ᠴᠢᠨᠳᠠᠭᠠᠨ ᠴᠠᠭᠠᠨ ᠮᠣᠷᠢᠨ ᠤ᠋ ᠴᠣᠯᠠЧагдаган цагаан морины цол
ᠴᠢᠨᠳᠠᠭᠠᠨ ᠴᠠᠭᠠᠨ ᠮᠣᠷᠢᠨ ᠤ᠋ ᠴᠣᠯᠠ
ᠦᠭᠡ: ᠳᠣᠷᠵᠢᠷᠢᠨᠴᠢᠨ
ᠠᠶ᠎ᠠ: ᠲᠤᠯᠭᠠᠭᠤᠷᠢ
ᠥᠪᠥᠷ ᠮᠣᠩᠭᠣᠯ ᠤᠨ ᠤᠷᠠᠯᠢᠭ ᠵᠦᠴᠦᠭᠡ ᠶ᠋ᠢᠨ ᠬᠦᠷᠢᠶᠡᠯᠡᠩ ᠦ᠋ᠨ ᠲᠣᠭᠯᠠᠭᠴᠢᠳ
ᠴᠢᠨᠳᠠᠭᠠᠨ ᠴᠠᠭᠠᠨ ᠮᠤᠷᠢᠨ ᠤ ᠴᠣᠯᠠ ᠨᠢ
ᠰᠠᠷᠠᠭᠤᠯ ᠲᠠᠯ᠎ᠠ ᠳᠠᠭᠠᠨ ᠴᠤᠤᠷᠢᠶᠠᠲᠤᠨ᠎ᠠ ᠳ᠋ᠠ ᠬᠥ
ᠠᠮᠠᠭᠠᠢ ᠬᠠᠵᠠᠭᠠᠷ ᠦᠭᠡᠢ ᠣᠩᠭᠣᠨ ᠳᠦᠷᠢ ᠲᠡᠢ
ᠠᠷᠠᠳ ᠤᠨ ᠳᠤᠮᠳᠠ ᠪᠠᠨ ᠠᠵᠢᠨᠠᠢ ᠴᠣᠯᠠ ᠲᠠᠢ
ᠠᠯᠳᠠᠷᠲᠤ ᠮᠣᠩᠭᠣᠯ ᠤᠨ ᠵᠢᠪᠬᠤᠭ᠎ᠠ ᠰᠦᠷ ᠲᠡᠢ
ᠠᠤᠭ᠎ᠠ ᠡᠷᠡᠨ ᠦ ᠪᠡᠯᠭᠡ ᠰᠢᠨᠵᠢ ᠲᠡᠢ
ᠭᠠᠩᠭᠠᠩ ᠡᠷᠳᠡᠨᠢ ᠶᠢᠨ ᠲᠣᠯᠣᠭᠠᠢ ᠲᠠᠢ
ᠭᠠᠩ ᠳᠦᠷᠪᠡᠨ ᠲᠤᠭᠤᠷᠠᠢ ᠲᠠᠢ
ᠭᠠᠷᠠᠬᠠᠨ ᠬᠣᠶᠠᠷ ᠨᠢᠳᠦ ᠲᠡᠢ
ᠭᠠᠯᠪᠠ ᠳᠡᠯᠡᠬᠡᠢ ᠶᠢᠨ ᠵᠣ ᠲᠠᠢ
ᠴᠢᠨᠳᠠᠭᠠᠨ ᠴᠠᠭᠠᠨ ᠮᠣᠷᠢᠨ ᠤ ᠴᠣᠯᠠ ᠨᠢ
ᠰᠠᠷᠠᠭᠤᠯ ᠲᠠᠯ᠎ᠠ ᠳᠠᠭᠠᠨ ᠴᠤᠤᠷᠢᠶᠠᠲᠤᠨ᠎ᠠ ᠳ᠋ᠠ ᠬᠥ᠃
ᠰᠠᠭᠠᠭᠰᠠᠨ ᠰᠦᠨ ᠦ ᠡᠷᠭᠦᠭᠰᠡᠨ ᠳᠡᠭᠡᠵᠢ ᠪᠡᠨ
ᠰᠠᠮᠨᠠᠭᠰᠠᠨ ᠨᠣᠣᠰᠣᠨ ᠤ ᠥᠨᠳᠥᠷ ᠬᠤᠷᠢᠶᠠᠯᠲᠠ ᠡᠴᠡ
