠤᠤᠷᠢᠶᠠᠳᠤᠭᠤᠯᠤᠭᠰᠠ ᠭᠤᠸ᠎ᠠ ᠪᠦᠰᠡᠭᠦᠢ ᠶ᠋ᠢᠨ ᠬᠣᠭᠣᠯᠠᠢ ᠴᠠᠩᠭᠢᠨᠠᠨ ᠰᠣᠨᠣᠰᠤᠭᠳᠠᠵᠤ ᠪᠠᠢᠪᠠ᠃ ᠭᠣᠣᠯ ᠤ᠋ᠨ ᠤᠰᠤ ᠰᠠᠷᠬᠢᠷᠠᠭᠠᠳᠠᠨ ᠤᠷᠤᠰᠤᠭᠰᠠᠭᠠᠷ ᠭᠠᠭᠴᠠ ᠰᠥᠨᠢ ᠣᠷᠬᠣᠨ ᠤ᠋ ᠰᠥᠩ ᠲᠦᠷᠢᠵᠦ᠂ ᠶᠡᠬᠡ ᠭᠣᠣᠯ ᠪᠠᠷᠢᠨᠲᠠᠭ ᠢ᠋ᠶ᠋ᠠᠨ ᠲᠠᠢᠯᠤᠭᠰᠠᠨ ᠨᠢ ᠣᠯᠠᠨ ᠤ᠋ ᠰᠡᠳᠬᠢᠯ ᠳ᠋ᠦ᠍ ᠬᠤᠷᠠᠭᠰᠠᠨ ᠭᠤᠨᠢᠭᠲᠤ ᠰᠡᠳᠬᠢᠯ ᠲᠡᠷᠡ ᠰᠥᠩ ᠯᠦ᠍ᠭᠡ ᠪᠡᠨ ᠠᠳᠠᠯᠢ ᠲᠦᠷᠢᠭᠳᠡᠨ ᠠᠷᠢᠯᠬᠤ ᠮᠡᠲᠦ ᠰᠠᠨᠠᠭ᠎ᠠ ᠲᠥᠷᠥᠭᠦᠯᠵᠦ ᠪᠠᠢᠯ᠎ᠠ᠃ ᠶᠠᠮᠠᠷ ᠴᠦ᠍ ᠪᠣᠯᠤᠭᠰᠠᠨ ᠬᠠᠷᠠᠬᠣᠷᠣᠮ ᠳ᠋ᠤ᠌ ᠡᠪᠦᠭᠡᠨ ᠳᠡᠭᠡᠳᠦ ᠪᠣᠭᠳᠠ ᠶ᠋ᠢᠨ ᠦᠶ᠎ᠡ ᠡᠴᠡ ᠵᠠᠯᠭᠠᠮᠵᠢᠯᠠᠵᠤ ᠢᠷᠡᠭᠰᠡᠨ ᠲᠥᠷᠥ ᠵᠠᠰᠠᠭ ᠡᠷᠭᠢᠨ ᠲᠣᠭᠲᠠᠵᠤ᠂ ᠶᠠᠭᠤᠮ᠎ᠠ ᠶᠠᠭᠤᠮ᠎ᠠ ᠬᠡᠪ ᠦ᠋ᠨ ᠪᠠᠢᠳᠠᠯᠲᠠᠢ ᠪᠣᠯᠤᠯ᠎ᠠ ᠭᠡᠳᠡᠭ ᠰᠡᠳᠬᠢᠯ ᠢ᠋ ᠡᠪᠦᠭᠡᠳ᠂ ᠡᠮᠡᠭᠡᠳ ᠦ᠋ᠨ ᠰᠠᠨᠠᠭᠠᠨ ᠳ᠋ᠤ᠌ ᠪᠠᠭᠤᠯᠭᠠᠵᠤ ᠪᠠᠢᠪᠠ᠃ ᠡᠢᠮᠦ ᠴᠠᠭ ᠬᠢᠷᠢ ᠤᠳᠠᠭᠠᠨ ᠦᠷᠭᠦᠯᠵᠢᠯᠡᠬᠦ ᠶ᠋ᠢ ᠬᠡᠯᠡᠵᠦ ᠮᠡᠳᠡᠬᠦ ᠬᠥᠮᠦᠨ ᠦᠭᠡᠢ ᠠᠵᠢ᠃ ᠣᠯᠠᠨ ᠤ᠋ ᠠᠮᠠ ᠪᠠᠷ ᠪᠣᠯ ᠬᠤᠪᠢᠯᠠᠢ ᠵᠠᠬᠢᠷᠤᠭᠴᠢ ᠬᠠᠷᠠᠬᠣᠷᠣᠮ ᠳ᠋ᠤ᠌ ᠢᠷᠡᠭᠡᠳ᠂ ᠬᠠᠭᠠᠨ ᠤ᠋ ᠣᠷᠳᠣᠨ ᠳ᠋ᠤ᠌ ᠪᠠᠢᠭᠰᠠᠨ ᠬᠠᠮᠤᠭ ᠨᠠᠨᠳᠢᠨ ᠪᠦᠬᠦᠨ ᠢ᠋ ᠬᠤᠷᠢᠶᠠᠵᠤ ᠠᠪᠤᠭᠠᠳ ᠶᠠᠪᠤᠭᠰᠠᠨ ᠤᠴᠢᠷ ᠠᠷᠢᠬᠪᠥᠶ᠋ᠬᠡ ᠲᠡᠷᠡ ᠪᠦᠬᠦᠨ ᠢ᠋ ᠪᠡᠨ ᠨᠡᠬᠡᠬᠦ ᠨᠢ ᠵᠠᠢᠯᠠᠰᠢ ᠦᠭᠡᠢ᠃ ᠲᠡᠷᠡ ᠬᠡᠷᠡᠭ ᠳᠠᠭᠠᠮᠵᠢᠷᠠᠨ ᠳᠠᠬᠢᠨ ᠠᠬᠠᠨ ᠳᠡᠭᠦᠦ ᠬᠣᠶᠠᠷ ᠤ᠋ᠨ ᠬᠣᠭᠣᠷᠣᠨᠳᠣ ᠰᠢᠷᠦᠭᠦᠨ ᠲᠤᠯᠤᠯᠳᠤᠭᠠᠨ ᠪᠣᠯᠤᠨ᠎ᠠ ᠭᠡᠯᠴᠡᠨ᠎ᠡ᠃ ᠡᠨᠡ ᠦᠭᠡ ᠵᠠᠢᠯᠠᠰᠢ ᠦᠭᠡᠢ ᠶ᠋ᠢ ᠥᠭᠦᠯᠡᠬᠦ ᠶᠠᠭᠤᠨ ᠪᠣᠢ᠃