ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠲᠠᠪᠤᠳᠤᠭᠠᠷ ᠪᠦᠯᠦᠭ> ᠬᠣᠶᠠᠷ Дайчин улсын үеийн монголын түүх-Намсрай 5-2 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠲᠠᠪᠤᠳᠤᠭᠠᠷ ᠪᠦᠯᠦᠭ> ᠬᠣᠶᠠᠷ Дайчин улсын үеийн монголын түүх-Намсрай 5-2

ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠲᠠᠪᠤᠳᠤᠭᠠᠷ ᠪᠦᠯᠦᠭ> ᠬᠣᠶᠠᠷ Дайчин улсын үеийн монголын түүх-Намсрай 5-2

ᠠᠩᠭᠢᠯᠠᠯ:ᠲᠡᠦᠬᠡ ᠰᠣᠶᠣᠯ
2026-09-26

15

ᠲᠠᠪᠤᠳᠤᠭᠠᠷ ᠪᠦᠯᠦᠭ᠂ ᠵᠡᠭᠦᠨᠭᠠᠷ ᠬᠠᠭᠠᠨᠲᠤ ᠤᠯᠤᠰ ᠤ᠋ᠨ ᠮᠠᠨᠳᠤᠯ ᠪᠠ ᠮᠥᠬᠥᠯ

ᠬᠣᠶᠠᠳᠤᠭᠠᠷ ᠬᠡᠰᠡᠭ – ᠳᠠᠢᠴᠢᠩ ᠵᠡᠭᠦᠨᠭᠠᠷ ᠤ᠋ᠨ ᠲᠡᠢᠨ ᠵᠢᠴᠢ ᠬᠢᠯᠢ ᠶ᠋ᠢᠨ ᠬᠡᠯᠡᠯᠴᠡᠭᠡᠷ


            ᠨᠢᠭᠡ᠂ ᠨᠠᠢᠷᠠᠯᠲᠤ ᠲᠥᠪ ᠬᠠᠭᠠᠨ ᠤ᠋ ᠶᠣᠰᠣ ᠪᠤᠰᠤ ᠱᠠᠭᠠᠷᠳᠠᠯᠭ᠎ᠠ ᠵᠢᠴᠢ 
                                ᠴᠡᠷᠢᠭ ᠦ᠋ᠨ ᠳᠠᠷᠤᠯᠲᠠ   

       1727 ᠣᠨ ᠤ᠋ ᠨᠠᠮᠤᠷ᠂ ᠭᠠᠯᠳᠠᠨᠴᠠᠷᠢᠩ ᠲᠥᠷᠥ ᠶ᠋ᠢᠨ ᠡᠷᠬᠡ ᠶ᠋ᠢ ᠪᠠᠷᠢᠮᠠᠭᠴᠠ᠂ ᠳᠠᠢᠴᠢᠩ ᠤᠯᠤᠰ ᠲᠠᠢ ᠠᠯᠢ ᠪᠣᠯᠬᠤ ᠪᠠᠷ ᠨᠠᠢᠷ ᠲᠠᠢ ᠶᠠᠪᠤᠯᠴᠠᠬᠤ ᠶ᠋ᠢ ᠬᠦᠰᠡᠵᠡᠢ᠃ ᠲᠡᠭᠡᠭᠡᠳ ᠲᠤᠯᠤᠢ ᠬᠡᠮᠡᠬᠦ ᠲᠠᠢᠵᠢ ᠶ᠋ᠢ ᠲᠣᠮᠢᠯᠠᠨ ᠡᠴᠢᠭᠡ ᠬᠠᠨ ᠤ᠋ ᠨᠠᠰᠤ ᠪᠠᠷᠠᠭᠰᠠᠨ ᠢ᠋ ᠮᠡᠳᠡᠭᠳᠡᠬᠦ ᠶ᠋ᠢᠨ ᠬᠠᠮᠲᠤ ᠳᠠᠢᠴᠢᠩ ᠤᠯᠤᠰ ᠲᠠᠢ ᠦᠷᠭᠦᠯᠵᠢᠯᠡᠨ ᠨᠠᠢᠷ ᠲᠠᠢ ᠶᠠᠪᠤᠯᠴᠠᠬᠤ ᠪᠠᠷ ᠢᠯᠡᠳᠬᠡᠪᠡ᠃ ᠭᠡᠲᠡᠯ᠎ᠡ ᠨᠠᠢᠷᠠᠯᠲᠤ ᠲᠥᠪ ᠬᠠᠭᠠᠨ ᠡᠴᠢᠭᠡ ᠬᠠᠭᠠᠨ ᠡᠩᠬᠡ ᠠᠮᠤᠭᠤᠯᠠᠩ ᠤ᠋ᠨ ᠵᠡᠭᠦᠨᠭᠠᠷ ᠲᠠᠢ ᠨᠠᠢᠷᠠᠮᠳᠠᠬᠤ ᠭᠡᠰᠡᠨ ᠭᠡᠷᠢᠶᠡᠰᠦ ᠶ᠋ᠢ ᠲᠡᠪᠴᠢᠭᠡᠳ ᠭᠠᠯᠲᠠᠨᠴᠡᠷᠢᠩ ᠳ᠋ᠦ᠍ ᠬᠦᠢᠲᠡᠨ ᠢ᠋ᠶ᠋ᠡᠷ ᠬᠠᠨᠳᠤᠵᠠᠢ᠃ ᠲᠡᠷᠡ ᠭᠠᠯᠳᠠᠨᠴᠡᠷᠢᠩ ᠢ᠋ ᠪᠠᠷᠠᠭᠤᠨ ᠬᠣᠢᠲᠤ ᠶ᠋ᠢᠨ ᠥᠴᠦᠬᠡᠨ ᠠᠢᠮᠠᠭ ᠤ᠋ᠨ ᠳᠠᠷᠤᠭ᠎ᠠ ᠭᠡᠮᠡᠨ ᠪᠠᠰᠤᠮᠵᠢᠯᠠᠵᠤ᠂ ᠬᠥᠬᠡᠨᠠᠭᠤᠷ ᠤ᠋ᠨ ᠯᠣᠪᠰᠠᠩᠳᠠᠨᠵᠢᠨ ᠬᠣᠩ ᠲᠠᠢᠵᠢ ᠶ᠋ᠢ ᠬᠦᠷᠭᠡᠵᠦ ᠢᠷᠡᠪᠡᠰᠦ ᠰᠠᠶᠢ ᠨᠠᠢᠷ ᠲᠠᠢ ᠶᠠᠪᠤᠯᠴᠠᠵᠤ ᠪᠣᠯᠤᠮᠤᠢ [11] ᠭᠡᠪᠡ ᠃ ᠢᠩᠭᠢᠭᠡᠳ ᠲᠡᠷᠡ ᠡᠨᠡᠬᠦ ᠰᠠᠨᠠᠭ᠎ᠠ ᠪᠠᠨ ᠢᠯᠡᠷᠬᠡᠢᠯᠡᠬᠦ ᠶ᠋ᠢᠨ ᠲᠥᠯᠥᠭᠡ ᠭᠠᠳᠠᠭᠠᠳᠤ ᠮᠣᠩᠭᠣᠯ ᠤ᠋ᠨ ᠲᠥᠷᠥ ᠶ᠋ᠢ ᠵᠠᠰᠠᠬᠤ ᠶᠠᠪᠤᠳᠠᠯ ᠤ᠋ᠨ ᠰᠠᠢᠳ ᠤ᠋ᠨ ᠰᠠᠢᠳ ᠵᠤᠸᠠᠩ  ᠪᠤᠤ ᠶ᠋ᠢ ᠲᠤᠯᠤᠢ ᠶ᠋ᠢᠨ ᠬᠠᠮᠲᠤ ᠵᠡᠭᠦᠨᠭᠠᠷ ᠲᠤ᠌ ᠢᠯᠡᠭᠡᠵᠡᠢ᠃  
       1728 ᠣᠨ ᠳ᠋ᠤ᠌ ᠭᠠᠯᠳᠠᠨᠴᠡᠷᠢᠩ ᠬᠠᠨ ᠡᠯᠴᠢ ᠵᠤᠸᠠᠩ ᠪᠤᠤ ᠶ᠋ᠢ ᠢᠯᠢ ᠶ᠋ᠢᠨ ᠵᠤᠰᠠᠯᠠᠩ ᠳ᠋ᠤ᠌ ᠬᠦᠯᠢᠶᠡᠨ ᠠᠭᠤᠯᠵᠠᠭᠠᠳ᠂ ᠨᠠᠢᠷᠠᠯᠲᠤ ᠲᠥᠪ ᠬᠠᠭᠠᠨ ᠤ᠋ ᠲᠦᠷᠢᠮᠡᠬᠡᠢ ᠣᠪᠣᠷ ᠪᠣᠯᠤᠨ ᠶᠣᠰᠣ ᠪᠤᠰᠤ ᠱᠠᠭᠠᠷᠳᠠᠯᠭ᠎ᠠ ᠳ᠋ᠤ᠌ ᠮᠠᠰᠢ ᠠᠭᠤᠷᠯᠠᠪᠠ᠃ ᠲᠡᠷᠡ ᠵᠤᠸᠠᠩ ᠪᠤᠤ ᠳ᠋ᠤ᠌ ᠬᠥᠬᠡᠨᠠᠭᠤᠷ ᠤ᠋ᠨ ᠳᠠᠯᠠᠢ ᠬᠣᠩ ᠲᠠᠢᠵᠢ ᠯᠣᠪᠰᠠᠩᠳᠠᠨᠵᠢᠨ ᠵᠣᠪᠠᠯᠠᠩ ᠠ᠋ᠴᠠ ᠵᠠᠢᠯᠠᠵᠤ᠂ ᠮᠢᠨᠦ ᠡᠴᠢᠭᠡ ᠶ᠋ᠢ ᠲᠦᠰᠢᠷ᠎ᠡ ᠢᠷᠡᠪᠡ᠃ ᠪᠢ ᠠᠶᠤᠮᠰᠢᠭ ᠦᠭᠡᠢ ᠡᠴᠢᠭᠡ ᠬᠠᠨ ᠤ᠋ ᠭᠡᠷᠢᠶᠡᠰᠦ ᠶ᠋ᠢ ᠲᠡᠷᠰᠯᠡᠨ᠂ᠯᠣᠪᠰᠠᠩᠳᠠᠨᠵᠢᠨ ᠢ᠋ ᠳᠠᠢᠴᠢᠩ ᠤᠯᠤᠰ ᠲᠤ᠌ ᠬᠦᠷᠭᠡᠵᠦ ᠥᠭᠭᠦᠪᠡᠰᠦ᠂ ᠶᠣᠰᠣ ᠵᠢᠷᠤᠮ ᠳ᠋ᠤ᠌ ᠦᠯᠦ ᠨᠡᠢᠴᠡᠨ ᠳᠡᠯᠡᠬᠡᠢ ᠳ᠋ᠠᠬᠢᠨ ᠳ᠋ᠤ᠌ ᠡᠯᠡᠭ ᠪᠣᠯᠤᠮᠤᠢ᠃ ᠳᠠᠬᠢᠨ ᠮᠠᠨ ᠤ᠋ ᠵᠡᠭᠦᠨᠭᠠᠷ ᠤᠤᠯ ᠠ᠋ᠴᠠ ᠲᠠᠨ ᠤ᠋ ᠳᠠᠢᠴᠢᠩ ᠤᠯᠤᠰ ᠤ᠋ᠨ ᠰᠢᠭᠤᠳ ᠬᠠᠷᠢᠶᠠᠲᠤ ᠪᠤᠰᠤ᠃ ᠲᠡᠢᠮᠦ ᠡᠴᠡ ᠨᠠᠳᠠᠳᠤ ᠬᠣᠩ ᠲᠠᠢᠵᠢ ᠶ᠋ᠢᠨ ᠴᠣᠯᠠ ᠬᠠᠢᠷᠠᠯᠠᠭᠰᠠᠨ ᠨᠢ ᠲᠠᠨ ᠤ᠋ ᠲᠦᠷᠢᠮᠡᠬᠡᠢ ᠣᠪᠣᠷ ᠪᠤᠶᠤ ᠬᠡᠮᠡᠵᠦ ᠨᠠᠢᠷᠠᠯᠲᠤ ᠲᠥᠪ ᠬᠠᠭᠠᠨ ᠤ᠋ ᠪᠢᠴᠢᠭ ᠢ᠋ ᠭᠡᠳᠡᠷᠭᠦ ᠢᠯᠡᠭᠡᠵᠡᠢ᠃ ᠡᠯᠴᠢ ᠵᠤᠸᠠᠩ ᠪᠤᠤ ᠪᠤᠴᠠᠭᠠᠳ ᠬᠠᠷᠢᠭᠤ ᠠᠢᠯᠠᠳᠬᠠᠭᠰᠠᠨ ᠳ᠋ᠤ᠌ ᠨᠠᠢᠷᠠᠯᠲᠤ ᠲᠥᠪ ᠬᠠᠭᠠᠨ ᠵᠡᠭᠦᠨᠭᠠᠷ ᠢ᠋ ᠳᠠᠢᠯᠠᠬᠤ ᠪᠠᠷ ᠰᠢᠢᠳᠴᠦ ᠬᠡᠷᠬᠢᠨ ᠴᠡᠷᠢᠭ ᠭᠠᠷᠭᠠᠬᠤ ᠲᠤᠬᠠᠢ ᠬᠤᠤᠪᠢ ᠶ᠋ᠢᠨ ᠰᠠᠢᠳ ᠨᠠᠷ ᠢ᠋ ᠵᠥᠪᠯᠡᠰᠦᠭᠡᠢ ᠭᠡᠮᠡᠨ ᠵᠠᠷᠯᠢᠭ ᠪᠠᠭᠤᠯᠭᠠᠪᠠ᠃ ᠡᠨᠡᠬᠦ ᠶᠠᠪᠤᠳᠠᠯ ᠢ᠋ ᠰᠤᠯᠠ ᠰᠠᠢᠳ ᠳ᠋ᠠᠹᠦ᠋ ᠲᠡᠷᠢᠭᠦᠲᠡᠢ ᠪᠢᠴᠢᠭ ᠴᠡᠷᠢᠭ ᠦ᠋ᠨ ᠣᠯᠠᠨ ᠲᠦᠰᠢᠮᠡᠯ ᠦ᠋ᠳ ᠬᠣᠷᠢᠭᠯᠠᠵᠤ᠂ ᠴᠡᠷᠢᠭ ᠭᠠᠷᠭᠠᠵᠤ ᠳᠠᠢᠯᠠᠵᠤ ᠦᠯᠦ ᠪᠣᠯᠤᠮᠤᠢ ᠭᠡᠵᠡᠢ᠃ ᠡᠭᠦᠨ ᠳ᠋ᠦ᠍ ᠨᠠᠢᠷᠠᠯᠲᠤ ᠲᠥᠪ ᠬᠠᠭᠠᠨ ᠠᠭᠤᠷᠯᠠᠵᠤ᠄ 《ᠲᠡᠭᠦᠨ ᠦ᠌ ᠤᠯᠤᠰ ᠪᠤᠲᠠᠷᠠᠨ ᠰᠠᠷᠨᠢᠬᠤ ᠪᠠᠢᠳᠠᠯ ᠢᠯᠡᠷᠬᠡᠢ ᠪᠣᠯᠵᠤᠬᠤᠢ᠃ ᠶᠠᠭᠤᠨ ᠳ᠋ᠤᠷ ᠦᠯᠦ ᠪᠣᠯᠤᠮᠤᠢ ᠭᠡᠮᠡᠨ ᠥᠭᠦᠯᠡᠮᠦᠢ》 ᠭᠡᠪᠡ᠃ ᠳ᠋ᠠᠹᠥ᠋ ᠣᠷᠣᠭᠰᠢ ᠳᠠᠪᠰᠢᠨ᠄《ᠴᠠᠧᠠᠩᠷᠠᠪᠳᠠᠨ ᠦᠬᠦᠭᠰᠡᠨ ᠪᠣᠯᠪᠠᠴᠤ ᠬᠠᠭᠤᠴᠢᠨ ᠲᠦᠰᠢᠮᠡᠯ ᠦ᠋ᠳ ᠪᠠᠰᠠ ᠪᠠᠢᠭᠰᠠᠭᠠᠷ᠃ ᠭᠠᠯᠳᠠᠨᠴᠡᠷᠢᠩ᠂ ᠮᠡᠷᠭᠡᠳ ᠢ᠋ ᠳᠣᠲᠣᠨᠣᠴᠢᠯᠠᠵᠤ ᠴᠢᠳᠠᠪᠤᠷᠢᠲᠠᠨ ᠢ᠋ ᠬᠡᠷᠡᠭᠯᠡᠬᠦ ᠲᠤᠯᠠ ᠣᠯᠠᠨ ᠠᠢᠮᠠᠭ ᠤ᠋ᠨ ᠳᠠᠷᠤᠭ᠎ᠠ ᠨᠠᠷ ᠬᠠᠭᠤᠴᠢᠨ ᠬᠠᠨ ᠤ᠋ ᠥᠷᠥᠰᠢᠶᠡᠯ ᠵᠢᠷᠤᠮ ᠢ᠋ ᠰᠠᠨᠠᠵᠤ ᠲᠡᠭᠦᠨ ᠳ᠋ᠦ᠍ᠷ ᠴᠢᠳᠠᠯ ᠤ᠋ᠨ ᠬᠢᠷᠢ ᠪᠡᠷ ᠵᠢᠳᠬᠦᠬᠦ ᠪᠣᠯᠠᠢ ᠁ ᠪᠢᠳᠡ ᠮᠢᠩᠭᠠᠨ ᠭᠠᠵᠠᠷ ᠤ᠋ᠨ ᠠᠯᠤᠰ ᠠ᠋ᠴᠠ ᠬᠥᠮᠦᠨ ᠪᠣᠳᠠᠰ ᠢ᠋ᠶ᠋ᠠᠨ ᠵᠦᠳᠡᠭᠡᠵᠦ᠂ ᠠᠮᠢ ᠪᠡᠶ᠎ᠡ ᠪᠡᠨ ᠴᠦᠯᠡᠭᠰᠡᠳ ᠲᠡᠢ ᠳᠠᠢᠯᠠᠯᠳᠤᠵᠤ ᠁  ᠦᠯᠦ ᠪᠣᠯᠤᠮᠤᠢ》[12] ᠭᠡᠪᠡ ᠃ ᠭᠠᠭᠴᠠ ᠬᠦ᠌ ᠬᠢᠲᠠᠳ ᠰᠠᠢᠳ ᠵᠠᠩ ᠲᠢᠩ ᠢᠦᠢ ᠳᠠᠢᠯᠠᠰᠤᠭᠠᠢ ᠭᠡᠮᠡᠨ ᠬᠦᠴᠦᠯᠡᠨ ᠠᠢᠯᠠᠳᠬᠠᠬᠤ [13] ᠨᠢ ᠴᠢᠪ ᠭᠡᠮᠡᠨ ᠨᠠᠢᠷᠠᠯᠲᠤ ᠲᠥᠪ ᠬᠠᠭᠠᠨ ᠤ᠋ ᠪᠣᠳᠣᠯ ᠲᠠᠢ ᠨᠡᠢᠴᠡᠵᠡᠢ᠃ ᠲᠡᠷᠡ ᠵᠠᠩ ᠲᠢᠩ ᠢᠦᠢ ᠶ᠋ᠢᠨ ᠦᠭᠡ ᠶ᠋ᠢ ᠦᠨᠡᠮᠰᠢᠨ᠂ ᠣᠯᠠᠨ ᠲᠦᠰᠢᠮᠡᠯ ᠦ᠋ᠨ ᠬᠣᠷᠢᠭᠯᠠᠬᠤ ᠶ᠋ᠢ ᠦᠯᠦ ᠬᠠᠢᠬᠤᠷᠤᠨ ᠬᠣᠶᠠᠷ ᠵᠠᠮ ᠢ᠋ᠶ᠋ᠠᠷ ᠴᠡᠷᠢᠭ ᠣᠷᠣᠬᠤ ᠪᠠᠷ ᠪᠣᠯᠪᠠ᠃ 1729 ᠣᠨ ᠤ᠋ ᠭᠤᠷᠪᠠᠳᠤᠭᠠᠷ ᠰᠠᠷ᠎ᠠ ᠳ᠋ᠤ᠌ ᠬᠢᠶ᠎ᠡ ᠶ᠋ᠢ ᠵᠠᠬᠢᠷᠬᠤ ᠳᠣᠲᠣᠭᠠᠳᠤ ᠰᠠᠢᠳ ᠪᠦᠷᠳᠠᠨ ᠢ᠋ ᠬᠢᠵᠠᠭᠠᠷ ᠳ᠋ᠠᠬᠢᠨ ᠢ᠋ ᠲᠦᠪᠰᠢᠳᠬᠡᠭᠴᠢ ᠶᠡᠬᠡ ᠵᠠᠩᠵᠤᠨ ᠡᠷᠭᠦᠮᠵᠢᠯᠡᠨ ᠤᠮᠠᠷᠠᠲᠤ ᠵᠠᠮ ᠠᠯᠲᠠᠢ ᠳ᠋ᠤ᠌ ᠲᠥᠪᠯᠡᠷᠡᠵᠦ᠂ ᠱᠠᠨᠰᠢ᠂ ᠰᠧᠴᠤᠸᠠᠨ ᠤ᠋ ᠪᠦᠭᠦᠳᠡ ᠶ᠋ᠢ  ᠵᠠᠬᠢᠷᠤᠭᠴᠢ ᠰᠠᠢᠳ ᠶᠣᠣ ᠵᠦᠩ ᠴᠢ ᠶ᠋ᠢ ᠬᠣᠯᠠᠳᠠᠬᠢᠨ ᠢ᠋ ᠠᠮᠤᠷᠵᠢᠭᠤᠯᠤᠭᠴᠢ ᠶᠡᠬᠡ ᠵᠠᠩᠵᠤᠨ ᠡᠷᠭᠦᠮᠵᠢᠯᠡᠨ ᠪᠠᠷᠠᠭᠤᠨ ᠵᠠᠮ ᠪᠠᠷᠰ ᠬᠥᠯ ᠳ᠋ᠦ᠍ ᠲᠥᠪᠯᠡᠷᠩᠲᠤᠨ ᠭᠡᠵᠡᠢ᠃  