ᠥᠰᠪᠥᠷᠢ ᠮᠠᠯ ᠤᠨ ᠦᠷᠡᠵᠢᠯ ᠬᠡᠰᠢᠭ ᠡᠴᠡ
ᠥᠷᠭᠡᠨ ᠲᠠᠯ᠎ᠠ ᠶᠢᠨ ᠰᠣᠷᠭᠣᠭ ᠴᠡᠴᠡᠭ ᠡᠴᠡ
ᠡᠷᠭᠦᠨ ᠪᠠᠷᠢᠬᠤ ᠮᠠᠭᠲᠠᠭᠠᠯ ᠲᠠᠢ
ᠥᠭᠡᠳᠡ ᠪᠡᠨ ᠳᠡᠪᠰᠢᠬᠦ ᠢᠷᠦᠭᠡᠯ ᠲᠡᠢ
ᠡᠯᠪᠡᠭ ᠳᠡᠯᠪᠡᠭ ᠪᠤᠶᠠᠨ ᠲᠠᠢ
ᠡᠭᠡᠰᠢᠭ ᠢᠷᠠᠭᠤ ᠳᠠᠭᠤᠯᠠᠯ ᠲᠠᠢ
ᠴᠢᠨᠳᠠᠭᠠᠨ ᠴᠠᠭᠠᠨ ᠮᠤᠷᠢᠨ ᠤ ᠴᠣᠯᠠ ᠨᠢ
ᠰᠠᠷᠠᠭᠤᠯ ᠲᠠᠯ᠎ᠠ ᠳᠠᠭᠠᠨ ᠴᠤᠤᠷᠢᠶᠠᠲᠤᠨ᠎ᠠ ᠳ᠋ᠠ ᠬᠥ᠃
ᠵᠠ ᠡᠨᠡ ᠮᠣᠷᠢ ᠪᠣᠯ
ᠦᠵᠡᠭᠰᠡᠨ ᠬᠥᠮᠦᠨ ᠬᠡᠵᠢᠶᠡᠳᠡ ᠦᠵᠡᠶ᠎ᠡ ᠭᠡᠵᠦ ᠪᠣᠳᠣᠬᠤ ᠳ᠋ᠤ᠌
ᠦᠵᠡᠭᠡ ᠦᠭᠡᠢ ᠬᠥᠮᠦᠨ ᠳ᠋ᠦ᠍ ᠬᠡᠵᠢᠶᠡᠳᠡ ᠦᠵᠡᠭᠦᠯᠦᠶ᠎ᠡ ᠭᠡᠵᠦ ᠰᠠᠨᠠᠳᠠᠭ᠂
ᠳᠣᠭᠰᠢᠨ ᠰᠠᠯᠬᠢᠨ ᠰᠢᠷᠦᠭᠦᠨ ᠪᠣᠷᠣᠭᠠᠨ ᠳ᠋ᠤ᠌ ᠵᠦᠭ ᠴᠢᠭ ᠢ᠋ᠶ᠋ᠡᠨ ᠠᠯᠳᠠᠳᠠᠭ ᠦᠭᠡᠢ᠂
ᠳᠣᠷᠣᠨ᠎ᠠ ᠵᠦᠭ ᠦ᠋ᠨ ᠰᠠᠴᠤᠷᠠᠬᠤ ᠲᠤᠶᠠᠭᠠᠨ ᠳ᠋ᠤ᠌ ᠴᠢᠭᠯᠡᠯ ᠢ᠋ᠶ᠋ᠡᠨ ᠠᠯᠳᠠᠳᠠᠭ ᠦᠭᠡᠢ᠂
ᠮᠣᠷᠢ ᠮᠢᠨᠢ ᠬᠦ᠂
ᠬᠠᠢᠷ᠎ᠠ ᠶ᠋ᠢ ᠣᠯᠤᠭᠰᠠᠨ ᠬᠠᠮᠤᠭ ᠢ᠋ ᠪᠦᠷᠢᠯᠳᠦᠭᠦᠯᠦᠭᠰᠡᠨ᠂
ᠤᠷᠠᠨ ᠢ᠋ ᠭᠠᠢᠬᠠᠭᠤᠯᠤᠭᠰᠠᠨ᠂ ᠤᠬᠠᠭᠠᠨ ᠢ᠋ ᠰᠡᠢᠯᠦᠭᠰᠡᠨ᠂
ᠨᠠᠷᠠᠨ ᠤ᠋ ᠭᠡᠷᠡᠯ ᠲᠡᠢ ᠂ ᠮᠥᠩᠭᠥᠨ ᠦ᠌ ᠢᠯᠴᠢ ᠲᠡᠢ᠂
ᠠᠭᠤᠯᠠᠨ ᠤ᠋ ᠰᠦᠷ ᠲᠡᠢ᠂ ᠤᠰᠤᠨ ᠤ᠋ ᠡᠬᠢ ᠲᠡᠢ᠂
ᠪᠠᠶᠠᠨ ᠮᠣᠩᠭᠣᠯ ᠤ᠋ᠨ ᠪᠡᠯᠭᠡ ᠶ᠋ᠢᠨ ᠴᠠᠭᠠᠨ ᠮᠣᠷᠢ ᠮᠢᠨᠢ᠃
ᠴᠢᠨᠳᠠᠭᠠᠨ ᠴᠠᠭᠠᠨ ᠥᠩᠭᠡ ᠶ᠋ᠢᠨ ᠳᠡᠭᠡᠳᠦ ᠶ᠋ᠢ ᠰᠣᠩᠭᠣᠨ ᠣᠯᠵᠠᠢ ᠬᠦ
ᠴᠢᠳᠠᠯ ᠤᠬᠠᠭᠠᠨ ᠡᠷᠳᠡᠮ ᠦ᠋ᠨ ᠳᠡᠭᠡᠳᠦ ᠶ᠋ᠢ ᠪᠡᠶ᠎ᠡ ᠳ᠋ᠦ᠍ ᠪᠡᠨ ᠰᠢᠩᠭᠡᠭᠡᠵᠡᠢ ᠬᠦ
ᠴᠠᠭ ᠡᠷᠡᠨ ᠦ᠌ ᠰᠢᠨ᠎ᠡ ᠦᠶ᠎ᠡ ᠳ᠋ᠦ᠍ ᠳᠠᠪᠰᠢᠨ ᠣᠷᠣᠵᠠᠢ ᠬᠦ
ᠴᠣᠯ ᠮᠣᠩᠭᠣᠯ ᠪᠠᠭᠠᠲᠤᠷ ᠲᠡᠦᠬᠡ ᠶ᠋ᠢ ᠰᠡᠬᠦᠨ ᠭᠠᠢᠬᠠᠭᠤᠯᠵᠠᠢ᠃
ᠲᠦᠮᠡᠨ ᠣᠯᠠᠨ ᠤ᠋ ᠬᠦᠰᠡᠯ ᠵᠣᠷᠢᠭ ᠢ᠋ ᠬᠥᠪᠴᠢᠯᠡᠨ ᠪᠣᠰᠬᠠᠵᠠᠢ
ᠲᠡᠦᠬᠡᠨ ᠬᠠᠭᠤᠳᠠᠰᠤ ᠳ᠋ᠤ᠌ ᠠᠯᠳᠠᠷ ᠨᠡᠷ᠎ᠡ ᠪᠡᠨ ᠰᠢᠨ᠎ᠡ ᠪᠡᠷ ᠰᠡᠢᠯᠵᠡᠢ
ᠲᠥᠷᠥᠭᠰᠡᠨ ᠨᠤᠲᠤᠭ ᠤ᠋ᠨ ᠴᠡᠩᠬᠡᠷ ᠠᠭᠠᠷ ᠲᠤ᠌ ᠳᠡᠭᠦᠯᠢᠨ ᠨᠢᠰᠴᠡᠢ
ᠲᠡᠷᠢᠭᠦᠨ ᠮᠠᠩᠯᠠᠢ ᠠᠵᠢᠨᠠᠢ ᠬᠦᠯᠦᠭ ᠴᠣᠯᠠ ᠪᠠᠨ ᠳᠠᠭᠤᠳᠠᠭᠤᠯᠵᠠᠢ᠃
ᠮᠠᠨ ᠤ᠋ ᠮᠣᠩᠭᠣᠯ ᠮᠣᠷᠢᠨ ᠳ᠋ᠤ᠌ ᠶᠠᠭᠠᠬᠢᠭᠠᠳ ᠬᠠᠢᠷᠠᠲᠠᠢ ᠪᠠᠢᠳᠠᠭ ᠪᠤᠢ
ᠮᠣᠷᠢᠨ ᠤ᠋ ᠨᠢᠷᠤᠭᠤᠨ ᠳ᠋ᠤ᠌ ᠬᠦᠴᠦᠷᠬᠡᠭᠵᠢᠨ ᠥᠰᠦᠭᠰᠡᠨ ᠳ᠋ᠦ᠍ ᠪᠡᠨ ᠴᠤ᠌
ᠲᠡᠢᠮᠦ
ᠮᠠᠨ ᠤ᠋ ᠮᠣᠩᠭᠣᠯ ᠮᠣᠷᠢᠨ ᠳ᠋ᠤ᠌ ᠶᠠᠭᠠᠬᠢᠭᠠᠳ ᠬᠠᠢᠷᠠᠲᠠᠢ ᠪᠠᠢᠳᠠᠭ ᠪᠤᠢ
ᠮᠣᠬᠣᠰᠢ ᠦᠭᠡᠢ ᠬᠡᠢᠮᠣᠷᠢ ᠶ᠋ᠢ ᠨᠢ ᠳᠡᠭᠳᠡᠭᠦᠯᠦᠭᠰᠡᠨ ᠳ᠋ᠦ᠍ ᠤᠤ
ᠲᠡᠢᠮᠦ
ᠮᠠᠨ ᠤ᠋ ᠮᠣᠩᠭᠣᠯ ᠮᠣᠷᠢ ᠪᠠᠨ ᠶᠠᠭᠠᠬᠢᠭᠠᠳ ᠤᠷᠤᠯᠳᠤᠬᠤ ᠳᠤᠷᠠᠲᠠᠢ ᠪᠤᠢ
ᠰᠢᠨᠳᠠᠰᠤ ᠰᠢᠷᠪᠥᠰᠥ ᠴᠢᠳᠠᠯ ᠢ᠋ ᠨᠢ ᠰᠢᠯᠭᠠᠶ᠎ᠠ ᠭᠡᠰᠡᠨ ᠶᠤᠮ
ᠲᠡᠢᠮᠦ
ᠮᠠᠨ ᠤ᠋ ᠮᠣᠩᠭᠣᠯ ᠮᠣᠷᠢᠨ ᠳ᠋ᠤ᠌ ᠶᠠᠭᠠᠬᠢᠭᠠᠳ ᠳᠠᠭᠤᠯᠠᠬᠤ ᠳᠤᠷᠠᠲᠠᠢ ᠪᠤᠢ
ᠰᠢᠨᠲᠠᠷᠠᠰᠢ ᠦᠭᠡᠢ ᠵᠣᠷᠢᠭ ᠢ ᠨᠢ ᠴᠢᠩᠭᠠᠯᠠᠶ᠎ᠠ ᠭᠡᠰᠡᠨ ᠶᠤᠮ
ᠲᠡᠢᠮᠦ᠂
ᠮᠠᠨ ᠤ᠋ ᠮᠣᠩᠭᠣᠯ ᠮᠣᠷᠢ ᠪᠠᠨ ᠶᠠᠭᠠᠬᠢᠭᠠᠳ ᠤᠷᠤᠯᠳᠤᠬᠤ ᠳᠤᠷᠠᠲᠠᠢ ᠪᠤᠢ
ᠰᠢᠨᠳᠠᠰᠤ ᠰᠢᠷᠪᠥᠰᠥ ᠴᠢᠳᠠᠯ ᠢ᠋ ᠨᠢ ᠰᠢᠯᠭᠠᠶ᠎ᠠ ᠭᠡᠰᠡᠨ ᠶᠤᠮ
ᠲᠡᠢᠮᠦ᠂
ᠮᠠᠨ ᠤ᠋ ᠮᠣᠩᠭᠣᠯ ᠮᠣᠷᠢᠨ ᠳ᠋ᠤ᠌ ᠶᠠᠭᠠᠬᠢᠭᠠᠳ ᠳᠠᠭᠤᠯᠠᠬᠤ ᠳᠤᠷᠠᠲᠠᠢ ᠪᠤᠢ
ᠰᠢᠨᠲᠠᠷᠠᠰᠢ ᠦᠭᠡᠢ ᠵᠣᠷᠢᠭ ᠢ᠋ ᠨᠢ ᠴᠢᠩᠭᠠᠯᠠᠶ᠎ᠠ ᠭᠡᠰᠡᠨ ᠶᠤᠮ
ᠲᠡᠢᠮᠦ᠃
ᠵᠠ
ᠰᠠᠷᠠᠭᠤᠯ ᠮᠣᠩᠭᠣᠯ ᠣᠷᠣᠨ ᠤ᠋ ᠴᠡᠩᠬᠡᠷ ᠠᠭᠠᠷ ᠢ᠋ᠶ᠋ᠠᠷ ᠳᠡᠭᠦᠯᠢᠵᠦ ᠨᠢᠰᠦᠭᠰᠡᠨ ᠶᠠᠮᠠᠷ ᠮᠣᠷᠢ ᠤᠤ
ᠴᠢᠨᠳᠠᠭᠠᠨ ᠴᠠᠭᠠᠨ᠂
ᠴᠢᠨᠳᠠᠭᠠᠨ ᠴᠠᠭᠠᠨ ᠮᠣᠷᠢᠨ ᠤ᠋ ᠡᠵᠡᠨ ᠨᠢ ᠬᠡᠨ ᠪᠤᠢ ᠮᠣᠩᠭᠣᠯ ᠬᠥᠮᠦᠨ᠃
ᠡᠮᠦᠨ᠎ᠡ ᠲᠠᠯ᠎ᠠ ᠡᠴᠡ ᠨᠢ ᠬᠠᠷᠠᠬᠤ ᠪᠠᠷ ᠠᠭᠤᠯᠠ ᠶᠢᠨ ᠪᠠᠷ᠎ᠠ ᠲᠠᠢ
ᠠᠷᠤ ᠲᠠᠯ᠎ᠠ ᠡᠴᠡ ᠨᠢ ᠬᠠᠷᠠᠬᠤ ᠪᠠᠷ ᠬᠤᠪᠢᠯᠭᠠᠨ ᠰᠢᠨᠵᠢ ᠲᠡᠢ
ᠨᠠᠭᠠᠳᠤ ᠲᠠᠯ᠎ᠠ ᠡᠴᠡ ᠨᠢ ᠬᠠᠷᠠᠬᠤ ᠪᠠᠷ ᠨᠡᠷᠡᠨ ᠦ ᠲᠤᠶᠠᠭ᠎ᠠ ᠲᠠᠢ
ᠴᠠᠭᠠᠳᠤ ᠲᠠᠯ᠎ᠠ ᠡᠴᠡ ᠨᠢ ᠬᠠᠷᠠᠬᠤ ᠪᠠᠷ ᠰᠠᠷᠠᠨ ᠤ ᠭᠡᠷᠡᠯ ᠲᠡᠢ
ᠨᠡᠷᠡᠨ ᠦ ᠲᠤᠶᠠᠭ᠎ᠠ ᠲᠠᠢ ᠰᠠᠷᠠᠨ ᠤ᠋ ᠭᠡᠷᠡᠯ ᠲᠡᠢ
ᠮᠣᠩᠭᠣᠯ ᠣᠷᠣᠨ ᠳᠤ ᠵᠠᠶᠠᠭᠠᠲᠠᠢ ᠴᠠᠭᠠᠨ ᠮᠣᠷᠢ ᠮᠢᠨᠢ ᠬᠥ
ᠮᠣᠷᠢ ᠮᠢᠨᠢ ᠬᠥ᠃
ᠡᠮᠦᠨ᠎ᠡ ᠲᠠᠯ᠎ᠠ ᠡᠴᠡ ᠨᠢ ᠬᠠᠷᠠᠬᠤ ᠪᠠᠷ ᠠᠭᠤᠯᠠ ᠶᠢᠨ ᠪᠠᠷ᠎ᠠ ᠲᠠᠢ
ᠠᠷᠤ ᠲᠠᠯ᠎ᠠ ᠡᠴᠡ ᠨᠢ ᠬᠠᠷᠠᠬᠤ ᠪᠠᠷ ᠬᠤᠪᠢᠯᠭᠠᠨ ᠰᠢᠨᠵᠢ ᠲᠡᠢ
ᠨᠠᠭᠠᠳᠤ ᠲᠠᠯ᠎ᠠ ᠡᠴᠡ ᠨᠢ ᠬᠠᠷᠠᠬᠤ ᠪᠠᠷ ᠨᠡᠷᠡᠨ ᠦ ᠲᠤᠶᠠᠭ᠎ᠠ ᠲᠠᠢ
ᠴᠠᠭᠠᠳᠤ ᠲᠠᠯ᠎ᠠ ᠡᠴᠡ ᠨᠢ ᠬᠠᠷᠠᠬᠤ ᠪᠠᠷ ᠰᠠᠷᠠᠨ ᠤ ᠭᠡᠷᠡᠯ ᠲᠡᠢ
ᠨᠡᠷᠡᠨ ᠦ ᠲᠤᠶᠠᠭ᠎ᠠ ᠲᠠᠢ ᠰᠠᠷᠠᠨ ᠤ᠋ ᠭᠡᠷᠡᠯ ᠲᠡᠢ
ᠮᠣᠩᠭᠣᠯ ᠣᠷᠣᠨ ᠳᠤ ᠵᠠᠶᠠᠭᠠᠲᠠᠢ ᠴᠠᠭᠠᠨ ᠮᠣᠷᠢ ᠮᠢᠨᠢ ᠬᠥ
ᠮᠣᠷᠢ ᠮᠢᠨᠢ ᠬᠥ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
