ᠵᠢᠷᠭᠠᠵᠤ ᠬᠠᠮᠲᠤ ᠪᠠᠢᠭᠠᠴᠢ -ᠳ᠋᠊᠂ ᠪᠤᠷᠠᠮᠠ ᠡ᠊ ᠂ ᠲᠥᠷᠥᠮᠠᠨᠳᠤᠬᠤ Жаргаж хамт байгаач-Д Бурмаа Э Төрмандах
ᠵᠢᠷᠭᠠᠵᠤ ᠬᠠᠮᠲᠤ ᠪᠠᠢᠭᠠᠴᠢ
ᠳᠠᠭᠤᠴᠢᠨ: ᠪᠤᠷᠮ᠎ᠠ᠂ ᠲᠦᠷᠦᠮᠠᠨᠳᠤᠬᠤ
ᠤᠰᠤ ᠰᠢᠭ᠋ ᠤᠷᠤᠰᠤᠭᠠᠳ ᠥᠩᠭᠡᠷᠡᠬᠦ ᠦᠭᠡᠢ ᠴᠦ
ᠠᠭᠤᠯᠠ ᠰᠢᠭ᠋ ᠰᠠᠭᠤᠵᠤ ᠬᠠᠮᠲᠤ ᠪᠠᠢᠭᠠᠴᠢ
ᠤᠨᠢᠶᠠᠷ ᠰᠢᠭ᠋ ᠴᠡᠩᠬᠡᠷᠲᠦᠭᠡᠳ ᠬᠣᠯᠠᠳᠠᠬᠤ ᠦᠭᠡᠢ ᠴᠦ
ᠤᠶᠠᠩᠭ᠎ᠠ ᠰᠢᠭ᠋ ᠡᠭᠡᠰᠢᠭᠯᠡᠭᠡᠳ ᠬᠠᠮᠲᠤ ᠪᠠᠢᠭᠠᠴᠢ᠃
ᠴᠠᠭ ᠴᠠᠭ ᠤᠨ ᠠᠭᠠᠰᠢᠨ ᠳᠤ ᠨᠢ ᠢᠨᠢᠶᠡᠵᠦ ᠡᠷᠬᠡᠯᠡᠵᠦ ᠬᠠᠮᠲᠤ ᠪᠠᠢᠭᠠᠴᠢ
ᠴᠠᠰᠤ ᠢᠷᠭᠤᠢ ᠬᠣᠶᠠᠷ ᠢ ᠪᠠᠨ ᠤᠭᠲᠤᠵᠤ ᠦᠳᠡᠵᠦ ᠬᠠᠮᠲᠤ ᠪᠠᠢᠭᠠᠴᠢ᠃
ᠵᠤᠯᠠᠢ ᠶᠤ᠌ ᠶᠢ ᠨᠢ ᠥᠨᠢᠳᠡ ᠦᠨᠦᠷᠯᠡᠭᠡᠳ
ᠦᠷ᠎ᠡ ᠪᠡᠨ ᠲᠥᠷᠥᠭᠦᠯᠵᠦ ᠬᠠᠮᠲᠤ ᠪᠠᠢᠭᠠᠴᠢ
ᠵᠠᠭᠤ ᠨᠠᠰᠤᠯᠠᠭᠠᠳ ᠡᠭᠦᠷᠢᠳᠡ ᠵᠢᠷᠭᠠᠬᠤ ᠪᠠᠷ
ᠬᠠᠢᠷ᠎ᠠ ᠪᠠᠨ ᠠᠰᠬᠠᠵᠤ ᠬᠠᠮᠲᠤ ᠪᠠᠢᠭᠠᠴᠢ᠃
ᠴᠠᠭ ᠴᠠᠭ ᠤᠨ ᠠᠭᠠᠰᠢᠨ ᠳᠤ ᠨᠢ ᠢᠨᠢᠶᠡᠵᠦ ᠡᠷᠬᠡᠯᠡᠵᠦ ᠬᠠᠮᠲᠤ ᠪᠠᠢᠭᠠᠴᠢ
ᠴᠠᠰᠤ ᠢᠷᠭᠤᠢ ᠬᠣᠶᠠᠷ ᠢ ᠪᠠᠨ ᠤᠭᠲᠤᠵᠤ ᠦᠳᠡᠵᠦ ᠬᠠᠮᠲᠤ ᠪᠠᠢᠭᠠᠴᠢ ᠃
ᠡᠭᠦᠯᠡ ᠰᠢᠭ ᠨᠡᠭᠦᠭᠡᠳ ᠠᠯᠤᠰ ᠣᠳᠬᠤ ᠦᠭᠡᠢ ᠴᠦ
ᠳᠡᠯᠡᠬᠡᠢ ᠰᠢᠭ ᠡᠷᠭᠢᠯᠳᠦᠭᠡᠳ ᠬᠠᠮᠲᠤ ᠪᠠᠢᠭᠠᠴᠢ
ᠥᠳᠥ ᠰᠢᠭ ᠬᠡᠢᠰᠦᠭᠡᠳ ᠨᠢᠰᠬᠦ ᠦᠭᠡᠢ ᠴᠦ
ᠳ᠋ᠧᠩᠯᠦ ᠰᠢᠭ ᠭᠡᠷᠡᠯᠲᠦᠭᠡᠳ ᠬᠠᠮᠲᠤ ᠪᠠᠢᠭᠠᠴᠢ᠃
ᠴᠠᠭ ᠴᠠᠭ ᠤᠨ ᠠᠭᠠᠰᠢᠨ ᠳᠤ ᠨᠢ ᠢᠨᠢᠶᠡᠵᠦ ᠡᠷᠬᠡᠯᠡᠵᠦ ᠬᠠᠮᠲᠤ ᠪᠠᠢᠭᠠᠴᠢ
ᠴᠠᠰᠤ ᠢᠷᠭᠤᠢ ᠬᠣᠶᠠᠷ ᠢ ᠪᠠᠨ ᠤᠭᠲᠤᠵᠤ ᠦᠳᠡᠵᠦ ᠬᠠᠮᠲᠤ ᠪᠠᠢᠭᠠᠴᠢ
ᠴᠠᠭ ᠴᠠᠭ ᠤᠨ ᠠᠭᠠᠰᠢᠨ ᠳᠤ ᠨᠢ ᠢᠨᠢᠶᠡᠵᠦ ᠡᠷᠬᠡᠯᠡᠵᠦ ᠬᠠᠮᠲᠤ ᠪᠠᠢᠭᠠᠴᠢ
ᠴᠠᠰᠤ ᠢᠷᠭᠤᠢ ᠬᠣᠶᠠᠷ ᠢ ᠪᠠᠨ ᠤᠭᠲᠤᠵᠤ ᠦᠳᠡᠵᠦ ᠬᠠᠮᠲᠤ ᠪᠠᠢᠭᠠᠴᠢ᠃
ᠦᠰᠦᠭ ᠬᠠᠲᠠᠵᠤ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