       1729 ᠣᠨ ᠤ᠋ ᠨᠠᠮᠤᠷ᠂ ᠳᠠᠢᠴᠢᠩ ᠤᠯᠤᠰ ᠤ᠋ᠨ ᠴᠡᠷᠢᠭ ᠬᠣᠶᠠᠷ ᠵᠠᠮ ᠢ᠋ᠶ᠋ᠠᠷ ᠳᠠᠪᠰᠢᠪᠠ᠃ ᠭᠠᠯᠳᠠᠨᠴᠡᠷᠢᠩ ᠬᠠᠨ ᠭᠣᠣᠯ ᠭᠣᠣᠯ ᠲᠦᠰᠢᠮᠡᠯ ᠢ᠋ᠶ᠋ᠡᠨ ᠴᠤᠭᠯᠠᠭᠤᠯᠤᠨ《ᠵᠠᠷᠭᠤ》 ᠶ᠋ᠢᠨ ᠵᠥᠪᠯᠡᠯᠭᠡᠨ ᠬᠢᠵᠦ ᠲᠠᠢᠴᠩ ᠤᠯᠤᠰ ᠤ᠋ᠨ ᠴᠡᠷᠢᠭ ᠢ᠋ ᠬᠡᠷᠬᠢᠨ ᠳᠠᠢᠯᠠᠬᠤ ᠶ᠋ᠢ ᠶᠠᠷᠢᠯᠴᠠᠵᠠᠢ᠃ ᠣᠯᠠᠨ ᠲᠦᠰᠢᠮᠡᠯ ᠵᠠᠢᠰᠠᠩ ᠤ᠋ᠳ ᠲᠡᠷᠡ ᠳᠠᠷᠤᠢ ᠳ᠋ᠤᠨᠢ ᠥᠪᠡᠷ ᠥᠪᠡᠷ ᠦ᠋ᠨ ᠣᠲᠣᠭ ᠤ᠋ᠨ ᠴᠡᠷᠢᠭ ᠢ᠋ᠶ᠋ᠡᠨ ᠳᠠᠢᠴᠢᠯᠠᠵᠤ᠂ ᠤᠭᠲᠤᠨ ᠲᠠᠢᠯᠠᠰᠤᠭᠠᠢ ᠭᠡᠮᠡᠨ ᠱᠠᠭᠠᠷᠳᠠᠭᠰᠠᠨ ᠪᠣᠯᠪᠠᠴᠤ ᠭᠠᠯᠳᠠᠨᠴᠡᠷᠢᠩ ᠬᠠᠨ ᠳᠠᠢᠯᠠᠬᠤ ᠶ᠋ᠢ ᠶᠠᠭᠠᠷᠠᠭᠰᠠᠨ ᠦᠭᠡᠢ᠃ ᠲᠠᠢᠴᠢᠩ ᠤᠯᠤᠰ ᠤ᠋ᠨ ᠴᠡᠷᠢᠭ ᠠᠯᠲᠠᠢ᠂ ᠪᠠᠷᠰ ᠬᠥᠯ ᠢ᠋ᠶ᠋ᠡᠷ ᠴᠤᠭᠯᠠᠷᠠᠨ ᠢᠷᠡᠲᠡᠯ᠎ᠡ ᠨᠠᠮᠤᠷ ᠢ᠋ ᠥᠩᠭᠡᠷᠡᠨ ᠡᠪᠦᠯ ᠦ᠋ᠨ ᠤᠯᠠᠷᠢᠯ ᠢ᠋ ᠳᠥᠭᠥᠨ᠎ᠡ᠃ ᠡᠪᠦᠯ ᠣᠷᠣᠪᠠᠯ ᠲᠡᠳᠡ ᠮᠥᠰᠥ ᠴᠠᠰᠤ ᠲᠠᠢ ᠳᠠᠪᠠᠭ᠎ᠠ ᠶ᠋ᠢ ᠳᠠᠪᠠᠵᠤ ᠪᠠᠢᠯᠳᠤᠬᠤ ᠪᠣᠯᠤᠯᠴᠠᠭ᠎ᠠ ᠦᠭᠡᠢ᠃ ᠡᠨᠡ ᠲᠠᠰᠢᠷᠠᠮ ᠳ᠋ᠤ᠌ ᠪᠢᠳᠡ ᠯᠤᠪᠰᠠᠩᠳᠠᠨᠵᠢᠨ ᠢ᠋ ᠬᠦᠷᠭᠡᠬᠦ ᠨᠡᠷ᠎ᠡ ᠪᠡᠷ ᠲᠠᠢᠴᠢᠩ ᠤᠯᠤᠰ ᠤ᠋ᠨ ᠴᠡᠷᠢᠭ ᠢ᠋ ᠰᠠᠭᠠᠲᠠᠭᠠᠵᠤ ᠲᠡᠢᠨ ᠦ᠌ ᠪᠡᠯᠡᠳᠬᠡᠯ ᠢ᠋ᠶ᠋ᠡᠨ ᠱᠠᠯᠠᠪᠳᠠᠨ ᠬᠢᠰᠦᠭᠡᠢ ᠭᠡᠰᠡᠨ ᠳ᠋ᠦ᠍《ᠵᠠᠷᠭᠤ》 ᠶ᠋ᠢᠨ ᠲᠦᠰᠢᠮᠡᠯ ᠪᠠ ᠵᠠᠢᠰᠠᠩ ᠤ᠋ᠳ ᠰᠠᠨᠠᠯ ᠨᠢᠭᠡᠳᠦᠨ ᠵᠥᠪᠰᠢᠶᠡᠷᠡᠵᠡᠢ᠃ ᠢᠩᠭᠢᠭᠡᠳ ᠭᠠᠯᠳᠠᠨᠴᠠᠷᠢᠩ ᠬᠠᠨ ᠲᠠᠢᠵᠢ ᠲᠤᠯᠤᠢ ᠶ᠋ᠢ ᠳᠠᠭᠤᠳᠠᠵᠤ᠂ ᠡᠢᠮᠦ ᠲᠡᠢᠮᠦ ᠭᠡᠮᠡᠨ ᠠᠷᠭ᠎ᠠ ᠤᠬᠠᠭᠠᠨ ᠵᠢᠭᠠᠵᠤ᠂ ᠪᠡᠭᠡᠵᠢᠩ ᠵᠦᠭ ᠢᠯᠡᠭᠡᠪᠡ᠃ ᠪᠢᠯᠢᠭ ᠦ᠋ᠨ ᠤᠯᠠᠷᠢᠯ ᠤ᠋ᠨ ᠠᠷᠪᠠᠳᠤᠭᠠᠷ ᠰᠠᠷ᠎ᠠ ᠳ᠋ᠤ᠌᠂ ᠲᠤᠯᠤᠢ ᠪᠠᠷᠰ ᠬᠥᠯ ᠦ᠋ᠨ ᠴᠡᠷᠢᠭ ᠦ᠋ᠨ ᠬᠦᠷᠢᠶᠡᠨ ᠳ᠋ᠦ᠍ ᠢᠷᠡᠵᠦ᠂ ᠶᠡᠬᠡ ᠵᠠᠩᠵᠤᠨ ᠶᠣᠣ ᠵᠦᠩ ᠴᠢ ᠳ᠋ᠦ᠍ ᠤᠴᠠᠷᠠᠭᠠᠳ᠂ ᠪᠢᠳᠡ ᠬᠠᠨ ᠤ᠋ ᠵᠠᠷᠯᠢᠭ ᠢ᠋ᠶ᠋ᠠᠷ ᠯᠣᠪᠰᠠᠩᠳᠠᠨᠵᠢᠨ ᠢ᠋ ᠣᠷᠣᠭᠰᠢ ᠬᠦᠷᠭᠡᠵᠦ ᠢᠯᠠᠪᠤᠷ ᠬᠣᠰᠢᠭᠤ ᠬᠥᠷᠥᠭᠰᠡᠨ᠎ᠡ ᠰᠠᠨᠠᠮᠰᠠᠷ ᠦᠭᠡᠢ ᠪᠦᠭᠦᠳᠡ ᠶ᠋ᠢ ᠵᠠᠬᠢᠷᠤᠭᠴᠢ ᠰᠠᠢᠳ ᠬᠣᠶᠠᠷ ᠲᠦᠮᠡᠨ ᠴᠡᠷᠢᠭ ᠳᠠᠢᠴᠢᠯᠠᠵᠤ ᠳᠠᠢᠯᠠᠷ᠎ᠠ ᠢᠷᠡᠮᠦᠢ ᠭᠡᠮᠡᠨ ᠰᠣᠨᠣᠰᠴᠤ᠂ ᠪᠠᠢᠳᠠᠯ ᠬᠤᠪᠢᠷᠠᠭᠰᠠᠨ ᠲᠤᠯᠠ ᠬᠠᠨ ᠤ᠋ ᠵᠠᠷᠯᠢᠭ ᠢ᠋ ᠬᠦᠯᠢᠶᠡᠰᠦᠭᠡᠢ ᠬᠡᠮᠡᠭᠡᠳ ᠠᠷᠭ᠎ᠠ ᠪᠤᠰᠤ ᠯᠣᠪᠰᠠᠩᠳᠠᠨᠵᠢᠨ ᠢ᠋ ᠢᠯᠢ ᠵᠦᠭ ᠪᠤᠴᠠᠭᠠᠵᠠᠢ ᠭᠡᠪᠡ [14]᠃ ᠶᠣᠣ ᠵᠦᠩ ᠴᠢ ᠰᠣᠨᠣᠰᠤᠭᠠᠳ ᠶᠡᠬᠡᠳᠡ ᠰᠣᠴᠢᠵᠤ᠂ ᠬᠣᠶᠠᠷ ᠤᠯᠤᠰ ᠤ᠋ᠨ ᠶᠡᠬᠡ ᠬᠡᠷᠡᠭ ᠲᠤᠯᠠ ᠰᠠᠭᠠᠲᠠᠭᠠᠵᠤ ᠦᠯᠦ ᠪᠣᠯᠤᠨ᠎ᠠ ᠭᠡᠵᠦ ᠬᠥᠮᠦᠨ ᠮᠣᠷᠢ ᠲᠣᠮᠢᠯᠠᠨ ᠡᠯᠴᠢ ᠲᠤᠯᠤᠢ ᠶ᠋ᠢ ᠰᠦᠵᠸᠦ ᠵᠦᠭ ᠬᠦᠷᠭᠡᠵᠡᠢ᠃  
       1730 ᠣᠨ ᠤ᠋ ᠭᠤᠷᠪᠠᠳᠤᠭᠠᠷ ᠰᠠᠷ᠎ᠠ ᠳ᠋ᠤ᠌᠂ ᠡᠯᠴᠢ ᠲᠤᠯᠤᠢ ᠪᠡᠭᠡᠵᠢᠩ ᠳ᠋ᠦ᠍ ᠬᠦᠷᠦᠭᠡᠳ ᠳᠡᠭᠡᠷᠡᠬᠢ ᠶᠠᠪᠤᠳᠠᠯ ᠢ᠋ᠶ᠋ᠠᠨ ᠭᠠᠳᠠᠭᠠᠳᠤ ᠮᠣᠩᠭᠣᠯ ᠤ᠋ᠨ ᠲᠥᠷᠥ ᠶ᠋ᠢ ᠵᠠᠰᠠᠬᠤ ᠶᠠᠪᠤᠳᠠᠯ ᠤ᠋ᠨ ᠶᠠᠮᠤᠨ ᠢ᠋ᠶ᠋ᠠᠷ ᠳᠠᠮᠵᠢᠭᠤᠯᠵᠤ ᠳᠡᠭᠡᠭᠰᠢ ᠠᠢᠯᠠᠳᠬᠠᠪᠠ᠃ ᠨᠠᠢᠷᠠᠯᠲᠤ ᠲᠥᠪ ᠬᠠᠭᠠᠨ ᠭᠠᠯᠳᠠᠨᠴᠠᠷᠢᠩ ᠢ᠋ ᠵᠢᠷᠦᠬᠡᠰᠢᠪᠡ ᠭᠡᠮᠡᠨ ᠪᠣᠳᠣᠵᠤ ᠤᠯᠠᠮ ᠢ᠋ᠶ᠋ᠠᠷ ᠠᠭᠰᠤᠮᠨᠠᠨ ᠡᠯᠴᠢ ᠲᠤᠯᠤᠢ ᠲᠠᠢ ᠠᠭᠤᠯᠵᠠᠭᠰᠠᠨ ᠦᠭᠡᠢ [15] ᠃ ᠲᠡᠭᠡᠭᠡᠳ ᠭᠠᠯᠳᠠᠨᠴᠡᠷᠢᠩ ᠳ᠋ᠦ᠍ ᠥᠭᠬᠦ ᠵᠠᠷᠯᠢᠭ ᠵᠢᠭᠠᠪᠤᠷᠢ ᠳ᠋ᠠᠭᠠᠨ ᠲᠡᠭᠦᠨ ᠦ᠌ ᠶᠠᠯ᠎ᠠ ᠶ᠋ᠢ ᠠᠭᠤᠴᠢᠯᠠᠬᠤ ᠶ᠋ᠢᠨ ᠲᠤᠯᠠᠳᠠ 《ᠴᠡᠷᠢᠭ ᠣᠷᠣᠬᠤ ᠬᠤᠭᠤᠴᠠᠭ᠎ᠠ ᠶ᠋ᠢ ᠨᠢᠭᠡᠨ ᠵᠢᠯ ᠬᠣᠢᠰᠢᠯᠠᠵᠤ》[16]᠂ ᠳᠠᠢᠴᠢᠩ ᠤᠯᠤᠰ ᠠ᠋ᠴᠠ ᠴᠣᠯᠠ ᠡᠷᠭᠦᠮᠵᠢᠯᠡᠯ ᠭᠤᠶᠤᠵᠤ ᠵᠡᠭᠦᠨᠭᠠᠷ ᠲᠤ᠌ ᠬᠣᠰᠢᠭᠤ ᠰᠤᠮᠤ ᠬᠤᠪᠢᠶᠠᠬᠤ ᠶ᠋ᠢ ᠬᠦᠯᠢᠶᠡᠲᠦᠭᠡᠢ ᠭᠡᠪᠡ[17] ᠃ ᠡᠭᠦᠨ ᠦ᠌ ᠬᠠᠮᠲᠤ ᠵᠡᠭᠦᠨᠭᠠᠷ ᠤ᠋ᠨ ᠬᠢᠯᠢ ᠳ᠋ᠡᠬᠢ ᠲᠣᠷᠭᠤᠳ ᠢ᠋ ᠬᠣᠰᠢᠭᠤ ᠰᠤᠮᠤ ᠬᠤᠪᠢᠶᠠᠵᠤ ᠲᠤᠰᠬᠠᠢ ᠠᠢᠮᠠᠭ ᠪᠣᠯᠭᠠᠬᠤ; ᠳᠠᠢᠴᠢᠩ ᠤᠯᠤᠰ ᠲᠤ᠌ ᠳᠠᠭᠠᠭᠰᠠᠨ ᠠᠷᠪᠠᠳᠠᠨ ᠤ᠋ ᠬᠠᠭᠤᠴᠢᠨ ᠬᠠᠷᠢᠶᠠᠲᠤ ᠶ᠋ᠢ ᠪᠤᠴᠠᠭᠠᠵᠤ ᠥᠭᠬᠦ; ᠶᠡᠬᠡ ᠪᠠᠭ᠎ᠠ ᠴᠠᠷᠢᠩᠳᠤᠨᠳᠤᠪ ᠵᠢᠴᠢ ᠬᠠᠷᠢᠶᠠᠲᠤ ᠶ᠋ᠢ ᠲᠤᠰ ᠲᠤᠨᠢ ᠲᠤᠰᠬᠠᠢ ᠠᠢᠮᠠᠭ ᠪᠣᠯᠭᠠᠬᠤ ᠵᠡᠷᠭᠡ ᠠᠯᠢ ᠣᠯᠠᠨ ᠶᠣᠰᠣ ᠪᠤᠰᠤ ᠱᠠᠭᠠᠷᠳᠠᠯᠭ᠎ᠠ ᠳᠤᠷᠠᠳᠴᠠᠢ᠃ ᠡᠨᠡᠬᠦ ᠪᠢᠴᠢᠭ ᠢ᠋ᠶ᠋ᠡᠨ ᠬᠠᠩᠭᠢᠯᠤ ᠪᠣᠯᠤᠨ ᠵᠤᠸᠠᠩ ᠪᠤᠤ ᠳ᠋ᠤ᠌ ᠠᠳᠬᠤᠭᠤᠯᠤᠨ᠂ ᠲᠤᠯᠤᠢ ᠶ᠋ᠢᠨ ᠬᠠᠮᠲᠤ ᠵᠡᠭᠦᠨᠭᠠᠷ ᠲᠤ᠌ ᠢᠯᠡᠭᠡᠪᠡ᠃ 
       ᠨᠠᠢᠷᠠᠯᠲᠤ ᠲᠥᠪ ᠬᠠᠭᠠᠨ ᠴᠡᠷᠢᠭ ᠤᠳᠠᠭᠠᠰᠢᠷᠠᠭᠤᠯᠬᠤ ᠠᠷᠭ᠎ᠠ ᠳ᠋ᠤ᠌ ᠣᠷᠣᠭᠰᠠᠨ ᠪᠣᠯᠬᠣᠷ ᠵᠡᠭᠦᠨᠭᠠᠷ ᠲᠤ᠌ ᠲᠡᠢᠨ ᠦ᠌ ᠪᠡᠯᠡᠳᠬᠡᠯ ᠬᠢᠬᠦ ᠴᠠᠭ ᠲᠣᠬᠢᠶᠠᠯ ᠣᠯᠭᠤᠵᠠᠢ᠃ ᠳᠠᠢᠴᠢᠩ ᠤᠯᠤᠰ ᠤ᠋ᠨ ᠴᠡᠷᠢᠭ ᠢ᠋ ᠴᠣᠬᠢᠬᠤ ᠶ᠋ᠢᠨ ᠲᠥᠯᠥᠭᠡ᠂ ᠭᠠᠯᠳᠠᠨᠴᠡᠷᠢᠩ ᠬᠠᠨ ᠳᠠᠢᠯᠠᠬᠤ ᠪᠠ ᠰᠡᠷᠭᠡᠢᠯᠡᠬᠦ ᠴᠢᠨᠠᠷᠲᠠᠢ ᠠᠯᠢ ᠣᠯᠠᠨ ᠠᠷᠭ᠎ᠠ ᠬᠡᠮᠵᠢᠶ᠎ᠡ ᠠᠪᠴᠤ ᠪᠦᠬᠦ ᠲᠠᠯ᠎ᠠ ᠪᠠᠷ ᠪᠡᠯᠡᠳᠬᠡᠪᠡ᠃ ᠲᠡᠷᠡ ᠶᠠᠭᠤᠨ ᠤ᠋ ᠤᠷᠢᠳ ᠵᠠᠭᠴᠢᠨ ᠣᠲᠣᠭ ᠤ᠋ᠨ ᠵᠠᠢᠰᠠᠩ ᠬᠥᠭᠰᠢᠨ ᠮᠠᠮᠤᠳ ᠲᠤ᠌ ᠵᠠᠷᠯᠢᠭ ᠪᠠᠭᠤᠯᠭᠠᠨ ᠲᠡᠭᠦᠨ ᠢ᠋ᠶ᠋ᠡᠷ ᠵᠠᠭᠴᠢᠨ᠂ ᠫᠤᠤᠴᠢᠨ᠂ ᠭᠠᠯᠵᠠᠳ ᠣᠲᠣᠭ ᠤ᠋ᠨ ᠣᠯᠠᠨ ᠴᠡᠷᠢᠭ ᠢ᠋ ᠳᠠᠢᠴᠢᠯᠠᠭᠤᠯᠤᠨ᠂ ᠠᠯᠲᠠᠢ ᠪᠣᠯᠤᠨ ᠪᠠᠷᠰ ᠬᠥᠯ ᠦ᠋ᠨ ᠵᠠᠬ᠎ᠠ ᠨᠡᠢᠯᠡᠬᠦ ᠭᠠᠵᠠᠷ ᠪᠣᠯᠭᠠᠨ ᠤ᠋ ᠴᠠᠭᠠᠨ ᠲᠣᠬᠣᠢ ᠳ᠋ᠤ᠌ ᠰᠡᠷᠭᠡᠢᠯᠡᠨ ᠰᠠᠭᠤᠯᠭᠠᠵᠤ [18] ᠂ ᠪᠠᠰᠠ ᠪᠠᠭ᠎ᠠ ᠴᠠᠷᠢᠩᠳᠤᠨᠳᠤᠪ ᠤ᠋ᠨ ᠬᠥᠪᠡᠭᠦᠨ ᠴᠠᠷᠢᠩᠨᠠᠮᠵᠢᠯ ᠪᠣᠯᠤᠨ ᠲᠠᠢᠵᠢ ᠰᠠᠪᠳᠠᠨ ᠳ᠋ᠤ᠌ ᠵᠢᠷᠭᠤᠭᠠᠨ ᠮᠢᠩᠭᠠᠨ ᠴᠡᠷᠢᠭ ᠲᠤᠰᠢᠶᠠᠵᠤ ᠪᠠᠷᠰ ᠬᠥᠯ ᠦ᠋ᠨ ᠠᠷᠤ ᠳ᠋ᠠᠬᠢ ᠮᠥᠷᠥ ᠭᠣᠣᠯ ᠳ᠋ᠤ᠌ ᠰᠠᠭᠤᠯᠭᠠᠵᠠᠢ᠃ ᠬᠥᠭᠰᠢᠨ ᠮᠠᠮᠤᠳ ᠵᠠᠷᠯᠢᠭ ᠢ᠋ ᠬᠦᠯᠢᠶᠡᠭᠰᠡᠨ ᠦ᠌ ᠳᠠᠷᠠᠭ᠎ᠠ ᠳᠥᠷᠪᠡᠯᠵᠢᠨ᠂ ᠤᠯᠠᠭᠠᠨ ᠤᠰᠤ ᠢᠯᠡᠪᠦᠷ ᠬᠣᠰᠢᠭᠤ᠂ ᠦᠷᠦᠮᠴᠢ ᠵᠡᠷᠭᠡ ᠭᠠᠵᠠᠷ ᠲᠤ᠌ ᠪᠦᠷ ᠬᠠᠷᠠᠭᠤᠯ ᠪᠣᠯᠤᠨ ᠲᠤᠷᠰᠢᠭᠤᠯ ᠲᠠᠯᠪᠢᠵᠤ ᠰᠡᠷᠭᠡᠢᠯᠡᠭᠰᠡᠨ ᠪᠠᠢᠨ᠎ᠠ [19] ᠃ 
       ᠭᠠᠯᠳᠠᠨᠴᠠᠷᠢᠩ ᠬᠠᠨ ᠭᠣᠣᠯ ᠬᠦᠴᠦᠨ ᠢ᠋ᠶ᠋ᠡᠨ ᠪᠦᠷᠲᠡᠨ ᠦ᠌ ᠤᠮᠠᠷᠠᠲᠤ ᠵᠠᠮ ᠤ᠋ᠨ ᠴᠡᠷᠢᠭ ᠲᠦ᠍ ᠴᠢᠭᠯᠡᠭᠦᠯᠵᠦ᠂ ᠶᠡᠬᠡ ᠪᠠᠭ᠎ᠠ ᠬᠣᠶᠠᠷ ᠴᠡᠷᠢᠩᠳᠣᠨᠳᠣᠪ᠂ ᠲᠤᠷᠵᠢᠳᠠᠮᠪᠠ(ᠶᠡᠬᠡ ᠴᠡᠷᠢᠩᠳᠣᠨᠳᠣᠪ ᠤ᠋ᠨ ᠬᠥᠪᠡᠭᠦᠨ) ᠢ᠋ᠶ᠋ᠡᠷ ᠭᠤᠷᠪᠠᠨ ᠲᠦᠮᠡᠨ ᠰᠢᠯᠢᠳᠡᠭ ᠴᠡᠷᠢᠭ ᠳᠠᠢᠴᠢᠯᠠᠭᠤᠯᠤᠨ ᠬᠤᠸᠠ ᠡᠷᠴᠢᠰ᠂ ᠥᠷᠥᠩᠭᠦ᠂ ᠬᠣᠪᠣᠭ ᠰᠠᠢᠷ ᠵᠡᠷᠭᠡ ᠭᠤᠷᠪᠠᠨ ᠭᠠᠵᠠᠷ ᠲᠤ᠌ ᠰᠡᠷᠭᠡᠢᠯᠡᠨ ᠰᠠᠭᠤᠯᠭᠠᠵᠠᠢ ᠃ ᠪᠠᠰᠠ ᠶᠡᠬᠡ ᠴᠡᠷᠢᠩᠳᠣᠨᠳᠣᠪ ᠤ᠋ᠨ ᠨᠥᠭᠦᠭᠡ ᠬᠥᠪᠡᠭᠦᠨ ᠨᠠᠮᠵᠢᠯᠳᠠᠰᠢ ᠪᠣᠯᠤᠨ ᠥᠷᠥᠳ ᠣᠲᠣᠭ ᠤ᠋ᠨ ᠣᠢᠵᠠᠩ ᠬᠣᠰᠢᠭᠤᠴᠢ(ᠠᠮᠤᠷᠰᠠᠨᠠᠭ᠎ᠠ ᠶ᠋ᠢᠨ ᠡᠴᠢᠭᠡ) ᠳ᠋ᠦ᠍ ᠨᠢᠭᠡ ᠲᠦᠮᠡᠨ ᠴᠡᠷᠢᠭ ᠲᠤᠰᠢᠶᠠᠵᠤ ᠠᠯᠠᠬᠤᠢ ᠶ᠋ᠢᠨ ᠭᠠᠵᠠᠷ ᠰᠠᠭᠤᠯᠭᠠᠨ ᠨᠣᠶᠠᠨ ᠬᠣᠰᠢᠭᠤᠴᠢ ᠳ᠋ᠤ᠌ ᠲᠦᠮᠡ ᠰᠢᠬᠠᠮ ᠴᠡᠷᠢᠭ ᠥᠭᠴᠦ ᠪᠠᠯᠬᠠᠰ ᠨᠠᠭᠤᠷ ᠤ᠋ᠨ ᠡᠮᠦᠨᠡᠬᠢ ᠠᠯᠢᠮᠠᠲᠤ ᠪᠣᠯᠤᠨ ᠰᠢᠷ᠎ᠠ ᠤᠰᠤᠨ ᠳ᠋ᠤ᠌ ᠰᠠᠭᠤᠯᠭᠠᠨ ᠲᠤᠰ ᠲᠤᠰ ᠵᠡᠭᠦᠨ ᠪᠠᠷᠠᠭᠤᠨ ᠬᠠᠰᠠᠭ ᠢ᠋ ᠰᠡᠷᠭᠡᠢᠯᠡᠭᠦᠯᠪᠡ᠃  
       1730 ᠣᠨ ᠤ᠋ ᠡᠪᠦᠯ᠂ ᠭᠠᠯᠳᠠᠨᠴᠠᠷᠢᠩ ᠬᠠᠨ ᠲᠡᠭᠦᠨ ᠦ᠌ ᠴᠢᠬᠤᠯᠠ ᠲᠦᠰᠢᠮᠡᠯ ᠪᠣᠯᠤᠨ ᠵᠠᠢᠰᠠᠩ ᠢ᠋ᠶ᠋ᠠᠷ 《ᠵᠠᠷᠭᠤ》 ᠶ᠋ᠢᠨ ᠵᠥᠪᠯᠡᠯᠭᠡᠨ ᠬᠢᠯᠭᠡᠵᠦ ᠳᠠᠢᠴᠢᠩ ᠤ᠋ᠨ ᠴᠡᠷᠢᠭ ᠢ᠋ ᠳᠠᠢᠯᠠᠬᠤ ᠲᠤᠬᠠᠢ ᠶᠠᠷᠢᠯᠴᠠᠭᠰᠠᠨ ᠪᠠᠢᠨ᠎ᠠ᠃ ᠡᠭᠦᠨ ᠳ᠋ᠦ᠍ ᠲᠡᠳᠡ ᠪᠠᠷᠰ ᠬᠥᠯ ᠦ᠋ᠨ ᠴᠡᠷᠢᠭ ᠢ᠋ ᠤᠷᠢᠳᠠᠪᠡᠷ ᠴᠣᠬᠢᠵᠤ᠂ ᠲᠠᠢᠴᠢᠩ ᠤᠯᠤᠰ ᠤ᠋ᠨ ᠴᠡᠷᠢᠭ ᠦ᠋ᠨ ᠬᠦᠴᠦ ᠪᠣᠯᠤᠨ ᠠᠩᠬᠠᠷᠤᠯ ᠢ᠋ ᠲᠠᠲᠠᠵᠤ᠂ ᠡᠨᠡ ᠲᠠᠰᠢᠷᠠᠮ ᠳ᠋ᠤᠨᠢ ᠭᠣᠣᠯ ᠬᠦᠴᠦᠨ ᠢ᠋ᠶ᠋ᠡᠷ ᠢ᠋ᠶ᠋ᠡᠨ ᠤᠮᠠᠷᠠᠲᠤ ᠵᠠᠮ ᠤ᠋ᠨ ᠴᠡᠷᠢᠭ ᠢ᠋ ᠴᠣᠬᠢᠰᠤᠭᠠᠢ ᠭᠡᠵᠡᠢ᠃  

            ᠬᠣᠶᠠᠷ᠂ ᠪᠠᠷᠠᠭᠤᠨ ᠵᠠᠮ(ᠪᠠᠷᠰ ᠬᠥᠯ) ᠦ᠋ᠨ ᠲᠡᠢᠨ   
      
       1730 ᠣᠨ ᠤ᠋ ᠡᠪᠦᠯ᠂ ᠮᠠᠮᠤᠳ ᠵᠠᠷᠯᠢᠭ ᠢ᠋ᠶ᠋ᠠᠷ ᠵᠠᠭᠴᠢᠨ᠂ ᠫᠤᠤᠴᠢᠨ᠂ ᠭᠠᠯᠵᠤᠳ ᠣᠲᠣᠭ ᠤ᠋ᠨ ᠣᠯᠠᠨ ᠢ᠋ ᠳᠠᠢᠴᠢᠯᠠᠨ ᠪᠣᠯᠭᠠᠨ ᠤ᠋ ᠴᠠᠭᠠᠨ ᠲᠣᠬᠣᠢ ᠠ᠋ᠴᠠ ᠮᠥᠷᠥ ᠤᠰᠤ ᠳ᠋ᠤ᠌ ᠬᠦᠷᠴᠦ ᠢᠷᠡᠪᠡ᠃ ᠲᠡᠷᠡ ᠨᠢᠭᠡᠨ ᠰᠠᠯᠠᠭ᠎ᠠ ᠴᠡᠷᠢᠭ ᠲᠣᠮᠢᠯᠠᠨ᠂ ᠬᠥᠬᠡᠨᠠᠭᠤᠷ ᠴᠠᠢᠳᠠᠮ ᠤ᠋ᠨ ᠪᠠᠷᠠᠭᠤᠨ ᠬᠣᠢᠲᠤᠬᠢ ᠭᠠᠰ ᠠᠮᠠ ᠬᠠᠷᠠᠭᠤᠯ ᠢ᠋ ᠴᠣᠬᠢᠵᠤ ᠳᠠᠢᠴᠢᠩ ᠤᠯᠤᠰ ᠤ᠋ᠨ ᠪᠣᠯᠤᠩᠬᠢᠷ᠂ ᠴᠠᠭᠠᠨ ᠤᠰᠤ ᠳ᠋ᠠᠬᠢ ᠴᠡᠷᠢᠭ ᠦ᠋ᠨ ᠠᠩᠬᠠᠷᠤᠯ ᠢ᠋ ᠲᠡᠢᠰᠢ ᠲᠠᠲᠠᠬᠤ ᠭᠡᠪᠡ᠃ ᠢᠩᠭᠢᠭᠡᠳ ᠴᠠᠷᠢᠩᠨᠠᠮᠵᠢᠯ ᠪᠣᠯᠤᠨ ᠲᠠᠢᠵᠢ ᠰᠠᠪᠳᠠᠨ ᠨᠠᠷ ᠬᠡᠳᠦᠨ ᠮᠢᠩᠭᠠᠨ ᠴᠡᠷᠢᠭ ᠳᠠᠢᠴᠢᠯᠠᠨ ᠴᠢ ᠲᠡᠢ ᠡᠴᠡ ᠮᠣᠷᠳᠠᠵᠤ ᠪᠠᠷᠰ ᠬᠥᠯ ᠬᠠᠷᠠᠭᠤᠯ ᠢ᠋ ᠰᠡᠮᠡᠬᠡᠷ ᠥᠩᠭᠡᠷᠡᠨ ᠶᠡᠷᠦ ᠪᠤᠰᠤ ᠶ᠋ᠢᠨ ᠵᠣᠷᠢᠭ ᠵᠢᠷᠦᠬᠡ ᠪᠡᠷ ᠯᠣᠪ ᠨᠠᠭᠤᠷ ᠢ᠋ ᠳᠠᠭᠠᠷᠢᠵᠤ ᠬᠥᠬᠡᠨᠠᠭᠤᠷ ᠴᠠᠢᠳᠠᠮ ᠤ᠋ᠨ ᠪᠠᠷᠠᠭᠤᠨ ᠬᠣᠢᠲᠤᠬᠢ ᠭᠠᠰ ᠠᠮᠠ ᠶ᠋ᠢ ᠪᠦᠰᠡᠯᠡᠨ ᠴᠣᠬᠢᠵᠠᠢ [20] ᠃ ᠬᠡᠳᠦᠨ ᠡᠳᠦᠷ ᠦ᠋ᠨ ᠳᠠᠷᠠᠭ᠎ᠠ ᠬᠥᠭᠰᠢᠨ ᠮᠠᠮᠤᠳ ᠪᠠᠰᠠ ᠴᠡᠷᠢᠭ ᠢ᠋ᠶ᠋ᠡᠨ ᠬᠣᠶᠠᠷ ᠵᠠᠮ ᠬᠤᠪᠢᠶᠠᠨ ᠮᠣᠷᠳᠠᠭᠠᠳ ᠪᠠᠷᠰ ᠬᠥᠯ ᠦ᠋ᠨ ᠴᠡᠷᠢᠭ ᠦ᠋ᠨ ᠬᠦᠷᠢᠶ᠎ᠡ ᠶ᠋ᠢ ᠲᠣᠭᠣᠷᠢᠨ ᠥᠩᠭᠡᠷᠡᠵᠦ ᠳᠠᠢᠴᠢᠩ ᠤᠯᠤᠰ ᠤ᠋ᠨ ᠬᠦᠰᠢᠶᠡᠲᠦ ᠬᠠᠷᠠᠭᠤᠯ ᠪᠣᠯᠤᠨ ᠲᠥᠭᠥᠷᠢᠭ ᠬᠠᠷᠠᠭᠤᠯ ᠢ᠋ ᠪᠦᠰᠡᠯᠡᠪᠡ᠃ ᠡᠨᠡ ᠬᠣᠶᠠᠷ ᠬᠠᠷᠠᠭᠤᠯ ᠨᠢ ᠨᠡᠯᠢᠶᠡᠳ ᠶᠡᠬᠡ ᠬᠠᠷᠠᠭᠤᠯ ᠲᠤᠯᠠ ᠬᠤᠶᠠᠭ ᠴᠡᠷᠢᠭ᠂ ᠠᠮᠤ ᠬᠦᠨᠡᠰᠦ᠂ ᠮᠣᠷᠢ ᠲᠡᠮᠡᠭᠡ᠂ ᠦᠬᠡᠷ ᠬᠣᠨᠢ ᠦᠯᠡᠮᠵᠢ ᠣᠯᠠᠨ ᠪᠠᠢᠵᠠᠢ᠃ ᠨᠢᠭᠡᠨ ᠵᠡᠷᠭᠡ ᠲᠤᠯᠭᠠᠷᠠᠨ ᠪᠠᠢᠯᠳᠤᠭᠰᠠᠨ ᠳ᠋ᠤ᠌ ᠬᠣᠶᠠᠷ ᠬᠠᠷᠠᠭᠤᠯ ᠳ᠋ᠠᠬᠢ ᠳᠠᠢᠴᠢᠩ ᠤᠯᠤᠰ ᠤ᠋ᠨ ᠳᠥᠷᠪᠡᠨ ᠮᠢᠩᠭᠠᠨ ᠴᠡᠷᠢᠭ ᠦ᠋ᠨ ᠣᠯᠠᠩᠬᠢ ᠨᠢ ᠠᠯᠠᠭᠳᠠᠨ ᠰᠢᠷᠬᠠᠲᠤᠵᠤ ᠠᠮᠤ ᠬᠦᠨᠡᠰᠦ ᠦᠬᠡᠷ ᠮᠣᠷᠢ ᠨᠢ ᠪᠦᠬᠦᠨ ᠢ᠋ᠶ᠋ᠡᠷ ᠢ᠋ᠶ᠋ᠡᠨ ᠵᠡᠭᠦᠨᠭᠠᠷ ᠤ᠋ᠨ ᠭᠠᠷ ᠲᠤ᠌ ᠣᠷᠣᠪᠠ᠃ ᠡᠨᠡ ᠬᠦ᠌ ᠶᠠᠪᠤᠳᠠᠯ ᠨᠢ ᠪᠠᠷᠰ ᠬᠥᠯ ᠳ᠋ᠡᠬᠢ ᠴᠢᠩ ᠤᠯᠤᠰ ᠤ᠋ᠨ ᠴᠡᠷᠢᠭ ᠢ᠋ ᠶᠡᠬᠡᠳᠡ ᠰᠣᠴᠢᠭᠠᠵᠠᠢ᠃ᠬᠣᠯᠠᠳᠠᠬᠢᠨ ᠢ᠋ ᠠᠮᠤᠷᠵᠢᠭᠤᠯᠤᠭᠴᠢ ᠶᠡᠬᠡ ᠵᠠᠩᠵᠤᠨ ᠤ᠋ ᠲᠠᠮᠠᠭ᠎ᠠ ᠶ᠋ᠢ ᠬᠠᠮᠢᠶᠠᠷᠤᠭᠴᠢ ᠶ᠋ᠢ ᠴᠧᠩ ᠪᠢᠨ ᠶᠠᠯ᠎ᠠ ᠣᠯᠬᠤ ᠠ᠋ᠴᠠ ᠪᠠᠨ ᠢ᠋ᠶ᠋ᠠᠨ ᠠᠶᠤᠭᠠᠳ᠂ ᠬᠥᠰᠢᠶᠡᠲᠦ ᠬᠠᠷᠠᠭᠤᠯ ᠤ᠋ᠨ ᠪᠦᠭᠦᠳᠡ ᠶ᠋ᠢ ᠵᠠᠬᠢᠷᠤᠭᠴᠢ ᠳᠠᠷᠤᠭ᠎ᠠ ᠫᠠᠨ ᠲᠢᠩ ᠬᠣᠶᠠᠷ ᠮᠢᠩᠭᠠᠨ ᠴᠡᠷᠢᠭ ᠢ᠋ᠶ᠋ᠡᠷ ᠵᠡᠭᠦᠨᠭᠠᠷᠴᠤᠳ ᠲᠠᠢ ᠳᠣᠯᠣᠭᠠᠨ ᠰᠥᠨᠢ ᠳᠣᠯᠣᠭᠠᠨ ᠡᠳᠦᠷ ᠪᠠᠢᠯᠳᠤᠪᠠ ᠭᠡᠮᠡᠨ ᠬᠠᠭᠤᠷᠮᠠᠭ ᠢ᠋ᠶ᠋ᠠᠷ ᠠᠢᠯᠠᠳᠬᠠᠭᠰᠠᠨ ᠪᠠᠢᠨ᠎ᠠ [21]᠃ ᠬᠥᠭᠰᠢᠨ ᠮᠠᠮᠤᠳ ᠤᠬᠤᠷᠢᠭᠰᠠᠨ ᠤ᠋ ᠳᠠᠷᠠᠭ᠎ᠠ᠂ ᠭᠠᠰ ᠠᠮᠠ ᠶ᠋ᠢ ᠬᠡᠳᠦᠨ ᠡᠳᠦᠷ ᠪᠦᠰᠡᠯᠡᠨ ᠴᠣᠬᠢᠭᠰᠠᠨ ᠴᠠᠷᠢᠩᠨᠠᠮᠵᠢᠯ ᠪᠣᠯᠤᠨ ᠰᠠᠪᠳᠠᠨ ᠨᠠᠷ ᠪᠠᠰᠠ ᠡᠭᠦᠷᠭᠡ ᠪᠡᠨ ᠪᠡᠶᠡᠯᠡᠭᠦᠯᠦᠭᠡᠳ ᠪᠠᠷᠰ ᠬᠥᠯ ᠦ᠋ᠨ ᠠᠷᠤ ᠳ᠋ᠤ᠌ ᠪᠤᠴᠠᠵᠤ ᠢᠷᠡᠵᠡᠢ᠃
       ᠪᠠᠷᠰ ᠬᠥᠯ ᠦ᠋ᠨ ᠬᠣᠶᠠᠷ ᠬᠠᠷᠠᠭᠤᠯ ᠴᠣᠬᠢᠭᠳᠠᠵᠤ᠂ ᠭᠠᠰ ᠠᠮᠠ ᠪᠦᠰᠡᠯᠡᠭᠳᠡᠭᠰᠡᠨ ᠶᠠᠪᠤᠳᠠᠯ ᠠ᠋ᠴᠠ ᠵᠡᠭᠦᠨᠭᠠᠷ ᠤ᠋ᠨ ᠴᠡᠷᠢᠭ ᠦ᠋ᠨ ᠬᠦᠴᠦᠨ ᠢ᠋ ᠪᠠᠰᠤᠮᠵᠢᠯᠠᠵᠤ ᠪᠣᠯᠬᠤ ᠦᠭᠡᠢ ᠭᠡᠳᠡᠭ ᠢ᠋ ᠨᠠᠢᠷᠠᠯᠲᠤ ᠲᠥᠪ ᠬᠠᠭᠠᠨ ᠮᠡᠳᠡᠵᠡᠢ᠃ 1731 ᠣᠨ ᠤ᠋ ᠴᠠᠭᠠᠨ ᠰᠠᠷ᠎ᠠ ᠳ᠋ᠤ᠌᠂ ᠲᠡᠷᠡ ᠵᠠᠷᠯᠢᠭ ᠪᠠᠭᠤᠯᠭᠠᠨ ᠮᠦᠭᠳᠡᠨ᠂ ᠬᠠᠷ᠎ᠠ ᠮᠥᠷᠡᠨ᠂ ᠰᠣᠯᠣᠨ᠂ ᠨᠢᠩᠭᠦᠲᠡ ᠪᠣᠯᠤᠨ ᠴᠠᠬᠠᠷ ᠠ᠋ᠴᠠ ᠵᠢᠷᠭᠤᠭᠠᠨ ᠮᠢᠩᠭᠠᠨ ᠴᠡᠷᠢᠭ᠂ ᠳᠣᠲᠣᠭᠠᠳᠤ ᠵᠠᠰᠠᠭ ᠳᠥᠴᠢ ᠶᠢᠰᠦᠨ ᠬᠣᠰᠢᠭᠤ ᠪᠣᠯᠤᠨ ᠬᠥᠬᠡᠬᠣᠲᠠ ᠠ᠋ᠴᠠ ᠵᠢᠷᠭᠤᠭᠠᠨ ᠮᠢᠩᠭᠠᠨ ᠴᠡᠷᠢᠭ ᠲᠠᠲᠠᠵᠤ ᠠᠯᠲᠠᠢ ᠵᠦᠭ ᠢᠯᠡᠬᠡᠨ᠂ ᠤᠮᠠᠷᠠᠲᠤ ᠵᠠᠮ ᠤ᠋ᠨ ᠴᠡᠷᠢᠭ ᠦ᠋ᠨ ᠬᠦᠴᠦ ᠶ᠋ᠢ ᠭᠤᠷᠪᠠᠨ ᠲᠦᠮᠡ ᠪᠣᠯᠭᠠᠪᠠ [22] ᠃ ᠪᠠᠰᠠ ᠱᠠᠨ ᠰᠢ᠂ ᠱᠠᠨᠰᠢ᠂ ᠭᠦᠶᠦᠸᠠᠨ᠂ ᠭᠠᠨᠰᠦ ᠵᠡᠷᠭᠡ ᠣᠷᠣᠨ ᠠ᠋ᠴᠠ ᠲᠦᠮᠡᠨ ᠴᠡᠷᠢᠭ ᠲᠠᠲᠠᠵᠤ᠂ ᠪᠠᠷᠠᠭᠤᠨ ᠵᠠᠮ ᠤ᠋ᠨ ᠴᠡᠷᠢᠭ ᠦ᠋ᠨ ᠬᠦᠴᠦ ᠶ᠋ᠢ ᠬᠣᠶᠠᠷ ᠲᠦᠮᠡ ᠶᠢᠰᠦᠨ ᠮᠢᠩᠭ᠎ᠠ ᠢᠯᠡᠭᠦᠦ ᠪᠣᠯᠭᠠᠵᠠᠢ [23] ᠃ ᠡᠭᠦᠨ ᠳ᠋ᠦ᠍ ᠶᠣᠣ ᠵᠦᠩ ᠴᠢ ᠵᠠᠷᠯᠢᠭ ᠢ᠋ᠶ᠋ᠠᠷ ᠬᠦᠰᠢᠶᠡᠲᠦ ᠬᠠᠷᠠᠭᠤᠯ᠂ ᠲᠥᠭᠥᠷᠢᠭ ᠬᠠᠷᠠᠭᠤᠯ᠂ ᠮᠣᠭᠠᠢᠲᠤ ᠬᠠᠷᠠᠭᠤᠯ ᠤ᠋ᠨ ᠬᠦᠴᠦ ᠶ᠋ᠢ ᠴᠢᠩᠭᠠᠳᠬᠠᠬᠤ ᠶ᠋ᠢᠨ ᠬᠠᠮᠲᠤ ᠪᠠᠷᠰ ᠬᠥᠯ ᠦ᠋ᠨ ᠪᠠᠷᠠᠭᠤᠨᠳᠠᠬᠢ ᠲᠤᠯᠤᠢ ᠬᠠᠷᠠᠭᠤᠯ ᠳ᠋ᠤ᠌ ᠳᠥᠷᠪᠡᠨ ᠮᠢᠩᠭ᠎ᠠ᠂ ᠳᠦᠷᠫᠡᠨ ᠬᠠᠷᠠᠭᠤᠯ ᠳ᠋ᠤ᠌ ᠭᠤᠷᠪᠠᠨ ᠮᠢᠩᠭ᠎ᠠ᠂ ᠳᠠᠬᠤ ᠬᠠᠷᠠᠭᠤᠯ ᠳ᠋ᠤ᠌ ᠭᠤᠷᠪᠠᠨ ᠮᠢᠩᠭᠠᠨ ᠴᠡᠷᠢᠭ ᠲᠤᠰ ᠲᠤᠰ ᠨᠡᠮᠡᠵᠦ ᠰᠠᠭᠤᠯᠭᠠᠪᠠ᠃  
       1731 ᠣᠨ ᠤ᠋ ᠬᠠᠪᠤᠷ ᠡᠷᠴᠢᠰ᠂ ᠥᠷᠥᠩᠭᠦ᠂ ᠬᠣᠪᠣᠭ ᠰᠠᠢᠷ ᠲᠤ᠌ ᠰᠠᠭᠤᠭ᠎ᠠ ᠶᠡᠬᠡ ᠪᠠᠭ᠎ᠠ ᠴᠠᠷᠢᠩᠳᠤᠨᠳᠤᠪ ᠤ᠋ᠨ ᠴᠡᠷᠢᠭ ᠳᠠᠢᠴᠢᠩ ᠤᠯᠤᠰ ᠤ᠋ᠨ ᠤᠮᠠᠷᠠᠲᠤ ᠵᠠᠮ ᠤ᠋ᠨ ᠴᠡᠷᠢᠭ ᠢ᠋ ᠳᠠᠢᠯᠠᠬᠤ ᠪᠠᠷ ᠪᠡᠯᠡᠳᠬᠡᠵᠡᠢ᠃ ᠡᠨᠡ ᠦᠶ᠎ᠡ ᠳ᠋ᠦ᠍ ᠭᠠᠯᠳᠠᠨᠴᠡᠷᠢᠩ ᠬᠠᠨ ᠴᠢ ᠲᠡᠢ᠂ ᠢᠯᠡᠪᠦᠷ ᠬᠣᠰᠢᠭᠤ᠂ ᠦᠷᠦᠮᠴᠢ ᠳ᠋ᠦ᠍ ᠰᠠᠭᠤᠭᠰᠠᠨ ᠴᠠᠷᠢᠩᠨᠠᠮᠵᠢᠯ ᠪᠣᠯᠤᠨ ᠰᠠᠪᠳᠠᠨ ᠲᠠᠢᠵᠢ ᠨᠠᠷ ᠲᠤ᠌ ᠵᠠᠷᠯᠢᠭ ᠪᠠᠭᠤᠯᠭᠠᠨ ᠪᠠᠷᠰ ᠬᠥᠯ ᠦ᠋ᠨ ᠪᠠᠷᠠᠭᠤᠨ ᠳ᠋ᠠᠬᠢ ᠡᠯ᠎ᠡ ᠬᠠᠷᠠᠭᠤᠯ ᠢ᠋ ᠲᠦᠢᠪᠡᠭᠡᠨ ᠶᠡᠬᠡ ᠪᠠᠭ᠎ᠠ ᠴᠠᠷᠢᠩᠳᠤᠨᠳᠤᠪ ᠤ᠋ᠨ ᠴᠡᠷᠢᠭ ᠦ᠋ᠨ ᠬᠥᠳᠡᠯᠭᠡᠭᠡᠨ ᠢ᠋ ᠴᠤᠤᠷᠢᠶᠠᠲᠤᠭᠲᠤᠨ ᠭᠡᠪᠡ᠃ ᠭᠤᠷᠪᠠᠳᠤᠭᠠᠷ ᠰᠠᠷ᠎ᠠ ᠳ᠋ᠤ᠌ ᠰᠠᠪᠳᠠᠨ  ᠲᠠᠢᠵᠢ ᠬᠣᠶᠠᠷ ᠮᠢᠩᠭᠠᠨ ᠴᠡᠷᠢᠭ ᠲᠣᠮᠢᠯᠠᠨ ᠦᠷᠦᠮᠴᠢ ᠡᠴᠡ ᠤᠷᠤᠭᠰᠢ ᠳᠠᠪᠰᠢᠨ ᠣᠷᠣᠭᠠᠳ ᠲᠦᠷᠫᠡᠨ ᠬᠠᠷᠠᠭᠤᠯ ᠢ᠋ ᠪᠦᠰᠡᠯᠡᠨ ᠴᠣᠬᠢᠵᠠᠢ᠃  ᠪᠦᠭᠦᠳᠡ ᠶ᠋ᠢ ᠵᠠᠬᠢᠷᠤᠭᠴᠢ ᠳᠠᠷᠤᠭ᠎ᠠ ᠫᠠᠨ ᠲᠢᠩ ᠳᠥᠷᠪᠡᠨ ᠮᠢᠩᠭᠠᠨ ᠴᠡᠷᠢᠭ ᠳᠠᠢᠴᠢᠯᠠᠨ ᠲᠤᠰᠠᠯᠠᠬᠤ ᠪᠠᠷ ᠢᠷᠡᠬᠦ ᠳ᠋ᠦ᠍ ᠵᠡᠭᠦᠨᠭᠠᠷ ᠤ᠋ᠨ ᠴᠡᠷᠢᠭ ᠬᠡᠳᠦᠢᠨ ᠤᠬᠤᠷᠢᠨ ᠶᠠᠪᠤᠪᠠ᠃ ᠳᠥᠷᠪᠡ ᠲᠠᠪᠤᠳᠤᠭᠠᠷ ᠰᠠᠷ᠎ᠠ ᠳ᠋ᠤ᠌ ᠪᠠᠰᠠ ᠳᠦᠷᠫᠡᠨ᠂ ᠲᠤᠯᠤᠢ᠂ ᠯᠥᠭᠦᠴᠡ᠂ ᠬᠠᠷ᠎ᠠ ᠬᠣᠵᠣ ᠵᠡᠷᠭᠡ ᠭᠠᠵᠠᠷ ᠢ᠋ ᠬᠡᠳᠦ ᠤᠳᠠᠭ᠎ᠠ ᠳᠦᠢᠪᠡᠭᠡᠭᠰᠡᠨ ᠪᠠᠢᠨ᠎ᠠ [24]᠃ ᠵᠡᠭᠦᠨᠭᠠᠷ ᠤ᠋ᠨ ᠴᠡᠷᠢᠭ ᠡᠨᠡ ᠮᠡᠲᠦ ᠪᠡᠷ ᠪᠠᠷᠰ ᠬᠥᠯ ᠡᠴᠡ ᠪᠠᠷᠠᠭᠤᠨᠰᠢᠬᠢ ᠬᠡᠳᠦᠨ ᠬᠠᠷᠠᠭᠤᠯ ᠢ᠋ ᠦᠷᠭᠦᠯᠵᠢᠯᠡᠨ ᠲᠦᠢᠪᠡᠭᠰᠡᠨ ᠨᠢ ᠴᠢᠩ ᠤᠯᠤᠰ ᠤ᠋ᠨ ᠪᠠᠷᠠᠭᠤᠨ ᠵᠠᠮ ᠤ᠋ᠨ ᠴᠡᠷᠢᠭ ᠪᠣᠯᠤᠨ ᠤᠮᠠᠷᠠᠲᠤ ᠵᠠᠮ ᠤ᠋ᠨ ᠴᠡᠷᠢᠭ ᠦ᠋ᠨ ᠬᠠᠷᠢᠯᠴᠠᠨ ᠲᠤᠰᠠᠯᠠᠯᠴᠠᠬᠤ ᠭᠡᠰᠡᠨ ᠲᠥᠯᠥᠪᠯᠡᠭᠡ ᠶ᠋ᠢ ᠡᠪᠳᠡᠵᠦ᠂ ᠬᠣᠲᠣᠩ ᠨᠠᠭᠤᠷ(ᠠᠯᠲᠠᠢ) ᠶ᠋ᠢᠨ ᠲᠡᠢᠨ ᠦ᠌ ᠢᠯᠠᠯᠲᠠ ᠶ᠋ᠢ ᠪᠠᠲᠤᠯᠠᠵᠠᠢ᠃ 
       ᠤᠮᠠᠷᠠᠲᠤ ᠵᠠᠮ ᠤ᠋ᠨ ᠴᠡᠷᠢᠭ ᠬᠣᠲᠣᠩ ᠨᠠᠭᠤᠷ ᠲᠤ᠌ ᠢᠯᠠᠭᠳᠠᠭᠰᠠᠨ ᠤ᠋ ᠳᠠᠷᠠᠭ᠎ᠠ᠂ ᠨᠠᠢᠷᠠᠯᠲᠤ ᠲᠥᠪ ᠬᠠᠭᠠᠨ ᠳᠣᠲᠣᠭᠠᠳᠤ ᠭᠠᠳᠠᠭᠠᠳᠤ ᠵᠠᠰᠠᠭ ᠤ᠋ᠨ ᠠᠷᠠᠳ ᠢᠷᠭᠡᠳ ᠦ᠋ᠨ ᠠᠮᠢᠳᠤᠷᠠᠯ ᠢ᠋ ᠦᠯᠦ ᠬᠠᠢᠬᠤᠷᠤᠨ᠂ ᠪᠠᠷᠠᠭᠤᠨᠰᠢ ᠦᠷᠭᠦᠯᠵᠢᠯᠡᠨ ᠴᠡᠷᠢᠭ ᠨᠡᠮᠡᠪᠡ᠃ ᠭᠡᠲᠡᠯ᠎ᠡ ᠪᠠᠷᠠᠭᠤᠨ ᠵᠠᠮ ᠤ᠋ᠨ ᠴᠡᠷᠢᠭ ᠨᠢ ᠡᠯ᠎ᠡ ᠬᠠᠷᠠᠭᠤᠯ ᠤ᠋ᠨ ᠭᠠᠵᠠᠷ ᠲᠤ᠌ ᠬᠤᠪᠢᠶᠠᠭᠳᠠᠭᠰᠠᠨ ᠪᠣᠯᠬᠣᠷ ᠬᠥᠳᠡᠯᠵᠦ ᠴᠢᠳᠠᠬᠤ ᠦᠭᠡᠢ ᠪᠠᠢᠪᠠ᠃ ᠡᠨᠡᠬᠦ ᠪᠠᠢᠳᠠᠯ ᠢ᠋ ᠠᠰᠢᠭᠯᠠᠨ ᠦᠷᠦᠮᠴᠢ ᠣᠷᠴᠢᠮ ᠰᠡᠷᠭᠡᠢᠯᠡᠨ ᠰᠠᠭᠤᠭᠰᠠᠨ ᠵᠡᠭᠦᠨᠭᠠᠷ ᠤ᠋ᠨ ᠴᠡᠷᠢᠭ ᠵᠣᠷᠢᠭᠲᠠᠢ ᠪᠥᠭᠡᠳ ᠪᠤᠰᠢᠭᠤ ᠱᠠᠯᠠᠮᠠᠭᠠᠢ ᠪᠠᠷ ᠡᠯ᠎ᠡ ᠬᠠᠷᠠᠭᠤᠯ ᠢ᠋ ᠦᠷᠭᠦᠯᠵᠢᠯᠡᠨ ᠴᠣᠬᠢᠵᠤ᠂ ᠮᠣᠷᠢ ᠦᠬᠡᠷ᠂ ᠲᠡᠮᠡᠭᠡ ᠬᠣᠨᠢ ᠶ᠋ᠢ ᠨᠢ ᠦᠯᠡᠮᠵᠢ ᠣᠯᠵᠠᠯᠠᠵᠠᠢ᠃ 1732 ᠣᠨ ᠤ᠋ ᠴᠠᠭᠠᠨ ᠰᠠᠷ᠎ᠠ ᠳ᠋ᠤ᠌ ᠴᠢ ᠲᠡᠢ ᠣᠷᠴᠢᠮ ᠡᠪᠦᠯᠵᠢᠭᠰᠡᠨ ᠴᠠᠷᠢᠩᠨᠠᠮᠵᠢᠯ ᠪᠣᠯᠤᠨ ᠰᠠᠪᠳᠠᠨ ᠲᠠᠢᠵᠢ ᠵᠢᠷᠭᠤᠭᠠᠨ ᠮᠢᠩᠭᠠᠨ ᠴᠡᠷᠢᠭ ᠤᠳᠤᠷᠢᠳᠴᠤ ᠶᠡᠬᠡ ᠴᠠᠰᠤ ᠶ᠋ᠢ ᠳᠠᠯᠢᠮᠳᠠᠭᠤᠯᠤᠨ᠂ ᠬᠣᠷᠢᠨ ᠤ᠋ ᠡᠳᠦᠷ ᠦᠬᠡᠭ ᠳᠠᠪᠠᠭ᠎ᠠ ᠶ᠋ᠢ ᠰᠡᠮᠡᠬᠡᠷ ᠳᠠᠪᠠᠪᠠ᠃ ᠬᠣᠷᠢᠨ ᠨᠢᠭᠡᠨ ᠦ᠌ ᠰᠥᠨᠢ ᠲᠡᠳᠡ ᠨᠤᠭᠤᠰᠤᠲᠤ ᠪᠤᠯᠠᠭ ᠬᠠᠷᠠᠭᠤᠯ᠂ ᠲᠠᠪᠤᠳᠤᠭᠠᠷ ᠬᠣᠷᠭᠣ ᠬᠠᠷᠠᠭᠤᠯ ᠢ᠋ ᠥᠩᠭᠡᠷᠡᠵᠦ᠂ ᠬᠠᠮᠢ ᠬᠣᠲᠠ ᠵᠦᠭ ᠰᠢᠭᠤᠳ ᠴᠢᠭᠯᠡᠭᠰᠡᠨ ᠳ᠋ᠦ᠍ ᠬᠠᠷᠠᠭᠤᠯ ᠤ᠋ᠨ ᠴᠡᠷᠢᠭ ᠠᠶᠤᠮᠰᠢᠭ ᠦᠭᠡᠢ ᠡᠰᠡ ᠬᠣᠷᠢᠭᠯᠠᠪᠠ᠃ ᠬᠣᠷᠢᠨ ᠬᠣᠶᠠᠷ ᠠ᠋ᠴᠠ ᠬᠣᠷᠢᠨ ᠭᠤᠷᠪᠠᠨ ᠤ᠋ ᠡᠳᠦᠷ ᠪᠣᠯᠲᠠᠯ᠎ᠠ᠂ ᠵᠡᠭᠦᠨᠭᠠᠷ ᠤ᠋ᠨ ᠴᠡᠷᠢᠭ ᠬᠠᠮᠢ ᠬᠣᠲᠠ ᠶ᠋ᠢ ᠪᠦᠰᠡᠯᠡᠨ ᠴᠣᠬᠢᠭᠠᠳ᠂ ᠬᠣᠲᠠ ᠶ᠋ᠢᠨ ᠭᠠᠳᠠᠨᠠᠬᠢ ᠴᠡᠷᠢᠭ ᠦ᠋ᠨ ᠮᠣᠷᠢ ᠬᠣᠨᠢ ᠶ᠋ᠢ ᠪᠦᠷ ᠲᠠᠭᠤᠵᠤ ᠠᠪᠠᠴᠢᠪᠠ᠃ ᠬᠣᠲᠠ ᠶ᠋ᠢ ᠰᠠᠬᠢᠭᠰᠠᠨ ᠳᠥᠷᠪᠡᠨ ᠮᠢᠩᠭᠠᠨ ᠴᠡᠷᠢᠭ ᠠᠶᠤᠨ ᠰᠦᠷᠳᠡᠭᠡᠳ ᠨᠡᠬᠡᠮᠵᠢᠯᠡᠵᠦ ᠴᠢᠳᠠᠭᠰᠠᠨ ᠦᠭᠡᠢ ᠪᠣᠯᠬᠣᠷ ᠵᠡᠭᠦᠨᠭᠠᠷ ᠤ᠋ᠨ ᠴᠡᠷᠢᠭ ᠬᠥᠮᠦᠨ ᠦᠭᠡᠢ ᠭᠠᠵᠠᠷ ᠶᠠᠪᠤᠬᠤ ᠮᠡᠲᠦ ᠲᠠᠷᠢᠶᠠᠴᠢᠨ ᠬᠠᠷᠠᠭᠤᠯ ᠤ᠋ᠨ ᠮᠠᠯ ᠤᠨᠤᠭ᠎ᠠ ᠶ᠋ᠢ ᠪᠤᠯᠢᠶᠠᠭᠠᠳ ᠬᠣᠶᠠᠳᠤᠭᠠᠷ ᠬᠣᠷᠭᠣ ᠬᠠᠷᠠᠭᠤᠯ ᠳ᠋ᠤ᠌ ᠣᠷᠣᠵᠤ ᠪᠠᠭᠤᠪᠠ᠃ ᠭᠤᠴᠢᠨ ᠤ᠋ ᠡᠳᠦᠷ ᠵᠡᠭᠦᠨᠭᠠᠷ ᠤ᠋ᠨ ᠴᠡᠷᠢᠭ ᠦᠭᠡᠩ ᠳᠠᠪᠠᠭ᠎ᠠ ᠳ᠋ᠤ᠌ ᠢᠷᠡᠵᠦ ᠪᠠᠭᠤᠬᠤ ᠳ᠋ᠤ᠌ ᠳᠠᠢᠴᠢᠩ ᠤ᠋ᠨ ᠴᠡᠷᠢᠭ ᠵᠡᠪᠡ ᠶ᠋ᠢᠨ ᠠᠮᠠ ᠶ᠋ᠢ ᠪᠢᠲᠡᠭᠦᠮᠵᠢᠯᠡᠭᠰᠡᠨ ᠪᠣᠯᠪᠠᠴᠤ ᠳᠣᠪᠲᠣᠯᠤᠭᠰᠠᠨ ᠦᠭᠡᠢ ᠪᠢᠯᠡ᠃ ᠮᠥᠨ ᠰᠥᠨᠢ ᠨᠢ ᠲᠡᠳᠡ ᠦᠬᠡᠭ ᠳᠠᠪᠠᠭᠠᠨ ᠤ᠋ ᠪᠠᠷᠠᠭᠤᠨ ᠳ᠋ᠠᠬᠢ ᠲᠤᠯᠤᠢ ᠬᠠᠷᠠᠭᠤᠯ ᠢ᠋ ᠲᠣᠭᠣᠷᠢᠨ ᠥᠩᠭᠡᠷᠡᠵᠦ ᠳᠠᠬᠤ᠂ ᠨᠠᠬᠤ ᠬᠣᠶᠠᠷ ᠳᠠᠪᠠᠭ᠎ᠠ ᠪᠠᠷ ᠳᠠᠪᠠᠭᠠᠳ ᠶᠠᠮᠠᠷ ᠴᠤ᠌ ᠭᠡᠮ ᠦᠭᠡᠢ ᠪᠡᠷ ᠴᠢ ᠲᠡᠢ ᠳ᠋ᠦ᠍ ᠪᠤᠴᠠᠵᠤ ᠢᠷᠡᠪᠡ᠃ 
       1730 — 1732 ᠣᠨ ᠪᠣᠯᠲᠠᠯ᠎ᠠ᠂ ᠵᠡᠭᠦᠨᠭᠠᠷ ᠤ᠋ᠨ ᠴᠡᠷᠢᠭ ᠠᠩᠭᠢ ᠳᠠᠢᠴᠢᠩ ᠤᠯᠤᠰ ᠤ᠋ᠨ ᠡᠯ᠎ᠡ ᠬᠠᠷᠠᠭᠤᠯ ᠢ᠋ ᠲᠠᠰᠤᠷᠠᠯᠲᠠ ᠦᠭᠡᠢ ᠳᠣᠪᠲᠣᠯᠤᠨ᠂ ᠲᠡᠳᠡᠨ ᠢ᠋ ᠲᠦᠮᠡ ᠭᠠᠷᠤᠢ ᠠᠯᠠᠨ ᠰᠢᠷᠬᠠᠲᠤᠭᠤᠯᠵᠤ᠂ ᠮᠣᠷᠢ ᠲᠡᠮᠡᠭᠡ ᠦᠬᠡᠷ ᠬᠣᠨᠢ ᠶ᠋ᠢ ᠨᠢ ᠠᠷᠪᠠ ᠭᠠᠷᠤᠢ ᠲᠦᠮᠡ ᠪᠤᠯᠢᠶᠠᠨ ᠲᠠᠭᠤᠵᠠᠢ [25]᠃ ᠵᠠᠩᠵᠤᠨ ᠶᠣᠣ ᠵᠦᠩ ᠴᠢ ᠬᠣᠬᠢᠷᠠᠯ ᠪᠣᠯᠤᠨ ᠡᠨᠳᠡᠭᠳᠡᠯ ᠢ᠋ᠶ᠋ᠡᠨ ᠨᠢᠭᠤᠨ ᠳᠠᠯᠳᠠᠯᠠᠵᠤ᠂ ᠴᠡᠷᠢᠭ ᠦ᠋ᠨ ᠮᠡᠳᠡᠭᠡ ᠪᠡᠨ ᠬᠠᠭᠤᠷᠮᠠᠭ ᠦᠭᠡ ᠪᠡᠷ ᠠᠢᠯᠠᠳᠬᠠᠭᠰᠠᠨ ᠤᠴᠢᠷ ᠶᠠᠯ᠎ᠠ ᠳ᠋ᠤ᠌ ᠤᠨᠠᠵᠤ᠂ ᠬᠡᠷᠬᠡᠮ ᠢ᠋ᠶ᠋ᠡᠨ ᠬᠠᠰᠤᠭᠳᠠᠨ᠂ ᠴᠡᠷᠢᠭ ᠦ᠋ᠨ ᠶᠠᠪᠤᠳᠠᠯ ᠤ᠋ᠨ ᠶᠠᠮᠤᠨ ᠤ᠋ ᠰᠢᠢᠳᠬᠡᠯ ᠢ᠋ ᠬᠦᠯᠢᠶᠡᠪᠡ᠃  

            ᠭᠤᠷᠪᠠ᠂ ᠬᠣᠲᠣᠩ ᠨᠠᠭᠤᠷ ᠤ᠋ᠨ ᠲᠡᠢᠨ     

       1731 ᠣᠨ ᠤ᠋ ᠲᠠᠪᠤᠳᠤᠭᠠᠷ ᠰᠠᠷ᠎ᠠ ᠳ᠋ᠤ᠌᠂ ᠤᠮᠠᠷᠠᠲᠤ  ᠵᠠᠮ ᠤ᠋ᠨ ᠵᠠᠩᠵᠤᠨ ᠪᠦᠷᠲᠠᠨ ᠬᠣᠶᠠᠷ ᠲᠦᠮᠡᠨ ᠴᠡᠷᠢᠭ ᠤᠳᠤᠷᠢᠳᠤᠨ ᠬᠣᠪᠲᠣ ᠳ᠋ᠤ᠌ ᠢᠷᠡᠭᠡᠳ ᠬᠦᠷᠢᠶ᠎ᠡ ᠪᠠᠭᠤᠪᠠ᠃ 
       ᠠᠯᠲᠠᠢ ᠶ᠋ᠢᠨ ᠥᠪᠥᠷ ᠲᠠᠯ᠎ᠠ ᠳ᠋ᠠᠬᠢ ᠬᠢᠷ᠎ᠠ ᠠᠭᠤᠯᠠ ᠪᠣᠯᠤᠨ ᠬᠠᠷ᠎ᠠ ᠡᠷᠴᠢᠰ ᠭᠣᠣᠯ ᠤ᠋ᠨ ᠡᠬᠢ ᠠᠪᠤᠭᠰᠠᠨ ᠬᠦᠷᠢᠶᠡᠲᠦ ᠳᠠᠪᠠᠭ᠎ᠠ ᠨᠢ ᠡᠷᠲᠡ ᠡᠴᠡ ᠬᠣᠪᠲᠣ ᠵᠦᠭ ᠨᠡᠪᠲᠡᠷᠡᠬᠦ ᠴᠢᠬᠤᠯᠠ ᠭᠠᠵᠠᠷ ᠪᠢᠯᠡ᠃ 1731 ᠣᠨ ᠤ᠋ ᠬᠠᠪᠤᠷ ᠂ ᠶᠡᠬᠡ ᠪᠠᠭ᠎ᠠ ᠴᠡᠷᠢᠩᠳᠦᠨᠳᠦᠪ ᠪᠠ ᠲᠤᠷᠵᠢᠳᠠᠮᠪᠠ ᠨᠠᠷ ᠭᠤᠷᠪᠠᠨ ᠲᠦᠮᠡᠨ ᠴᠡᠷᠢᠭ ᠳᠠᠢᠴᠢᠯᠠᠨ ᠡᠷᠴᠢᠰ ᠢ᠋ ᠭᠠᠲᠤᠯᠵᠤ ᠬᠢᠷ᠎ᠠ ᠠᠭᠤᠯᠠᠨ ᠳ᠋ᠤ᠌ ᠬᠦᠷᠴᠦ ᠢᠷᠡᠵᠡᠢ [26] ᠃ ᠲᠡᠭᠦᠨ ᠳ᠋ᠦ᠍ ᠠᠭᠤᠯᠠᠷᠬᠠᠭ ᠣᠷᠣᠨ ᠤ᠋ ᠲᠡᠢᠨ ᠳ᠋ᠦ᠍ ᠴᠢᠳᠠᠮᠠᠭᠠᠢ ᠤᠷᠢᠶᠠᠩᠬᠠᠢ ᠴᠡᠷᠢᠭ ᠪᠣᠯᠤᠨ ᠬᠢᠷᠭᠢᠰ ᠴᠡᠷᠢᠭ ᠣᠷᠣᠯᠴᠠᠭᠰᠠᠨ ᠪᠠᠢᠨ᠎ᠠ ᠃ ᠡᠭᠦᠨ ᠦ᠌ ᠬᠠᠮᠲᠤ ᠬᠥᠭᠰᠢᠨ ᠮᠠᠮᠤᠳ ᠤ᠋ᠨ ᠵᠠᠷᠯᠢᠭ ᠢ᠋ᠶ᠋ᠠᠷ ᠣᠷᠣᠰ ᠠ᠋ᠴᠠ ᠣᠯᠵᠠᠯᠠᠭᠰᠠᠨ ᠰᠸᠧᠳᠧᠨ ᠤᠯᠤᠰ ᠤ᠋ᠨ ᠴᠡᠷᠢᠭ ᠦ᠋ᠨ ᠳᠠᠷᠤᠭ᠎ᠠ ᠯᠧᠨᠠᠲ ᠤ᠋ᠨ ᠳᠠᠭᠠᠭᠤᠯᠤᠭᠰᠠᠨ [27] ᠫᠤᠤᠴᠢᠨ ᠠᠩᠭᠢ ᠪᠠᠰᠠ ᠬᠦᠷᠴᠦ ᠢᠷᠡᠪᠡ᠃ ᠶᠡᠬᠡ ᠴᠠᠷᠢᠩᠳᠤᠨᠳᠤᠪ ᠨᠠᠷ ᠪᠦᠷᠲᠠᠨ ᠤ᠋ ᠶᠡᠬᠡ ᠴᠡᠷᠢᠭ ᠬᠣᠪᠲᠣ ᠳ᠋ᠤ᠌ ᠬᠦᠷᠢᠶ᠎ᠡ ᠪᠠᠭᠤᠭᠰᠠᠨ ᠢ᠋ ᠮᠡᠳᠡᠭᠡᠳ᠂ ᠨᠠᠷᠢᠨ ᠨᠢᠭᠲᠠ ᠵᠥᠪᠯᠡᠭᠰᠡᠨ ᠦ᠌ ᠳᠠᠷᠠᠭ᠎ᠠ ᠥᠳᠥᠭᠡᠨ ᠬᠦᠷᠢᠶᠡᠲᠦ ᠳᠠᠪᠠᠭᠠᠨ ᠳ᠋ᠤ᠌ ᠠᠪᠴᠢᠷᠠᠵᠤ ᠰᠥᠨᠥᠭᠡᠬᠦ ᠪᠡᠷ ᠲᠣᠭᠲᠠᠵᠠᠢ᠃ 
       
       ᠦᠷᠭᠦᠯᠵᠢᠯᠡᠯ ᠪᠣᠢ~~